ᠲᠦᠩᠯᠢᠶᠣᠣ ᠬᠣᠲᠠ ᠵᠢᠨ ᠬᠣᠷᠴᠢᠨ ᠵᠡᠬᠦᠨ ᠭᠠᠷᠣᠨ ᠬᠣᠢᠲᠣ ᠬᠣᠰᠢᠭᠣᠨ ᠤ᠋ ᠨᠣᠭᠣᠰᠣᠲᠠᠢ ᠪᠠᠯᠭᠠᠰᠣ ᠵᠢᠨ ᠲᠠᠯ᠎ᠠ ᠨᠣᠲᠣᠬ ᠤ᠋ᠨ ᠨᠣᠮ ᠤ᠋ᠨ ᠦᠷᠦᠭᠡ ᠳ᠋ᠦ 《ᠦᠯᠢᠭᠡᠷ ᠡᠵᠢ》 ᠮᠸᠢ ᠶᠢᠩ ᠭᠠᠷ ᠲᠡᠬᠢ ᠵᠢᠷᠣᠬᠲᠣ ᠲᠡᠪᠲᠡᠷ ᠶ᠋ᠢᠡᠨ ᠡᠷᠬᠦᠨ᠄ 《ᠨᠢᠭᠡ ᠪᠣᠲᠣᠬᠲᠣ ᠪᠢᠷ ᠤ᠋ᠨ ᠬᠦᠰᠡᠯ ᠨᠢ ᠶᠠᠭᠣ ᠪᠣᠢ?》 ᠭᠡᠵᠦ ᠠᠰᠠᠭᠣᠬᠣ ᠳ᠋ᠦ ᠲᠣᠭᠣᠷᠢᠵᠦ ᠰᠠᠭᠣᠬᠰᠠᠨ ᠣᠯᠠᠨ ᠬᠡᠦᠬᠡᠳ᠄ 《ᠱᠣᠬ ᠵᠦᠴᠦᠬᠡᠴᠢᠨ ᠤ᠋ ᠲᠠᠶᠠᠭ ᠪᠣᠯᠵᠦ ᠪᠣᠯᠣᠨ᠎ᠠ᠂ ᠪᠠᠰᠠ ᠲᠠᠭᠣᠣ ᠪᠦᠵᠢᠭᠲᠦ ᠵᠦᠴᠦᠭᠡ ᠵᠢᠨ ᠲᠣᠬᠯᠠᠬᠴᠢᠳ ᠤ᠋ᠨ ᠰᠢᠬᠦᠷ ᠪᠣᠯᠵᠦ ᠪᠣᠯᠣᠨ᠎ᠠ》 ᠭᠡᠵᠦ ᠲᠠᠭᠣᠨ ᠨᠢᠭᠡᠲᠡᠢ ᠬᠠᠷᠢᠭᠣᠯᠣᠨᠠ᠃ ᠪᠣᠲᠣᠬᠲᠣ ᠪᠢᠷ ᠤ᠋ᠨ ᠲᠣᠮᠣᠬ ᠠᠴᠢᠶᠠᠯᠠᠬᠰᠠᠨ ᠬᠦᠰᠡᠯ ᠨᠢ ᠬᠡᠦᠬᠡᠳ ᠤ᠋ᠳ ᠤ᠋ᠨ ᠣᠷᠠᠨ ᠣᠩᠰᠢᠯᠭ᠎ᠠ ᠵᠢᠨ ᠲᠠᠭᠣᠨ ᠲᠠᠢ ᠣᠶᠠᠯᠲᠣᠨ ᠨᠡᠢᠯᠡᠵᠦ᠂ ᠲᠠᠯ᠎ᠠ ᠨᠣᠲᠣᠬ ᠤ᠋ᠨ ᠦᠷᠦᠴᠡᠨ ᠳ᠋ᠦ ᠦᠩᠭᠡᠲᠦ ᠵᠢᠷᠣᠬ ᠪᠣᠯᠵᠦ ᠲᠣᠲᠣᠷᠠᠨᠠ᠃
ᠡᠨᠡ ᠵᠢᠯ ᠤ᠋ᠨ ᠡᠬᠢ ᠪᠠᠷ ᠨᠤᠭᠤᠰᠤᠳᠠᠢ ᠪᠠᠯᠭᠠᠰᠤ 《ᠲᠠᠯ᠎ᠠ ᠨᠤᠲᠤᠭ ᠤ᠋ᠨ ᠨᠣᠮ ᠤ᠋ᠨ ᠥᠷᠥᠭᠡᠶ᠋ᠢᠨ ᠡᠳᠦᠷ》 ᠤ᠋ᠨ ᠲᠦᠷᠢᠮ ᠢ᠋ ᠬᠡᠷᠡᠭᠵᠢᠬᠦᠯᠵᠦ᠂ ᠪᠥᠬᠦ᠌ ᠠᠷᠠᠳ ᠤ᠋ᠨ ᠨᠣᠮ ᠤᠩᠱᠢᠯᠭ᠎ᠠ ᠵᠢ ᠤᠯᠤᠰ ᠤ᠋ᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤ᠋ᠨ ᠰᠣᠷᠣᠯᠴᠠᠯᠭ᠎ᠠ ᠵᠢ ᠳᠡᠯᠭᠡᠷᠡᠭᠦᠯᠦᠨ ᠲᠦᠭᠡᠮᠡᠯᠵᠢᠭᠦᠯᠬᠦ᠌ ᠯᠣᠭᠡ ᠣᠷᠭᠠᠨᠢᠭ ᠵᠢᠡᠷ ᠠᠭᠤᠰᠤᠯᠴᠠᠭᠤᠯᠵᠤ᠂ ᠲᠤᠰᠭᠠᠶ ᠠᠵᠢᠯᠯᠠᠭ᠎ᠠ ᠶ᠋ᠢᠨ ᠡᠳᠦᠷ ᠲᠣᠬᠲᠠᠭᠠᠨ᠂ 《ᠥᠯᠢᠭᠡᠷ ᠡᠵᠢ》 ᠰᠠᠢᠨ ᠳᠤᠷ᠎ᠠ ᠶ᠋ᠢᠨ ᠠᠵᠢᠯᠯᠠᠭ᠍ᠴᠢ ᠡᠴᠡ ᠵᠢᠷᠤᠭ᠍ᠲᠤ ᠳᠡᠪᠲᠡᠷ ᠢ᠋ ᠳᠠᠭᠠᠭᠤᠯᠤᠨ ᠤᠩᠱᠢᠬᠤ ᠵᠡᠷᠭᠡ ᠠᠷᠭ᠎ᠠ ᠬᠡᠯᠪᠡᠷᠢ ᠪᠠᠷ ᠲᠠᠯ᠎ᠠ ᠨᠤᠲᠤᠭ ᠤ᠋ᠨ ᠨᠣᠮ ᠤ᠋ᠨ ᠥᠷᠥᠭᠡ ᠳ᠋ᠤ ᠱᠢᠨ᠎ᠡ ᠠᠮᠢᠵᠢᠷᠠᠯ ᠤ᠋ᠨ ᠬᠦᠴᠦᠨ ᠨᠡᠮᠡᠷᠢᠯᠡᠵᠦ᠂ 《ᠳᠥᠷᠪᠡᠨ ᠬᠥᠳᠡᠯᠭᠡᠭᠦᠷ》 ᠤ᠋ᠨ ᠵᠠᠭ᠍ᠪᠤᠷ ᠵᠢᠡᠷ ᠰᠣᠶᠣᠯ ᠤ᠋ᠨ ᠵᠢᠭ᠍ᠰᠠᠭᠠᠯ ᠤ᠋ᠨ ᠭᠠᠵᠠᠷ ᠤ᠋ᠨ ᠡᠬᠦᠷᠭᠡ ᠴᠢᠳᠠᠮᠵᠢ ᠶ᠋ᠢ ᠬᠥᠭ᠌ᠵᠢᠭᠡᠭᠰᠡᠨ ᠪᠠᠢᠨ᠎ᠠ᠃
《ᠳᠥᠷᠪᠡᠨ ᠬᠥᠳᠡᠯᠭᠡᠭᠦᠷ》 ᠤ᠋ᠨ ᠵᠠᠭ᠍ᠪᠤᠷ ᠭᠡᠲᠡᠭ ᠨᠢ ᠴᠠᠭ ᠬᠤᠭᠤᠴᠠᠭ᠎ᠠ ᠵᠢ ᠲᠣᠲᠣᠷᠬᠠᠢ ᠲᠣᠭ᠍ᠲᠠᠭᠠᠬᠣ᠂ ᠡᠳᠡᠬᠡᠳ ᠵᠢᠡᠨ ᠨᠠᠷᠢᠯᠢᠭ ᠣᠨᠣᠴᠠᠲᠠᠶ ᠰᠤᠩᠭᠤᠬᠤ᠂ ᠠᠭᠤᠯᠭ᠎ᠠ ᠪᠠᠨ ᠪᠣᠳᠠᠲᠠᠢᠵᠢᠭᠤᠯᠵᠤ᠂ ᠠᠷᠭ᠎ᠠ ᠬᠡᠯᠪᠡᠷᠢ ᠶ᠋ᠢ ᠣᠯᠠᠨ ᠶᠠᠩᠵᠣᠴᠢᠯᠠᠬᠣ ᠵᠢ ᠵᠢᠭᠠᠵᠤ ᠪᠠᠢᠨ᠎ᠠ᠃ ᠴᠠᠭ ᠬᠤᠭᠤᠴᠠᠭ᠎ᠠ ᠵᠢ ᠲᠣᠲᠣᠷᠬᠠᠢ ᠲᠣᠬᠲᠠᠭᠠᠬᠣ ᠨᠢ ᠰᠤᠷᠤᠯᠴᠠᠬᠤ ᠠᠵᠢᠯᠯᠠᠭ᠎ᠠ ᠵᠢ ᠵᠢᠮ᠎ᠡ ᠶᠣᠰᠣ ᠪᠣᠯᠭᠠᠨ ᠪᠦᠷᠢᠯᠲᠦᠬᠦᠯᠬᠦ ᠪᠡᠷ ᠲᠠᠮᠵᠢᠨ ᠮᠠᠯᠴᠢᠨ ᠲᠠᠷᠢᠶᠠᠴᠢᠳ ᠤ᠋ᠨ ᠤᠩᠱᠢᠯᠭ᠎ᠠ ᠶ᠋ᠢᠨ ᠳᠠᠳᠭᠠᠯ ᠢ᠋ ᠬᠥᠮᠦᠵᠢᠭᠦᠯᠬᠦ ᠵᠢ ᠪᠠᠳᠤᠯᠠᠪᠠ; ᠡᠳᠡᠬᠡᠳ ᠵᠢᠡᠨ ᠨᠠᠷᠢᠯᠢᠬ ᠣᠨᠣᠴᠠᠲᠠᠢ ᠰᠤᠩᠭᠤᠬᠤ ᠨᠢ ᠠᠳᠠᠯᠢ ᠪᠤᠰᠤ ᠬᠠᠮᠲᠤ ᠨᠡᠢᠲᠡ ᠵᠢᠨ ᠣᠨᠴᠠᠯᠢᠬ ᠲᠦ᠍ ᠴᠢᠭᠯᠡᠬᠦᠯᠦᠨ ᠠᠵᠢᠯᠯᠠᠭ᠎ᠠ ᠪᠠᠨ ᠲᠦᠯᠦᠪᠯᠡᠨ ᠵᠣᠬᠢᠶᠠᠨ ᠪᠠᠢᠭᠣᠯᠵᠦ᠂ ᠤᠯᠤᠰ ᠤ᠋ᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ᠋ ᠪᠤᠳᠠᠳᠠᠢ ᠬᠦᠮᠦᠰ ᠲᠦ᠍ ᠲᠣᠬᠢᠷᠠᠭᠣᠯᠣᠨ ᠵᠢᠭᠠᠬᠤ ᠵᠢ ᠪᠠᠶᠡᠯᠡᠬᠦᠯᠪᠡ; ᠠᠭᠣᠯᠭ᠎ᠠ ᠪᠠᠨ ᠪᠣᠲᠠᠲᠠᠢᠵᠢᠭᠣᠯᠬᠣ ᠨᠢ ᠣᠯᠣᠰ ᠤ᠋ᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠪᠣᠯᠣᠨ ᠦᠢᠯᠡᠳᠪᠦᠷᠢᠯᠡᠯ ᠠᠮᠢᠲᠣᠷᠠᠯ ᠢ᠋ ᠬᠠᠷᠢᠯᠴᠠᠨ ᠤᠶᠠᠯᠳᠤᠭᠤᠯᠵᠤ᠂ ᠮᠠᠯᠴᠢᠨ ᠲᠠᠷᠢᠶᠠᠴᠢᠳ ᠤ᠋ᠨ ᠰᠤᠷᠤᠯᠴᠠᠬᠤ ᠢᠳᠡᠪᠬᠢᠵᠢᠯ ᠢ᠋ ᠳᠡᠭᠡᠭ᠌ᠰᠢᠯᠡᠭᠦᠯᠪᠡ; ᠠᠷᠭ᠎ᠠ ᠬᠡᠯᠪᠡᠷᠢ ᠵᠢ ᠣᠯᠠᠨ ᠶᠠᠩᠵᠤᠴᠢᠯᠠᠭ᠍ᠣ ᠨᠢ ᠤᠷᠠᠨ ᠤᠩᠱᠢᠯᠭ᠎ᠠ ᠵᠢ ᠬᠤᠪᠢᠶᠠᠯᠴᠠᠬᠤ᠂ ᠠᠬᠤᠶ ᠪᠠᠢᠳᠠᠯ ᠢ᠋ ᠳᠠᠭᠤᠷᠢᠶᠠᠬᠤ ᠪᠠ ᠮᠡᠳᠡᠯᠭᠡ ᠶ᠋ᠢᠨ ᠤᠷᠤᠯᠳᠤᠭᠠᠨ ᠬᠢᠬᠦ᠌ ᠵᠡᠷᠭᠡ ᠬᠡᠯᠪᠡᠷᠢ ᠪᠠᠷ ᠳᠠᠮᠵᠢᠨ ᠰᠤᠷᠤᠯᠴᠠᠯᠭ᠎ᠠ ᠶ᠋ᠢᠨ ᠰᠣᠨᠢᠷᠬᠠᠯᠲᠤ ᠴᠢᠨᠠᠷ ᠢ᠋ ᠴᠢᠩᠭᠠᠳᠭᠠᠪᠡ᠃
ᠣᠯᠠᠨ ᠲᠦᠮᠡᠨ ᠵᠠᠬᠢᠶᠠᠯᠠᠭ᠎ᠠ ᠲᠣᠷᠠᠳᠴᠣ᠂ ᠨᠣᠮ ᠤ᠋ᠨ ᠥᠷᠥᠭᠡ ᠠᠭᠣᠯᠭ᠎ᠠ ᠲᠣᠬᠢᠷᠠᠭᠣᠯᠣᠨ᠂ ᠰᠠᠢᠨ ᠳᠤᠷ᠎ᠠ ᠵᠢᠨ ᠦᠢᠯᠡᠴᠢᠯᠡᠭᠴᠢ ᠡᠴᠡ ᠬᠦᠢᠴᠡᠳᠭᠡᠨ᠎ᠠ᠃ ᠡᠨᠡ ᠬᠦ᠌ ᠦᠢᠯᠡᠴᠢᠯᠡᠭᠡᠨ ᠤ᠋ ᠵᠠᠭ᠍ᠪᠤᠷ ᠨᠢ ᠬᠡᠷᠡᠭ᠌ᠴᠡᠭᠡ ᠱᠠᠭᠠᠷᠲᠠᠯᠭ᠎ᠠ ᠵᠢ ᠨᠠᠷᠢᠯᠢᠭ ᠣᠨᠣᠴᠠᠲᠠᠢ ᠵᠣᠯᠭᠠᠭᠤᠯᠵᠠᠢ᠃ ᠲᠠᠯ᠎ᠠ ᠨᠤᠲᠤᠭ ᠤ᠋ᠨ ᠨᠣᠮ ᠤ᠋ᠨ ᠥᠷᠥᠭᠡ ᠨᠢ ᠠᠳᠠᠯᠢ ᠪᠤᠰᠤ ᠬᠠᠮᠲᠤ ᠨᠡᠢᠲᠡ ᠵᠢᠨ ᠪᠣᠳᠠᠲᠠᠶ ᠬᠡᠷᠡᠭ᠌ᠴᠡᠭᠡ ᠱᠠᠭᠠᠷᠳᠠᠯᠭ᠎ᠠ ᠳ᠋ᠤ ᠴᠢᠭ᠌ᠯᠡᠭᠦᠯᠦᠨ᠂ ᠲᠣᠰ ᠲᠣᠰ ᠤ᠋ᠨ ᠪᠠᠢᠳᠠᠯ ᠳ᠋ᠤᠨᠢ ᠲᠣᠬᠢᠷᠠᠭᠤᠯᠤᠨ ᠥᠪᠡᠷᠮᠢᠴᠡ ᠣᠨᠴᠠᠯᠢᠭ ᠲᠠᠢ ᠠᠵᠢᠯᠯᠠᠭ᠎ᠠ ᠲᠣᠬᠢᠷᠠᠭᠣᠯᠪᠠ᠄ ᠨᠠᠰᠤᠲᠠᠢᠴᠤᠳ ᠲᠦ᠍ ᠬᠠᠨᠲᠣᠭᠣᠯᠣᠨ ᠡᠷᠡᠭᠦᠯ ᠮᠡᠨᠳᠦ᠍ ᠪᠡᠶ᠎ᠡ ᠰᠤᠪᠢᠯᠠᠯᠲᠠ ᠶ᠋ᠢᠨ ᠬᠢᠴᠢᠶᠡᠯ ᠨᠡᠭᠡᠭᠡᠵᠦ᠂ ᠰᠠᠢᠨ ᠳᠤᠷ᠎ᠠ ᠶ᠋ᠢᠨ ᠦᠢᠯᠡᠴᠢᠯᠡᠭᠴᠢ ᠲᠥᠬᠦᠮ ᠣᠢᠯᠠᠭᠠᠮᠵᠢᠲᠠᠶ ᠣᠯᠣᠰ ᠤ᠋ᠨ ᠨᠡᠢᠲᠡᠮ ᠬᠡᠷᠡᠭᠯᠡᠬᠦ ᠬᠡᠯᠡ ᠪᠠᠷ ᠴᠢᠰᠤᠨ ᠳᠠᠷᠤᠯᠲᠠ ᠥᠨᠳᠥᠷ ᠢ᠋ ᠰᠡᠷᠭᠡᠢᠯᠡᠨ ᠵᠠᠰᠠᠬᠤ ᠵᠡᠷᠭᠡ ᠲᠠᠯ᠎ᠠ ᠶ᠋ᠢᠨ ᠮᠡᠳᠡᠯᠭᠡ ᠲᠠᠢᠯᠪᠤᠷᠢᠯᠠᠵᠤ ᠪᠠᠢᠨ᠎ᠠ; ᠬᠡᠷ ᠲᠡᠭᠡᠨ ᠬᠤᠴᠣᠷᠤᠭ᠍ᠰᠠᠨ ᠬᠡᠤᠬᠡᠳ ᠲᠦ᠍ ᠴᠢᠭᠯᠡᠬᠦᠯᠦᠨ ᠳᠠᠭᠠᠵᠤ ᠤᠩᠱᠢᠬᠤ ᠲᠥᠯᠥᠪᠯᠡᠭᠡ ᠲᠣᠭ᠍ᠲᠠᠭᠠᠵᠤ᠂ ᠬᠡᠤᠬᠡᠳ ᠤ᠋ᠳ ᠤ᠋ᠨ ᠬᠢᠴᠢᠶᠡᠯ ᠪᠣᠯᠣᠨ ᠲᠠᠰᠬᠠᠯ ᠲᠠᠭᠠᠭᠠᠯᠭᠠᠪᠣᠷᠢ ᠵᠢ ᠬᠠᠪᠰᠣᠷᠣᠨ ᠵᠢᠯᠣᠭᠣᠳᠬᠣ ᠡᠴᠡ ᠭᠠᠳᠠᠨ᠎ᠠ᠂ ᠬᠠᠮᠲᠣ ᠪᠡᠷ ᠵᠢᠷᠤᠭᠲᠣ ᠨᠣᠮ ᠤᠩᠱᠢᠬᠤ᠂ ᠦᠯᠢᠭᠡᠷ ᠶᠠᠷᠢᠬᠣ ᠵᠡᠷᠭᠡ ᠠᠵᠢᠯᠯᠠᠭ᠎ᠠ ᠥᠷᠨᠢᠭᠦᠯᠵᠤ᠂ ᠬᠡᠤᠬᠡᠳ ᠤ᠋ᠳ ᠤ᠋ᠨ ᠶᠠᠷᠢᠵᠦ ᠢᠯᠡᠳᠭᠡᠬᠦ ᠴᠢᠳᠠᠪᠤᠷᠢ ᠶ᠋ᠢ ᠳᠡᠭᠡᠭ᠌ᠰᠢᠯᠡᠭᠦᠯᠪᠡ; ᠮᠠᠯᠴᠢᠨ ᠲᠠᠷᠢᠶᠠᠴᠢᠨ ᠳ᠋ᠤ ᠬᠠᠨᠳᠤᠭᠤᠯᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠶ᠋ᠢᠡᠷ ᠮᠠᠯ ᠠᠵᠤ ᠠᠬᠤᠢ ᠳ᠋ᠦ ᠲᠣᠰᠠᠯᠠᠬᠣ ᠪᠣᠯᠪᠠᠰᠤᠷᠠᠯ ᠥᠷᠨᠢᠭᠦᠯᠵᠦ᠍᠂ ᠰᠠᠢᠨ ᠳᠤᠷ᠎ᠠ ᠶ᠋ᠢᠨ ᠦᠢᠯᠡᠴᠢᠯᠡᠭ᠌ᠴᠢᠳ ᠡᠴᠡ ᠠᠬᠣᠢ ᠲᠠᠯᠠᠪᠠᠢ ᠳ᠋ᠦ ᠪᠣᠷᠳᠣᠵᠤ ᠲᠠᠷᠭᠤᠯᠠᠭᠤᠯᠬᠤ ᠮᠡᠷᠭᠡᠵᠢᠯ ᠢ᠋ ᠵᠢᠭᠠᠬᠤ ᠶ᠋ᠢᠨ ᠬᠠᠮᠲᠤ ᠪᠣᠳᠠᠲᠠᠶ ᠪᠣᠯᠪᠠᠰᠤᠷᠠᠯ ᠤ᠋ᠨ ᠦᠵᠡᠭᠦᠯᠭᠡ ᠬᠢᠵᠦ᠍᠂ ᠮᠠᠯᠴᠢᠨ ᠲᠠᠷᠢᠶᠠᠴᠢᠳ ᠮᠡᠷᠭᠡᠵᠢᠯ ᠰᠤᠷᠤᠯᠴᠠᠬᠤ ᠶ᠋ᠢᠨ ᠲᠠᠭᠠᠣ ᠤᠯᠤᠰ ᠤ᠋ᠨ ᠨᠡᠢᠲᠡᠮ ᠬᠡᠷᠡᠭᠯᠡᠬᠦ ᠦᠭᠡ ᠬᠡᠯᠡᠨ ᠦᠰᠦᠭ ᠪᠢᠴᠢᠭ ᠤ᠋ᠨ ᠲᠦᠪᠱᠢᠨ ᠵᠢᠡᠨ ᠳᠡᠭᠡᠭ᠌ᠰᠢᠯᠡᠭᠦᠯᠪᠡ᠃
《 ᠲᠠᠯ᠎ᠠ ᠨᠤᠲᠤᠭ ᠤ᠋ᠨ ᠨᠣᠮ ᠤ᠋ᠨ ᠥᠷᠥᠭᠡ ᠶ᠋ᠢᠨ ᠡᠳᠦᠷ》 ᠤ᠋ᠨ ᠠᠵᠢᠯᠯᠠᠭ᠎ᠠ ᠶ᠋ᠢ ᠭᠦᠨᠵᠡᠭᠡᠢ ᠥᠷᠨᠢᠬᠦᠯᠬᠦ ᠶ᠋ᠢ ᠳᠠᠭᠠᠯᠳᠤᠨ ᠨᠤᠭᠤᠰᠤᠲᠠᠢ ᠪᠠᠯᠭᠠᠰᠤᠨ ᠤ᠋ ᠲᠠᠯ᠎ᠠ ᠨᠤᠲᠤᠭ ᠤ᠋ᠨ ᠨᠣᠮ ᠤ᠋ᠨ ᠥᠷᠥᠭᠡ ᠤᠷᠢᠳ ᠡᠮᠦᠨ᠎ᠡ ᠭᠠᠷᠣᠭ᠎ᠠ ᠦᠭᠡᠢ ᠠᠮᠢᠵᠢᠷᠠᠯ ᠤ᠋ᠨ ᠬᠦᠴᠦᠨ ᠶ᠋ᠢᠡᠷ ᠪᠢᠯᠬᠠᠪᠠ᠃ ᠬᠠᠮᠤᠭ ᠤ᠋ᠨᠱᠢᠨᠡ ᠪᠦᠷᠢᠳᠭᠡᠯ ᠳ᠋ᠦ ᠬᠠᠷᠠᠭᠣᠯᠣᠬᠰᠠᠨ ᠶ᠋ᠢᠡᠷ᠂ ᠲᠠᠯ᠎ᠠ ᠨᠤᠲᠤᠭ ᠤ᠋ᠨ ᠨᠣᠮ ᠤ᠋ᠨ ᠥᠷᠥᠭᠡ ᠡᠴᠡ ᠰᠠᠷ᠎ᠠ ᠪᠦᠷᠢ ᠵᠢᠨ ᠨᠣᠮ ᠵᠢᠭᠡᠯᠡᠭᠰᠡᠨ ᠳᠤᠮᠳᠠᠴᠢ ᠬᠡᠮᠵᠢᠶ᠎ᠡ ᠨᠢ ᠠᠵᠢᠯᠯᠠᠭ᠎ᠠ ᠦᠷᠨᠢᠬᠦᠯᠬᠦ ᠡᠴᠡ ᠡᠮᠦᠨᠡᠬᠢ ᠵᠢᠨ ᠠᠷᠠᠢ 50 ᠳᠡᠪᠲᠡᠷ ᠬᠦᠷᠬᠦ ᠥᠬᠡᠶ ᠪᠠᠢᠭ᠍ᠰᠠᠨ ᠡᠴᠡ ᠪᠠᠨ 200 ᠭᠠᠷᠤᠶ ᠳᠡᠪᠲᠡᠷ ᠪᠣᠯᠵᠤ ᠨᠡᠮᠡᠭᠲᠡᠪᠡ᠃ ᠮᠠᠯᠴᠢᠨ ᠲᠠᠷᠢᠶᠠᠴᠢᠳ ᠤ᠋ᠨ ᠣᠯᠣᠰ ᠤ᠋ᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤ᠋ᠨ ᠴᠢᠳᠠᠪᠤᠷᠢ ᠶ᠋ᠢᠨ ᠳᠡᠭᠡᠭ᠌ᠰᠢᠯᠡᠯᠲᠡ ᠨᠢ ᠮᠠᠯᠵᠢᠬᠤ ᠣᠷᠣᠨ ᠤ᠋ ᠮᠡᠳᠡᠭᠡ ᠵᠠᠩᠭᠢ ᠶ᠋ᠢᠨ ᠰᠣᠯᠢᠯᠴᠠᠭᠠᠨ ᠤ᠋ ᠬᠣᠷᠢᠭ᠎ᠠ ᠰᠠᠭᠠᠳ ᠢ᠋ ᠡᠪᠳᠡᠵᠦ᠍᠂ ᠮᠡᠳᠡᠭᠡ ᠵᠠᠩᠭᠢ ᠬᠦᠷᠲᠡᠬᠦ ᠬᠡᠪᠴᠢᠶ᠎ᠡ ᠵᠢ ᠦᠷᠭᠡᠳᠭᠡᠨ᠂ ᠬᠥᠭ᠌ᠵᠢᠯᠲᠡ ᠶ᠋ᠢᠨ ᠡᠬᠢ ᠪᠠᠶᠠᠯᠢᠭ ᠢ᠋ ᠵᠣᠯᠭᠠᠭᠤᠯᠬᠤ ᠠᠷᠭ᠎ᠠ ᠵᠠᠮ ᠢ᠋ ᠥᠷᠭᠡᠳᠭᠡᠭ᠌ᠰᠡᠨ ᠪᠠᠢᠨ᠎ᠠ᠃
ᠨᠤᠭᠤᠰᠤᠳᠠᠢ ᠪᠠᠯᠭᠠᠰᠤᠨ ᠤ᠋ ᠡᠮᠡᠭ᠌ᠲᠡᠢᠴᠦᠳ ᠤ᠋ᠨ ᠬᠤᠯᠪᠣᠭ᠎ᠠ ᠶ᠋ᠢᠨ ᠲᠡᠷᠢᠭᠦᠯᠡᠭ᠌ᠴᠢ ᠵᠣᠣ ᠢᠦᠶ ᠺᠦᠨ ᠤ᠋ ᠬᠡᠯᠡᠬᠦ ᠪᠡᠷ᠂ 《ᠲᠠᠯ᠎ᠠ ᠨᠤᠲᠤᠭ ᠤ᠋ᠨ ᠨᠣᠮ ᠤ᠋ᠨ ᠥᠷᠥᠭᠡ ᠶ᠋ᠢᠨ ᠡᠳᠦᠷ》 ᠤ᠋ᠨ ᠲᠦᠷᠢᠮ ᠨᠢ ᠤᠯᠤᠰ ᠤ᠋ᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤ᠋ᠨ ᠰᠣᠷᠣᠯᠴᠠᠯᠭ᠎ᠠ ᠵᠢ ᠰᠣᠯᠠ ᠵᠠᠪᠠᠭᠠᠨ ᠬᠢᠴᠢᠶᠡᠯ ᠤ᠋ᠨ ᠲᠠᠩᠬᠢᠮ ᠤ᠋ᠨ ᠡᠭᠦᠷᠭᠡ ᠲᠡᠳᠦᠢ ᠪᠢᠰᠢ᠂ ᠬᠠᠷᠢᠨ ᠰᠦ ᠲᠠᠢ ᠴᠠᠢ ᠶ᠋ᠢᠨ ᠦᠨᠦᠷ ᠬᠠᠩᠬᠣᠯᠣᠬᠰᠠᠨ ᠤᠩᠱᠢᠯᠭ᠎ᠠ ᠪᠠ ᠬᠦᠷ ᠬᠥᠭ᠌ᠵᠢᠶᠡᠨ ᠲᠠᠢ ᠤᠷ᠎ᠠ ᠮᠡᠷᠭᠡᠵᠢᠯ ᠤ᠋ᠨ ᠪᠣᠯᠪᠠᠰᠤᠷᠠᠯ ᠪᠣᠯᠭᠠᠵᠦ᠂ ᠡᠳᠤᠷ ᠲᠤᠳᠤᠮ ᠤ᠋ᠨ ᠠᠮᠢᠳᠤᠷᠠᠯ ᠤ᠋ᠨ ᠰᠣᠶᠣᠯ ᠲᠠᠢ ᠠᠭᠣᠰᠣᠯᠴᠠᠭᠣᠯᠣᠬᠰᠠᠨ ᠪᠠᠢᠨ᠎ᠠ᠃ ᠮᠠᠯᠴᠢᠨ ᠲᠠᠷᠢᠶᠠᠴᠢᠳ ᠡᠨᠲᠡ ᠡᠴᠡ ᠮᠡᠳᠡᠯᠭᠡ ᠮᠡᠷᠭᠡᠵᠢᠯ ᠪᠠ ᠤᠷ᠎ᠠ ᠴᠢᠳᠠᠪᠤᠷᠢ ᠡᠵᠡᠮᠰᠢᠬᠦ ᠪᠡᠷ ᠪᠠᠷᠠᠬᠤ ᠥᠬᠡᠶ᠂ ᠣᠯᠣᠰ ᠤ᠋ᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ᠋ ᠬᠠᠮᠲᠤ ᠪᠠᠷ ᠰᠤᠷᠤᠯᠴᠠᠬᠤ ᠶᠠᠪᠤᠴᠠ ᠳ᠋ᠠᠭᠠᠨ ᠬᠠᠷᠢᠯᠴᠠᠨ ᠣᠢᠯᠠᠭᠠᠯᠴᠠᠵᠦ ᠬᠠᠮᠲᠣ ᠵᠢᠨ ᠲᠠᠨᠢᠯᠲᠠ ᠪᠠᠨ ᠬᠦᠨᠵᠡᠭᠡᠢᠷᠡᠬᠦᠯᠦᠭᠰᠡᠨ ᠪᠢᠯᠡ᠃