— ᠪᠥᠬᠥ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ ᠫᠢᠩ ᠵᠤᠸᠠᠩ ᠨᠡᠭᠦᠷᠡᠰᠦᠨ᠎ᠦ ᠦᠶ᠋ᠯᠡᠰ᠎ᠦᠨ ᠺᠤᠮᠫᠠᠨᠢ ᠵᠢᠨ ᠶᠤᠸᠠᠨ ᠪᠦᠦ ᠱᠠᠨ ᠵᠠᠳᠠᠭᠠᠶ ᠨᠡᠭᠦᠷᠡᠰᠦᠨ ᠠᠭᠤᠷᠬᠠᠶ᠎ᠶ᠋ᠢᠨ ᠠᠭᠤᠷᠬᠠᠢ ᠮᠠᠯᠳᠠᠬᠤ ᠨᠢᠭᠡᠳᠦᠭᠡᠷ ᠬᠡᠯᠳᠡᠰ ᠤ᠋ᠨ ᠴᠠᠬᠢᠯᠭᠠᠨ ᠲᠤᠨᠤᠭ ᠲᠦᠬᠦᠬᠡᠷᠦᠮᠵᠢ ᠪᠠᠢᠴᠠᠭᠠᠨ ᠰᠠᠯᠪᠢᠬᠦ ᠠᠩᠭᠢ᠎ᠶ᠋ᠢᠨ ᠳᠠᠷᠤᠭ᠎ᠠ ᠢᠦᠶ ᠴᠠᠩ ᠵᠸᠩ ᠢ᠋ ᠳᠡᠮᠳᠡᠭᠯᠡᠪᠡ
4 ᠰᠠᠷ᠎ᠠ᠎ᠶ᠋ᠢᠨ 24 ᠤ᠋ ᠡᠳᠦᠷ᠂ ᠥᠪᠥᠷ ᠮᠣᠩᠭᠣᠯ᠎ᠤᠨ ᠫᠢᠩ ᠵᠤᠸᠠᠩ ᠨᠡᠭᠦᠷᠡᠰᠦᠨ᠎ᠦ ᠦᠶ᠋ᠯᠡᠰ (ᠪᠦᠯᠦᠭ᠌ᠯᠡᠯ) ᠤ᠋ᠨ ᠬᠢᠵᠠᠭᠠᠷᠲᠤ ᠺᠣᠮᠫᠠᠨᠢ᠎ᠶ᠋ᠢᠨ ᠶᠤᠸᠠᠨ ᠪᠦᠦ ᠱᠠᠨ ᠵᠠᠳᠠᠭᠠᠶ ᠨᠡᠭᠦᠷᠡᠰᠦᠨ ᠠᠭᠤᠷᠬᠠᠢ ᠳ᠋ᠤ ᠭᠣᠮ ᠪᠦᠰᠡᠲᠦ ᠮᠠᠱᠢᠨ ᠲᠠᠰᠤᠷᠠᠯᠳᠠ ᠦᠬᠡᠢ ᠨᠡᠭᠦᠷᠡᠰᠦ ᠵᠥᠭᠡᠭᠡᠪᠦᠷᠢᠯᠡᠵᠦ᠍᠂ ᠴᠠᠬᠢᠯᠭᠠᠨ ᠮᠠᠱᠢᠨ ᠤ᠋ ᠳᠠᠭᠤᠨ ᠴᠢᠬᠢ ᠲᠤᠷᠬᠢᠭᠤᠯᠵᠤ ᠬᠤᠯᠠ ᠡᠴᠡ ᠬᠦᠩᠭᠢᠨᠡᠨ ᠰᠤᠨᠤᠰᠳᠠᠵᠤ ᠪᠠᠢᠯ᠎ᠠ᠃ ᠠᠭᠤᠷᠬᠠᠶ ᠮᠠᠯᠲᠠᠬᠤ ᠨᠢᠭᠡᠳᠦᠭᠡᠷ ᠬᠡᠯᠳᠡᠰ ᠤ᠋ᠨ ᠴᠠᠬᠢᠯᠭᠠᠨ ᠲᠤᠨᠤᠭ ᠲᠦᠬᠦᠬᠡᠷᠦᠮᠵᠢ ᠪᠠᠢᠴᠠᠭᠠᠨ ᠵᠠᠰᠠᠬᠤ ᠠᠩᠭᠢ᠎ᠶ᠋ᠢᠨ ᠳᠠᠷᠤᠭ᠎ᠠ ᠢᠦᠶ ᠴᠠᠩ ᠵᠧᠩ ᠬᠠᠯᠢᠪ ᠵᠢᠡᠨ ᠭᠣᠮ ᠪᠦᠰᠡᠲᠦ ᠮᠠᠱᠢᠨ ᠲᠠᠢ ᠨᠠᠭᠠᠯᠳᠤᠭᠤᠯᠵᠤ ᠂ ᠴᠢᠬᠢ ᠪᠠᠨ ᠤᠢᠷᠠᠳᠤᠭᠤᠯᠤᠨ ᠮᠠᠰᠢᠨ ᠮᠧᠬᠠᠨᠢᠭ ᠤᠨ ᠲᠠᠭᠤ ᠵᠢ ᠴᠢᠩᠨᠡᠨᠠ᠃ 《ᠭᠣᠮ ᠪᠦᠰᠡ᠎ᠳᠤ ᠮᠠᠰᠢᠨ ᠤ᠋ ᠬᠦᠩᠬᠢᠨᠡᠬᠦ ᠳᠠᠭᠤᠨ ᠮᠠᠰᠢᠨ ᠬᠡᠪ᠎ᠦᠨ ᠪᠠᠢᠨ᠎ᠠ》 ᠬᠡᠵᠦ ᠲᠡᠷᠡ ᠬᠡᠯᠡᠬᠦ ᠵᠢᠨ ᠳᠠᠭᠠᠤ ᠲᠡᠮᠳᠡᠭ᠌ᠯᠡᠨ᠎ᠠ᠃ ᠡᠨᠡ ᠪᠣᠯ ᠳᠠᠷᠤᠶ ᠢᠦᠶ ᠴᠠᠩ ᠵᠧᠩ᠎ᠦᠨ ᠡᠳᠦᠷ ᠲᠤᠲᠤᠮ᠎ᠤᠨ ᠠᠵᠢᠯ ᠪᠣᠯᠤᠨ᠎ᠠ᠃
1993 ᠣᠨ᠎ᠳᠤ ᠮᠡᠷᠭᠡᠵᠢᠯ᠎ᠦᠨ ᠰᠤᠷᠭᠠᠭᠤᠯᠢ᠎ᠡᠴᠡ ᠲᠡᠭᠦᠰᠦᠭ᠌ᠰᠡᠨ ᠢᠦᠢ ᠴᠠᠩ ᠵᠧᠩ ᠶᠤᠸᠠᠨ ᠪᠦᠦ ᠱᠠᠨ ᠵᠠᠳᠠᠭᠠᠢ ᠨᠡᠭᠦᠷᠡᠰᠦᠨ ᠠᠭᠤᠷᠬᠠᠢ᠎ᠳᠤ ᠬᠤᠪᠢᠶᠠᠭᠳᠠᠨ ᠴᠠᠬᠢᠯᠭᠠᠨ ᠲᠤᠨᠤᠭ ᠲᠦᠬᠦᠬᠡᠷᠦᠮᠵᠢ ᠰᠡᠯᠪᠢᠨ ᠵᠠᠰᠠᠬᠤ ᠠᠵᠢᠯ ᠬᠢᠪᠡ᠃ ᠲᠤᠬᠠᠶ᠎ᠶ᠋ᠢᠨ ᠦᠶ᠎ᠡ᠎ᠳᠦ ᠲᠣᠰ ᠠᠭᠤᠷᠬᠠᠶ ᠪᠥᠬᠥ᠌ ᠤᠯᠤᠰ᠎ᠤᠨ ᠬᠠᠮᠤᠭ᠎ᠤᠨ ᠶᠡᠬᠡ ᠦᠷᠭᠦᠯᠵᠢᠯᠡᠭ᠌ᠰᠡᠨ ᠮᠠᠯᠲᠠᠵᠤ ᠭᠠᠳᠠᠭ᠍ᠰᠢᠯᠠᠭᠤᠯᠬᠤ ᠱᠢᠰᠲ᠋ᠧᠮ᠎ᠲᠡᠶ ᠪᠠᠢᠵᠤ᠂ ᠲᠡᠭᠦᠨ᠎ᠦ ᠭᠤᠤᠯ ᠲᠤᠨᠤᠭ ᠲᠥᠬᠥᠭᠡᠷᠦᠮᠵᠢ ᠪᠤᠯᠬᠤ ᠬᠦᠷᠳᠦᠲᠦ ᠤᠬᠤᠭᠤᠷ ᠮᠠᠱᠢᠨ ᠨᠢ ᠲᠤᠬᠠᠶ᠎ᠶ᠋ᠢᠨ ᠦᠶ᠎ᠡ ᠳ᠋ᠤ ᠠᠭᠤᠷᠬᠠᠢ ᠵᠢᠨ ᠬᠡᠪ᠎ᠤᠨ ᠠᠵᠢᠯᠯᠠᠭ᠎ᠠ ᠵᠢ ᠪᠠᠳᠤᠯᠠᠬᠤ ᠵᠠᠩᠭᠢᠯᠠᠭ᠎ᠠ ᠵᠢᠨ ᠲᠦᠬᠦᠭᠡᠷᠤᠮᠵᠢ ᠪᠤᠯᠵᠤ ᠪᠠᠢᠪᠠ᠃
ᠲᠤᠬᠠᠢ ᠵᠢᠨ ᠦᠶ᠎ᠠ ᠳ᠋ᠤ 30 ᠭᠠᠷᠤᠶ ᠮᠧᠲ᠋ᠷ ᠥᠨᠳᠥᠷ ᠪᠦᠬᠦᠢ ᠬᠦᠷᠳᠦᠲᠦ ᠤᠬᠤᠭᠤᠷ ᠮᠠᠱᠢᠨ᠎ᠢ ᠠᠵᠢᠯᠴᠢᠨ ᠤ᠋ ᠭᠠᠷ ᠵᠢᠨᠷ ᠵᠢᠨᠨ ᠡᠷᠬᠢᠬᠦᠯᠵᠦ ᠵᠢᠯᠤᠭᠤᠳᠤᠨ ᠨᠡᠬᠦᠷᠡᠰᠦ ᠵᠢ ᠠᠷᠪᠠᠨ ᠬᠡᠳᠦᠨ ᠭᠠᠵᠠᠷ ᠦᠷᠭᠦᠯᠵᠢᠯᠡᠭ᠌ᠰᠡᠨ ᠭᠣᠮ ᠪᠦᠰᠡᠨ ᠳᠡᠭᠡᠷ᠎ᠡ ᠲᠠᠰᠤᠷᠠᠯᠲᠠ ᠦᠭᠡᠶ ᠵᠥᠭᠡᠭᠡᠪᠦᠷᠢᠯᠡᠨ ᠬᠦᠷᠭᠡᠵᠦ᠍ ᠪᠠᠢᠬᠤ᠎ᠶ᠋ᠢ ᠦᠵᠡᠭᠡᠳ᠂ ᠢᠦᠶ ᠴᠠᠩ ᠵᠧᠩ ᠶᠡᠬᠡᠳᠡ ᠭᠠᠢᠬᠠᠪᠠ᠂ ᠲᠡᠷᠡ᠄ 《 ᠪᠢ ᠲᠤᠬᠠᠶ᠎ᠶ᠋ᠢᠨ ᠦᠶ᠎ᠡ᠎ᠳᠦ ᠡᠨᠡ ᠬᠦ᠌ ᠮᠠᠰᠢᠨ ᠢ᠋ ᠵᠠᠪᠠᠯ ᠰᠠᠢᠳᠤᠷ ᠣᠢᠯᠠᠭᠠᠬᠤ᠎ᠪᠠᠷ ᠰᠡᠮᠡᠭᠡᠷ ᠵᠣᠷᠢᠭ ᠱᠢᠭᠤᠳᠤᠭᠰᠠᠨ》 ᠬᠡᠪᠡ᠃
ᠲᠠᠢᠮᠦ ᠰᠠᠢᠨ ᠰᠤᠷᠭᠠᠭᠤᠯᠢ ᠳ᠋ᠤ ᠰᠤᠷᠤᠯᠴᠠᠵᠤ ᠦᠩᠭᠡᠷᠡᠭᠰᠡᠨ ᠦᠭᠡᠢ ᠬᠡᠵᠤ ᠪᠤᠳᠤᠳᠠᠭ ᠢᠦᠶ ᠴᠠᠩ ᠵᠧᠩ 《ᠱᠢᠷᠭᠤᠯᠵᠢ ᠶᠠᠰᠤ ᠬᠡᠮᠡᠯᠢᠬᠦ᠌》 ᠮᠠᠶᠢᠭ᠎ᠤᠨ ᠦᠰᠦᠨ ᠪᠣᠢᠵᠢᠬᠤ ᠶᠠᠪᠤᠴᠠ ᠪᠠᠨ ᠡᠬᠢᠯᠡᠭᠦᠯᠵᠦ᠍᠂ ᠲᠣᠨᠣᠭ ᠲᠥᠬᠥᠭᠡᠷᠦᠮᠵᠢ᠎ᠶ᠋ᠢᠨ ᠣᠭ ᠶᠣᠰᠣ᠎ᠶ᠋ᠢ ᠨᠠᠷᠢᠨ ᠬᠢᠨᠠᠮᠠᠭᠠᠶ ᠰᠤᠳᠤᠯᠵᠤ᠂ ᠴᠠᠬᠢᠯᠭᠠᠨ ᠬᠡᠯᠬᠢᠶ᠎ᠡ ᠵᠢᠨ ᠵᠢᠷᠤᠭ ᠵᠢᠷᠤᠵᠤ᠂ ᠲᠤᠰᠭᠠᠶ ᠮᠡᠷᠭᠡᠵᠢᠯ᠎ᠦᠨ ᠨᠣᠮ ᠪᠢᠴᠢᠭ᠎ᠢ ᠰᠤᠳᠤᠯᠤᠨ ᠤᠩᠱᠢᠵᠤ᠂ ᠠᠯᠬᠤᠮ ᠠᠯᠬᠤᠮ᠎ᠢᠶᠠᠷ ᠴᠠᠬᠢᠯᠭᠠᠨ ᠲᠤᠨᠤᠭ ᠲᠦᠬᠦᠬᠡᠷᠦᠮᠵᠢ ᠰᠡᠯᠪᠢᠨ ᠵᠠᠰᠠᠬᠤ ᠭᠤᠤᠯᠯᠠᠭ᠍ᠴᠢ ᠬᠦᠴᠦᠨ ᠪᠣᠯᠤᠭ᠍ᠰᠠᠨ ᠪᠠᠢᠨ᠎ᠠ᠃
2008 ᠣᠨ᠎ᠡᠴᠡ ᠡᠬᠢᠯᠡᠨ ᠢᠦᠶ ᠴᠠᠩ ᠵᠧᠩ ᠲᠢᠶᠠᠨᠵᠢᠨ᠎ᠤ ᠴᠠᠬᠢᠯᠭᠠᠨ ᠳᠠᠮᠵᠢᠭᠤᠯᠭ᠎ᠠ᠎ᠶ᠋ᠢᠨ ᠰᠤᠳᠤᠯᠭᠠᠨ᠎ᠤ ᠬᠦᠷᠢᠶᠡᠯᠡᠩ᠂ ᠲᠢᠶᠠᠨᠵᠢᠨ᠎ᠤ ᠴᠠᠬᠢᠯᠭᠠᠨ᠎ᠤ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠬᠦᠷᠢᠶᠡᠯᠡᠩ᠎ᠦᠨ ᠬᠢᠵᠠᠭᠠᠷᠲᠤ ᠺᠣᠮᠫᠠᠨᠢ ᠵᠡᠷᠭᠡ ᠨᠢᠭᠡᠴᠢ᠎ᠲᠡᠶ ᠣᠯᠠᠨ ᠤᠳᠠᠭ᠎ᠠ ᠬᠠᠮᠳᠤᠷᠠᠯᠴᠠᠨ᠂ 31 ᠭᠣᠮ ᠪᠦᠰᠡᠲᠦ ᠮᠠᠱᠢᠨ᠎ᠤ ᠴᠠᠬᠢᠯᠭᠠᠨ ᠲᠤᠬᠢᠷᠠᠭᠤᠯᠬᠤ ᠥᠷᠲᠡᠭᠡ᠂ 3 ᠬᠡᠮᠬᠡᠯᠬᠦ᠌ ᠥᠷᠲᠡᠭᠡ᠎ᠶ᠋ᠢᠨ ᠡᠵᠡᠮᠱᠢᠯ᠎ᠦᠨ ᠱᠢᠰᠲ᠋ᠧᠮ᠎ᠢ ᠲᠠᠰ ᠳᠡᠪᠱᠢᠭᠦᠯᠦᠨ ᠰᠠᠢᠵᠢᠷᠠᠭᠤᠯᠤᠭᠰᠠᠨ ᠢᠶᠡᠷ ᠪᠠᠷᠠᠬᠤ ᠥᠬᠡᠶ᠂ ᠪᠠᠰᠠ 1 ᠳ᠋ᠤᠭᠡᠷ ᠨᠣᠮᠧᠷᠲᠤ ᠬᠦᠷᠳᠦᠳᠤ ᠮᠠᠱᠢᠨ᠂ 2 ᠳ᠋ᠤᠭᠠᠷ ᠨᠣᠮᠧᠷᠲᠤ ᠬᠦᠷᠳᠦᠳᠤ ᠤᠬᠤᠭᠤᠷ ᠮᠠᠱᠢᠨ ᠢ᠋ ᠲᠠᠰ ᠳᠡᠪᠱᠢᠭᠦᠯᠦᠨ ᠰᠠᠢᠵᠢᠷᠠᠭᠤᠯᠪᠠ᠃ ᠨᠠᠩ ᠮᠠᠭᠳᠠᠭᠤᠰᠢᠳᠠᠢ ᠨᠢ ᠭᠡᠪᠡᠯ᠂ ᠲᠡᠷᠡ 1200 kw ᠤ᠋ᠨ ᠲᠣᠭ᠍ᠲᠠᠮᠠᠯ ᠰᠣᠷᠢᠨᠵᠢᠨ ᠥᠩᠬᠥᠷᠢᠭᠦᠯ ᠳᠡᠭᠡᠷ᠎ᠠ ᠥᠨᠳᠥᠷ ᠳᠠᠷᠤᠯᠲᠠᠲᠤ ᠳᠠᠪᠲᠠᠮᠵᠢ ᠬᠣᠪᠢᠰᠭᠠᠭᠤᠷ ᠨᠡᠮᠡᠬᠡᠤᠨ ᠴᠢᠮᠡᠭᠡ ᠬᠣᠯᠪᠣᠭᠠᠨ᠎ᠤ ᠬᠠᠷᠱᠢᠯᠠᠯ᠎ᠤᠨ ᠮᠡᠷᠭᠡᠵᠢᠯ᠎ᠦᠨ ᠪᠡᠷᠬᠡ ᠠᠰᠠᠭᠤᠳᠠᠯ᠎ᠢ ᠠᠮᠵᠢᠯᠲᠠᠲᠠᠶᠱᠢᠶ᠋ᠳᠪᠦᠷᠢᠯᠡᠵᠡᠶ᠃
ᠶᠤᠸᠠᠨ ᠪᠦᠦ ᠱᠠᠨ ᠵᠠᠳᠠᠭᠠᠶ ᠨᠡᠭᠦᠷᠡᠰᠦᠨ ᠠᠭᠤᠷᠬᠠᠶ᠎ᠶ᠋ᠢᠨ ᠠᠭᠤᠷᠬᠠᠢ ᠮᠠᠯᠳᠠᠬᠤ ᠨᠢᠭᠡᠳᠦᠭᠡᠷ ᠬᠡᠯᠳᠡᠰ ᠤ᠋ᠨ ᠳᠡᠳ᠋ ᠳᠠᠭᠠᠭᠠᠮᠠᠯ ᠰᠢᠶᠸ᠎ᠶ᠋ᠢᠨ ᠯᠦᠩ᠄ 《ᠢᠦᠶ ᠴᠠᠩ ᠵᠧᠩ ᠲᠣᠨᠣᠭ ᠲᠥᠬᠥᠭᠡᠷᠦᠮᠵᠢ᠎ᠶ᠋ᠢ ᠲᠠᠰ ᠳᠡᠪᠱᠢᠭᠦᠯᠦᠨ ᠰᠠᠢᠵᠢᠷᠠᠭᠤᠯᠤᠭᠰᠠᠨᠦ ᠳᠠᠷᠠᠭ᠎ᠠ᠂ ᠮᠠᠱᠢᠨ ᠤ᠋ ᠡᠪᠳᠡᠷᠡᠬᠦ ᠨᠢ ᠴᠦᠬᠡᠷᠡᠭᠰᠡᠨ ᠪᠦᠬᠡᠤᠨ ᠡᠪᠳᠡᠷᠡᠭᠰᠡᠨ ᠴᠦ᠍ ᠤᠳᠠᠭᠰᠠᠨ ᠦᠬᠡᠢ ᠵᠠᠰᠠᠵᠤ ᠂ ᠲᠣᠨᠣᠭ ᠲᠥᠬᠥᠭᠡᠷᠦᠮᠵᠢ᠎ᠶ᠋ᠢᠨ ᠬᠦᠨᠳᠦ ᠠᠴᠢᠶᠠᠯᠠᠯ᠎ᠡᠴᠡ ᠪᠣᠯᠤᠭ᠍ᠰᠠᠨ ᠭᠣᠮ ᠪᠦᠰᠡ᠎ᠶ᠋ᠢᠨ ᠵᠠᠯᠭᠠᠭᠠᠰᠤ ᠬᠠᠭᠠᠷᠠᠬᠤ᠂ ᠡᠯᠡᠭ᠌ᠳᠡᠬᠦ ᠵᠡᠷᠭᠡ ᠠᠯᠢ ᠣᠯᠠᠨ ᠠᠰᠠᠭᠤᠳᠠᠯ ᠪᠠᠭᠠᠰᠴᠤ᠂ ᠵᠢᠯ ᠪᠦᠷᠢ ᠠᠵᠤ ᠠᠬᠤᠢᠯᠠᠯ᠎ᠳᠤ 2000 ᠭᠠᠷᠤᠶ ᠲᠦᠮᠡᠨ ᠲᠥᠭᠥᠷᠢᠭ᠎ᠦᠨ ᠥᠪᠡᠷ᠎ᠦᠨ ᠥᠷᠲᠡᠭ᠎ᠢ ᠠᠷᠪᠢᠯᠠᠵᠡᠢ》 ᠭᠡᠵᠤ ᠲᠠᠨᠢᠯᠴᠠᠭᠤᠯᠪᠠ᠃
2018 ᠣᠨ᠎ᠳᠤ ᠬᠣᠶᠠᠳᠤᠭᠠᠷ ᠳᠡᠰ᠎ᠤᠨ ᠬᠡᠮᠬᠡᠯᠬᠦ᠌ ᠥᠷᠲᠡᠭᠡ ᠪᠣᠯᠤᠨ ᠭᠣᠮ ᠪᠦᠰᠡᠲᠦ ᠮᠠᠱᠢᠨ 311 ᠨᠣᠮᠧᠷᠲᠤ ᠪᠠ 321 ᠨᠣᠮᠧᠷᠲᠤ ᠴᠢᠮᠡᠭᠡ ᠬᠣᠯᠪᠣᠭᠠᠨ᠎ᠤ ᠵᠠᠯᠭᠠᠯᠲᠠ᠎ᠳᠤ ᠦᠷᠭᠦᠯᠵᠢ ᠮᠠᠱᠢᠨ ᠵᠣᠭ᠍ᠰᠣᠬᠤ ᠦᠵᠡᠭ᠌ᠳᠡᠯ ᠭᠠᠷᠴᠤ᠌᠂ ᠢᠦᠶ ᠴᠠᠩ ᠵᠧᠩ ᠬᠤᠪᠢᠰᠤᠮᠠᠯ ᠭᠥᠶᠥᠳᠡᠯᠳᠦ ᠴᠠᠬᠢᠯᠭᠠᠨ ᠡᠭᠦᠰᠭᠡᠭ᠌ᠴᠢ ᠵᠢ ᠲᠣᠭ᠍ᠲᠠᠮᠠᠯ ᠭᠥᠶᠥᠳᠡᠯᠳᠦ ᠴᠠᠬᠢᠯᠭᠠᠨ ᠡᠭᠦᠰᠭᠡᠭ᠌ᠴᠢ ᠪᠣᠯᠭᠠᠵᠤ᠂ ᠤᠤᠯ᠎ᠤᠨ ᠲᠠᠲᠠᠭ᠍ᠳᠠᠭᠤᠷ ᠪᠠ ᠴᠠᠬᠢᠯᠭᠠᠨ ᠤᠳᠠᠰᠤᠨ ᠤ᠋ ᠵᠠᠯᠭᠠᠯᠲᠠ᠎ᠶ᠋ᠢᠨ ᠳᠠᠮᠵᠢᠭᠤᠯᠭ᠎ᠠ᠎ᠶ᠋ᠢᠨ ᠳᠣᠬᠢᠶ᠎ᠠ᠎ᠶ᠋ᠢ PLC ᠫᠷᠤᠭ᠌ᠷᠠᠮ ᠪᠠ ᠬᠡᠷᠡᠯ ᠱᠢᠷᠬᠡᠭ᠎ᠦᠨ ᠵᠠᠯᠭᠠᠯᠲᠠ᠎ᠶ᠋ᠢᠨ ᠳᠣᠬᠢᠶᠠᠨ᠎ᠤ ᠳᠠᠮᠵᠢᠭᠤᠯᠭ᠎ᠠ ᠪᠣᠯᠭᠠᠨ ᠦᠭᠡᠷᠡᠴᠢᠯᠡᠭᠰᠡᠨ ᠵᠢᠡᠷ ᠪᠠᠢᠨ ᠳᠠᠬᠢᠨ ᠭᠠᠷᠳᠠᠭ ᠲᠤᠰ ᠠᠰᠠᠭᠤᠳᠠᠯ᠎ᠢ ᠲᠤᠬᠢᠳᠠᠢ ᠱᠢᠶ᠋ᠳᠪᠦᠷᠢᠯᠡᠪᠡ᠃
《ᠲᠥᠬᠥᠭᠡᠷᠦᠮᠵᠢ᠎ᠳᠦ ᠠᠰᠠᠭᠤᠳᠠᠯ ᠭᠠᠷᠤᠮᠠᠬᠴᠠ᠂ ᠲᠣᠬᠢᠷᠠᠭᠤᠯᠬᠤ ᠲᠠᠰᠤᠭ᠎ᠡᠴᠡ ᠠᠰᠠᠭᠤᠳᠠᠯ ᠭᠠᠷᠤᠭ᠍ᠰᠠᠨ ᠱᠢᠯᠲᠠᠭᠠᠨ ᠵᠢᠴᠢ ᠡᠷᠢᠬᠦ᠌ ᠴᠢᠬᠤᠯᠠᠲᠠᠶ ᠲᠤᠨᠤᠭ ᠰᠡᠯᠪᠢᠭ᠎ᠤᠨ ᠨᠣᠮᠧᠷ᠎ᠢ ᠲᠣᠳᠣᠷᠬᠠᠶ ᠢᠯᠡᠷᠡᠭᠦᠯᠵᠦ᠍ ᠴᠢᠳᠠᠨ᠎ᠠ》 ᠭᠡᠵᠦ᠍ ᠢᠦᠶ ᠴᠠᠩ ᠵᠧᠩ ᠬᠡᠯᠡᠪᠡ᠃
2018 ᠣᠨ᠎ᠳᠤ 316 ᠨᠣᠮᠧᠷᠲᠤ ᠭᠣᠮ ᠪᠦᠰᠡ᠎ᠶ᠋ᠢᠨ ᠳᠤᠮᠳᠠ ᠬᠡᠰᠡᠭ᠎ᠦᠨ ᠬᠦᠨᠳᠦ ᠠᠯᠤᠬ᠎ᠠ ᠬᠠᠵᠠᠢᠵᠤ᠂ ᠲᠥᠬᠥᠭᠡᠷᠦᠮᠵᠢ᠎ᠶ᠋ᠢᠨ ᠠᠮᠤᠷ ᠲᠦᠪᠱᠢᠨ᠂ ᠬᠡᠪ᠎ᠤᠨ ᠶᠤᠰᠤᠭᠠᠷ ᠠᠵᠢᠯᠯᠠᠬᠤ᠎ᠶ᠋ᠢ ᠬᠦᠨᠳᠦ ᠨᠣᠴᠢᠲᠠᠶ ᠨᠥᠯᠥᠭᠡᠯᠡᠪᠡ᠃ ᠪᠦᠰᠡ ᠵᠢ ᠡᠷᠬᠢᠯᠳᠦᠬᠦᠯᠬᠦ ᠮᠠᠰᠢᠨ ᠳ᠋ᠤᠨᠢ ᠨᠡᠭᠦᠷᠡᠰᠦ ᠨᠠᠭᠠᠯᠳᠤᠬᠤ᠂ ᠥᠩᠬᠥᠷᠢᠭᠦᠯ ᠲᠦᠨᠭᠰᠠ ᠵᠢ ᠪᠤᠭᠤᠭᠰᠠᠨ ᠨᠠᠭᠠᠯᠳᠠ ᠨᠢ ᠵᠢᠭ᠌ᠳᠡ ᠪᠤᠰᠤ ᠵᠢᠴᠢ ᠨᠡᠬᠦᠷᠡᠰᠦ ᠪᠠᠨ ᠪᠠᠭᠤᠯᠭᠠᠬᠤ ᠴᠡᠭ᠎ᠨᠢ ᠰᠢᠯᠵᠢᠭᠰᠡᠨ᠎ᠨᠢ ᠭᠣᠣᠯ ᠱᠢᠯᠲᠠᠭᠠᠨ ᠪᠣᠯᠬᠤ ᠵᠢ ᠢᠦᠢ ᠴᠠᠩ ᠵᠸᠩ ᠢᠯᠡᠷᠡᠬᠦᠯᠪᠡ᠃
ᠲᠡᠷᠡ ᠲᠤᠬᠠᠢ᠎ᠶ᠋ᠢᠨ ᠭᠠᠵᠠᠷ᠎ᠲᠤᠨᠢ ᠱᠢᠯᠭᠠᠨ ᠪᠠᠢᠴᠠᠭᠠᠬᠤ ᠪᠠ ᠬᠤᠯᠪᠤᠬᠳᠠᠯ ᠪᠦᠬᠦᠢ ᠮᠠᠲ᠋ᠧᠷᠢᠶᠠᠯ᠎ᠢ ᠪᠠᠢᠴᠠᠭᠠᠨ ᠦᠵᠡᠬᠦ᠌᠎ᠪᠡᠷ ᠳᠠᠮᠵᠢᠨ᠂ ᠡᠴᠦᠰ᠎ᠲᠡᠬᠡᠨ ᠬᠡᠰᠡᠭ ᠬᠤᠪᠢᠶᠠᠭ᠍ᠰᠠᠨ ᠮᠠᠶᠢᠭ᠎ᠤᠨ ᠬᠢᠨᠠᠨ ᠬᠡᠮᠵᠢᠬᠦ᠌ ᠲᠥᠰᠦᠯ᠎ᠢ ᠬᠡᠷᠡᠭ᠌ᠯᠡᠵᠦ᠍᠂ ᠭᠣᠮ ᠪᠦᠰᠡ᠎ᠶ᠋ᠢᠨ ᠳᠤᠮᠳᠠ ᠬᠡᠰᠡᠭ᠎ᠦᠨ ᠬᠦᠨᠳᠦ ᠠᠯᠤᠬ᠎ᠠ᠎ᠶ᠋ᠢᠨ ᠣᠷᠣᠨ᠎ᠤ ᠬᠣᠶᠠᠷ ᠬᠠᠵᠠᠭᠤ᠎ᠪᠠᠷ ᠭᠦᠶᠦᠯᠲᠡ᠎ᠶ᠋ᠢᠨ ᠨᠡᠭᠡᠯᠡᠭᠡᠢ ᠨᠡᠮᠡᠨ ᠤᠭ᠍ᠰᠠᠷᠠᠵᠤ᠂ ᠭᠣᠮ ᠪᠦᠰᠡ᠎ᠶ᠋ᠢᠨ ᠠᠵᠢᠯᠯᠠᠭᠠᠨ᠎ᠤ ᠪᠠᠢᠳᠠᠯ᠎ᠢ ᠴᠠᠭ ᠲᠤᠬᠠᠢᠳᠤᠨᠢ ᠬᠢᠨᠠᠨ ᠬᠡᠮᠵᠢᠬᠦ᠌᠎ᠪᠡᠷ ᠳᠤᠷᠠᠳᠴᠠᠢ᠃
《ᠭᠣᠮ ᠪᠦᠰᠡ ᠬᠠᠵᠠᠢᠬᠤ ᠦᠵᠡᠭ᠌ᠳᠡᠯ ᠭᠠᠷᠤᠮᠠᠭ᠍ᠴᠠ᠂ ᠲᠡᠷᠡ ᠳᠠᠷᠤᠶ ᠲᠣᠬᠢᠷᠠᠭᠤᠯᠬᠤ ᠲᠠᠰᠤᠭ ᠵᠦᠭ ᠬᠡᠯᠪᠡᠢᠭ᠌ᠰᠡᠨ ᠳᠣᠬᠢᠶ᠎ᠠ᠎ᠪᠠᠨ ᠠᠦ᠋ᠲ᠋ᠣ᠋ ᠪᠠᠷ ᠮᠡᠳᠡᠭᠦᠯᠵᠦ᠍ ᠪᠣᠯᠤᠨ᠎ᠠ》 ᠭᠡᠵᠦ᠍ ᠢᠦᠶ ᠴᠠᠩ ᠵᠧᠩ ᠬᠡᠯᠡᠭ᠌ᠰᠡᠨ᠎ᠢᠶᠡᠨ ᠵᠠᠯᠭᠠᠭᠠᠳ᠂ ᠬᠠᠵᠠᠭᠤ᠎ᠶ᠋ᠢᠨ ᠨᠡᠭᠡᠯᠡᠭᠡᠢ᠎ᠶ᠋ᠢ ᠨᠡᠭᠡᠭᠡᠬᠦ᠌᠎ᠨᠢ ᠭᠣᠮ ᠪᠦᠰᠡ᠎ᠶ᠋ᠢᠨ ᠭᠡᠮᠲᠦᠯ᠎ᠦᠨ ᠲᠦᠭ᠌ᠰᠢᠭᠦᠷᠢ᠎ᠶ᠋ᠢ 80% ᠪᠠᠷ ᠪᠠᠭᠤᠷᠠᠭᠤᠯᠵᠤ᠂ ᠵᠢᠯ᠎ᠦᠨ ᠬᠠᠮᠠᠭᠠᠯᠠᠯᠲᠠ᠎ᠶ᠋ᠢᠨ ᠥᠪᠡᠷ᠎ᠦᠨ ᠥᠷᠲᠡᠭ᠎ᠢ 50 ᠭᠠᠷᠤᠶ ᠲᠦᠮᠡᠨ ᠲᠥᠭᠥᠷᠢᠭ ᠠᠷᠪᠢᠯᠠᠵᠤ᠂ ᠨᠡᠭᠦᠷᠡᠰᠦ ᠳᠠᠮᠵᠢᠭᠤᠯᠬᠤ ᠱᠢᠰᠲ᠋ᠧᠮ᠎ᠢ 5 ᠵᠢᠯ ᠳᠠᠷᠠᠭᠠᠯᠠᠨ《ᠲᠦᠯᠦᠪᠯᠡᠭᠡ ᠡᠴᠡ ᠭᠠᠳᠠᠭᠤᠷ ᠮᠠᠰᠢᠨ ᠦᠯᠤ ᠵᠤᠬᠰᠤᠬᠤ》 ᠲᠡᠮᠳᠡᠭ᠌ᠯᠡᠯ᠎ᠢ ᠪᠠᠲᠤᠯᠠᠪᠠ᠃
2019 ᠣᠨ᠎ᠤ ᠳᠤᠤᠷ᠎ᠠ ᠬᠠᠭᠠᠰ ᠵᠢᠯ᠎ᠳᠦ ᠭᠣᠮ ᠪᠦᠰᠡᠲᠦ ᠮᠠᠱᠢᠨ ᠭᠡᠨᠡᠳᠲᠡ ᠵᠣᠭ᠍ᠰᠣᠵᠤ᠂ ᠭᠡᠮᠳᠤᠯ ᠭᠠᠷᠤᠭ᠍ᠰᠠᠨ ᠱᠢᠯᠲᠠᠭᠠᠨ᠎ᠢ ᠡᠷᠢᠵᠦ᠍ ᠤᠯᠬᠤ ᠥᠬᠡᠶ᠂ ᠦᠶ᠋ᠯᠡᠳᠪᠦᠷᠢᠯᠡᠯ ᠤᠭ᠎ᠤᠨ ᠲᠥᠯᠥᠪᠯᠡᠭᠡ ᠶᠤᠰᠤᠭᠠᠷ ᠶᠠᠪᠤᠭᠳᠠᠬᠤ ᠠᠷᠭ᠎ᠠ ᠦᠭᠡᠢ ᠪᠤᠯᠪᠠ᠃ ᠲᠤᠬᠠᠶ᠎ᠶ᠋ᠢᠨ ᠦᠶ᠎ᠡ᠎ᠳᠦ ᠶᠠᠭ ᠦᠶ᠋ᠯᠡᠳᠪᠦᠷᠢᠯᠡᠯ᠎ᠦᠨ ᠬᠠᠩᠭᠠᠯᠭ᠎ᠠ᠎ᠶ᠋ᠢ ᠪᠠᠲᠤᠯᠠᠬᠤ ᠣᠷᠭᠢᠯ᠎ᠤᠨ ᠬᠤᠭᠤᠴᠠᠭ᠎ᠠ ᠪᠠᠢᠪᠠ᠃
《ᠲᠦᠬᠦᠬᠡᠷᠦᠮᠵᠢ ᠵᠢ ᠴᠤᠴᠠᠯᠵᠦ ᠰᠠᠯᠭᠠᠭᠰᠠᠨ ᠭᠤᠷᠪᠠᠳᠤᠭᠠᠷ ᠡᠳᠦᠷ᠂ ᠵᠠᠮ ᠱᠤᠭᠤᠮ᠎ᠨᠢ ᠲᠤᠢᠯ᠎ᠤᠨ ᠡᠮᠬᠢ ᠵᠠᠮᠪᠠᠷᠠᠭ᠎ᠠ ᠦᠭᠡᠢ ᠪᠠᠢᠳᠠᠯ ᠳ᠋ᠤ ᠪᠠᠢᠯ᠎ᠠ》᠃ ᠲᠡᠷᠡ ᠤᠳᠠᠭ᠎ᠠ ᠵᠢᠨ ᠪᠤᠭᠤᠮᠳᠠ ᠰᠢᠪᠳᠤᠯᠬᠤ ᠲᠡᠢᠯᠠᠯᠳᠤᠭᠠᠨ ᠢ᠋ ᠡᠷᠭᠢᠴᠡᠭᠦᠯᠬᠦ᠌ᠳ᠋ᠡᠭᠡᠨ᠂ ᠢᠦᠶ ᠴᠠᠩ ᠵᠧᠩ ᠮᠥᠨ ᠬᠦ᠌ ᠥᠪᠡᠷ᠎ᠦᠨ ᠡᠷᠬᠡ ᠥᠬᠡᠶ ᠡᠪᠡᠷᠰᠢᠭᠰᠡᠨ ᠬᠤᠶᠠᠷ ᠭᠠᠷ ᠵᠢᠡᠨ ᠨᠤᠬᠤᠯᠠᠳᠠᠭ᠃ ᠳᠠᠬᠢᠨ ᠳᠠᠪᠲᠠᠨ ᠪᠠᠢᠴᠠᠭᠠᠭ᠍ᠰᠠᠨ᠎ᠤ ᠳ᠋ᠦᠩ᠎ᠳᠦ᠂ ᠢᠦᠢ ᠴᠠᠩ ᠵᠸᠩ᠂ ᠨᠡᠭᠡᠯᠡᠭᠡᠢ᠎ᠶ᠋ᠢᠨ ᠵᠢᠷᠤᠭ ᠲᠥᠯᠥᠪᠯᠡᠭᠡ ᠨᠢ ᠳᠤᠲᠠᠭ᠍ᠳᠠᠯᠲᠠᠶᠡᠴᠡ ᠪᠣᠯᠵᠤ᠂ ᠬᠣᠭᠣᠰᠣᠨ ᠬᠦᠷᠦᠯᠴᠡᠭᠦᠷ ᠨᠢ ᠭᠦᠢᠴᠡᠳ ᠰᠣᠷᠣᠵᠤ ᠳᠡᠢᠯᠦᠭ᠌ᠰᠡᠨ ᠦᠭᠡᠶ᠎ᠡᠴᠡ ᠪᠣᠯᠵᠤ ᠮᠠᠱᠢᠨ ᠵᠣᠭ᠍ᠰᠣᠬᠤ ᠦᠵᠡᠭ᠌ᠳᠡᠯ ᠭᠠᠷᠤᠬᠰᠡᠨ ᠢ᠋ ᠢᠯᠡᠷᠡᠬᠦᠯᠪᠡ᠃ ᠲᠤᠰᠠᠯᠠᠬᠤ ᠨᠡᠭᠡᠯᠡᠭᠡᠢ᠎ᠶ᠋ᠢᠨ ᠵᠠᠯᠭᠠᠬᠤ ᠴᠡᠭ᠎ᠦᠨ ᠶᠠᠪᠤᠴᠠ᠂ ᠮᠧᠬᠠᠨᠢᠭ᠎ᠤᠨ ᠬᠡᠰᠡᠭ᠎ᠢ ᠪᠠᠭᠠᠰᠭᠠᠬᠤ ᠲᠤᠰᠠᠯᠠᠬᠤ ᠨᠡᠭᠡᠯᠡᠭᠡᠢ᠎ᠶ᠋ᠢᠨ ᠬᠥᠳᠡᠯᠭᠡᠭᠡᠨ ᠵᠡᠷᠭᠡ᠎ᠶ᠋ᠢ ᠥᠭᠡᠷᠡᠴᠢᠯᠡᠭ᠌ᠰᠡᠨ᠎ᠦ ᠳᠠᠷᠠᠭ᠎ᠠ᠂ ᠡᠨᠡ ᠬᠦ᠌ ᠬᠦᠴᠢᠷ ᠠᠰᠠᠭᠤᠳᠠᠯ ᠡᠴᠦᠰ᠎ᠲᠡᠬᠡᠨ ᠱᠢᠶ᠋ᠳᠪᠦᠷᠢᠯᠡᠭ᠌ᠳᠡᠪᠡ᠃
《ᠬᠣᠭᠣᠰᠣᠨ ᠬᠦᠷᠦᠯᠴᠡᠭᠦᠷ᠎ᠤᠨ ᠲᠤᠰᠠᠯᠠᠬᠤ ᠨᠡᠭᠡᠯᠡᠭᠡᠢ ᠠᠱᠢᠭ᠍ᠯᠠᠯᠲᠠ᠎ᠳᠤ ᠤᠷᠤᠭ᠍ᠰᠠᠨ᠎ᠤ ᠳᠠᠷᠠᠭ᠎ᠠ᠂ ᠵᠢᠯ ᠪᠦᠷᠢ 1000 ᠲᠦᠮᠡᠨ ᠭᠷᠠᠳᠦ᠋ᠰ᠎ᠦᠨ ᠴᠠᠬᠢᠯᠭᠠᠨ ᠠᠷᠪᠢᠯᠠᠵᠦ᠍᠂ 800 ᠭᠠᠷᠤᠶ ᠲᠦᠮᠡᠨ ᠲᠥᠭᠥᠷᠢᠭ᠎ᠦᠨ ᠦᠷ᠎ᠡ ᠠᠱᠢᠭ ᠤᠯᠵᠠᠢ》 ᠭᠡᠵᠦ᠍ ᠱᠢᠶᠧ᠎ᠶ᠋ᠢᠨ ᠯᠦᠩ ᠬᠡᠯᠡᠪᠡ᠃
ᠡᠨᠡ ᠬᠦ᠌ 《ᠦᠬᠦᠨ ᠪᠠᠷᠢᠮᠳᠠᠯᠠᠬᠤ》 ᠵᠣᠷᠢᠭ ᠰᠠᠨᠠᠭ᠎ᠠ ᠨᠢ ᠰᠢᠨ᠎ᠠ ᠡᠬᠦᠳᠤᠯᠳᠠ ᠵᠢ ᠪᠤᠢ ᠪᠤᠯᠭᠠᠪᠠ᠄《ᠨᠢᠭᠡ ᠵᠦᠶ᠋ᠯ᠎ᠦᠨ ᠬᠣᠭᠣᠰᠣᠨ ᠬᠦᠷᠦᠯᠴᠡᠭᠦᠷ᠎ᠦᠨ ᠲᠤᠰᠠᠯᠠᠬᠤ ᠨᠡᠭᠡᠯᠡᠭᠡᠢ》᠂ 《ᠬᠡᠮᠬᠡᠯᠬᠦ᠌ ᠥᠷᠲᠡᠭᠡ᠎ᠶ᠋ᠢᠨ ᠠᠭᠤᠷᠬᠠᠶ᠎ᠶ᠋ᠢᠨ ᠲᠡᠷᠭᠡᠨ᠎ᠦ ᠠᠦ᠋ᠲ᠋ᠣ᠋ ᠲᠣᠭᠠᠯᠠᠭᠤᠷ》᠂ 《ᠭᠣᠮ ᠪᠦᠰᠡ ᠤᠷᠠᠭ᠍ᠳᠠᠭ᠍ᠰᠠᠨᠢ ᠪᠠᠢᠴᠠᠭᠠᠨ ᠬᠡᠮᠵᠢᠬᠦ᠌ ᠲᠣᠨᠣᠭ᠍ᠯᠠᠯ》 ᠵᠡᠷᠭᠡ 3 ᠵᠦᠶ᠋ᠯ᠎ᠦᠨ ᠱᠢᠨ᠎ᠡ᠎ᠵᠢ ᠡᠬᠦᠳᠦᠭᠰᠡᠨ ᠦᠷ᠎ᠡ ᠪᠦᠲᠦᠭᠡᠯ ᠤᠯᠤᠰ᠎ᠤᠨ ᠬᠡᠷᠡᠭ᠌ᠯᠡᠭᠡᠨ᠎ᠦ ᠱᠢᠨ᠎ᠡ ᠬᠡᠯᠪᠡᠷᠢ᠎ᠶ᠋ᠢᠨ ᠲᠤᠰᠭᠠᠶ ᠠᠱᠢᠭ᠎ᠢ ᠭᠥᠷᠳᠡᠪᠡ᠃
《ᠢᠦᠶ ᠴᠠᠩ ᠵᠧᠩ᠎ᠤᠨ ᠬᠥᠳᠡᠯᠮᠦᠷᠢ᠎ᠶ᠋ᠢᠨ ᠵᠢᠱ᠌ᠢᠶᠡᠴᠢ (ᠤᠷᠠᠨ ᠳᠠᠷᠬᠠᠨ) ᠶ᠋ᠢᠨ ᠱᠢᠨ᠎ᠡ᠎ᠶ᠋ᠢ ᠡᠭᠦᠳᠬᠦ᠌ ᠠᠵᠢᠯᠯᠠᠬᠤ ᠲᠠᠰᠤᠭ》᠎ᠲᠤ᠌ ᠣᠷᠣᠬᠤ᠎ᠳᠤ ᠶᠠᠭ ᠯᠡ ᠨᠢᠭᠡᠨ《ᠲᠤᠷᠱᠢᠯᠲᠠ᠎ᠶ᠋ᠢᠨ ᠲᠠᠰᠤᠭ》 ᠲᠤ᠌ ᠣᠷᠣᠭᠰᠠᠨ ᠰᠢᠬ ᠪᠠᠢᠵᠤ᠂ ᠡᠯ᠎ᠡ ᠲᠥᠷᠥᠯ᠎ᠤᠨ ᠲᠥᠬᠦᠭᠡᠷᠦᠮᠵᠢ᠎ᠶ᠋ᠢ ᠡᠮᠬᠢ ᠵᠢᠷᠤᠮ᠎ᠲᠠᠢ ᠲᠢᠭᠯᠡᠵᠦ ᠲᠠᠯᠪᠢᠵᠠᠢ᠃ ᠭᠠᠷᠠᠭ ᠪᠦᠷᠢ᠎ᠶᠢᠨ ᠭᠠᠷᠠᠭ᠎ᠤ᠋ᠨ ᠲᠠᠪᠤᠨᠤ᠋ ᠦᠳᠡ᠎ᠶᠢᠨ ᠬᠣᠢᠨ᠎ᠠ᠂ ᠠᠵᠢᠯ᠎ᠤᠨ ᠲᠠᠰᠤᠭ᠎ᠲᠤ᠌ ᠶᠡᠷᠦ᠍ ᠨᠢ ᠡᠢᠮᠦ᠍ ᠪᠠᠢᠳᠠᠯ᠎ᠢ᠋ ᠣᠯᠵᠤ ᠬᠠᠷᠠᠳᠠᠭ᠄ ᠵᠠᠯᠠᠭᠤ ᠠᠵᠢᠯᠲᠠᠨ ᠠᠵᠢᠯᠴᠢᠨ PLCᠢ᠋ᠢᠨ ᠠᠵᠢᠯᠯᠠᠬᠤ ᠲᠠᠪᠴᠠᠩ᠎ᠢ᠋ ᠲᠣᠭᠣᠷᠢᠵᠤ᠂ ᠢᠦᠢ ᠴᠠᠩ ᠵᠧᠩ ᠴᠠᠬᠢᠯᠭᠠᠨ ᠬᠡᠯᠬᠢᠶ᠎ᠡ᠎ᠶᠢᠨ ᠮᠡᠳᠡᠯᠭᠡ᠎ᠶᠢ ᠨᠠᠷᠢᠨ ᠬᠢᠨᠠᠮᠠᠭᠠᠢ ᠲᠠᠢᠯᠪᠤᠷᠢᠯᠠᠨ᠎ᠠ᠃ ᠬᠡᠮᠬᠡᠯᠬᠦ ᠦᠷᠲᠡᠭᠡ᠎ᠶᠢᠨ ᠠᠭᠤᠷᠬᠠᠢ᠎ᠶ᠋ᠢᠨ ᠮᠠᠰᠢᠨ᠎ᠤ ᠠᠦ᠋ᠲ᠋ᠤ᠋ ᠲᠤᠭ᠎ᠠ ᠲᠤᠭᠠᠯᠠᠭᠤᠷᠢ ᠰᠠᠢᠵᠢᠷᠠᠭᠤᠯᠬᠤ ᠲᠤᠬᠠᠢ ᠲᠠᠢᠯᠪᠤᠷᠢᠯᠠᠬᠤ᠎ᠳᠠᠭᠠᠨ᠂ ᠲᠡᠷᠡ ᠭᠡᠨᠡᠳᠲᠡ ᠠᠰᠠᠭᠤᠳᠠᠯ ᠲᠤᠷᠠᠳᠴᠤ᠄《ᠰᠠᠷᠢᠰᠤᠨ ᠪᠠᠭ᠍ᠪᠠᠭᠠᠢ ᠨᠢ ᠬᠡᠷᠬᠢᠨ ᠷᠠᠳᠠᠷ᠎ᠤᠨ ᠮᠡᠷᠭᠡᠵᠢᠯ᠎ᠳᠤ ᠰᠡᠩᠬᠡᠷᠡᠭᠦᠯᠦᠯ ᠥᠭᠭᠦᠭᠰᠡᠨ᠎ᠢ ᠮᠡᠳᠡᠨ᠎ᠡ ᠤᠤ?》ᠭᠡᠵᠦ ᠠᠰᠠᠭᠤᠪᠠ᠃ ᠡᠢᠮᠦᠷᠬᠦᠦ ᠪᠠᠶᠠᠷ ᠴᠡᠩᠭᠡᠯ ᠲᠠᠢ ᠴᠢᠯᠦᠬᠡᠳᠡᠢ ᠪᠠᠢᠳᠠᠭ ᠬᠢᠴᠢᠶᠡᠯᠯᠡᠬᠦ᠌ ᠠᠷᠭ᠎ᠠ ᠮᠠᠶᠢᠭ᠎ᠨᠢ ᠠᠮᠲᠠ ᠰᠢᠮᠳᠡ ᠦᠭᠡᠢ ᠮᠡᠳᠡᠯᠭᠡ᠎ᠶ᠋ᠢ ᠠᠮᠢᠳᠤᠯᠢᠭ ᠲᠤᠰᠬᠠᠢ ᠮᠡᠷᠬᠡᠵᠢᠯ ᠪᠣᠯᠭᠠᠨ ᠵᠠᠯᠠᠭᠤ ᠠᠵᠢᠯᠳᠠᠨ᠎ᠢ ᠬᠦᠮᠦᠵᠢᠬᠦᠯᠦᠨ ᠰᠡᠩᠬᠡᠷᠡᠬᠦᠯᠦᠯ ᠤᠯᠭᠤᠳᠠᠭ᠃
《ᠦᠢᠯᠡᠳᠪᠦᠷᠢᠯᠡᠯ᠎ᠤᠨ ᠶᠠᠪᠤᠴᠠ ᠳ᠋ᠤ ᠰᠠᠭᠠᠳ ᠭᠠᠷᠬᠤ ᠦᠶ᠎ᠡ᠎ᠳᠤ ᠢᠦᠶᠠᠩᠭᠢᠶ᠋ᠢᠨ ᠳᠠᠷᠤᠭ᠎ᠠ ᠪᠢᠳᠡᠨ᠎ᠳᠤ ᠡᠷᠡᠬᠦᠦ ᠵᠢᠨ ᠬᠡᠷᠡᠭ᠎ᠢ ᠡᠪᠳᠡᠬᠦ ᠰᠢᠭ ᠠᠰᠠᠭᠤᠳᠠᠯ᠎ᠢ ᠵᠠᠳᠠᠯᠵᠤ᠂ ᠱᠢᠨ᠎ᠡ᠎ᠶ᠋ᠢ ᠡᠭᠦᠳᠬᠦ᠌ ᠰᠡᠳᠭᠢᠬᠦᠶ᠎ᠶ᠋ᠢᠨ ᠭᠤᠣᠯᠳᠠᠯᠭ᠎ᠠ᠎ᠨᠢ ᠱᠢᠨ᠎ᠡ ᠠᠷᠭ᠎ᠠ᠎ᠶ᠋ᠢ ᠵᠣᠷᠢᠭ᠍ᠲᠠᠶ᠎ᠪᠠᠷ ᠲᠤᠷᠱᠢᠬᠤ᠎ᠳᠤ ᠪᠤᠢ ᠬᠡᠵᠤ ᠵᠢᠭᠠᠵᠤ ᠦᠭᠳᠡᠭ᠃ ᠥᠩᠭᠡᠷᠡᠭ᠌ᠰᠡᠨᠦ᠌ ᠲᠣᠭᠠᠯᠠᠭᠤᠷ ᠪᠣᠯ ᠲᠤᠰᠭᠠᠯ᠎ᠤ᠋ᠨ ᠬᠡᠯᠪᠡᠷᠢ᠎ᠶᠢᠨ ᠤᠯᠠᠭᠠᠨᠤ᠋ ᠭᠠᠳᠠᠨᠠᠬᠢ ᠭᠡᠷᠡᠯᠦ᠋ᠨ ᠴᠠᠬᠢᠯᠭᠠᠨ᠎ᠤ᠋ ᠤᠭ ᠶᠣᠰᠣ᠎ᠶᠢ ᠠᠰᠢᠭ᠍ᠯᠠᠵᠤ ᠲᠤᠭ᠎ᠠ ᠲᠣᠭᠠᠯᠠᠬᠤ᠎ᠶᠢ ᠪᠡᠶᠡᠯᠡᠭᠦᠯᠵᠦ᠍᠂ ᠬᠠᠷᠠᠩᠭᠤᠢ ᠰᠥᠨᠢ ᠲᠣᠭᠠᠯᠠᠭᠤᠷ ᠨᠢ ᠣᠷᠴᠢᠨ ᠲᠣᠭᠣᠷᠢᠨᠳ᠋ᠤ ᠨᠥᠯᠥᠭᠡᠯᠡᠭᠳᠡᠭ᠂ ᠲᠡᠷᠡ ᠪᠤᠯ ᠳᠠᠷᠤᠢ ᠰᠠᠷᠢᠰᠤᠨ ᠪᠠᠭᠪᠠᠭᠠᠢ ᠰᠥᠨᠢ ᠢᠳᠡᠰᠢ ᠡᠷᠢᠬᠦ᠌ ᠦᠶᠡᠰᠦ᠋ᠨ ᠰᠡᠷᠡᠵᠦ᠍ ᠮᠡᠳᠡᠬᠦ᠌ ᠴᠢᠳᠠᠪᠤᠷᠢ᠎ᠶᠢ ᠬᠣᠯᠪᠣᠨ ᠪᠣᠳᠣᠵᠤ᠂ ᠡᠭᠦᠨ᠎ᠡᠴᠡ ᠪᠣᠯᠵᠤ ᠬᠡᠮᠬᠡᠯᠬᠦ ᠦᠷᠲᠡᠭᠡ᠎ᠶᠢᠨ ᠠᠭᠤᠷᠬᠠᠢ᠎ᠶᠢᠨ ᠮᠠᠰᠢᠨᠦ᠌ ᠠᠦ᠋ᠲ᠋ᠣ᠋ ᠲᠣᠭᠠᠯᠠᠭᠤᠷᠢ᠋ ᠰᠠᠢᠵᠢᠷᠠᠭᠤᠯᠤᠭᠰᠠᠨ ᠶᠤᠮ》᠃ ᠶᠤᠸᠠᠨ ᠪᠤᠤ ᠱᠠᠨ ᠵᠠᠳᠠᠭᠠᠢ ᠨᠡᠬᠦᠷᠡᠰᠦᠨ ᠠᠭᠤᠷᠬᠠᠢ᠎ᠶ᠋ᠢᠨ ᠠᠭᠤᠷᠬᠠᠢ ᠮᠠᠯᠳᠠᠬᠤ ᠨᠢᠬᠡᠳᠦᠬᠡᠷ ᠬᠡᠯᠳᠡᠰ᠎ᠤᠨ ᠴᠠᠬᠢᠯᠭᠠᠨ ᠲᠤᠨᠤᠭ ᠲᠦᠬᠦᠬᠡᠷᠦᠮᠵᠢ ᠪᠠᠢᠴᠠᠭᠠᠨ ᠰᠠᠯᠪᠢᠬᠦ ᠠᠩᠬᠢ᠎ᠶ᠋ᠢᠨ ᠴᠠᠬᠢᠯᠭᠠᠨ᠎ᠤ ᠠᠵᠢᠯᠳᠠᠨ ᠸᠠᠩ ᠱᠢᠶᠤᠤ ᠪᠢᠨ᠂ ᠢᠤᠢ ᠴᠠᠩ ᠵᠸᠩ᠎ᠤᠨ ᠬᠠᠪᠰᠤᠷᠤᠯᠭ᠎ᠠ ᠳᠤᠤᠷ᠎ᠠ ᠪᠢ ᠴᠠᠬᠢᠯᠭᠠᠨ ᠲᠤᠨᠤᠭ ᠲᠦᠬᠦᠬᠡᠷᠦᠮᠵᠢ ᠵᠠᠰᠠᠬᠤ ᠰᠤᠷᠤᠭ᠍ᠴᠢᠪᠠᠢᠬᠰᠠᠨ ᠡᠴᠡ ᠳᠡᠭᠡᠳᠤ ᠵᠡᠷᠭᠡ᠎ᠶᠢᠨ ᠲᠸᠭᠨᠢᠭᠴᠢ ᠪᠤᠯᠪᠠ ᠭᠡᠪᠠ᠃
ᠢᠦᠢ ᠴᠠᠩ ᠵᠧᠩ ᠠᠵᠢᠯ᠎ᠤᠨ ᠪᠠᠢᠷᠢ᠎ᠶ᠋ᠢᠨ ᠪᠣᠳᠠᠲᠠᠢ ᠪᠠᠢᠳᠠᠯ᠎ᠲᠠᠢ᠎ᠪᠠᠨ ᠤᠶᠠᠯᠳᠤᠭᠤᠯᠤᠨ ᠴᠠᠬᠢᠯᠭᠠᠨ᠎ᠤ ᠤᠬᠠᠭᠠᠨ᠎ᠤ ᠵᠢᠭᠠᠬᠤ ᠮᠠᠲ᠋ᠧᠷᠢᠶᠠᠯ᠎ᠢ ᠥᠪᠡᠷ᠎ᠢᠶᠠᠨ ᠨᠠᠢᠷᠠᠭᠤᠯᠵᠤ᠂ PPT ᠵᠢᠭᠠᠨ ᠰᠤᠷᠭᠠᠯᠲᠠ᠎ᠶᠢᠨ ᠲᠤᠨᠤᠭ᠎ᠢ ᠵᠤᠬᠢᠶᠠᠨ ᠦᠢᠯᠡᠳᠬᠦ᠌᠎ᠶ᠋ᠢᠨ ᠬᠠᠮᠲᠤ ᠬᠥᠮᠦᠨ ᠪᠦᠷᠢ᠎ᠶ᠋ᠢᠨ ᠳᠤᠷ᠎ᠠ ᠰᠣᠨᠢᠷᠬᠠᠯ᠎ᠤᠨ ᠣᠨᠴᠠᠯᠢᠭ᠎ᠢ ᠦᠨᠳᠦᠰᠦᠯᠡᠨ ᠬᠠᠨᠳᠤᠯᠭᠠᠲᠤ ᠴᠢᠨᠠᠷᠲᠠᠢ ᠬᠥᠮᠦᠵᠢᠭᠦᠯᠵᠦ᠍᠂ ᠲᠡᠳᠡᠨ ᠳᠤ ᠠᠵᠢᠯ᠎ᠤᠨ ᠶᠠᠪᠤᠴᠠ᠎ᠶ᠋ᠢ ᠲᠦᠷᠭᠡᠨ ᠣᠢᠯᠠᠭᠠᠭᠤᠯᠪᠠ᠃ ᠣᠳᠣᠬᠠᠨ᠎ᠳᠤ᠂ ᠢᠦᠶ ᠴᠠᠩ ᠵᠧᠩᠴᠠᠬᠢᠯᠭᠠᠨ ᠲᠤᠨᠤᠭ ᠲᠦᠬᠦᠬᠡᠷᠦᠮᠵᠢ ᠪᠠᠢᠴᠠᠭᠠᠨ ᠰᠡᠯᠪᠢᠬᠦ ᠠᠵᠢᠯ᠎ᠤᠨ ᠪᠠᠢᠷᠢ ᠳ᠋ᠤ ᠱᠢᠯᠵᠢᠭ᠌ᠰᠡᠨ ᠬᠥᠮᠦᠰ᠂ ᠱᠢᠨ᠎ᠡ᠎ᠪᠠᠷ ᠡᠯᠰᠡᠭ᠌ᠰᠡᠨ ᠠᠵᠢᠯᠲᠠᠨᠢᠨᠡᠢᠲᠡ 2000 ᠭᠠᠷᠤᠶ ᠬᠥᠮᠦᠨ ᠤᠳᠠᠭ᠎ᠠ ᠪᠣᠯᠪᠠᠰᠤᠷᠠᠭᠤᠯᠪᠠ᠃
ᠲᠡᠭᠦᠨ᠎ᠤ ᠬᠠᠪᠰᠤᠷᠤᠯᠭ᠎ᠠ ᠳᠣᠣᠷ᠎ᠠ ᠴᠠᠬᠢᠯᠭᠠᠨᠲᠤᠨᠤᠭ ᠲᠦᠬᠦᠬᠡᠷᠦᠮᠵᠢ ᠪᠠᠢᠴᠠᠭᠠᠨ ᠰᠡᠯᠪᠢᠬᠦ᠌ ᠠᠩᠭᠢ᠎ᠶ᠋ᠢᠨ 22 ᠬᠥᠮᠦᠨ᠎ᠤ ᠳᠣᠲᠣᠷ᠎ᠠ 1 ᠬᠥᠮᠦᠨ᠎ᠨᠢ ᠣᠨᠴᠠ ᠲᠡᠰ᠎ᠤᠨ ᠲᠸᠭᠨᠢᠭᠴᠢ᠂ 7 ᠬᠥᠮᠦᠨ᠎ᠨᠢ ᠳᠡᠭᠡᠳᠦ ᠵᠡᠷᠭᠡ᠎ᠶᠢᠨ ᠲᠸᠭᠨᠢᠭᠴᠢ ᠂ 6 ᠬᠥᠮᠦᠨ᠎ᠨᠢ ᠲᠸᠭᠨᠢᠭᠴᠢ ᠪᠣᠯᠤᠭ᠍ᠰᠠᠨ ᠪᠠᠢᠨ᠎ᠠ᠃
ᠶᠠᠭᠠᠬᠢᠭᠠᠳ ᠤᠯᠠᠨ ᠵᠢᠯ᠎ᠤᠨ ᠲᠤᠷᠰᠢ ᠢᠮᠠᠭᠲᠠ ᠵᠠᠯᠠᠭᠤ ᠠᠵᠢᠯᠴᠢᠨ ᠳ᠋ᠤ ᠬᠢᠴᠢᠶᠡᠯ ᠣᠷᠣᠬᠤ ᠵᠢ ᠪᠠᠷᠢᠮᠳᠠᠯᠠᠭᠰᠠᠭᠠᠷ ᠢᠷᠡᠭᠰᠡᠨ ᠲᠤᠬᠠᠢ ᠠᠰᠠᠭᠤᠬᠤ᠎ᠳᠤ᠂ ᠢᠥᠢ ᠴᠠᠩ ᠵᠸᠩ᠄《ᠲᠤᠬᠠᠢ᠎ᠶ᠋ᠢᠨ ᠦᠶ᠎ᠡ᠎ᠳᠤ ᠪᠠᠭ᠍ᠰᠢ ᠨᠠᠳᠠ᠎ᠳᠤ ᠲᠥᠬᠦᠭᠡᠷᠦᠮᠵᠢ ᠵᠢᠨ〈ᠵᠢᠷᠦᠬᠡᠨ ᠯᠤᠭ᠍ᠰᠢᠯᠲᠠ᠎ᠶ᠋ᠢᠨ ᠵᠢᠷᠤᠭ〉᠎ᠢ᠋ ᠬᠡᠷᠬᠢᠨ ᠢᠯᠭᠠᠨ ᠲᠠᠨᠢᠬᠤ᠎ᠵᠢ ᠵᠢᠭᠠᠵᠤ ᠦᠭᠬᠦᠭᠰᠡᠨ᠂ ᠤᠳᠤ ᠪᠢᠳᠡ ᠵᠠᠯᠠᠭᠤᠴᠤᠳ᠎ᠲᠦ〈ᠮᠡᠷᠭᠡᠵᠢᠯ᠎ᠤᠨ ᠵᠠᠮᠴᠢᠯᠠᠭᠤᠷ 〉᠎ᠢ᠋ ᠤᠭᠰᠠᠷᠠᠵᠤ ᠥᠭᠬᠦ ᠬᠡᠷᠡᠭᠳᠡᠢ》 ᠭᠡᠵᠦ ᠢᠨᠢᠶᠡᠮᠰᠦᠭᠯᠡᠨ ᠬᠡᠯᠡᠵᠤ ᠪᠢᠯᠠ᠃
ᠡᠳᠦᠷ ᠪᠤᠯᠭᠠᠨ ᠰᠢᠨᠡᠴᠢᠯᠡᠪᠠᠯ ᠰᠠᠶᠢ ᠡᠳᠦᠷ ᠢᠷᠡᠬᠦᠶ᠎ᠡ ᠦᠭᠡᠳᠡᠯᠡᠨ ᠳᠠᠪᠱᠢᠵᠦ ᠰᠢᠨ᠎ᠡ ᠤᠯᠤᠯᠲᠠ ᠲᠠᠢ ᠪᠤᠯᠵᠤ ᠴᠢᠳᠠᠨ᠎ᠠ᠃ ᠢᠦᠢ ᠴᠠᠩ ᠵᠧᠩ ᠥᠪᠡᠷ᠎ᠤᠨ ᠳᠤᠷ᠎ᠠ ᠪᠠᠬᠠᠲᠠᠢ ᠬᠦᠷᠢᠶᠡᠨ᠎ᠳᠡᠭᠡᠨ ᠭᠦᠨᠵᠡᠭᠡᠢᠷᠡᠨ ᠨᠠᠷᠢᠯᠢᠭ ᠡᠴᠡ ᠨᠠᠷᠢᠯᠢᠭ ᠤᠷᠤᠵᠤ᠂ ᠱᠢᠷᠭᠠᠭᠤ ᠬᠠᠲᠠᠭᠤᠵᠢᠯᠲᠠᠢ ᠠᠵᠢᠯᠯᠠᠪᠠ; ᠤᠷ᠎ᠠ ᠴᠢᠳᠠᠪᠤᠷᠢ᠎ᠪᠠᠷ ᠴᠢᠳᠠᠪᠤᠷᠢᠲᠠᠨ ᠪᠣᠯᠬᠤ ᠵᠠᠮ ᠳᠡᠭᠡᠷ᠎ᠡ ᠤᠷᠠᠨ ᠳᠠᠷᠬᠠᠨ᠎ᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠡᠷᠡᠮᠡᠬᠡᠢᠯᠡᠨ ᠤᠷᠤᠭ᠍ᠰᠢᠯᠠᠪᠠ᠃ ᠢᠦᠢ ᠴᠠᠩ ᠵᠧᠩ ᠮᠡᠷᠭᠡᠵᠢᠯ᠎ᠦ᠋ᠨ ᠥᠭᠡᠷᠡᠴᠢᠯᠡᠯᠲᠡᠳ᠋ᠦ᠍ 40 ᠭᠠᠷᠤᠢ ᠤᠳᠠᠭ᠎ᠠ ᠣᠷᠣᠯᠴᠠᠵᠤ ᠠᠵᠤ ᠠᠬᠤᠢᠯᠠᠯ᠎ᠳ᠋ᠤ 5000 ᠭᠠᠷᠤᠢ ᠲᠦᠮᠡᠨ ᠲᠥᠭᠥᠷᠢᠭ᠎ᠦ᠋ᠨ ᠪᠡᠯᠡ ᠮᠥᠩᠭᠥ᠌ ᠠᠷᠪᠢᠯᠠᠪᠡ᠃
ᠢᠦᠢ ᠴᠠᠩ ᠵᠧᠩ ᠤᠷᠢᠳ ᠬᠤᠵᠢᠳ ᠪᠦᠬᠦ᠌ ᠤᠯᠤᠰ᠎ᠤᠨ 《5·1》 ᠤ᠋ ᠬᠥᠳᠡᠯᠮᠦᠷᠢ᠎ᠶ᠋ᠢᠨ ᠱᠠᠩᠨᠠᠯ᠂ ᠪᠦᠬᠦ᠌ ᠤᠯᠤᠰ᠎ᠤᠨ ᠮᠡᠷᠭᠡᠵᠢᠯ᠎ᠤᠨ ᠴᠢᠳᠠᠮᠠᠭᠠᠢ ᠭᠠᠷ᠂ ᠨᠡᠭᠦᠷᠡᠰᠦᠨ᠎ᠤ ᠠᠵᠢᠯ ᠲᠦᠷᠦᠯ᠎ᠤᠨ ᠤᠷ᠎ᠠ ᠴᠢᠳᠠᠪᠤᠷᠢ᠎ᠶ᠋ᠢᠨ ᠲᠸᠭᠨᠢᠭᠴᠢ᠂ ᠪᠦᠬᠦ᠌ ᠤᠯᠤᠰ᠎ᠤᠨ ᠡᠨᠧᠷᠭᠢ ᠬᠢᠮᠢᠭᠠᠵᠠᠷ ᠱᠢᠨᠵᠢᠯᠡᠭᠡᠨ᠎ᠤ ᠱᠢᠰᠲ᠋ᠧᠮ᠎ᠤᠨ ᠲᠤᠮᠤ ᠤᠯᠤᠰ᠎ᠤᠨ ᠤᠷᠠᠨ ᠳᠠᠷᠬᠠᠨ ᠵᠡᠷᠭᠡ ᠤᠯᠠᠨ ᠵᠦᠢᠯ᠎ᠤᠨ ᠢᠷᠠᠭᠤ ᠠᠯᠳᠠᠷ᠎ᠢ ᠬᠦᠷᠲᠡᠪᠡ᠃ ᠡᠨᠡ ᠵᠢᠯ᠎ᠦ᠋ᠨ《 5·1 》 ᠦ᠌ ᠳᠡᠯᠡᠬᠡᠢ᠎ᠶᠢᠨ ᠬᠥᠳᠡᠯᠮᠦᠷᠢᠴᠢᠳ᠎ᠤᠨ ᠪᠠᠶᠠᠷ ᠠ᠋ᠴᠠ ᠡᠮᠦᠨ᠎ᠡ ᠢᠦᠢ ᠴᠠᠩ ᠵᠧᠩ ᠪᠦᠬᠦ᠌ ᠤᠯᠤᠰ᠎ᠤ᠋ᠨ ᠬᠥᠳᠡᠯᠮᠦᠷᠢ᠎ᠶᠢᠨ ᠵᠢᠱ᠌ᠢᠶᠡᠴᠢ᠎ᠪᠡᠷ ᠦᠨᠡᠯᠡᠭᠳᠡᠪᠡ᠃
ᠢᠦᠢ ᠴᠠᠩ ᠵᠧᠩ᠄ 《ᠪᠢ ᠦᠷᠭᠦᠯᠵᠢᠯᠡᠨ ᠦᠢᠯᠡᠳᠪᠦᠷᠢᠯᠡᠯ᠎ᠤᠨ ᠡᠮᠦᠨ᠎ᠡ ᠹᠷᠣᠨᠲ᠎ᠲᠤ ᠦᠨᠳᠦᠰᠦᠯᠡᠵᠦ᠍᠂ ᠤᠯᠤᠰ᠎ᠤᠨ ᠡᠨᠧᠷᠭᠢ᠎ᠶ᠋ᠢᠨ ᠦᠢᠯᠡᠰ᠎ᠲᠤ ᠨᠡᠩ ᠶᠡᠭᠡ ᠱᠢᠨ᠎ᠡ ᠬᠤᠪᠢ ᠨᠡᠮᠡᠷᠢ ᠦᠵᠡᠭᠦᠯᠦᠨ᠎ᠡ》 ᠭᠡᠵᠦ ᠢᠯᠡᠳᠭᠡᠪᠡ᠃