
ᠦᠴᠦᠬᠡᠨ ᠳᠦᠭᠦᠷᠡᠩ ᠪᠤᠯᠬᠤ᠎ᠳᠤ ᠪᠤᠭᠤᠳᠠᠢ
ᠵᠡᠷᠭᠡ ᠵᠤᠨ᠎ᠤ ᠤᠯᠠᠷᠢᠯ ᠪᠤᠯᠪᠠᠰᠤᠷᠠᠳᠠᠭ ᠲᠠᠷᠢᠮᠠᠯ᠎ᠤᠨ ᠦᠷ᠎ᠠ ᠨᠢ ᠳᠦᠭᠦᠷᠴᠤ ᠬᠠᠭᠠᠰ ᠪᠤᠯᠪᠠᠰᠤᠷᠠᠳᠠᠭ᠂
ᠭᠡᠪᠡᠴᠤ ᠪᠦᠷᠢᠨ ᠪᠤᠯᠪᠠᠰᠤᠷᠠᠭᠠ ᠦᠭᠡᠢ ᠪᠤᠯᠬᠤᠷ 《ᠦᠴᠦᠬᠡᠨ ᠳᠦᠭᠦᠷᠡᠩ》 ᠭᠡᠳᠡᠭ᠃
ᠤᠮᠠᠷᠠᠳᠤ
ᠤᠷᠤᠨ᠎ᠳᠤ ᠦᠴᠦᠬᠡᠨ ᠳᠦᠭᠦᠷᠡᠩ ᠵᠢᠡᠷ ᠵᠠᠮ᠎ᠤᠨ ᠳᠠᠯᠠᠩ ᠨᠤᠭᠤᠭᠠᠷᠠᠵᠤ᠂ ᠮᠠᠯ ᠴᠠᠳᠳᠠᠭ ᠭᠡᠳᠡᠭ᠃ ᠤᠮᠠᠷᠠᠳᠤ
ᠤᠷᠤᠨ᠎ᠳᠤ ᠠᠪᠴᠤ ᠬᠡᠯᠡᠪᠡᠯ ᠬᠤᠷᠢᠨ ᠳᠦᠷᠪᠡᠨ ᠴᠠᠭ ᠤᠯᠠᠷᠢᠯ᠎ᠤᠨ ᠳᠤᠳᠤᠷᠠᠬᠢ ᠨᠠᠷᠠᠨ᠎ᠤ ᠳᠤᠰᠤᠯᠳᠠ
ᠬᠠᠮᠤᠭ᠎ᠤᠨ ᠤᠷᠳᠤ ᠦᠶ᠎ᠡ ᠪᠤᠯᠬᠤ ᠶᠤᠮ᠃ ᠠᠭᠠᠷ᠎ᠤᠨ ᠳᠤᠯᠠᠭᠠᠨ ᠳᠡᠭᠡᠭᠰᠢᠯᠡᠵᠤ ᠠᠭᠠᠬᠢᠮ᠎ᠠ ᠬᠠᠯᠠᠭᠤᠨ
ᠵᠤᠨ᠎ᠤ ᠤᠯᠠᠷᠢᠯ ᠡᠬᠢᠯᠡᠵᠦ ᠪᠠᠢᠭ᠎ᠠ ᠨᠢ ᠮᠡᠳᠡᠷᠡᠭᠳᠡᠳᠡᠭ᠃ ᠡᠮᠤᠨᠡᠳᠤ ᠤᠮᠠᠷᠠᠳᠤᠤᠷᠤᠨᠤ ᠳᠤᠯᠠᠭᠠᠨ᠎ᠤ
ᠵᠦᠷᠢᠶ᠎ᠡ ᠤᠯᠠᠮ ᠵᠢᠡᠷ ᠪᠠᠭᠠᠰᠴᠤ᠂ ᠳᠤᠨᠳᠠᠰᠤ ᠵᠢᠨ ᠬᠡᠮᠵᠢᠶ᠎ᠡ ᠠᠭᠠᠵᠢᠮ ᠵᠢᠡᠷ ᠨᠡᠮᠡᠭᠳᠡᠨ᠎ᠡ᠃
ᠦᠴᠦᠬᠡᠨ
ᠳᠦᠭᠦᠷᠡᠩ᠎ᠤᠨ ᠦᠶ᠎ᠡ ᠪᠠᠷ ᠢᠳᠠᠷ᠎ᠠ ᠨᠤᠭᠤᠭ᠎ᠠ (ᠪᠠᠰᠠ ᠭᠠᠱᠢᠭᠤᠨ ᠨᠤᠭᠤᠭ᠎ᠠ ᠭᠡᠳᠡᠭ) ᠢᠳᠡᠳᠡᠭ ᠵᠠᠩᠰᠢᠯ
ᠳᠠᠢ᠃ ᠢᠳᠠᠷ᠎ᠠ ᠪᠤᠯ ᠬᠠᠯᠠᠭᠤᠨ᠎ᠢ ᠳᠠᠭᠤᠵᠤ᠂ ᠴᠢᠰᠦ ᠵᠢ ᠰᠡᠷᠢᠭᠦᠳᠬᠡᠨ᠂ ᠬᠤᠤᠷ ᠳᠠᠢᠯᠬᠤ ᠤᠢᠯᠡᠳᠤᠯ ᠳᠠᠢ
ᠬᠡᠭᠡᠷ᠎ᠡ ᠵᠢᠨ ᠨᠤᠭᠤᠭ᠎ᠠ ᠶᠤᠮ᠃ ᠦᠷᠭᠦᠯᠵᠢ ᠢᠳᠡᠪᠡᠯ ᠴᠢᠬᠢᠭ ᠬᠠᠯᠠᠭᠤᠨ᠎ᠢ ᠬᠦᠭᠡᠭᠡᠵᠤ᠂ ᠬᠦᠯ ᠭᠠᠷ
ᠬᠦᠩᠭᠡᠨ ᠪᠤᠯᠳᠠᠭ᠃ ᠮᠦᠨᠴᠤ ᠡᠨᠡ ᠦᠶ᠎ᠡ ᠪᠠᠷ ᠢᠳᠡᠭᠡᠨ ᠤᠮᠳᠠᠭᠠᠨ᠎ᠤ ᠳᠠᠯ᠎ᠠ ᠪᠡᠷ ᠰᠡᠷᠢᠬᠦᠨ ᠴᠢᠨᠠᠷᠳᠠᠢ
ᠢᠳᠡᠭᠡᠨ ᠢᠳᠡᠬᠦ ᠪᠤᠶᠤ ᠬᠦᠢᠳᠡᠨ ᠤᠮᠳᠠᠭᠠᠨ ᠤᠤᠭᠤᠬᠤ ᠡᠴᠡ ᠬᠢᠴᠢᠶᠡᠪᠡᠯ ᠵᠤᠬᠢᠨ᠎ᠠ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号