ᠵᠤᠷᠢᠬᠳᠠᠢ ᠪᠡᠷ ᠰᠢᠨ᠎ᠡ᠎ᠶᠢ ᠡᠭᠦᠳᠴᠤ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠤᠨ ᠬᠦᠴᠦᠷᠭᠡᠭ ᠤᠷᠤᠨ᠎ᠤ ᠪᠦᠲᠦᠭᠡᠨ ᠪᠠᠢᠭᠤᠯᠤᠯᠳᠠ᠎ᠳᠤ ᠬᠦᠴᠦᠨ ᠴᠢᠳᠠᠯ ᠵᠢᠡᠨ ᠡᠷᠬᠦᠨ᠎ᠠ
2025-08-10 10:15:03
ᠵᠣᠬᠢᠶᠠᠭ᠍ᠴᠢ᠄
ᠪᠠᠢ ᠯᠢᠶᠠᠨ
ᠣᠩᠱᠢᠭ᠍ᠰᠠᠨ ᠣᠳᠠᠭ᠎ᠠ᠄
★★★☆☆

1984 ᠣᠨ᠎ᠤ 3 ᠰᠠᠷ᠎ᠠ᠎ᠶᠢᠨ 9᠎ᠤ᠋ ᠡᠳᠦᠷ᠂ ᠳᠡᠯᠡᠬᠡᠢ᠎ᠶᠢᠨ ᠠᠩᠬᠠᠳᠠᠭ᠍ᠴᠢ ᠬᠤᠷᠤᠭᠤ ᠰᠢᠯ᠎ᠦᠨ ᠢᠰᠢᠭᠡ ᠵᠢ ᠠᠮᠵᠢᠯᠳᠠ ᠲᠠᠢ ᠪᠤᠢᠵᠢᠭᠤᠯᠵᠦ᠂ ᠣᠯᠠᠨ ᠤᠯᠤᠰ᠎ᠤᠨ ᠡᠷᠳᠡᠮ ᠰᠢᠨᠵᠢᠯᠡᠭᠡᠨ᠎ᠦ ᠬᠢᠨ᠎ᠢ ᠳᠣᠩᠰᠣᠯᠭᠠᠪᠠ᠃

ᠬᠤᠷᠤᠭᠤ ᠰᠢᠯ᠎ᠦᠨ ᠢᠰᠢᠭᠡ ᠵᠢ ᠪᠣᠢᠵᠢᠭᠤᠯᠤᠭᠰᠠᠨ ᠡᠴᠡ ᠣᠯᠠᠨ ᠤᠯᠤᠰ᠎ᠤᠨ ᠬᠦᠪᠦᠷᠡᠯ᠎ᠦᠨ ᠢᠨᠵᠧᠨᠧᠷᠢᠩ᠎ᠦᠨ ᠮᠡᠷᠭᠡᠵᠢᠯ᠎ᠢ ᠶᠡᠬᠡ᠎ᠪᠡᠷ ᠠᠬᠢᠭᠤᠯᠵᠠᠢ᠃ ᠳᠡᠯᠡᠬᠡᠢ᠎ᠳᠦ ᠠᠯᠳᠠᠷᠰᠢᠭ᠍ᠰᠠᠨ《ᠬᠤᠷᠤᠭᠤ ᠰᠢᠯ᠎ᠦᠨ ᠢᠰᠢᠭᠡ ᠢ᠋ᠢᠨ ᠪᠤᠢᠵᠢᠭᠤᠯᠤᠬᠴᠢ》ᠰᠢᠭᠤᠷᠭᠠᠨ ᠶᠠᠫᠤᠨ ᠳ᠋ᠡᠬᠢ ᠥᠨᠳᠥᠷ ᠴᠠᠯᠢᠩ᠎ᠤᠨ ᠤᠷᠢᠯᠭ᠎ᠠ᠎ᠶᠢ ᠡᠷᠡᠰ ᠲᠡᠪᠴᠢᠵᠦ᠂ ᠡᠬᠡ ᠤᠯᠤᠰ᠎ᠲᠠᠭᠠᠨ ᠪᠤᠴᠠᠨ ᠢᠷᠡᠵᠦ᠂ ᠰᠣᠷᠣᠭᠰᠠᠨ ᠮᠡᠲᠡᠯᠭᠡ ᠪᠡᠷ᠎ᠢᠶᠠᠨ ᠤᠯᠤᠰ ᠤᠷᠤᠨ᠎ᠳ᠋ᠠᠭᠠᠨ ᠬᠦᠴᠦᠨ ᠵᠢᠠᠨ᠎ᠡᠷᠭᠦᠪᠡ᠃

ᠬᠡᠬᠦᠳᠡᠭ ᠴᠡᠭᠡᠵᠢᠨ ᠳ᠋ᠡᠭᠡᠨ ᠤᠯᠤᠰ᠎ᠤᠨ ᠶᠡᠬᠡ ᠶᠠᠪᠤᠳᠠᠯ᠎ᠢ ᠪᠤᠳᠤᠵᠦ ᠴᠢᠩ ᠦᠨᠡᠨᠴᠢ ᠪᠡᠷ ᠡᠬᠡ ᠤᠯᠤᠰ ᠲᠠᠭᠠᠨ ᠵᠢᠳᠬᠦᠨ᠎ᠡ᠃ ᠡᠨᠡ ᠪᠣᠯ ᠭᠡᠷ᠎ᠦᠨ ᠲᠡᠵᠢᠭᠡᠪᠦᠷᠢ᠎ᠶᠢᠨ ᠦᠷᠡᠵᠢᠯ᠎ᠦᠨ ᠠᠮᠢᠳᠤ ᠪᠣᠳᠠᠰ᠎ᠤᠨ ᠤᠬᠠᠭᠠᠨ ᠬᠢᠭᠡᠳ ᠠᠮᠢᠳᠤ ᠪᠣᠳᠠᠰ᠎ᠤᠨ ᠮᠡᠷᠭᠡᠵᠢᠯ᠎ᠦᠨ ᠲᠤᠰᠬᠠᠢ ᠮᠡᠷᠭᠡᠵᠢᠯᠲᠡᠨ ᠰᠢᠭᠤᠷᠭᠠᠨ ᠠᠺᠠᠳᠧᠮᠢᠴᠢ᠎ᠶᠢᠨ ᠡᠷᠡᠰ ᠪᠠᠳᠤ ᠲᠠᠩᠭᠠᠷᠢᠭ᠋ ᠮᠥᠨ᠂ ᠲᠡᠭᠦᠨ᠎ᠦ ᠤᠯᠤᠰ᠎ᠲᠠᠭᠠᠨ ᠵᠢᠳᠬᠦᠵᠦ ᠠᠷᠠᠳ ᠲᠦᠮᠡᠨ᠎ᠦ ᠲᠥᠯᠥᠭᠡ ᠵᠢᠳᠬᠦᠭᠰᠡᠨ ᠬᠥᠮᠥᠨ᠎ᠦ ᠠᠮᠢᠳᠤᠷᠠᠯ᠎ᠤᠨ ᠵᠢᠷᠤᠭᠯᠠᠯ ᠮᠥᠨ᠂ ᠨᠡᠩ ᠴᠤ᠌ ᠥᠪᠥᠷ ᠮᠣᠩᠭᠣᠯ᠎ᠤᠨ ᠡᠬᠡ ᠭᠠᠵᠠᠷ ᠲᠡᠬᠢ ᠠᠳᠠᠯᠢ ᠪᠤᠰᠤ ᠴᠠᠭ ᠦᠶ᠎ᠡ᠂ ᠠᠳᠠᠯᠢ ᠪᠤᠰᠤ ᠬᠦᠷᠢᠶᠡᠨ᠎ᠦ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠠᠵᠢᠯᠲᠠᠳ᠎ᠤᠨ ᠬᠠᠮᠲᠤ᠎ᠶᠢᠨ ᠤᠶᠤᠨ ᠰᠠᠨᠠᠭᠠᠨ᠎ᠤ ᠴᠥᠮ᠎ᠡ ᠮᠥᠨ᠃

ᠠᠯᠳᠠᠷᠲᠤ ᠰᠢᠪᠠᠵᠢ᠎ᠶᠢᠨ ᠠᠩᠭᠢᠯᠠᠯ᠎ᠤᠨ ᠤᠬᠠᠭᠠᠨᠲᠠᠨ ᠨᠦᠩᠨᠠᠢᠵᠠᠪ ᠬᠤᠪᠢ ᠬᠥᠮᠥᠨ᠎ᠦ ᠬᠦᠰᠡᠯᠡᠩ᠎ᠢᠶᠡᠨ ᠤᠯᠤᠰ᠎ᠤᠨ ᠬᠡᠷᠡᠭᠴᠡᠭᠡ᠎ᠳᠦ ᠠᠭᠤᠰᠬᠠᠵᠤ᠂ ᠮᠠᠨ᠎ᠤ ᠤᠯᠤᠰ᠎ᠤᠨ ᠰᠢᠪᠠᠵᠢ᠎ᠶᠢᠨ ᠤᠬᠠᠭᠠᠨ᠎ᠤ ᠰᠤᠳᠤᠯᠤᠯ᠎ᠤᠨ ᠦᠢᠯᠡᠰ᠎ᠲᠦ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠬᠦᠯᠵᠡᠢ; ᠤᠰᠤᠨ ᠵᠦᠢ ᠤᠰᠤᠨ᠎ᠤ ᠡᠬᠢ ᠪᠠᠶᠠᠯᠢᠭ᠋᠎ᠤᠨ ᠰᠢᠨᠵᠢᠯᠡᠬᠦ ᠤᠬᠠᠭᠠᠨᠲᠠᠨ ᠴᠢᠯᠠᠭᠤᠨᠪᠠᠭᠠᠨ᠎ᠠ ᠭᠣᠪᠢ ᠡᠯᠡᠰᠦ ᠎ᠶᠢ ᠠᠯᠬᠤᠮ ᠢ᠋ᠢᠡᠷ᠎ᠢᠶᠠᠨ ᠬᠡᠮᠵᠢᠵᠦ᠂ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠢᠶᠡᠷ ᠤᠰᠤᠨ᠎ᠤ ᠡᠬᠢ ᠰᠤᠷᠪᠤᠯᠵᠢ᠎ᠶᠢᠨ ᠨᠢᠭᠤᠴᠠ ᠵᠢ ᠲᠠᠢ᠍ᠢᠯᠵᠤ᠂ ᠨᠢᠭᠡ ᠨᠠᠰᠤ᠎ᠪᠠᠷ᠎ᠢᠶᠠᠨ 《ᠥᠭᠦᠯᠡᠯ᠎ᠢᠶᠡᠨ ᠡᠬᠡ ᠭᠠᠵᠠᠷ᠎ᠲᠤ ᠪᠢᠴᠢᠬᠦ》ᠢᠲᠡᠭᠡᠯ ᠪᠢᠰᠢᠷᠡᠯ᠎ᠢ ᠦᠢᠯᠡᠳᠦᠯᠭᠡᠵᠢᠭᠦᠯᠵᠡᠢ ᠁ ᠳᠡᠳᠡᠨᠤᠰ᠎ᠤᠨ ᠲᠡᠮᠡᠴᠡᠯ᠎ᠦᠨ ᠤᠯᠠ ᠮᠥᠷ᠎ᠢ ᠡᠷᠭᠢᠴᠡᠭᠦᠯᠬᠥ ᠎ᠳᠤ ᠢᠯᠠᠩᠭᠤᠶ᠎ᠠ ᠠᠬᠠᠮᠠᠳ ᠨᠢᠭᠡ ᠦᠶ᠎ᠡ᠎ᠶᠢᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠠᠵᠢᠯᠲᠠᠳ᠎ᠤᠨ ᠴᠢᠩ ᠦᠨᠡᠨᠴᠢ ᠰᠡᠳᠬᠢᠯ᠎ᠢᠶᠡᠷ ᠪᠢᠴᠢᠭᠯᠡᠭᠰᠡᠨ ᠡᠬᠡ ᠤᠯᠤᠰ᠎ᠲᠠᠭᠠᠨ ᠠᠴᠢ ᠬᠠᠷᠢᠭᠤᠯᠬᠤ ᠰᠡᠳᠭᠢᠯᠭᠡ ᠵᠢ ᠪᠤᠳᠤᠬᠤ ᠪᠥᠷᠢ ᠪᠢᠰᠢᠷᠡᠨ ᠬᠥᠨᠳᠤᠳᠭᠡᠬᠥ ᠥᠭᠡᠢ ᠪᠠᠢᠬᠤ ᠵᠢᠨ ᠠᠷᠭ᠎ᠠ ᠥᠭᠡᠢ ᠃

ᠰᠢᠨ᠎ᠡ᠎ᠶᠢ ᠡᠭᠦᠳᠬᠦ ᠪᠣᠯ ᠬᠥᠭᠵᠢᠯᠲᠡ᠎ᠶᠢ ᠬᠥᠲᠥᠯᠥᠨ ᠳᠠᠭᠠᠭᠤᠯᠬᠤ ᠨᠢᠭᠡᠳᠦᠭᠡᠷ ᠬᠥᠳᠡᠯᠭᠡᠭᠦ ᠬᠦᠴᠦᠨ ᠮᠥᠨ᠃ ᠠᠬᠠᠮᠠᠳ ᠨᠢᠭᠡ ᠦᠶ᠎ᠡ᠎ᠶᠢᠨ ᠰᠢᠨᠵᠢᠯᠡᠬᠦ ᠤᠬᠠᠭᠠᠨᠲᠠᠳ ᠤᠯᠤᠰ᠎ᠤᠨ ᠤᠷᠢᠶᠠᠯᠠᠭ᠎ᠠ᠎ᠶᠢ ᠴᠤᠤᠷᠢᠶᠠᠲᠤᠨ ᠳᠠᠭᠠᠵᠤ ᠬᠢᠯᠢ ᠬᠢᠵᠠᠭᠠᠷ᠎ᠲᠤ ᠦᠨᠳᠦᠰᠦ ᠬᠠᠳᠬᠤᠭᠰᠠᠨ ᠡᠴᠡ ᠰᠢᠨ᠎ᠡ ᠴᠠᠭ ᠦᠶ᠎ᠡ᠎ᠶᠢᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠠᠵᠢᠯᠲᠠᠳ 《ᠲᠠᠪᠤᠨ ᠶᠡᠬᠡ ᠡᠭᠦᠷᠭᠡ》 ᠵᠢ ᠡᠭᠦᠷᠭᠡᠯᠡᠨ ᠡᠷᠡᠮᠡᠬᠡᠢᠯᠡᠨ ᠤᠷᠤᠭᠰᠢᠯᠠᠬᠤ ᠬᠦᠷᠲᠡᠯ᠎ᠡ᠂ ᠥᠪᠥᠷ ᠮᠣᠩᠭᠣᠯ᠎ᠤᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠦᠢᠯᠡᠰ ᠢᠮᠠᠭᠲᠠ ᠤᠯᠤᠰ᠎ᠤᠨ ᠬᠥᠭᠵᠢᠯᠲᠡ᠎ᠲᠠᠢ ᠬᠠᠮᠲᠤ ᠤᠷᠤᠭᠰᠢᠯᠠᠭᠰᠠᠭᠠᠷ ᠢᠷᠡᠵᠠᠢ᠃ ᠥᠷᠭᠡᠨ ᠤᠯᠠᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠠᠵᠢᠯᠲᠠᠳ ᠥᠪᠥᠷ ᠮᠣᠩᠭᠣᠯ᠎ᠤᠨ ᠤᠳᠤ ᠦᠶ᠎ᠡ᠎ᠶᠢᠨ ᠰᠢᠨᠵᠢᠯᠡᠬᠦ ᠤᠬᠠᠭᠠᠨ᠎ᠤ ᠰᠤᠳᠤᠯᠭᠠᠨ᠎ᠤ ᠰᠢᠰᠲ᠋ᠸᠮ᠎ᠤᠨ ᠰᠠᠭᠤᠷᠢ᠎ᠶᠢ ᠲᠠᠯᠪᠢᠵᠤ᠂ ᠨᠡᠩ ᠴᠤ᠌ 《ᠤᠯᠤᠰ᠎ᠢᠶᠠᠨ ᠬᠠᠢᠷᠠᠯᠠᠬᠤ᠂ ᠰᠢᠨ᠎ᠡ᠎ᠶᠢ ᠡᠭᠦᠳᠬᠦ᠂ ᠦᠨᠡᠨ᠎ᠢ ᠪᠠᠷᠢᠮᠲᠠᠯᠠᠬᠤ᠂ ᠬᠤᠪᠢ ᠨᠡᠮᠡᠷᠢ ᠦᠵᠡᠭᠦᠯᠬᠦ》 ᠵᠣᠷᠢᠭ᠋ ᠰᠠᠨᠠᠭᠠᠨ᠎ᠤ ᠥᠷᠯᠥᠭ ᠬᠥᠰᠢᠶ᠎ᠡ᠎ᠶᠢ ᠴᠣᠭᠴᠠᠯᠠᠪᠠ᠃

ᠥᠪᠥᠷ ᠮᠣᠩᠭᠣᠯ᠎ᠤᠨ ᠮᠣᠩᠭᠣᠯ ᠡᠮ ᠡᠮᠨᠡᠯᠭᠡ᠎ᠶᠢᠨ ᠰᠢᠨᠵᠢᠯᠡᠭᠡᠨ᠎ᠦ ᠨᠡᠢᠭᠡᠮᠯᠢᠭ᠎ᠦᠨ ᠳᠠᠷᠤᠭ᠎ᠠ ᠤᠯᠠᠭᠠᠨ ᠣᠷᠭᠢᠯᠤᠮ᠎ᠠ ᠬᠠᠯᠠᠭᠤᠨ ᠰᠡᠳᠬᠢᠯᠭᠡ᠎ᠪᠡᠷ ᠮᠣᠩᠭᠣᠯ ᠡᠮ ᠡᠮᠨᠡᠯᠭᠡ᠎ᠶᠢᠨ ᠦᠢᠯᠡᠰ᠎ᠢ ᠬᠦᠭᠵᠢᠭᠦᠯᠵᠦ᠂ ᠮᠣᠩᠭᠣᠯ ᠡᠮᠨᠡᠯᠭᠡ᠎ᠶᠢᠨ ᠲᠠᠪᠤᠨ ᠵᠠᠰᠠᠯ᠎ᠤᠨ ᠰᠠᠯᠠᠭ᠎ᠠ᠎ᠶᠢ ᠡᠭᠦᠳᠦᠨ ᠡᠷᠭᠢᠯᠡᠵᠦ᠂ ᠦᠢᠯᠡᠳᠦᠯᠭᠡ ᠪᠠ ᠣᠨᠣᠯ᠎ᠤᠨ ᠰᠢᠨ᠎ᠡ᠎ᠡᠭᠦᠳᠦᠯᠳᠡ᠎ᠪᠡᠷ ᠴᠠᠭ ᠦᠶ᠎ᠡ᠎ᠶᠢᠨ ᠰᠡᠳᠦᠪ᠎ᠲᠦ ᠬᠠᠷᠢᠭᠤ ᠥᠭᠴᠦ᠂ ᠮᠣᠩᠭᠣᠯ ᠡᠮ ᠡᠮᠨᠡᠯᠭᠡ᠎ᠶᠢᠨ ᠦᠢᠯᠡᠰ ᠎ᠢ ᠬᠦᠲᠦᠯᠦᠨ ᠲᠠᠭᠠᠭᠤᠯᠵᠦ ᠳᠡᠯᠡᠭᠡᠢ᠎ᠳᠡᠢᠰᠢ ᠵᠠᠮᠨᠠᠭᠤᠯᠵᠠᠢ᠃ ᠲᠡᠷᠡ᠄ 《ᠡᠨᠡ ᠬᠦ᠌ ᠠᠵᠢᠯ ᠲᠦᠷᠦᠯ᠎ᠢ ᠰᠣᠩᠭᠣᠭᠰᠠᠨ ᠨᠢ ᠲᠤᠰ ᠲᠤᠰᠬᠠᠢ ᠮᠡᠷᠭᠡᠵᠢᠯ᠎ᠳᠤ ᠬᠠᠢᠷᠠᠲᠠᠢ ᠪᠠᠢᠳᠠᠭ᠎ᠤᠨ ᠤᠴᠢᠷ ᠶᠤᠮ᠃ ᠡᠪᠡᠳᠴᠢᠲᠡᠨ᠎ᠦ ᠢᠯᠠᠷᠢᠰᠢᠬᠦ᠎ᠶᠢ ᠬᠠᠷᠠᠬᠤ ᠪᠤᠯᠭᠠᠨ ᠪᠢ ᠮᠠᠰᠢ ᠪᠠᠶᠠᠷᠯᠠᠲᠠᠭ》 ᠭᠡᠵᠦ ᠬᠡᠯᠡᠵᠡᠢ᠃

ᠥᠪᠡᠷᠲᠡᠭᠡᠨ ᠵᠠᠰᠠᠬᠤ ᠣᠷᠣᠨ᠎ᠤ ᠰᠢᠯᠢᠳᠡᠭ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠠᠵᠢᠯᠲᠠᠨ ᠲᠠᠩ ᠱᠸ᠋ ᠹᠸᠩ ᠪᠦᠯᠬᠦᠮ ᠳᠠᠭᠠᠭᠤᠯᠤᠨ ᠮᠠᠰᠢᠨ ᠬᠥᠮᠥᠨ᠎ᠦ ᠬᠦᠷᠢᠶᠡᠨ᠎ᠳᠦ ᠠᠯᠢ ᠤᠯᠠᠨ ᠴᠢᠬᠤᠯᠠ ᠠᠩᠬᠠᠨ᠎ᠤ ᠡᠭᠦᠳᠦᠯᠲᠡ᠎ᠶᠢᠨ ᠴᠢᠨᠠᠷᠲᠠᠢ ᠦᠷ᠎ᠡ ᠪᠦᠲᠦᠭᠡᠯ ᠣᠯᠵᠤ᠂ ᠤᠯᠤᠰ᠎ᠤᠨ ᠴᠢᠬᠤᠯᠠ ᠶᠡᠬᠡ ᠪᠠᠢᠯᠳᠤᠬᠤ ᠪᠣᠳᠣᠯᠭ᠎ᠠ᠎ᠶᠢᠨ ᠬᠡᠷᠡᠭᠴᠡᠭᠡ᠎ᠳᠦ ᠦᠢᠯᠡᠴᠢᠯᠡᠭᠰᠡᠨ᠎ᠢᠶᠡᠷ ᠪᠠᠷᠠᠬᠤ ᠦᠭᠡᠢ ᠪᠠᠰᠠ ᠥᠪᠡᠷᠲᠡᠭᠡᠨ ᠵᠠᠰᠠᠬᠤ ᠣᠷᠣᠨ᠎ᠤ ᠠᠵᠤ ᠦᠢᠯᠡᠰ᠎ᠦᠨ ᠬᠡᠯᠪᠡᠷᠢ᠎ᠪᠡᠨ ᠬᠤᠪᠢᠷᠠᠭᠤᠯᠤᠨ ᠲᠡᠰ ᠳᠡᠪᠰᠢᠬᠦ᠎ᠶᠢ ᠢᠳᠡᠪᠬᠢᠲᠡᠢ ᠠᠬᠢᠭᠤᠯᠪᠠ᠃ 《ᠬᠥᠮᠥᠨ ᠎ᠢ ᠬᠥᠮᠥᠵᠢᠭᠦᠯᠵᠦ ᠴᠢᠳᠠᠪᠤᠷᠢᠲᠠᠨ᠎ᠢ ᠬᠥᠮᠥᠵᠢᠭᠦᠯᠬᠦ ᠪᠠ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠰᠢᠨ᠎ᠡ᠎ᠶᠢ ᠡᠭᠦᠳᠬᠦ ᠳᠠᠪᠬᠤᠷ ᠡᠭᠦᠷᠭᠡ᠎ᠶᠢ ᠡᠭᠦᠷᠭᠡᠯᠡᠨ᠂ ᠦᠷᠭᠦᠯᠵᠢᠯᠡᠨ ᠥᠪᠡᠷᠲᠡᠭᠡᠨ ᠵᠠᠰᠠᠬᠤ ᠣᠷᠣᠨ᠎ᠤ ᠲᠣᠨᠣᠭᠯᠠᠯ ᠦᠢᠯᠡᠳᠬᠦ ᠦᠢᠯᠡᠰ᠎ᠦᠨ ᠴᠢᠨᠠᠷ ᠰᠠᠢᠲᠠᠢ ᠬᠥᠭᠵᠢᠯᠲᠡ ᠪᠣᠯᠣᠨ 〈ᠲᠠᠪᠤᠨ ᠶᠡᠬᠡ ᠡᠭᠦᠷᠭᠡ〉 ᠶ᠋ᠢ ᠠᠬᠢᠭᠤᠯᠬᠤ᠎ᠳᠤ ᠤᠶᠤᠨ ᠤᠬᠠᠭᠠᠨ ᠪᠠ ᠬᠦᠴᠦᠨ ᠴᠢᠳᠠᠯ᠎ᠢᠶᠠᠨ ᠡᠷᠭᠦᠨ᠎ᠡ》 ᠬᠡᠵᠦ ᠲᠠᠩ ᠱᠸ᠋ ᠹᠸᠩ ᠬᠡᠯᠡᠪᠡ᠃

ᠥᠷᠭᠡᠨ ᠠᠭᠤᠳᠠᠮ ᠤᠮᠠᠷᠠᠲᠤ ᠬᠢᠯᠢ᠎ᠶᠢᠨ ᠡᠬᠡ ᠭᠠᠵᠠᠷ᠎ᠲᠤ᠂ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠰᠢᠨ᠎ᠡ᠎ᠶᠢ ᠡᠭᠦᠳᠬᠦ ᠪᠤᠤᠬᠢᠶ᠎ᠠ ᠵᠢ ᠦᠶ᠎ᠡ᠎ᠶᠢᠨ ᠦᠶ᠎ᠡ᠎ᠳᠦ ᠲᠠᠮᠵᠢᠭᠤᠯᠤᠨ᠎ᠠ᠃ ᠡᠷᠡᠰ ᠪᠠᠲᠤ ᠪᠠᠷᠢᠮᠲᠠᠯᠠᠯ᠂ ᠪᠣᠭᠣᠮᠲᠠ ᠰᠢᠪᠲᠤᠯᠤᠯᠲᠠ ᠪᠤᠯᠭᠠᠨ ᠨᠢ ᠴᠥᠮ ᠰᠢᠨᠵᠢᠯᠡᠬᠦ ᠤᠬᠠᠭᠠᠨᠲᠠᠳ᠎ᠤᠨ ᠵᠣᠷᠢᠭ᠋ ᠰᠠᠨᠠᠭᠠᠨ᠎ᠤ ᠲᠤᠬᠠᠢ ᠬᠠᠮᠤᠭ᠎ᠤᠨ ᠠᠮᠢᠳᠤᠯᠢᠭ᠋ ᠲᠠᠢᠯᠪᠤᠷᠢᠯᠠᠯᠲᠠ ᠪᠣᠯᠬᠤ ᠶᠤᠮ᠃ ᠪᠦᠬᠦ ᠣᠷᠣᠨ᠎ᠤ 150 ᠲᠦᠮᠡᠨ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ ᠠᠵᠢᠯᠲᠠᠨ ᠬᠦᠰᠡᠯ ᠨᠠᠶ᠋ᠢᠳᠠᠯᠭ᠎ᠠ᠎ᠶᠢ ᠪᠠᠲᠤ ᠴᠡᠭᠡᠵᠢᠯᠡᠵᠦ᠂ ᠡᠭᠦᠷᠭᠡ ᠬᠠᠷᠢᠭᠤᠴᠠᠯᠭ᠎ᠠ᠎ᠪᠠᠨ ᠵᠣᠷᠢᠭ᠍ᠲᠠᠢ᠎ᠪᠠᠷ ᠡᠭᠦᠷᠭᠡᠯᠡᠵᠦ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ ᠢ᠋ ᠪᠠᠲᠦ ᠴᠤᠬᠴᠠᠯᠠᠬᠤ ᠭᠤᠤᠯ ᠰᠢᠵᠢᠮ᠎ᠤᠨ ᠲᠤᠭᠤᠷᠢᠨ᠎ᠳᠤ᠂ ᠥᠪᠡᠷᠲᠡᠭᠡᠨ ᠵᠠᠰᠠᠬᠤ ᠣᠷᠣᠨ᠎ᠤ ᠬᠣᠶᠠᠷ ᠶᠡᠬᠡ ᠶᠠᠪᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠤᠨ᠂ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠦᠨ《ᠪᠦᠰᠡᠯᠡᠯᠲᠡ ᠰᠢᠪᠲᠤᠯᠬᠤ》ᠢᠨᠵᠧᠨᠧᠷᠢᠩ ᠳᠤᠮᠳᠠ ᠥᠨᠳᠥᠷ ᠤᠷᠬᠢᠯ᠎ᠳᠤ ᠵᠣᠷᠢᠭ᠍ᠲᠠᠢ᠎ᠪᠠᠷ ᠠᠪᠠᠷᠢᠵᠤ᠂ ᠭᠣᠣᠯᠯᠠᠭ᠍ᠴᠢ ᠮᠡᠷᠭᠡᠵᠢᠯ᠎ᠦᠨ ᠪᠣᠭᠣᠮᠲᠠ ᠰᠢᠪᠲᠤᠯᠬᠤ ᠳᠤᠮᠳᠠ ᠡᠷᠡᠮᠡᠭᠡᠢᠯᠡᠨ ᠤᠷᠤᠭᠰᠢᠯᠠᠵᠤ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ ᠡᠮᠦᠨ᠎ᠡ ᠹᠷᠣᠨᠲ᠎ᠲᠤ ᠪᠡᠶ᠎ᠡ᠎ᠪᠡᠷ᠎ᠢᠶᠡᠨ ᠦᠢᠯᠡᠳᠦᠯᠭᠡᠵᠢᠭᠦᠯᠵᠦ᠂ ᠰᠢᠨᠵᠢᠯᠡᠬᠦ ᠤᠬᠠᠭᠠᠨ ᠲᠸᠭᠨᠢᠢᠡ᠋ ᠮᠡᠷᠭᠡᠵᠢᠯ᠎ᠢ ᠲᠦᠭᠡᠮᠡᠯᠵᠢᠭᠦᠯᠬᠦ ᠦᠢᠯᠡᠰ᠎ᠦᠨ ᠡᠯ᠎ᠡ ᠲᠠᠯ᠎ᠠ᠎ᠳᠦ ᠭᠡᠷᠡᠯ ᠭᠢᠯᠪᠠᠭ᠎ᠠ᠎ᠪᠠᠨ ᠰᠠᠴᠤᠷᠠᠭᠤᠯᠵᠤ᠂ ᠤᠯᠤᠰ᠎ᠲᠠᠭᠠᠨ ᠵᠢᠳᠬᠦᠵᠦ ᠠᠷᠠᠳ ᠲᠦᠮᠡᠨ᠎ᠦ ᠲᠥᠯᠥᠭᠡ ᠵᠢᠳᠬᠦᠬᠦ ᠢᠷᠠᠭᠤ ᠬᠠᠭᠤᠳᠠᠰᠤ᠎ᠶᠢ ᠪᠢᠴᠢᠭᠯᠡᠵᠦ ᠪᠤᠢ᠃

ᠥᠩᠭᠡᠷᠡᠭᠰᠡᠨ᠎ᠢᠶᠡᠨ ᠡᠷᠭᠢᠴᠡᠭᠦᠯᠬᠦᠶ᠎ᠡ᠂ ᠨᠠᠮ᠎ᠤᠨ ᠲᠥᠪ ᠬᠣᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠥᠪᠥᠷ ᠮᠣᠩᠭᠣᠯ ᠰᠢᠨ᠎ᠡ᠎ᠶᠢ ᠡᠭᠦᠳᠬᠦ᠎ᠪᠡᠷ ᠬᠥᠭᠵᠢᠯᠲᠡ᠎ᠪᠡᠷ ᠬᠥᠳᠡᠯᠭᠡᠭᠦᠷ ᠪᠣᠯᠭᠠᠬᠤ ᠪᠠᠢᠯᠳᠤᠬᠤ ᠪᠣᠳᠣᠯᠭ᠎ᠠ᠎ᠶᠢ ᠪᠥᠬᠥ ᠲᠠᠯ᠎ᠠ᠎ᠪᠠᠷ ᠬᠡᠷᠡᠭᠵᠢᠭᠦᠯᠵᠦ᠂ 《ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠢᠶᠡᠷ ᠥᠪᠥᠷ ᠮᠣᠩᠭᠣᠯ ᠵᠢᠡᠨ ᠮᠠᠨᠳᠤᠭᠤᠯᠬᠤ》 ᠠᠵᠢᠯᠯᠠᠭ᠎ᠠ᠎ᠪᠠᠷ ᠵᠢᠯᠣᠭᠣᠳᠤᠯᠭ᠎ᠠ ᠪᠣᠯᠭᠠᠵᠤ᠂ ᠰᠦ᠎ᠶᠢᠨ ᠦᠢᠯᠡᠰ᠂ ᠡᠪᠡᠰᠦᠨ᠎ᠦ ᠦᠢᠯᠡᠰ᠂ ᠬᠣᠪᠣᠷ ᠰᠢᠷᠣᠢ᠂ ᠡᠨᠧᠷᠭᠢ ᠵᠡᠷᠭᠡ ᠬᠦᠷᠢᠶᠡᠨ᠎ᠳᠡᠬᠢ 《ᠪᠦᠰᠡᠯᠡᠯᠲᠡ ᠰᠢᠪᠲᠤᠯᠬᠤ》ᠢᠨᠵᠧᠨᠧᠷᠢᠩ᠎ᠦᠨ ᠢᠯᠠᠯᠲᠠ᠎ᠶᠢᠨ ᠴᠢᠮᠡᠭᠡ ᠵᠠᠯᠭᠠᠭ᠎ᠠ᠎ᠪᠠᠷ ᠤᠯᠠᠮᠵᠢᠯᠠᠭᠳᠠᠪᠠ᠄ ᠤᠯᠤᠰ᠎ᠤᠨ ᠰᠦ᠎ᠶᠢᠨ ᠦᠢᠯᠡᠰ᠎ᠦᠨ ᠮᠡᠷᠭᠡᠵᠢᠯ᠎ᠦᠨ ᠰᠢᠨ᠎ᠡ᠎ᠶᠢ ᠡᠭᠦᠳᠬᠦ ᠲᠥᠪ᠂ ᠬᠣᠪᠣᠷ ᠰᠢᠷᠣᠢ᠎ᠶᠢᠨ ᠭᠣᠣᠯᠳᠠᠯᠭ᠎ᠠ᠎ᠲᠠᠢ ᠲᠤᠷᠰᠢᠯᠲᠠ᠎ᠶᠢᠨ ᠲᠠᠰᠤᠭ ᠵᠡᠷᠭᠡ ᠴᠢᠬᠤᠯᠠ ᠶᠡᠬᠡ ᠲᠠᠪᠴᠠᠩ᠎ᠤᠨ ᠪᠠᠢᠭᠤᠯᠤᠯᠲᠠ ᠯᠠᠪᠳᠠᠭᠤᠨ᠎ᠢᠶᠠᠷ ᠠᠬᠢᠪᠠ; ᠪᠦᠬᠦ ᠪᠥᠮᠪᠥᠷᠴᠡᠭ᠎ᠦᠨ ᠬᠠᠮᠤᠭ᠎ᠤᠨ ᠶᠡᠬᠡ ᠪᠠᠭᠲᠠᠭᠠᠮᠵᠢᠲᠤ ᠲᠤᠤᠷᠯᠢᠭ ᠪᠦᠳᠦᠴᠡᠳᠦ ᠡᠨᠧᠷᠭᠢ ᠬᠠᠳᠠᠭᠠᠯᠠᠬᠤ ᠦᠯᠢᠭᠡᠷ ᠮᠠᠰᠢᠨ᠎ᠢ ᠠᠮᠵᠢᠯᠲᠠ᠎ᠲᠠᠢ᠎ᠪᠠᠷ ᠠᠵᠢᠯᠯᠠᠭᠤᠯᠪᠠ; ᠪᠥᠬᠥ ᠤᠯᠤᠰ᠎ᠤᠨ ᠠᠩᠬᠠᠳᠠᠭ᠍ᠴᠢ 《ᠨᠡᠭᠦᠷᠡᠰᠦᠲᠥ᠋ᠷᠥᠭᠴᠢ ᠦᠯᠦ ᠭᠠᠳᠠᠭᠰᠢᠯᠠᠭᠤᠯᠬᠤ》 ᠬᠦᠨᠳᠦ ᠬᠡᠯᠪᠡᠷᠢ᠎ᠶᠢᠨ ᠠᠭᠤᠷᠬᠠᠢ᠎ᠶᠢᠨ ᠠᠴᠢᠶᠠᠨ᠎ᠤ ᠮᠠᠰᠢᠨ ᠲᠡᠷᠭᠡ᠂ ᠠᠩᠬᠠᠳᠠᠭ᠍ᠴᠢ ᠨᠡᠭᠦᠷᠡᠰᠦᠨ ᠠᠭᠤᠷᠬᠠᠢ᠎ᠶᠢᠨ 5G ᠣᠶᠤᠨᠳᠦ ᠡᠵᠡᠮᠰᠢᠯ᠎ᠦᠨ ᠦᠵᠦᠭᠦᠷᠯᠢᠭ ᠣᠯᠠᠨ᠎ᠤ ᠡᠮᠦᠨ᠎ᠡ ᠲᠣᠳᠣᠷᠠᠪᠠ; ᠠᠮᠢ ᠠᠬᠤᠢ᠎ᠶᠢᠨ ᠠᠶᠤᠯ ᠲᠦᠭᠰᠢᠭᠦᠷᠢ᠎ᠶᠢ ᠤᠷᠢᠳᠴᠢᠯᠠᠨ ᠰᠡᠷᠡᠮᠵᠢᠯᠡᠭᠦᠯᠬᠦ᠂ ᠳᠠᠩ ᠠᠲ᠋ᠣᠮ᠎ᠤᠨ ᠲᠦᠷᠭᠡᠳᠬᠡᠬᠦᠷ ᠵᠡᠷᠭᠡ ᠰᠠᠭᠤᠷᠢ ᠰᠤᠳᠤᠯᠭᠠᠨ ᠨᠢᠭᠡ ᠪᠦᠯᠦᠭ ᠠᠩᠬᠠᠨ᠎ᠤ ᠡᠭᠦᠳᠦᠯᠲᠡ᠎ᠶᠢᠨ ᠦᠷ᠎ᠡ ᠪᠦᠲᠦᠭᠡᠯ ᠣᠯᠵᠤ᠂ ᠰᠢᠨ᠎ᠡ᠎ᠶᠢ ᠡᠭᠦᠳᠬᠦ᠎ᠪᠡᠷ ᠬᠥᠳᠡᠯᠭᠡᠭᠦᠷ ᠪᠣᠯᠭᠠᠵᠤ ᠴᠢᠨᠠᠷ ᠰᠠᠢᠲᠠᠢ ᠬᠥᠭᠵᠢᠯᠲᠡ᠎ᠶᠢ ᠬᠥᠲᠥᠯᠥᠨ ᠳᠠᠭᠠᠭᠤᠯᠬᠤ ᠲᠠᠯ᠎ᠠ᠎ᠪᠠᠷ ᠰᠢᠨ᠎ᠡ ᠦᠷ᠎ᠡ ᠪᠦᠲᠦᠮᠵᠢ ᠣᠯᠪᠠ᠃ ᠥᠪᠥᠷ ᠮᠣᠩᠭᠣᠯ᠎ᠤᠨ 2024 ᠣᠨ᠎ᠤ ᠣᠷᠣᠨ ᠪᠦᠰᠡ᠎ᠶᠢᠨ ᠰᠢᠨ᠎ᠡ᠎ᠶᠢ ᠡᠭᠦᠳᠬᠦ ᠶᠡᠷᠦᠩᠬᠡᠢᠯᠡᠭᠰᠡᠨ ᠴᠢᠳᠠᠪᠤᠷᠢ ᠪᠦᠬᠦ ᠤᠯᠤᠰ᠎ᠤᠨ ᠨᠡᠷᠡᠰ᠎ᠦᠨ ᠵᠢᠭ᠍ᠰᠠᠭᠠᠯᠲᠠ᠎ᠳᠤ ᠲᠦᠷᠪᠡᠳᠦᠬᠡᠷ ᠨᠡᠷᠡᠰ᠎ᠲᠦ ᠳᠤᠳᠤᠷᠠᠵᠤ᠂ ᠪᠦᠬᠦ ᠨᠡᠢᠭᠡᠮ᠎ᠦᠨ ᠰᠤᠳᠤᠯᠤᠨ ᠨᠡᠭᠡᠭᠡᠬᠦ ᠵᠠᠷᠤᠳᠠᠯ᠎ᠤᠨ ᠣᠷᠣᠭᠤᠯᠤᠯᠲᠠ 228.1 ᠳ᠋ᠦᠩᠰᠢᠭᠤᠷ ᠲᠥᠭᠥᠷᠢᠭ᠎ᠲᠦ ᠬᠦᠷᠴᠦ ᠲᠡᠦᠬᠡ᠎ᠶᠢᠨ ᠰᠢᠨ᠎ᠡ ᠲᠡᠮᠳᠡᠭᠯᠡᠯ᠎ᠢ ᠡᠭᠦᠳᠴᠦ᠂ 2 ᠲᠦᠷᠦᠯ᠎ᠦᠨ ᠦᠷ᠎ᠡ ᠪᠦᠲᠦᠭᠡᠯ ᠨᠢ ᠤᠯᠤᠰ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠲᠠᠪᠰᠢᠯᠳᠠ᠎ᠶᠢᠨ ᠬᠣᠶᠠᠳᠤᠭᠠᠷ ᠳᠡᠰ᠎ᠤᠨ ᠱᠠᠩᠨᠠᠯ᠎ᠢ ᠬᠦᠷᠲᠡᠵᠦ᠂ ᠪᠦᠬᠦ ᠣᠷᠣᠨ᠎ᠤ ᠳᠠᠩᠰᠠᠯᠠᠭᠤᠯᠤᠭᠰᠠᠨ ᠮᠡᠷᠭᠡᠵᠢᠯ᠎ᠦᠨ ᠭᠡᠷ᠎ᠡ᠎ᠶᠢᠨ ᠠᠷᠠᠯᠵᠢᠶ᠎ᠠ ᠪᠦᠲᠦᠭᠰᠡᠨ ᠲᠣᠭ᠎ᠠ ᠠᠩᠬ᠎ᠠ ᠤᠳᠠᠭ᠎ᠠ 80 ᠳ᠋ᠦᠩᠰᠢᠭᠤᠷ ᠲᠥᠭᠥᠷᠢᠭ᠎ᠢ ᠳᠠᠪᠠᠪᠠ ᠁ ᠡᠢᠨ ᠬᠦ᠌ ᠥᠪᠥᠷ ᠮᠣᠩᠭᠣᠯ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠦᠢᠯᠡᠰ ᠲᠡᠦᠬᠡᠲᠦ ᠴᠢᠨᠠᠷᠲᠠᠢ ᠳᠠᠪᠠᠯᠲᠠ᠎ᠶᠢ ᠤᠭᠳᠤᠵᠠᠢ᠃

ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ ᠎ᠶᠢ ᠡᠭᠦᠳᠬᠦ ᠨᠢ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠨᠡᠢᠭᠡᠮᠯᠢᠭ᠎ᠦᠨ ᠵᠣᠬᠢᠶᠠᠨ ᠪᠠᠢᠭᠤᠯᠤᠯᠲᠠ᠎ᠶᠢᠨ ᠬᠥᠭᠥᠷᠭᠡ ᠬᠣᠯᠪᠣᠭᠠᠰᠤ᠎ᠶᠢᠨ ᠦᠢᠯᠡᠳᠦᠯ᠎ᠡᠴᠡ ᠰᠠᠯᠵᠤ ᠴᠢᠳᠠᠬᠤ ᠦᠭᠡᠢ ᠶᠤᠮ᠃ 《ᠢᠨᠲᠧᠷ ᠰᠦᠯᠵᠢᠶ᠎ᠡ + ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠵᠢᠯᠲᠠᠨ》 ᠤ᠋ ᠠᠵᠢᠯᠯᠠᠭ᠎ᠠ᠎ᠶᠢ ᠭᠦᠨᠵᠡᠭᠡᠢ ᠬᠡᠷᠡᠭᠵᠢᠭᠦᠯᠵᠦ᠂ ᠥᠷᠭᠡᠨ ᠣᠯᠠᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠵᠢᠯᠲᠠᠨ᠎ᠳᠤ ᠳᠥᠭᠥᠮ ᠳᠥᠲᠡ ᠦᠢᠯᠡᠴᠢᠯᠡᠭᠡ ᠬᠠᠩᠭᠠᠪᠠ; 《ᠡᠭᠦᠯᠡᠨ ᠳᠡᠭᠡᠷᠡᠬᠢ ᠰᠢᠨᠵᠢᠯᠡᠬᠦ ᠤᠬᠠᠭᠠᠨ᠎ᠢ ᠲᠦᠭᠡᠮᠡᠯᠵᠢᠭᠦᠯᠬᠦ》 ᠵᠡᠷᠭᠡ ᠲᠠᠪᠴᠠᠩ᠎ᠤᠨ ᠦᠢᠯᠡᠳᠦᠯ᠎ᠢ ᠪᠠᠳᠠᠷᠠᠭᠤᠯᠵᠤ᠂ ᠲᠡᠳᠡᠨ᠎ᠦ ᠠᠪᠢᠶᠠᠰ ᠴᠢᠳᠠᠪᠤᠷᠢ᠎ᠪᠠᠨ ᠪᠠᠳᠠᠷᠠᠭᠤᠯᠵᠤ᠂ ᠥᠷᠲᠡᠭ᠎ᠢᠶᠡᠨ ᠪᠡᠶᠡᠯᠡᠭᠦᠯᠬᠦ᠎ᠳᠦ ᠲᠠᠪᠴᠠᠩ ᠪᠠᠢᠭᠤᠯᠵᠤ ᠦᠭᠪᠡ ᠁ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠵᠢᠯᠲᠠᠳ᠎ᠲᠠᠢ ᠬᠠᠷᠢᠯᠴᠠᠬᠤ ᠪᠠ ᠦᠢᠯᠡᠴᠢᠯᠡᠬᠦ ᠴᠢᠳᠠᠪᠤᠷᠢ᠎ᠶᠢ ᠳᠡᠭᠡᠭᠰᠢᠯᠡᠭᠦᠯᠬᠦ᠎ᠶᠢᠨ ᠲᠥᠯᠥᠭᠡ᠂ ᠪᠦᠬᠦ ᠣᠷᠣᠨ᠎ᠤ ᠡᠯ᠎ᠡ ᠱᠠᠲᠤᠨ᠎ᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠨᠡᠢᠭᠡᠮᠯᠢᠭ᠎ᠦᠨ ᠵᠣᠬᠢᠶᠠᠨ ᠪᠠᠢᠭᠤᠯᠤᠯᠲᠠ ᠭᠠᠵᠠᠷ ᠣᠷᠣᠨ᠎ᠤ ᠪᠠᠢᠳᠠᠯ᠎ᠳᠠᠭᠠᠨ ᠲᠣᠬᠢᠷᠠᠭᠤᠯᠤᠨ ᠰᠦᠯᠵᠢᠶᠡᠨ ᠳᠡᠭᠡᠷᠡᠬᠢ ᠪᠠ ᠠᠬᠤᠢ ᠳᠠᠯᠠᠪᠠᠢ ᠵᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠵᠢᠯᠲᠠᠨ᠎ᠤ ᠭᠡᠷ ᠪᠦᠯᠢ ᠵᠢ ᠪᠠᠢᠭᠤᠯᠪᠠ᠃ ᠥᠩᠭᠡᠷᠡᠭᠰᠡᠨ ᠨᠢᠭᠡ ᠵᠢᠯ ᠎ᠳᠦ᠂ ᠮᠠᠨ᠎ᠤ ᠣᠷᠣᠨ᠎ᠤ 4 ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠴᠢᠳᠠᠪᠤᠷᠢᠲᠠᠨ ᠤᠯᠤᠰ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ ᠦᠢᠯᠡᠰ ᠪᠣᠰᠬᠠᠬᠤ ᠳᠠᠭᠠᠭᠤᠯᠤᠭ᠍ᠴᠢ ᠴᠢᠳᠠᠪᠤᠷᠢᠲᠠᠨ᠎ᠤ ᠲᠥᠯᠥᠪᠯᠡᠭᠡ᠎ᠳᠦ ᠰᠣᠩᠭᠣᠭᠳᠠᠵᠤ᠂ 2 ᠬᠥᠮᠥᠨ ᠤᠯᠤᠰ᠎ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠲᠠᠪᠰᠢᠯᠳᠠ᠎ᠶᠢᠨ ᠬᠣᠶᠠᠳᠤᠭᠠᠷ ᠳᠡᠰ᠎ᠤᠨ ᠱᠠᠩᠨᠠᠯ᠎ᠢ ᠬᠦᠷᠲᠡᠵᠦ᠂ 3 ᠬᠥᠮᠥᠨ ᠤᠯᠤᠰ᠎ᠤᠨ ᠭᠣᠣᠯᠳᠠᠯᠭ᠎ᠠ᠎ᠲᠠᠢ ᠴᠢᠳᠠᠪᠤᠷᠢᠲᠠᠨ᠎ᠤ ᠲᠥᠯᠥᠪᠯᠡᠭᠡ᠎ᠳᠦ ᠰᠣᠩᠭᠣᠭᠳᠠᠵᠤ᠂ 2 ᠬᠥᠮᠥᠨ 《ᠴᠠᠩ ᠵᠢᠶᠠᠩ ᠡᠷᠳᠡᠮᠲᠡᠨ》 ᠵᠢᠡᠷ ᠰᠣᠩᠭᠣᠭᠳᠠᠵᠤ᠂ 1 ᠬᠥᠮᠥᠨ ᠤᠯᠤᠰ᠎ᠤᠨ 《ᠭᠠᠷᠮᠠᠭᠠᠢ ᠵᠠᠯᠠᠭᠤ ᠴᠢᠳᠠᠪᠤᠷᠢᠳᠠᠨ》 ᠵᠢᠡᠷ ᠰᠣᠩᠭᠣᠭᠳᠠᠵᠤ᠂ 1 ᠬᠥᠮᠥᠨ ᠳᠤᠮᠳᠠᠳᠤ᠎ᠶᠢᠨ ᠤᠯᠠᠨ ᠤᠯᠤᠰ᠎ᠤᠨ ᠰᠢᠨᠵᠢᠯᠡᠬᠦ ᠤᠬᠠᠭᠠᠨ᠎ᠤ ᠰᠣᠯᠢᠯᠴᠠᠭᠠᠨ᠎ᠤ ᠰᠠᠭᠤᠷᠢ ᠮᠥᠩᠭᠥᠨ᠎ᠦ ᠨᠡᠢᠭᠡᠮᠯᠢᠭ᠎ᠦᠨ 《ᠰᠢᠯᠭᠠᠷᠠᠭᠰᠠᠨ ᠢᠨᠵᠧᠨᠧᠷ》 ᠵᠢᠡᠷ ᠰᠣᠩᠭᠣᠭᠳᠠᠪᠠ᠃

《ᠳᠤᠩᠬᠠᠭ ᠨᠡᠢᠳᠡᠯᠡᠨ ᠮᠠᠩᠯᠠᠢᠯᠠᠭᠴᠢ ᠡᠯᠰᠡᠬᠦ》᠂ 《ᠤᠷᠤᠯᠳᠤᠭᠠᠨ᠎ᠤ ᠳᠦᠷᠢᠮ》 ᠵᠡᠷᠭᠡ ᠪᠡᠷ ᠳᠠᠮᠵᠢᠨ ᠰᠢᠯᠢᠳᠡᠭ ᠴᠢᠳᠠᠪᠤᠷᠢᠲᠠᠨ ᠴᠣᠯᠭᠣᠷᠠᠨ ᠭᠠᠷᠴᠦ᠂ ᠰᠤᠳᠤᠯᠤᠨ ᠨᠡᠭᠡᠭᠡᠬᠦ ᠪᠡᠯᠡ ᠣᠷᠣᠭᠤᠯᠤᠯᠲᠠ᠎ᠶᠢ ᠴᠢᠩᠭᠠᠳᠬᠠᠬᠤ᠂ ᠵᠠᠯᠠᠭᠤ ᠴᠢᠳᠠᠪᠤᠷᠢᠲᠠᠨ᠎ᠢ ᠬᠥᠮᠥᠵᠢᠭᠦᠯᠬᠦ᠎ᠶᠢ ᠲᠦᠷᠭᠡᠳᠬᠡᠬᠦ ᠵᠡᠷᠭᠡ ᠠᠭᠤᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠦᠨ ᠥᠭᠡᠷᠡᠴᠢᠯᠡᠯᠲᠡ᠎ᠶᠢᠨ ᠠᠷᠭ᠎ᠠ ᠬᠡᠮᠵᠢᠶ᠎ᠡ ᠲᠣᠭᠲᠠᠭᠠᠪᠠ ᠁ ᠠᠯᠢ ᠤᠯᠠᠨ ᠠᠷᠭ᠎ᠠ ᠬᠡᠮᠵᠢᠶ᠎ᠡ ᠨᠢ ᠬᠠᠢᠨ ᠰᠦᠪᠡᠭᠴᠢᠯᠡᠬᠦ᠎ᠶᠢ ᠵᠣᠷᠢᠭ᠍ᠵᠢᠭᠤᠯᠬᠤ᠂ ᠢᠯᠠᠭᠳᠠᠯ᠎ᠢ ᠪᠠᠭᠲᠠᠭᠠᠬᠤ ᠰᠠᠢᠨ ᠰᠠᠢᠬᠠᠨ ᠣᠷᠴᠢᠨ ᠲᠣᠭᠣᠷᠢᠨ᠎ᠢ ᠲᠠᠰᠤᠷᠠᠯᠲᠠ ᠦᠭᠡᠢ ᠪᠤᠢ ᠪᠣᠯᠭᠠᠵᠤ᠂ ᠰᠢᠨᠵᠢᠯᠡᠬᠦ ᠤᠬᠠᠭᠠᠨ᠎ᠢ ᠡᠷᠬᠢᠮᠯᠡᠬᠦ᠂ ᠰᠢᠨ᠎ᠡ᠎ᠶᠢ ᠡᠭᠦᠳᠬᠦ᠎ᠶᠢ ᠬᠥᠭᠡᠭᠡᠴᠡᠯᠳᠦᠬᠦ ᠬᠡᠪ ᠰᠤᠷᠲᠠᠯ᠎ᠢ ᠪᠦᠬᠦ ᠨᠡᠢᠭᠡᠮ᠎ᠦᠨ ᠬᠡᠪ ᠵᠠᠩᠰᠢᠯ ᠪᠣᠯᠭᠠᠭᠰᠠᠨ ᠪᠠᠢᠨ᠎ᠠ᠃

ᠰᠢᠨ᠎ᠡ᠎ᠶᠢ ᠡᠭᠦᠳᠬᠦ ᠪᠣᠯ ᠦᠶ᠎ᠡ ᠦᠶ᠎ᠡ᠎ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠵᠢᠯᠲᠠᠳ᠎ᠤᠨ ᠪᠤᠤᠬᠢᠶ᠎ᠠ ᠳᠠᠮᠵᠢᠭᠤᠯᠭ᠎ᠠ᠎ᠶᠢᠨ ᠤᠷᠳᠦ ᠠᠶᠠᠨ ᠪᠣᠯᠣᠨ᠎ᠠ᠃ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠬᠦᠴᠦᠷᠬᠡᠭ ᠤᠯᠤᠰ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠬᠦᠴᠦᠷᠬᠡᠭ ᠣᠷᠣᠨ᠎ᠢ ᠪᠦᠲᠦᠭᠡᠨ ᠪᠠᠶ᠋ᠢᠭᠤᠯᠬᠤ ᠠᠶᠠᠨ ᠵᠠᠮ᠎ᠳᠤ᠂ ᠥᠷᠭᠡᠨ ᠤᠯᠠᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠠᠵᠢᠯᠲᠠᠳ ᠬᠦᠴᠦᠷᠬᠡᠭ ᠶᠡᠬᠡ ᠤᠷᠤᠭᠰᠢᠯᠠᠯᠲᠠ᠎ᠶᠢᠨ ᠲᠣᠭᠲᠠᠯ ᠬᠦᠴᠦᠨ᠎ᠢᠶᠡᠷ ᠳᠠᠪᠠᠯᠭᠠᠨ᠎ᠢ ᠵᠦᠰᠦᠨ ᠵᠠᠮ ᠨᠡᠭᠡᠭᠡᠨ ᠤᠷᠤᠭᠰᠢᠯᠠᠵᠤ᠂ ᠬᠦᠴᠢᠷ᠎ᠢ ᠲᠤᠭᠤᠯᠤᠨ ᠪᠡᠷᠬᠡ᠎ᠶᠢ ᠳᠠᠪᠠᠬᠤ ᠳᠤᠮᠳᠠ ᠠᠮᠵᠢᠯᠲᠠ ᠪᠦᠲᠦᠮᠵᠢ ᠭᠠᠷᠭᠠᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠥᠷᠭᠡᠴᠡ ᠪᠣᠯᠣᠨ ᠭᠦᠨᠴᠡ ᠲᠡᠢᠰᠢ ᠲᠠᠰᠤᠷᠠᠯᠲᠠ ᠦᠭᠡᠢ ᠠᠬᠢᠵᠤ᠂ ᠰᠦᠷᠯᠢᠭ ᠰᠠᠢᠬᠠᠨ ᠤᠮᠠᠷᠠᠲᠤ ᠬᠢᠯᠢ᠎ᠶᠢᠨ ᠰᠢᠨ᠎ᠡ᠎ᠶᠢ ᠡᠭᠦᠳᠬᠦ ᠬᠠᠭᠤᠳᠠᠰᠤ᠎ᠶᠢ ᠪᠢᠴᠢᠭᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号