4 ᠰᠠᠷ᠎ᠠ᠎ᠶ᠋ᠢᠨ 30᠎ᠤ᠋ ᠡᠳᠦᠷ᠂ ᠪᠠᠶᠠᠨᠨᠠᠭᠤᠷ ᠬᠣᠲᠠ ᠶ᠋ᠢᠨ ᠤᠷᠠᠳ᠎ᠤ᠋ᠨ ᠳᠤᠮᠳᠠᠳᠤ ᠬᠤᠰᠢᠭᠤᠨ᠎ᠤ᠋ ᠭᠠᠭᠴᠠᠮᠣᠳᠣ ᠬᠢᠯᠢ᠎ᠶ᠋ᠢᠨ ᠪᠣᠭᠣᠮᠲᠠ᠎ᠶ᠋ᠢᠨ ᠤ᠋ᠤᠢ ᠾᠧᠩ ᠬᠢᠨᠠᠯᠲᠠ ᠬᠠᠮᠢᠶᠠᠷᠤᠯᠲᠠ᠎ᠶᠢᠨ ᠲᠤᠭᠤᠷᠢᠭ ᠲᠦ᠍ ᠶᠡᠬᠡ ᠰᠠᠯᠬᠢ ᠭᠠᠷᠪᠠ᠃ ᠡᠨᠡ ᠦᠶ᠎ᠡ᠎ᠳ᠋ᠦ᠍ ᠸᠠᠩ ᠹᠧᠢ ᠶᠠᠷᠢᠯᠴᠠᠭᠤᠷ ᠮᠠᠰᠢᠨ᠎ᠤ 《ᠨᠡᠭᠦᠷᠡᠰᠦ ᠤᠳᠬᠤᠬᠤ ᠮᠠᠰᠢᠨ᠎ᠤ᠋ ᠡᠯᠭᠦᠭᠦᠷ᠎ᠤᠨ ᠰᠢᠰᠲ᠋ᠧᠮ ᠬᠡᠪ᠎ᠦ᠋ᠨ ᠪᠠᠢᠳᠠᠯ ᠵᠢᠡᠨ ᠠᠯᠳᠠᠭᠠᠳ ᠬᠡᠯᠪᠡᠯᠵᠡᠵᠦ ᠪᠠᠢᠨ᠎ᠠ 》 ᠭᠡᠰᠡᠨ ᠪᠠᠴᠢᠮ ᠰᠡᠷᠡᠮᠵᠢᠯᠡᠭᠦᠯᠦᠯ᠎ᠢ ᠰᠣᠨᠣᠰᠤᠭᠠᠳ᠂ ᠦᠳᠲᠡᠷ ᠲᠦᠷᠭᠡᠨ ᠳᠤᠭᠤᠯᠠᠭ᠎ᠠ᠎ᠪᠠᠨ ᠠᠪᠤᠮᠠᠭᠴᠠ᠂ ᠰᠢᠷᠤᠢ ᠵᠢᠨ ᠰᠢᠭᠤᠷᠭᠠᠨ ᠳᠣᠲᠣᠷ᠎ᠠ ᠭᠦᠶᠦᠵᠦ ᠣᠷᠣᠯ᠎ᠠ᠃ ᠬᠠᠮᠲᠤ ᠠᠵᠢᠯᠲᠠᠨᠳ᠋ᠠᠭᠠᠨ︽ᠲᠣᠨᠣᠭ ᠲᠥᠬᠥᠭᠡᠷᠦᠮᠵᠢ ᠶᠢᠨ ᠣᠨᠣᠰᠢᠯᠠᠨ ᠡᠮᠨᠡᠭᠴᠢ︾ᠬᠡᠮᠡᠭᠳᠡᠭᠰᠡᠨ ᠡᠨᠡ ᠬᠦ᠌ ᠮᠡᠷᠭᠡᠵᠢᠯ᠎ᠦ᠋ᠨ ᠳᠠᠭᠠᠭᠤᠯᠤᠭᠴᠢ ᠲᠤᠬᠠᠢ᠎ᠶᠢᠨ ᠴᠠᠭ ᠮᠥᠴᠡᠳ᠋ᠦ᠍ ᠡᠪᠡᠷᠰᠢᠭᠰᠡᠨ ᠬᠣᠶᠠᠷ ᠭᠠᠷᠢ᠋ᠶ᠋ᠠᠷᠢ᠋ᠶ᠋ᠠᠨ ᠲᠤᠨᠤᠭ ᠲᠦᠬᠦᠭᠡᠷᠦᠮᠵᠢ᠎ᠵᠢ ᠲᠡᠮᠲᠡᠷᠢᠵᠦ᠂ ᠬᠡᠪ᠎ᠤᠨ ᠪᠠᠢᠳᠠᠯ ᠵᠢᠡᠨ ᠠᠯᠳᠠᠭᠰᠠᠨ ᠬᠡᠯᠪᠡᠯᠵᠡᠯ᠎ᠤᠨ ᠰᠢᠯᠳᠠᠭᠠᠨᠢ ᠡᠷᠢᠨ᠎ᠡ᠃ ᠡᠨᠡ ᠪᠣᠯ ᠸᠠᠩ ᠹᠧᠢ ᠵᠢᠨ ᠳᠤᠮᠳᠠᠳᠤ ᠮᠣᠩᠭᠣᠯ᠎ᠤ᠋ᠨ ᠬᠢᠯᠢ᠎ᠶ᠋ᠢᠨ ᠤᠷᠤᠨ᠎ᠤ ᠡᠨᠧᠷᠭᠢ᠎ᠵᠢᠨ ᠲᠡᠬᠡᠬᠡᠪᠦᠷᠢ ᠵᠢᠨ ᠱᠤᠭᠤᠮ ᠳᠡᠭᠡᠷᠡᠬᠢ ᠡᠳᠦᠷ ᠳᠣᠳᠣᠮ᠎ᠤ᠋ᠨ ᠠᠵᠢᠯ ᠪᠢᠯᠡ᠃
ᠸᠠᠩ ᠹᠧᠢ ᠪᠣᠯ ᠤᠯᠤᠰ᠎ᠤ᠋ᠨ ᠡᠨᠧᠷᠭᠢ᠎ᠶ᠋ᠢᠨ ᠺᠤᠮᠫᠠᠨᠢ ᠵᠢᠨ ᠥᠪᠥᠷ ᠮᠣᠩᠭᠣᠯ᠎ᠤ᠋ᠨ ᠭᠠᠭᠴᠠᠮᠤᠳᠤ ᠣᠯᠠᠨ ᠤᠯᠤᠰ᠎ᠤ᠋ᠨ ᠡᠨᠧᠷᠭᠢ᠎ᠶ᠋ᠢᠨ ᠬᠢᠵᠠᠭᠠᠷᠲᠤ ᠺᠣᠮᠫᠠᠨᠢ᠎ᠶ᠋ᠢᠨ ᠬᠠᠳᠠᠭᠠᠯᠠᠬᠤ ᠲᠡᠭᠡᠭᠡᠪᠦᠷᠢᠯᠡᠬᠦ ᠲᠠᠰᠤᠭ᠎ᠤ᠋ᠨ ᠡᠷᠬᠢᠯᠡᠭᠴᠢ ᠶᠤᠮ᠃ 2012 ᠣᠨ᠎ᠳ᠋ᠤ᠌᠂ ᠰᠠᠶᠢᠬᠠᠨ ᠨᠡᠢᠭᠡᠮ ᠳᠡᠭᠡᠷ᠎ᠡ ᠭᠠᠷᠤᠭᠰᠠᠨ ᠸᠠᠩ ᠹᠧᠢ ᠡᠬᠡ ᠤᠯᠤᠰ᠎ᠤ᠋ᠨ ᠤᠮᠠᠷᠠᠲᠤ ᠬᠢᠯᠢ᠎ᠳ᠋ᠦ᠍ ᠦᠢᠯᠡᠰ ᠪᠤᠰᠬᠠᠬᠤ᠎ᠪᠡᠷ ᠰᠢᠢᠳᠴᠦ᠂ ᠤᠷᠠᠳ ᠤ᠋ᠨ ᠳᠤᠮᠳᠠᠳᠤ ᠬᠤᠰᠢᠭᠤᠨ᠎ᠤ᠋ ᠣᠤᠪᠤᠯᠠᠭᠤᠨ ᠠᠮᠠ᠎ᠶᠢᠨ ᠨᠡᠭᠦᠷᠡᠰᠦ ᠤᠬᠢᠶᠠᠬᠤ ᠦᠢᠯᠡᠳᠪᠦᠷᠢ ᠳᠤ ᠠᠵᠢᠯ᠎ᠤᠨ ᠭᠠᠷᠤᠭ᠎ᠠ ᠪᠠᠨ ᠠᠪᠴᠠᠢ᠃ ᠡᠨᠳᠡᠬᠢ ᠨᠥᠬᠥᠴᠡᠯ ᠪᠡᠷᠬᠡᠬᠠᠲᠠᠭᠤ ᠪᠣᠯᠪᠠᠴᠤ ᠲᠡᠷᠡ ᠴᠢᠷᠮᠠᠢᠯᠭ᠎ᠠ ᠪᠤᠯᠤᠨ ᠰᠤᠳᠤᠯᠭᠠᠨ᠎ᠳᠠᠭᠠᠨ ᠲᠦᠰᠢᠭᠯᠡᠨ᠂ ᠠᠵᠢᠯ᠎ᠳ᠋ᠠᠭᠠᠨ ᠲᠦᠷᠭᠡᠨ ᠵᠣᠬᠢᠴᠠᠵᠤ᠂ ᠤᠳᠠᠯ ᠦᠭᠡᠢ ᠨᠡᠭᠦᠷᠡᠰᠦ ᠤᠬᠢᠶᠠᠬᠤ ᠦᠢᠯᠡᠳᠪᠦᠷᠢ᠎ᠶ᠋ᠢᠨ ᠨᠥᠭᠡᠴᠡᠯᠡᠬᠦ ᠲᠠᠰᠤᠭ ᠤ᠋ᠨ ᠦᠢᠯᠡᠳᠪᠦᠷᠢᠯᠡᠯ ᠦ᠋ᠨ ᠱᠤᠭᠤᠮ ᠤ᠋ᠨ ᠠᠩᠬᠢ᠎ᠶᠢᠨ ᠳᠠᠷᠤᠭ᠎ᠠ᠎ᠶ᠋ᠢᠨ ᠲᠤᠰᠢᠶᠠᠯᠢ᠋ ᠡᠬᠦᠷᠭᠡᠯᠡᠭᠰᠡᠨ ᠪᠠᠢᠯ᠎ᠠ᠃
ᠲᠥᠬᠥᠭᠡᠷᠦᠮᠵᠢ᠎ᠶ᠋ᠢᠨ ᠴᠢᠳᠠᠮᠵᠢ᠎ᠶ᠋ᠢ ᠲᠦᠷᠭᠡᠨ ᠣᠢᠯᠠᠭᠠᠬᠤ᠎ᠶ᠋ᠢᠨ ᠲᠥᠯᠥᠭᠡ᠂ ᠸᠠᠩ ᠹᠧᠢ ᠵᠠᠪ ᠴᠢᠯᠦᠭᠡ᠎ᠵᠢ ᠠᠯᠳᠠᠯ ᠦᠭᠡᠢ ᠲᠥᠬᠥᠭᠡᠷᠦᠮᠵᠢ᠎ᠶ᠋ᠢᠨ ᠲᠣᠳᠣᠷᠬᠠᠢᠯᠠᠯᠲᠠ᠎ᠶ᠋ᠢᠨ ᠪᠢᠴᠢᠭ᠎ᠢ᠋ ᠰᠢᠷᠭᠠᠭᠤ ᠬᠠᠲᠠᠭᠤᠵᠢᠯᠲᠠᠢ ᠤᠩᠰᠢᠵᠤ ᠰᠤᠳᠤᠯᠤᠨ᠂ ᠤᠭᠰᠠᠷᠠᠬᠤ ᠵᠢᠷᠤᠭ᠎ᠢ᠋ ᠡᠷᠢᠵᠦ ᠦᠵᠡᠬᠦ᠎ᠶ᠋ᠢᠨ ᠬᠠᠮᠲᠤ ᠲᠤᠷᠰᠢᠯᠭ᠎ᠠ᠎ᠲᠠᠢ ᠪᠠᠭᠰᠢ ᠡᠴᠡ ᠳᠠᠷᠤᠤ ᠬᠢᠴᠢᠶᠡᠩᠭᠦᠢᠰᠤᠷᠤᠯᠴᠠᠵᠤ᠂ ᠠᠵᠢᠯᠯᠠᠬᠤ᠎ᠶᠢᠨ ᠲᠠᠭᠠᠤ ᠰᠤᠷᠤᠯᠴᠠᠬᠤ᠎ᠵᠢ ᠪᠠᠷᠢᠮᠳᠠᠯᠠᠳᠠᠭ ᠪᠠᠢᠪᠠ᠃ ᠴᠥᠬᠥᠷᠡᠰᠢ ᠦᠭᠡᠢ ᠴᠢᠷᠮᠠᠢᠯᠭ᠎ᠠ᠎ᠪᠠᠷ ᠳᠠᠮᠵᠢᠨ᠂ ᠲᠡᠷᠡ ᠡᠯ᠎ᠡ ᠵᠦᠢᠯ᠎ᠤᠨ ᠲᠥᠬᠥᠭᠡᠷᠦᠮᠵᠢ᠎ᠶ᠋ᠢᠨ ᠮᠡᠷᠭᠡᠵᠢᠯ᠎ᠦ᠋ᠨ ᠪᠣᠯᠵᠣᠯᠲᠤ ᠲᠣᠭ᠎ᠠ ᠪᠠ ᠠᠵᠢᠯᠯᠠᠭᠠᠨ᠎ᠤ᠋ ᠪᠠᠢᠳᠠᠯ ᠢ᠋ ᠪᠣᠯᠪᠠᠰᠤᠷᠠᠩᠭᠤᠢ ᠡᠵᠡᠮᠰᠢᠵᠦ᠂ ᠰᠤᠷᠤᠭᠰᠠᠨ ᠮᠡᠳᠡᠯᠭᠡ᠎ᠪᠠᠨ ᠦᠢᠯᠡᠳᠦᠯᠭᠡ᠎ᠵᠢᠨ ᠳᠤᠮᠳᠠ ᠭᠦᠢᠴᠡᠳ ᠬᠡᠷᠡᠭᠯᠡᠵᠡᠢ᠃ 2020 ᠣᠨ ᠳ᠋ᠤ᠌ ᠲᠡᠷᠡ ᠰᠠᠨᠠᠭᠠᠴᠢᠯᠠᠭ᠎ᠠ᠎ᠡᠴᠡ ᠪᠠᠨ ᠭᠤᠶᠤᠴᠢᠯᠠᠭᠠᠳ ᠨᠥᠬᠥᠴᠡᠯ ᠨᠢ ᠨᠡᠩ ᠬᠠᠲᠠᠭᠤᠵᠢᠯᠲᠠᠢ᠂ ᠪᠠᠷᠤᠭ ᠵᠢᠯ᠎ᠦ᠋ᠨ ᠳᠥᠷᠪᠡᠨ ᠤᠯᠠᠷᠢᠯᠳ᠋ᠤ᠌ ᠰᠠᠯᠬᠢ ᠰᠢᠭᠤᠷᠭᠠᠨ ᠲᠠᠰᠤᠷᠠᠳᠠᠭ ᠦᠭᠡᠢ ᠭᠠᠬᠴᠠᠮᠤᠳᠤ ᠬᠢᠯᠢ ᠵᠢᠨ ᠪᠣᠭᠣᠮᠲᠠᠳ᠋ᠤ᠌ ᠬᠦᠷᠴᠦ᠂ ᠲᠤᠬᠠᠢᠯᠠᠭᠰᠠᠨ ᠠᠵᠢᠯ᠎ᠤ᠋ᠨ ᠪᠠᠰᠠ ᠨᠢᠭᠡ ᠰᠢᠨ᠎ᠡ ᠭᠠᠷᠤᠭ᠎ᠠ ᠪᠠᠨ ᠡᠬᠢᠯᠡᠬᠦᠯᠵᠦ᠂ ᠡᠨᠡ ᠬᠦ᠌ ᠬᠢᠯᠢ ᠬᠢᠵᠠᠭᠠᠷ᠎ᠤ᠋ᠨ ᠵᠢᠵᠢᠭ ᠪᠠᠯᠭᠠᠰᠤᠲᠠᠢ ᠭᠦᠨ ᠵᠤᠵᠠᠭᠠᠨ ᠬᠤᠪᠢ ᠪᠠᠷᠢᠯᠳᠤᠯᠭ᠎ᠠ᠎ᠲᠠᠢ ᠪᠣᠯᠤᠭᠰᠠᠨ ᠪᠠᠢᠨ᠎ᠠ᠃
《ᠪᠢ ᠵᠠᠯᠠᠭᠤ ᠪᠤᠯᠬᠤᠷ ᠴᠠᠭ᠎ᠢ ᠵᠠᠪᠳᠤᠨ ᠴᠢᠷᠮᠠᠢᠵᠦ᠂ ᠪᠣᠳᠠᠲᠠᠢ ᠠᠮᠵᠢᠯᠲᠠ ᠪᠦᠲᠦᠮᠵᠢ ᠭᠠᠷᠭᠠᠶ᠎ᠠ ᠭᠡᠵᠦ ᠪᠣᠳᠣᠳᠠᠭ》ᠭᠡᠵᠦ ᠸᠠᠩ ᠹᠸᠢ ᠡᠪᠡᠷᠰᠢᠭᠰᠡᠨ ᠭᠠᠷᠤᠨ ᠠᠯᠠᠭ᠎ᠠ ᠪᠠᠨ ᠱᠦᠷᠭᠦᠭᠡᠭᠰᠡᠭᠡᠷ ᠶᠠᠷᠢᠬᠤ᠎ᠳᠤ ᠪᠣᠷᠣᠭᠵᠢᠭᠤᠨ ᠠᠲᠠᠯ᠎ᠠ ᠡᠷᠡᠰ ᠰᠢᠢᠳᠮᠡᠭ ᠨᠢ ᠢᠯᠡᠷᠡᠵᠦ ᠪᠠᠢᠯ᠎ᠠ᠃《ᠪᠢ ᠪᠣᠯ ᠲᠠᠷᠢᠶᠠᠴᠢᠨᠤ᠋ ᠬᠦᠦ᠂ ᠠᠬᠠᠮᠠᠳ ᠦᠶ᠎ᠡ᠎ᠶᠢᠨ ᠬᠢᠨ᠎ᠤ ᠨᠢᠷᠤᠭᠤ ᠪᠦᠭᠴᠦᠢᠨ ᠰᠢᠷᠤᠢ ᠲᠠᠢ ᠨᠤᠴᠤᠯᠳᠤᠬᠤ ᠵᠢ ᠬᠠᠷᠠᠬᠠᠨ ᠪᠠᠭ᠎ᠠ ᠡᠴᠡ᠎ᠪᠡᠨ ᠬᠠᠷᠠᠭᠰᠠᠭᠠᠷ ᠢᠷᠡᠯ᠎ᠠ᠃ ᠣᠳᠣ ᠪᠢ ᠬᠣᠶᠠᠷ ᠭᠠᠷᠢ᠋ᠶ᠋ᠠᠷᠢᠶᠡᠨ ᠠᠮᠢᠳᠤᠷᠠᠯ᠎ᠢᠶᠡᠨ ᠰᠠᠢᠵᠢᠷᠠᠭᠤᠯᠵᠤ᠂ ᠠᠪᠤ ᠡᠵᠢ᠂ ᠭᠡᠷ᠎ᠦ᠋ᠨ ᠬᠥᠮᠦᠰ ᠲᠡᠭᠡᠨ ᠵᠢᠷᠭᠠᠯ ᠡᠳ᠋ᠯᠡᠭᠦᠯᠬᠦ᠎ᠵᠢ ᠬᠦᠰᠡᠵᠦ ᠪᠠᠢᠨ᠎ᠠ》 ᠭᠡᠵᠦ ᠲᠡᠷᠡ ᠶᠠᠷᠢᠨ᠎ᠠ᠃
2022 ᠣᠨ᠎ᠤ᠋ 9 ᠰᠠᠷᠠᠳ᠋ᠤ᠌᠂ ᠺᠣᠮᠫᠠᠨᠢ ᠨᠢ《ᠡᠨᠧᠷᠭᠢ ᠬᠠᠩᠭᠠᠬᠤ᠎ᠵᠢ ᠪᠠᠳᠤᠯᠠᠬᠤ》 ᠡᠭᠦᠷᠭᠡ᠎ᠶ᠋ᠢ ᠬᠦᠯᠢᠶᠡᠨ ᠠᠪᠤᠪᠠ᠃ ᠭᠡᠪᠡᠴᠦ ᠦᠭᠢᠷᠡᠰᠢᠭᠰᠡᠨ ᠨᠡᠭᠦᠷᠡᠰᠦᠨᠦ᠌ ᠬᠥᠮᠥᠷᠭᠡ᠎ᠶ᠋ᠢᠨ ᠬᠠᠳᠠᠭᠠᠯᠠᠬᠤ ᠴᠢᠳᠠᠮᠵᠢ ᠨᠢ ᠬᠢᠵᠠᠭᠠᠷ ᠲᠠᠢ ᠪᠤᠯᠬᠤᠷ ᠬᠠᠩᠭᠠᠬᠤ ᠡᠭᠦᠷᠭᠡ᠎ᠶ᠋ᠢ ᠤᠷᠤᠭᠰᠢᠲᠠᠢ ᠪᠡᠶᠡᠯᠡᠭᠦᠯᠬᠦ᠎ᠳᠤ ᠬᠦᠴᠢᠷ ᠠᠰᠠᠭᠤᠳᠠᠯ ᠪᠣᠯᠵᠠᠢ᠃ ᠵᠠᠩᠭᠢᠯᠠᠭ᠎ᠠ᠎ᠶ᠋ᠢᠨ ᠦᠶ᠎ᠡ᠎ᠳ᠋ᠦ᠍ ᠸᠠᠩ ᠹᠧᠢ ᠵᠣᠷᠢᠭᠲᠠᠢ᠎ᠪᠠᠷ ᠰᠢᠨ᠎ᠡ᠎ᠶ᠋ᠢ ᠡᠭᠦᠳᠴᠦ᠂ 《ᠨᠡᠢᠯᠡᠭᠦᠯᠦᠨ ᠤᠪᠤᠭᠠᠯᠠᠵᠤ ᠬᠠᠳᠠᠭᠠᠯᠠᠬᠤ》 ᠠᠷᠭ᠎ᠠ ᠵᠢ ᠳᠤᠷᠠᠳᠤᠭᠠᠳ ᠤᠲᠠᠯ ᠥᠬᠡᠢ ᠺᠣᠮᠫᠠᠨᠢ᠎ᠶ᠋ᠢᠨ ᠵᠢᠡᠨ ᠵᠦᠪᠰᠢᠶᠡᠷᠡᠯ᠎ᠢ ᠣᠯᠪᠠ᠃ ᠲᠡᠭᠦᠨ᠎ᠦ᠌ ᠨᠠᠷᠢᠨ ᠨᠢᠮᠪᠠᠢ ᠵᠣᠬᠢᠶᠠᠨ ᠪᠠᠢᠭᠤᠯᠤᠯᠲᠠ ᠪᠠ ᠵᠣᠬᠢᠴᠠᠭᠤᠯᠭ᠎ᠠ᠎ᠪᠡᠷ ᠲᠤᠰ ᠵᠢᠯ᠎ᠦ᠋ᠨ 10 ᠰᠠᠷᠠᠳ᠋ᠤ᠌ ᠨᠡᠢᠲᠡ 53 ᠴᠤᠪᠤᠭ᠎ᠠ ᠭᠠᠯᠲᠤ ᠲᠡᠷᠭᠡ ᠬᠦᠳᠡᠯᠭᠡᠵᠦ᠂ 21.8 ᠲᠦᠮᠡᠨ ᠲᠤᠨ ᠨᠡᠭᠦᠷᠡᠰᠦ ᠲᠡᠭᠡᠭᠡᠪᠦᠷᠢᠯᠡᠨ᠂ ᠨᠢᠭᠡ ᠡᠳᠦᠷ᠎ᠲᠤ ᠬᠠᠮᠤᠭ᠎ᠤ᠋ᠨ ᠠᠷᠪᠢᠨᠳ᠋ᠠᠭᠠᠨ 6 ᠭᠠᠯᠲᠤ ᠲᠡᠷᠭᠡ ᠬᠦᠳᠡᠯᠭᠡᠨ᠂ 2.55 ᠲᠦᠮᠡᠨ ᠲᠤᠨ ᠨᠡᠭᠦᠷᠡᠰᠦ ᠲᠡᠭᠡᠭᠡᠪᠦᠷᠢᠯᠡᠨ ᠬᠦᠷᠭᠡᠵᠦ᠂ ᠲᠡᠷᠭᠡᠢᠷᠡᠮᠡᠭᠴᠡ ᠰᠠᠪᠠᠯᠠᠨ ᠳᠠᠷᠤᠢ ᠲᠦᠷᠭᠡᠨ ᠲᠡᠭᠡᠭᠡᠪᠦᠷᠢᠯᠡᠵᠦ ᠬᠦᠷᠭᠡᠬᠦ ᠬᠠᠷᠠᠯᠲᠠ᠎ᠪᠠᠨ ᠪᠡᠶᠡᠯᠡᠭᠦᠯᠵᠦ᠂《ᠡᠨᠧᠷᠭᠢ ᠬᠠᠩᠭᠠᠬᠤ᠎ᠵᠢ ᠪᠠᠳᠤᠯᠠᠬᠤ》 ᠴᠢᠳᠠᠪᠤᠷᠢ ᠪᠠᠨ ᠪᠠᠲᠤᠯᠠᠭᠰᠠᠨ ᠪᠠᠢᠨ᠎ᠠ᠃
2023 ᠣᠨ᠎ᠳ᠋ᠤ᠌᠂ C80 ᠬᠡᠯᠪᠡᠷᠢ᠎ᠶᠢᠨ ᠵᠠᠳᠠᠭᠠᠢ ᠸᠠᠭᠤᠨ ᠪᠠ ᠴᠢᠩᠭᠡᠯᠢᠭᠦ᠋ᠨ ᠡᠵᠡᠯᠡᠬᠦ ᠬᠠᠷᠢᠴᠠᠯ ᠨᠢ ᠶᠡᠬᠡᠪᠡᠷ ᠨᠡᠮᠡᠭᠳᠡᠬᠦ᠎ᠶ᠋ᠢ ᠳᠠᠭᠠᠯᠳᠤᠨ᠂ ᠣᠳᠣ ᠪᠠᠢᠭ᠎ᠠ ᠵᠦᠪᠬᠡᠨ C64 ᠬᠢᠭᠡᠳ C70 ᠬᠡᠯᠪᠡᠷᠢ᠎ᠶ᠋ᠢᠨ ᠵᠠᠳᠠᠭᠠᠢ ᠸᠠᠭᠤᠨ᠎ᠳᠤ ᠲᠤᠬᠢᠷᠠᠬᠤ ᠨᠡᠭᠦᠷᠡᠰᠦ ᠰᠠᠪᠠᠯᠠᠬᠤ ᠰᠢᠰᠲ᠋ᠸᠮ ᠨᠢ ᠬᠡᠷᠡᠭᠴᠡᠭᠡ᠎ᠶ᠋ᠢ ᠬᠠᠩᠭᠠᠵᠤ ᠳᠡᠢᠯᠬᠦ ᠦᠭᠡᠢ ᠪᠤᠯᠤᠭᠰᠠᠨ ᠡᠴᠡ ᠸᠠᠩ ᠹᠧᠢ ᠰᠥᠨᠢᠵᠢᠨ ᠨᠣᠢᠷ ᠬᠤᠯᠵᠢᠬᠤ ᠪᠤᠯᠵᠠᠢ᠃ ᠲᠡᠭᠡᠭᠡᠳ ᠲᠡᠷᠡ ᠳᠠᠷᠤᠢ ᠲᠦᠷᠭᠡᠨ ᠲᠤᠰᠬᠠᠢ ᠮᠡᠷᠭᠡᠵᠢᠯ᠎ᠢ ᠥᠭᠡᠷᠡᠴᠢᠯᠡᠬᠦ 《ᠵᠠᠯᠠᠭᠤᠴᠤᠳ᠎ᠤ᠋ᠨ ᠭᠠᠪᠰᠢᠭᠠᠢ ᠠᠩᠭᠢ》 ᠶ᠋ᠢ ᠵᠣᠬᠢᠶᠠᠨ ᠪᠠᠢᠭᠤᠯᠵᠤ᠂ ᠲᠡᠷᠢᠭᠦᠨ᠎ᠦ᠌ ᠪᠠᠢᠭᠤᠯᠭ᠎ᠠ ᠨᠢᠭᠡᠴᠢᠳ᠋ᠦ᠍ ᠬᠦᠷᠴᠦ ᠰᠤᠷᠤᠯᠴᠠᠨ ᠲᠤᠷᠰᠢᠯᠭ᠎ᠠ ᠬᠤᠷᠠᠮᠳᠤᠭᠤᠯᠬᠤ᠎ᠶᠢᠨ ᠬᠠᠮᠲᠤ ᠭᠦᠨᠵᠡᠭᠡᠢ ᠪᠠᠢᠴᠠᠭᠠᠨ ᠰᠤᠳᠤᠯᠵᠤ᠂ ᠳᠠᠬᠢᠨ ᠳᠠᠪᠲᠠᠨ ᠨᠤᠲᠠᠯᠠᠯᠲᠠ ᠬᠢᠭᠰᠡᠨ ᠪᠠᠢᠨ᠎ᠠ᠃
《ᠪᠢᠳᠡ ᠭᠤᠯᠭᠤᠭᠤᠷ ᠬᠣᠪᠢᠯᠢ᠋ ᠤᠷᠲᠤᠳᠬᠠᠬᠤ ᠴᠢᠬᠤᠯᠠᠲᠠᠢ ᠪᠥᠭᠡᠳ ᠳᠡᠭᠦᠵᠢᠯᠡᠭᠦᠷ᠎ᠤᠨ ᠴᠢᠬᠢ᠎ᠶ᠋ᠢ ᠥᠭᠡᠷᠡᠴᠢᠯᠡᠬᠦ ᠬᠡᠷᠡᠭᠲᠡᠢ᠃〈7〉ᠬᠡᠯᠪᠡᠷᠢ᠎ᠶ᠋ᠢᠨ ᠳᠡᠭᠦᠵᠢᠯᠡᠭᠦᠷ᠎ᠤᠨ ᠴᠢᠬᠢ ᠪᠤᠯᠤᠨ ᠲᠡᠪᠢᠭᠦᠷ ᠬᠡᠯᠪᠡᠷᠢ᠎ᠶ᠋ᠢᠨ ᠭᠤᠯᠭᠤᠭᠤᠷ ᠬᠣᠪᠢᠯᠢ ᠬᠠᠮᠳᠤᠷᠠᠭᠤᠯᠤᠨ ᠡᠨᠡ ᠬᠦ᠌ ᠠᠰᠠᠭᠤᠳᠠᠯ ᠢ ᠰᠢᠢᠳᠪᠦᠷᠢᠯᠡᠵᠦ ᠪᠤᠯᠤᠨ᠎ᠠ》 ᠭᠡᠮᠡᠨ ᠸᠠᠩ ᠹᠧᠢ ᠵᠢᠷᠤᠭ ᠳᠡᠭᠡᠷ᠎ᠡ ᠵᠠᠩᠭᠢᠯᠠᠭ᠎ᠠ᠎ᠶᠢᠨ ᠬᠡᠰᠡᠭ᠎ᠢ ᠵᠢᠷᠤᠵᠤ ᠭᠠᠷᠭᠠᠪᠠ᠃
ᠸᠠᠩ ᠹᠧᠢ ᠪᠣᠯᠤᠨ ᠪᠦᠯᠬᠦᠮ᠎ᠤᠨ ᠴᠤᠴᠠᠯᠲᠠ ᠦᠭᠡᠢ ᠴᠢᠷᠮᠠᠢᠯᠭ᠎ᠠ᠎ᠪᠠᠷ᠂ 2024 ᠣᠨ᠎ᠳ᠋ᠤ᠌ ᠤᠤᠯ᠎ᠤᠨ ᠨᠡᠭᠦᠷᠡᠰᠦ ᠰᠠᠪᠠᠯᠠᠬᠤ ᠰᠢᠰᠲ᠋ᠧᠮ᠎ᠦ᠋ᠨ ᠪᠤᠭᠤᠮᠢ ᠵᠢ ᠰᠢᠢᠳᠪᠦᠷᠢᠯᠡᠨ᠂ ᠴᠢᠩᠭᠡᠯᠢᠭ ᠪᠣᠯᠤᠨ C80 ᠵᠡᠷᠭᠡ ᠬᠡᠯᠪᠡᠷᠢ᠎ᠶ᠋ᠢᠨ ᠵᠠᠳᠠᠭᠠᠢ ᠸᠠᠭᠤᠨ᠎ᠳᠤ ᠨᠡᠭᠦᠷᠡᠰᠦ ᠰᠠᠪᠠᠯᠠᠬᠤ ᠰᠢᠨ᠎ᠡ ᠠᠵᠢᠯ᠎ᠢ᠋ ᠠᠮᠵᠢᠯᠲᠠ᠎ᠲᠠᠢ ᠥᠷᠭᠡᠳᠬᠡᠵᠦ᠂ ᠪᠦᠬᠦ ᠲᠡᠷᠭᠡ ᠬᠥᠰᠬᠡ᠎ᠵᠢ ᠰᠠᠪᠠᠯᠠᠵᠤ ᠪᠤᠯᠬᠤ᠎ᠵᠢ ᠲᠤᠢᠯᠪᠤᠷᠢᠲᠠᠢ ᠪᠡᠶᠡᠯᠡᠭᠦᠯᠪᠡ᠃ ᠡᠨᠡ ᠬᠦ᠌ ᠲᠥᠰᠦᠯ᠎ᠢ᠋ ᠠᠮᠵᠢᠯᠲᠠ᠎ᠲᠠᠢ ᠬᠡᠷᠡᠭᠵᠢᠭᠦᠯᠦᠭᠰᠡᠨ ᠨᠢ ᠺᠣᠮᠫᠠᠨᠢ᠎ᠶ᠋ᠢᠨ ᠨᠡᠭᠦᠷᠡᠰᠦ᠎ᠶ᠋ᠢ ᠭᠠᠳᠠᠭᠰᠢ ᠲᠠᠲᠠᠬᠤ ᠳᠠᠷᠤᠭᠠᠰᠤ ᠶ᠋ᠢ ᠪᠦᠲᠦᠮᠵᠢᠲᠡᠢ ᠬᠦᠩᠬᠡᠷᠡᠬᠦᠯᠵᠦ᠂ ᠭᠠᠯᠲᠤ ᠲᠡᠷᠭᠡᠨᠦ᠌ ᠠᠴᠢᠶ᠎ᠠ ᠲᠡᠭᠡᠭᠡᠪᠦᠷᠢ᠎ᠶ᠋ᠢᠨ ᠳᠠᠪᠠᠭᠤᠯᠢᠭ᠎ᠢ ᠭᠦᠢᠴᠡᠳ ᠠᠰᠢᠭᠯᠠᠨ᠂ ᠨᠡᠭᠦᠷᠡᠰᠦᠨᠦ᠌ ᠡᠷᠭᠢᠯᠲᠡ᠎ᠶ᠋ᠢᠨ ᠦᠷ᠎ᠡ ᠪᠦᠲᠦᠮᠵᠢ ᠵᠢ ᠲᠦᠷᠭᠡᠳᠬᠡᠵᠦ᠂ ᠺᠣᠮᠫᠠᠨᠢᠳ᠋ᠠᠭᠠᠨ ᠠᠰᠤᠷᠤ ᠶᠡᠬᠡ ᠠᠵᠤ ᠠᠬᠤᠢ᠎ᠶᠢᠨ ᠦᠷ᠎ᠡ ᠠᠰᠢᠭ ᠣᠯᠵᠤ ᠦᠭᠭᠦᠭᠰᠡᠨ ᠪᠠᠢᠨ᠎ᠠ᠃
ᠲᠦᠷᠦᠬᠦᠦ ᠴᠤᠪᠤᠭ᠎ᠠ C80 ᠬᠡᠯᠪᠡᠷᠢ᠎ᠶᠢᠨ ᠵᠠᠳᠠᠭᠠᠢ ᠸᠠᠭᠤᠨ᠎ᠳᠤ ᠨᠡᠭᠦᠷᠡᠰᠦ ᠰᠠᠪᠠᠯᠠᠬᠤ ᠲᠤᠷᠰᠢᠯᠲᠠ ᠠᠮᠵᠢᠯᠲᠠ ᠣᠯᠬᠤ ᠦᠶᠡᠰ ᠨᠡᠭᠦᠷᠡᠰᠦ ᠵᠢ ᠨᠠᠷᠢᠯᠢᠭ ᠣᠨᠣᠪᠴᠢᠲᠠᠢ ᠸᠠᠭᠤᠨᠳ᠋ᠤ᠌ ᠴᠢᠳᠬᠤᠨ ᠣᠷᠣᠭᠤᠯᠬᠤ᠎ᠶ᠋ᠢ ᠬᠠᠷᠠᠭᠰᠠᠨ ᠵᠢᠯᠣᠭᠣᠴᠢ ᠨᠠᠷ ᠡᠷᠡᠬᠡᠢ ᠬᠤᠷᠤᠭᠤ᠎ᠪᠠᠨ ᠭᠠᠷᠭᠠᠨ︽ᠴᠢᠨᠦ ᠡᠨᠡ ᠮᠡᠷᠭᠡᠵᠢᠯ ᠪᠣᠯ ᠲᠠᠴᠢᠷ ᠴᠦᠯᠳ᠋ᠡᠬᠢ ᠭᠠᠢᠬᠠᠮᠰᠢᠭ ᠳᠠ︾ᠭᠡᠵᠦ ᠮᠠᠭᠲᠠᠵᠠᠭᠠᠵᠤ ᠪᠠᠢᠯ᠎ᠠ᠃
ᠡᠭᠦᠨ᠎ᠡᠴᠡ ᠭᠠᠳᠠᠨ᠎ᠠ᠂ ᠨᠡᠭᠦᠷᠡᠰᠦ ᠦᠢᠯᠡᠳᠪᠦᠷᠢᠯᠡᠬᠦ ᠪᠠ ᠵᠥᠭᠡᠭᠡᠪᠦᠷᠢᠯᠡᠬᠦ ᠶᠠᠪᠤᠴᠠ᠎ᠳ᠋ᠤ᠌ ᠲᠣᠭᠣᠰᠣ ᠰᠢᠷᠣᠢ᠎ᠶ᠋ᠢᠨ ᠪᠣᠬᠢᠷᠲᠤᠯ ᠶᠡᠷᠦ ᠨᠢ ᠲᠦᠪᠡᠭᠲᠡᠢ ᠠᠰᠠᠭᠤᠳᠠᠯ ᠪᠣᠯᠵᠣ ᠪᠠᠢᠪᠠ᠃ 2025 ᠣᠨ᠎ᠳ᠋ᠤ᠌ ᠸᠠᠩ ᠹᠧᠢ ᠲᠣᠭᠣᠰᠣ ᠰᠡᠷᠭᠡᠢᠯᠡᠬᠦ ᠦᠷ᠎ᠡ ᠪᠦᠲᠦᠮᠵᠢ᠎ᠶ᠋ᠢ ᠳᠡᠭᠡᠭᠰᠢᠯᠡᠭᠦᠯᠬᠦ᠎ᠶ᠋ᠢᠨ ᠲᠥᠯᠥᠭᠡ ᠶᠡᠬᠡ ᠬᠡᠮᠵᠢᠶᠡᠨ᠎ᠦ᠌ ᠰᠤᠷᠪᠤᠯᠵᠢ ᠪᠢᠴᠢᠭ᠎ᠦ᠋ᠨ ᠮᠠᠲ᠋ᠧᠷᠢᠶᠠᠯ᠎ᠢ ᠡᠷᠢᠵᠦ ᠤᠩᠰᠢᠨ᠂ ᠲᠣᠭᠣᠰᠣ ᠰᠡᠷᠭᠡᠢᠯᠡᠬᠦ ᠲᠡᠷᠢᠭᠦᠨ᠎ᠦ᠌ ᠮᠡᠷᠭᠡᠵᠢᠯ᠎ᠢ᠋ ᠭᠦᠨᠵᠡᠭᠡᠢ ᠰᠤᠳᠤᠯᠤᠭᠰᠠᠨ ᠰᠠᠭᠤᠷᠢᠨ ᠳᠡᠭᠡᠷ᠎ᠡ᠂ ᠲᠣᠭᠣᠰᠣ ᠰᠡᠷᠭᠡᠢᠯᠡᠬᠦ ᠰᠢᠰᠲ᠋ᠧᠮ᠎ᠢ᠋ ᠥᠭᠡᠷᠡᠴᠢᠯᠡᠬᠦ ᠪᠦᠷᠢᠨ ᠲᠥᠰᠦᠯ᠎ᠢ ᠳᠤᠷᠠᠳᠴᠠᠢ᠃ ᠨᠡᠭᠦᠷᠡᠰᠦ ᠤᠳᠬᠤᠬᠤ ᠮᠠᠰᠢᠨ᠎ᠤ᠋ ᠪᠠᠷᠠᠭ᠎ᠠ ᠳᠠᠮᠵᠢᠭᠤᠯᠬᠤ ᠬᠣᠪᠢᠯᠢ᠋ ᠤᠷᠲᠤᠳᠬᠠᠭᠰᠠᠨ ᠰᠠᠭᠤᠷᠢᠨ ᠳᠡᠭᠡᠷ᠎ᠡ᠂ ᠳᠣᠲᠣᠷ ᠲᠠᠯ᠎ᠠ᠎ᠶᠢᠨ ᠤᠰᠤ ᠮᠠᠨᠠᠨ᠎ᠢᠶᠡᠷ ᠲᠣᠭᠣᠰᠣ ᠬᠣᠷᠢᠭᠯᠠᠬᠤ ᠲᠥᠬᠥᠭᠡᠷᠦᠮᠵᠢ ᠵᠢ ᠨᠡᠮᠡᠨ ᠲᠣᠬᠢᠷᠠᠭᠤᠯᠤᠨ᠎ᠠ; ᠬᠠᠮᠲᠤᠳ᠋ᠤᠨᠢ ᠠᠷᠠᠰᠤᠨ ᠬᠣᠩᠭᠢᠯᠳ᠋ᠤ᠌ ᠲᠣᠭᠣᠰᠣ ᠨᠠᠮᠳᠠᠭᠤᠯᠬᠤ ᠲᠥᠬᠥᠭᠡᠷᠦᠮᠵᠢ ᠨᠡᠮᠡᠵᠦ ᠲᠤᠬᠢᠷᠠᠭᠤᠯᠤᠨ᠎ᠠ᠃ ᠲᠡᠷᠡ ᠨᠠᠷᠢᠯᠢᠭ ᠲᠣᠬᠢᠷᠠᠭᠤᠯᠤᠨ ᠲᠤᠷᠰᠢᠵᠤ᠂ ᠤᠰᠤᠨ ᠮᠠᠨᠠᠨᠤ᠋ ᠮᠥᠬᠥᠯᠢᠭᠦ᠋ᠨ ᠳ᠋ᠢᠶᠠᠮᠧᠲ᠋ᠷᠢ᠋ 0.01mm ᠡᠴᠡ 0.05mm᠎ᠤ᠋ᠨ ᠬᠣᠭᠣᠷᠣᠨᠳᠣ ᠬᠢᠵᠠᠭᠠᠷᠯᠠᠵᠤ᠂ ᠤᠰᠤᠨ ᠮᠠᠨᠠᠨᠤ᠋ ᠮᠥᠬᠥᠯᠢᠭᠦ᠋ᠨ ᠳ᠋ᠢᠶᠠᠮᠧᠲ᠋ᠷᠢ᠋ ᠡᠵᠡᠮᠳᠡᠬᠦ᠎ᠪᠡᠷ ᠳᠠᠮᠵᠢᠨ᠂ ᠤᠰᠤᠨ ᠮᠠᠨᠠᠨᠤ᠋ ᠨᠠᠷᠢᠯᠢᠭ᠎ᠤᠨ ᠬᠡᠮᠵᠢᠶ᠎ᠡ ᠪᠣᠯᠤᠨ ᠣᠷᠣᠨ ᠵᠠᠢ᠎ᠶ᠋ᠢᠨ ᠪᠦᠷᠬᠦᠴᠡ᠎ᠶ᠋ᠢᠨ ᠬᠡᠪᠴᠢᠶ᠎ᠡ᠎ᠶ᠋ᠢ ᠰᠢᠯᠢᠳᠡᠭᠵᠢᠭᠦᠯᠵᠦ᠂ ᠳ᠋ᠢᠶᠠᠮᠧᠲ᠋ᠷ ᠨᠢ 10 ᠮᠢᠺᠷᠦᠨ ᠡᠴᠡ ᠳᠣᠷᠣᠭᠰᠢᠬᠢ ᠨᠡᠭᠦᠷᠡᠰᠦᠨ ᠲᠣᠭᠣᠰᠣ᠎ᠶ᠋ᠢ ᠨᠡᠩ ᠢᠯᠡᠭᠦᠦ ᠰᠣᠷᠣᠬᠤ ᠬᠦᠴᠦᠨ᠎ᠲᠡᠢ ᠪᠣᠯᠭᠠᠵᠠᠢ᠃
《ᠲᠣᠭᠣᠰᠣ ᠰᠡᠷᠭᠡᠢᠯᠡᠬᠦ ᠴᠢᠳᠠᠮᠵᠢ᠎ᠶ᠋ᠢ ᠤᠯᠠᠮ ᠨᠢᠭᠡ ᠠᠯᠬᠤᠮ ᠳᠡᠭᠡᠭᠰᠢᠯᠡᠭᠦᠯᠬᠦ᠎ᠶ᠋ᠢᠨ ᠲᠥᠯᠥᠭᠡ᠂ ᠲᠡᠷᠡ ᠬᠠᠶᠠᠭᠳᠠᠮᠠᠯ ᠪᠣᠷᠣᠭᠠᠨ ᠰᠡᠷᠭᠡᠢᠯᠡᠬᠦ ᠪᠥᠰᠢ ᠣᠯᠵᠤ ᠠᠪᠴᠢᠷᠠᠭᠠᠳ ᠬᠠᠯᠬᠠᠪᠴᠢ ᠪᠤᠯᠭᠠᠨ ᠬᠠᠢᠴᠢᠯᠠᠨ ᠵᠠᠰᠠᠵᠤ᠂ ᠪᠠᠷᠠᠭ᠎ᠠ ᠳᠠᠮᠵᠢᠭᠤᠯᠬᠤ ᠬᠣᠪᠢᠯ᠎ᠤ᠋ᠨ ᠲᠤᠯᠭᠠᠭᠤᠷᠢ᠎ᠶ᠋ᠢᠨ ᠬᠣᠶᠠᠷ ᠲᠠᠯᠠᠳ᠋ᠤ᠌ ᠤᠭᠰᠠᠷᠠᠬᠤ᠎ᠶ᠋ᠢᠨ ᠬᠠᠮᠲᠤ᠂ ᠵᠠᠪᠰᠠᠷ ᠵᠠᠢ᠎ᠪᠠᠷ ᠨᠢ ᠪᠦᠬᠦᠯᠢ ᠴᠣᠭᠴᠠ᠎ᠪᠠᠷ ᠨᠢ ᠪᠢᠲᠡᠭᠦᠮᠵᠢᠯᠡᠬᠦ ᠠᠷᠭ᠎ᠠ ᠬᠢᠪᠡ᠃ ᠡᠨᠡ ᠨᠢ ᠨᠡᠭᠦᠷᠡᠰᠦ ᠳᠠᠮᠵᠢᠭᠤᠯᠬᠤ ᠦᠶᠡᠰ ᠲᠤᠭᠤᠰᠤᠨ᠎ᠤ ᠲᠠᠷᠬᠠᠯᠲᠠ ᠪᠠ ᠳᠡᠭᠳᠡᠬᠦ ᠬᠡᠮᠵᠢᠶ᠎ᠡ᠎ᠶ᠋ᠢ ᠮᠡᠳᠡᠭᠳᠡᠮ᠎ᠡ ᠪᠠᠭᠠᠰᠬᠠᠵᠠᠢ》 ᠭᠡᠵᠦ ᠬᠠᠳᠠᠭᠠᠯᠠᠬᠤ ᠵᠥᠭᠡᠭᠡᠪᠦᠷᠢᠯᠡᠬᠦ ᠲᠠᠰᠤᠭ᠎ᠤ᠋ᠨ ᠲᠦᠷᠭᠡᠨ ᠰᠠᠪᠠᠯᠠᠬᠤ ᠠᠩᠭᠢ᠎ᠶ᠋ᠢᠨ ᠳᠠᠷᠤᠭ᠎ᠠ ᠮᠠ ᠷᠦ ᠹᠧᠢ ᠡᠷᠭᠢᠴᠡᠭᠦᠯᠦᠨ᠎ᠡ᠂《ᠲᠡᠷᠡ ᠬᠡᠵᠢᠶᠡᠳᠡ ᠨᠢᠭᠡ ᠯᠡ ᠰᠡᠳᠬᠢᠯᠢ᠋ᠶ᠋ᠡᠷ ᠮᠡᠷᠭᠡᠵᠢᠯ᠎ᠦ᠋ᠨ ᠪᠣᠭᠣᠮᠲᠠ ᠰᠢᠪᠲᠤᠯᠬᠤᠳ᠋ᠤ᠌ ᠰᠢᠭᠤᠷᠬᠠᠢᠯᠠᠳᠠᠭ᠂ ᠬᠦᠴᠢᠷ ᠠᠰᠠᠭᠤᠳᠠᠯᠲᠤᠯᠭᠠᠷᠠᠬᠤ ᠦᠶ᠎ᠡ᠎ᠳ᠋ᠦ᠍ ᠪᠤᠰᠤᠳ ᠬᠥᠮᠦᠨ ᠠᠷᠭ᠎ᠠ ᠤᠯᠳᠠᠬᠤ ᠦᠭᠡᠢ ᠪᠠᠴᠢᠮᠳᠠᠵᠤ ᠪᠠᠢᠬᠤ᠎ᠳᠤ ᠲᠡᠷᠡ ᠨᠢᠭᠡᠨᠲᠡ ᠰᠢᠢᠳᠪᠦᠷᠢᠯᠡᠬᠦ ᠲᠥᠰᠦᠯᠢ᠋ᠶ᠋ᠡᠨ ᠭᠠᠷᠭᠠᠭᠠᠳ ᠤᠯᠠᠨ᠎ᠢ ᠳᠠᠭᠠᠭᠤᠯᠵᠤ ᠰᠢᠪᠲᠤᠯᠵᠤ ᠡᠬᠢᠯᠡᠭᠰᠡᠨ ᠪᠠᠢᠳᠠᠭ ᠡ》 ᠭᠡᠵᠦ ᠪᠠᠢᠯ᠎ᠠ᠃
2025 ᠣᠨ᠎ᠤ᠋ 4 ᠰᠠᠷ᠎ᠠ᠎ᠶ᠋ᠢᠨ 28᠎ᠤ᠋ ᠡᠳᠦᠷ᠂ ᠸᠠᠩ ᠹᠧᠢ 《ᠪᠦᠬᠦ ᠤᠯᠤᠰ᠎ᠤ᠋ᠨ ᠬᠥᠳᠡᠯᠮᠦᠷᠢ᠎ᠶ᠋ᠢᠨ ᠵᠢᠱ᠌ᠢᠶᠡᠴᠢ》 ᠵᠢᠨ ᠱᠠᠩᠨᠠᠯ᠎ᠤᠨ ᠮᠧᠳᠠᠯᠢ᠋ ᠲᠤᠰᠴᠤ ᠠᠪᠬᠤ᠎ᠳᠠᠭᠠᠨ ᠳᠤᠭᠳᠤᠯᠬᠤ ᠵᠢᠨ ᠡᠷᠬᠡᠨ᠎ᠳᠤ ᠬᠣᠶᠠᠷ ᠭᠠᠷ ᠨᠢ ᠦᠯᠦ ᠮᠡᠳᠡᠭᠳᠡᠮ᠎ᠡ ᠴᠡᠴᠡᠷᠬᠢᠯᠡᠵᠦ ᠪᠠᠢᠪᠠ᠃ 400 ᠲᠤᠨ ᠨᠡᠭᠦᠷᠡᠰᠦ ᠡᠷᠬᠦᠬᠦ ᠮᠠᠰᠢᠨ᠎ᠢ ᠠᠶᠤᠯᠭᠦᠢ ᠠᠵᠢᠯᠯᠠᠭᠤᠯᠵᠤ ᠪᠠᠢᠬᠰᠠᠨ ᠬᠣᠣᠰ ᠭᠠᠷ ᠡᠳᠦᠭᠡ ᠬᠠᠷᠢᠨ ᠱᠠᠩᠨᠠᠯ᠎ᠤᠨ ᠮᠧᠳ᠋ᠠᠯ ᠲᠤᠰᠬᠤ᠎ᠳᠤ ᠨᠠᠷᠢᠯᠢᠭ ᠪᠠᠭᠠᠵᠢ ᠬᠡᠮᠵᠢᠭᠦᠷᠯᠢᠭᠢ᠋ ᠠᠩᠬ᠎ᠠ ᠤᠳᠠᠭ᠎ᠠ ᠬᠥᠨᠳᠡᠵᠦ ᠪᠠᠢᠭ᠎ᠠ ᠮᠡᠳᠦ ᠬᠢᠴᠢᠶᠡᠵᠦ ᠪᠠᠢᠯ᠎ᠠ᠃
《ᠡᠨᠡ ᠪᠤᠯ ᠢᠷᠠᠭᠤ ᠠᠯᠳᠠᠷ ᠲᠡᠳᠦᠢ ᠦᠭᠡᠢ᠂ ᠨᠡᠩ ᠮᠢᠨᠤ ᠦᠷᠭᠦᠯᠵᠢᠯᠡᠨ ᠴᠢᠷᠮᠠᠢᠨ ᠲᠡᠮᠡᠴᠡᠬᠦ᠎ᠵᠢ ᠱᠠᠯᠠᠪᠳᠠᠭᠤᠯᠬᠤ ᠬᠥᠳᠡᠯᠭᠡᠬᠦ ᠬᠦᠴᠦᠨ ᠪᠤᠯᠤᠨ᠎ᠠ᠃ ᠬᠤᠢᠰᠢᠳᠠ ᠪᠢ ᠲᠤᠷᠰᠢᠯᠭ᠎ᠠ᠎ᠪᠠᠨ ᠨᠡᠩ ᠣᠯᠠᠨ ᠬᠥᠮᠦᠰ᠎ᠲᠠᠢ ᠬᠤᠪᠢᠶᠠᠯᠴᠠᠵᠤ᠂ ᠬᠥᠳᠡᠯᠮᠦᠷᠢ᠎ᠶ᠋ᠢᠨ ᠵᠢᠱ᠌ᠢᠶᠡᠴᠢ᠎ᠶ᠋ᠢᠨ ᠵᠣᠷᠢᠭ ᠰᠠᠨᠠᠭ᠎ᠠ᠎ᠶ᠋ᠢ ᠨᠡᠩ ᠥᠷᠭᠡᠨ ᠳᠠᠮᠵᠢᠭᠤᠯᠤᠨ᠂ ᠨᠡᠩ ᠣᠯᠠᠨ ᠬᠥᠮᠦᠰ᠎ᠤᠨ ᠡᠭᠡᠯ ᠵᠢᠷᠦ᠋ᠨ ᠠᠵᠢᠯ᠎ᠤ᠋ᠨ ᠪᠠᠢᠷᠢᠨ ᠳᠡᠭᠡᠷ᠎ᠡ ᠶᠡᠷᠦ ᠪᠤᠰᠤ᠎ᠶ᠋ᠢᠨ ᠠᠮᠵᠢᠯᠲᠠ ᠪᠦᠲᠦᠮᠵᠢ ᠭᠠᠷᠭᠠᠠᠬᠤᠵᠢ ᠵᠣᠷᠢᠭᠵᠢᠭᠤᠯᠤᠨ᠎ᠠ》 ᠭᠡᠵᠦ ᠸᠠᠩ ᠹᠧᠢ ᠰᠡᠳᠭᠢᠯ ᠲᠤᠭᠳᠤᠯᠤᠨ ᠢᠯᠡᠳᠬᠡᠭᠰᠡᠨ ᠪᠠᠢᠨ᠎ᠠ᠃