ᠲᠦᠩᠯᠢᠶᠣᠤ ᠬᠣᠲᠠ ᠵᠢᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠭᠠᠵᠠᠷ᠂ ᠳᠤᠮᠳᠠᠳᠤ ᠤᠯᠤᠰ ᠤ᠋ᠨ ᠲᠠᠷᠢᠶᠠᠯᠠᠩ ᠤ᠋ᠨ ᠱᠢᠨᠵᠢᠯᠡᠬᠦ᠌ ᠤᠬᠠᠭᠠᠨ ᠤ᠋ ᠬᠦᠷᠢᠶᠡᠯᠡᠩ ᠤ᠋ᠨ ᠵᠢᠮᠢᠰ ᠤ᠋ᠨ ᠮᠣᠳᠣ ᠰᠤᠳᠤᠯᠬᠤ ᠭᠠᠵᠠᠷ ᠡᠴᠡ ᠬᠠᠮᠲᠤᠷᠠᠨ ᠰᠤᠳᠤᠯᠤᠨ ᠨᠡᠭᠡᠭᠡᠵᠦ᠍ ᠱᠢᠨ᠎ᠡ ᠶ᠋ᠢ ᠡᠭᠦᠳᠦᠨ ᠪᠠᠢᠭᠤᠯᠤᠭ᠍ᠰᠠᠨ 《ᠨᠠᠷᠢᠯᠢᠭ ᠤᠨᠤᠴᠠᠲᠠᠢ ᠪᠡᠷ ᠲᠡᠭᠦᠵᠦ᠍ ᠬᠤᠷᠢᠶᠠᠬᠤ + ᠣᠶᠤᠨᠴᠢ ᠪᠡᠷ ᠠᠭᠠᠷ ᠲᠤᠬᠢᠷᠠᠭᠤᠯᠬᠤ + ᠠᠮᠢᠳᠤ ᠪᠣᠳᠠᠰ ᠤ᠋ᠨ ᠠᠷᠭ᠎ᠠ ᠪᠡᠷ ᠰᠣᠷᠭᠣᠭ ᠢ᠋ ᠪᠠᠲᠤᠯᠠᠬᠤ》 ᠮᠡᠷᠭᠡᠵᠢᠯ ᠤ᠋ᠨ ᠱᠢᠰᠲ᠋ᠧᠮ ᠣᠢᠷ᠎ᠠ ᠳ᠋ᠤ ᠲᠤᠰᠭᠠᠶ ᠮᠡᠷᠭᠡᠵᠢᠯᠲᠡᠨ ᠤ᠋ ᠬᠢᠨᠠᠨ ᠲᠣᠭ᠍ᠲᠠᠭᠠᠯᠲᠠ ᠶ᠋ᠢ ᠥᠩᠭᠡᠷᠡᠭᠦᠯᠪᠡ᠃ ᠲᠣᠰ ᠮᠡᠷᠭᠡᠵᠢᠯ ᠤ᠋ᠨ ᠱᠢᠰᠲ᠋ᠧᠮ ᠨᠢ ᠣᠯᠠᠨ ᠵᠦᠶ᠋ᠯ ᠤ᠋ᠨ ᠮᠡᠷᠭᠡᠵᠢᠯ ᠤ᠋ᠨ ᠪᠤᠭᠤᠮᠢ ᠶ᠋ᠢ ᠱᠢᠪᠲᠤᠯᠵᠤ᠂ ᠲᠡᠬᠦᠵᠤ ᠬᠠᠳᠠᠭᠠᠯᠠᠭᠰᠠᠨ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠨᠢ ᠠᠮᠠᠷᠬᠠᠨ ᠢᠯᠵᠢᠷᠡᠬᠦ᠌᠂ ᠪᠠᠷᠠᠭᠠᠨ ᠤ᠋ ᠲᠠᠯᠪᠢᠭᠤᠷ ᠲᠦ᠍ ᠲᠠᠯᠬᠡᠵᠤ ᠲᠠᠢᠯᠬᠦ ᠬᠤᠭᠤᠴᠠᠭ᠎ᠠ ᠨᠢ ᠣᠬᠣᠷ ᠵᠡᠷᠬᠡ ᠬᠦᠴᠢᠷᠳᠡᠯ ᠢ᠋ ᠪᠦᠳᠦᠮᠵᠢᠳᠠᠢ ᠱᠢᠶ᠋ᠳᠪᠦᠷᠢᠯᠡᠵᠤ᠂ ᠠᠵᠤ ᠦᠶ᠋ᠯᠡᠰ ᠤ᠋ᠨ ᠬᠥᠭ᠌ᠵᠢᠯᠲᠡ ᠵᠢᠨ ᠪᠣᠭᠣᠮᠢ ᠵᠢᠨ ᠠᠰᠠᠭᠤᠳᠠᠯ ᠢ᠋ ᠰᠢᠢᠳᠪᠦᠷᠢᠯᠡᠪᠡ᠃
ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠪᠤᠯ ᠲᠦᠩᠯᠢᠶᠣᠤ ᠬᠣᠲᠠ ᠵᠢᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠭᠠᠵᠠᠷ ᠤ᠋ᠨ 20 ᠭᠠᠷᠤᠶ ᠵᠢᠯ ᠰᠣᠩᠭᠣᠨ ᠪᠣᠢᠵᠢᠭᠤᠯᠤᠭ᠍ᠰᠠᠨ ᠵᠢᠵᠢᠭ ᠠᠯᠮᠤᠷᠠᠳ ᠤ᠋ᠨ ᠱᠢᠨ᠎ᠡ ᠡᠭᠦᠯᠳᠡᠷ ᠪᠣᠯᠤᠨ᠎ᠠ᠃ ᠲᠣᠰ ᠠᠯᠮᠤᠷᠠᠳ ᠢ᠋ ᠠᠮᠵᠢᠯᠲᠠ ᠲᠠᠶ ᠰᠣᠩᠭᠣᠨ ᠪᠣᠢᠵᠢᠭᠤᠯᠤᠭ᠍ᠰᠠᠨ ᠨᠢ ᠥᠪᠥᠷ ᠮᠣᠩᠭᠣᠯ ᠣᠷᠣᠨ ᠤ᠋ ᠠᠯᠮᠤᠷᠠᠳ ᠤ᠋ᠨ ᠲᠥᠷᠥᠯ ᠵᠦᠶ᠋ᠯ ᠤ᠋ᠨ ᠪᠡᠶ᠎ᠡ ᠪᠡᠨ ᠳᠠᠭᠠᠭᠠᠵᠤ ᠰᠤᠳᠤᠯᠤᠨ ᠨᠡᠭᠡᠭᠡᠬᠦ᠌ ᠬᠦᠷᠢᠶᠡᠨ ᠳ᠋ᠡᠬᠢ ᠬᠣᠭᠣᠰᠣᠨ ᠢ᠋ ᠨᠥᠬᠥᠪᠥᠷᠢᠯᠡᠭ᠌ᠰᠡᠨ ᠵᠢᠡᠷ ᠪᠠᠷᠠᠬᠤ ᠥᠬᠡᠶ᠂ ᠮᠠᠨ ᠤ᠋ ᠤᠯᠤᠰ ᠤ᠋ᠨ ᠤᠮᠠᠷᠠᠲᠤ ᠵᠢᠨ ᠬᠦᠶ᠋ᠲᠡᠨ ᠭᠠᠵᠠᠷ ᠤ᠋ᠨ ᠠᠯᠮᠤᠷᠠᠳ ᠤ᠋ᠨ ᠲᠥᠷᠥᠯ ᠵᠦᠶ᠋ᠯ ᠤ᠋ᠨ ᠡᠬᠢ ᠪᠠᠶᠠᠯᠢᠭ ᠢ᠋ ᠪᠠᠶᠠᠯᠢᠭ᠍ᠵᠢᠭᠤᠯᠵᠤ᠂ ᠣᠲᠣ ᠨᠢᠭᠡᠨᠲᠡ ᠮᠠᠨ ᠤ᠋ ᠤᠯᠤᠰ ᠤ᠋ᠨ ᠤᠮᠠᠷᠠᠲᠤ ᠵᠢᠨ ᠴᠢᠨᠠᠷ ᠰᠠᠢᠲᠠᠶ ᠣᠨᠴᠠᠯᠢᠭ᠍ᠲᠤ ᠠᠯᠮᠤᠷᠠᠳ ᠤ᠋ᠨ ᠰᠠᠭᠤᠷᠢᠨ ᠤ᠋ ᠪᠥᠲᠥᠭᠡᠨ ᠪᠠᠢᠭᠤᠯᠤᠯᠲᠠ ᠵᠢᠨ ᠲᠡᠷᠢᠭᠦᠨ ᠰᠣᠩᠭᠣᠯᠲᠠ ᠵᠢᠨ ᠵᠢᠮᠢᠰ ᠤ᠋ᠨ ᠮᠣᠳᠣᠨ ᠤ᠋ ᠲᠥᠷᠥᠯ ᠪᠣᠯᠵᠠᠶ᠃ 2022 ᠣᠨ ᠳ᠋ᠤ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠣᠯᠠᠨ ᠤᠯᠤᠰ ᠤ᠋ᠨ ᠣᠶ ᠱᠢᠭᠤᠶ ᠵᠢᠨ ᠭᠡᠷᠡᠴᠢᠯᠡᠯ ᠵᠥᠪᠱᠢᠶᠡᠷᠡᠯ ᠤ᠋ᠨ ᠲᠥᠯᠥᠪᠯᠡᠭᠡ PEFC ᠵᠢᠨ ᠢᠯᠡᠳᠭᠡᠮᠵᠢ ᠲᠡᠮᠳᠡᠭ ᠢ᠋ ᠣᠯᠵᠤ᠂ ᠧᠦ᠋ᠷᠣᠫᠠ ᠲᠢᠪ ᠵᠡᠷᠭᠡ ᠤᠯᠤᠰ ᠪᠠ ᠭᠠᠵᠠᠷ ᠣᠷᠣᠨ ᠳ᠋ᠤ ᠪᠣᠷᠣᠯᠠᠭᠤᠯᠬᠤ 《ᠰᠠᠭᠠᠳ ᠥᠬᠡᠶ ᠨᠡᠪᠲᠡᠷᠡᠬᠦ᠌ ᠦᠨᠡᠮᠯᠡᠯ》 ᠲᠠᠢ ᠪᠤᠯᠪᠠ᠃
ᠲᠦᠩᠯᠢᠶᠣᠤ ᠬᠣᠲᠠ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠤ᠋ᠨ ᠮᠤᠳᠤ ᠵᠢᠨ ᠭᠠᠩ ᠳ᠋ᠤ ᠳᠠᠭᠠᠭᠠᠴᠠᠲᠠᠢ᠂ ᠬᠦᠶ᠋ᠲᠡᠨ ᠳ᠋ᠤ ᠲᠡᠰᠪᠦᠷᠢᠲᠡᠶ ᠣᠨᠴᠠᠯᠢᠭ ᠢ᠋ ᠠᠱᠢᠭ᠍ᠯᠠᠨ᠂ ᠬᠣᠷᠴᠢᠨ ᠤ᠋ ᠡᠯᠡᠰᠦᠷᠬᠡᠭ ᠭᠠᠵᠠᠷ ᠢ᠋ ᠵᠠᠰᠠᠬᠤ ᠲᠡᠷᠢᠭᠦᠨ ᠰᠣᠩᠭᠣᠯᠲᠠ ᠵᠢᠨ ᠠᠵᠤ ᠠᠬᠤᠶ ᠵᠢᠨ ᠣᠶ ᠵᠢᠨ ᠲᠥᠷᠥᠯ ᠵᠦᠶ᠋ᠯ ᠪᠣᠯᠭᠠᠵᠤ᠂ ᠥᠩᠭᠡᠷᠡᠭ᠌ᠰᠡᠨ ᠤ᠋ ᠡᠯᠡᠰᠦᠨ ᠭᠠᠵᠠᠷ ᠢ᠋ ᠪᠣᠬᠢᠷᠲᠤᠯ ᠥᠬᠡᠶ ᠵᠢᠮᠢᠰ ᠤ᠋ᠨ ᠬᠦᠷᠢᠶᠡᠯᠡᠩ ᠪᠣᠯᠭᠠᠪᠠ᠃ ᠤᠳᠤ ᠪᠥᠬᠥ᠌ ᠬᠣᠲᠠ ᠵᠢᠨ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠤ᠋ᠨ ᠮᠤᠳᠤ ᠳᠠᠷᠢᠭᠰᠠᠨ ᠲᠠᠯᠠᠪᠠᠶ 30 ᠲᠦᠮᠡᠨ ᠮᠤ᠌ ᠵᠢ ᠲᠠᠪᠠᠵᠤ᠂ ᠬᠡᠰᠡᠭ ᠵᠢᠮᠢᠰ ᠤ᠋ᠨ ᠬᠦᠷᠢᠶᠡᠯᠡᠩ ᠨᠢᠭᠡᠨᠲᠡ ᠬᠤᠷᠢᠶᠠᠯᠲᠠ ᠵᠢᠨ ᠬᠤᠭᠤᠴᠠᠭᠠᠨ ᠳ᠋ᠤ ᠣᠷᠣᠪᠠ᠃ ᠪᠦᠷᠢᠨ ᠪᠤᠰᠤ ᠪᠦᠷᠢᠳᠭᠡᠯ ᠢ᠋ ᠦᠨᠳᠦᠰᠦᠯᠡᠪᠡᠯ᠂ 2024 ᠣᠨ ᠳ᠋ᠤ ᠪᠥᠬᠥ᠌ ᠬᠣᠲᠠ ᠵᠢᠨ ᠱᠢᠨ᠎ᠡ ᠰᠣᠷᠭᠣᠭ ᠵᠢᠮᠢᠰ ᠤ᠋ᠨ ᠭᠠᠷᠤᠯᠲᠠ 1.4 ᠳ᠋ᠦᠩᠱᠢᠭᠤᠷ ᠵᠢᠩ ᠳ᠋ᠤ ᠬᠦᠷᠴᠦ᠍᠂ ᠵᠢᠮᠢᠰ ᠤ᠋ᠨ ᠮᠤᠳᠤ ᠲᠠᠷᠢᠭᠰᠠᠳ ᠤ᠋ᠨ ᠪᠣᠷᠣᠯᠠᠭᠤᠯᠭ᠎ᠠ ᠵᠢᠨ ᠣᠷᠣᠯᠭ᠎ᠠ 4.2 ᠳ᠋ᠦᠩᠱᠢᠭᠤᠷ ᠲᠥᠭᠥᠷᠢᠭ ᠲᠤ᠌ ᠬᠦᠷᠦᠭᠰᠡᠨ ᠪᠠᠢᠨ᠎ᠠ᠃ ᠵᠢᠮᠢᠰ ᠤ᠋ᠨ ᠪᠦᠳᠦᠬᠡᠭᠳᠡᠬᠦᠨ ᠵᠢᠡᠨ ᠭᠤᠸᠠᠩᠵᠧᠦ᠂ ᠱᠧᠨᠵᠧᠨ᠂ ᠱᠠᠩᠬᠠᠶ᠂ ᠪᠡᠭᠡᠵᠢᠩ ᠵᠡᠷᠭᠡ ᠲᠤᠮᠤ ᠳᠤᠮᠳᠠ ᠬᠣᠲᠠ ᠳ᠋ᠤ ᠪᠣᠷᠣᠯᠠᠭᠤᠯᠵᠤ ᠪᠠᠢᠬᠤ ᠪᠡᠷ ᠪᠠᠷᠠᠬᠤ ᠦᠭᠡᠶ᠂ ᠣᠢᠷ᠎ᠠ ᠵᠢᠨ ᠵᠢᠯ ᠳ᠋ᠤ ᠵᠢᠯ ᠪᠦᠷᠢ ᠮᠢᠩᠭᠠᠨ ᠲᠦᠮᠡᠨ ᠵᠢᠩ ᠣᠷᠴᠢᠮ ᠵᠢᠮᠢᠰ ᠤ᠋ᠨ ᠪᠦᠳᠦᠬᠡᠭᠳᠡᠬᠦᠨ ᠵᠢᠡᠨ ᠵᠡᠭᠦᠨ ᠡᠮᠦᠨᠡᠲᠦ ᠠᠽᠢᠶ᠎ᠠ ᠵᠡᠷᠭᠡ ᠭᠠᠵᠠᠷ ᠣᠷᠣᠨ ᠳ᠋ᠤ ᠭᠠᠷᠭᠠᠵᠤ ᠪᠤᠢ᠃ ᠡᠢᠮᠤᠷᠬᠦᠤ ᠠᠮᠢ ᠠᠬᠤᠶ ᠪᠠ ᠠᠵᠤ ᠠᠬᠤᠶ ᠵᠢᠨ ᠦᠷ᠎ᠡ ᠠᠱᠢᠭ ᠤ᠋ᠨ ᠬᠤᠤᠰ ᠳᠠᠪᠠᠭᠤᠯᠢᠭ ᠨᠢ ᠱᠢᠨᠵᠢᠶᠠᠩ ᠵᠡᠷᠭᠡ ᠤᠯᠠᠨ ᠭᠠᠵᠠᠷ ᠤ᠋ᠨ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠢ᠋ ᠲᠤᠷᠱᠢᠨ ᠳᠠᠷᠢᠬᠤ ᠵᠢ ᠲᠠᠢᠴᠢᠯᠠᠵᠤ᠂ ᠪᠥᠬᠥ᠌ ᠤᠯᠤᠰ ᠲᠦ᠍ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠢ᠋ ᠲᠠᠷᠢᠭᠰᠠᠨ ᠲᠠᠯᠠᠪᠠᠶ ᠪᠠᠷᠤᠭ ᠵᠠᠭᠤᠨ ᠲᠦᠮᠡᠨ ᠮᠤ᠌ ᠳ᠋ᠤ ᠬᠦᠷᠴᠡᠶ᠃
ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠣᠯᠠᠨ ᠤ᠋ ᠬᠦᠷᠢᠶᠡᠯᠡᠯ ᠢ᠋ ᠣᠯᠤᠭ᠍ᠰᠠᠨ ᠪᠤᠯᠪᠠᠴᠦ ᠲᠠᠬᠦᠵᠤ ᠬᠤᠷᠢᠶᠠᠭᠰᠠᠨ ᠤ᠋ ᠳᠠᠷᠠᠭ᠎ᠠ ᠱᠢᠨ᠎ᠡ ᠰᠣᠷᠭᠣᠭ ᠢ᠋ ᠪᠠᠲᠤᠯᠠᠬᠤ ᠮᠡᠷᠭᠡᠵᠢᠯ ᠤ᠋ᠨ ᠲᠠᠯ᠎ᠠ ᠪᠡᠷ ᠬᠢ ᠱᠠᠭᠠᠷᠳᠠᠯᠭ᠎ᠠ ᠨᠢ ᠮᠠᠰᠢ ᠥᠨᠳᠥᠷ ᠪᠤᠯᠬᠤᠷ ᠲᠠᠬᠦᠵᠤ ᠬᠠᠳᠠᠭᠠᠯᠠᠭᠰᠠᠨ ᠠᠯᠮᠤᠷᠠᠳ ᠤ᠋ᠨ ᠶᠠᠰᠤ ᠴᠢᠨᠠᠷ ᠨᠢ ᠬᠦᠨᠳᠦ ᠨᠣᠴᠢᠲᠠᠶ ᠪᠠᠭᠤᠷᠠᠬᠤ᠂ ᠹᠢᠽᠢᠣᠯᠣᠭᠢ ᠵᠢᠨ ᠡᠪᠡᠳᠴᠢᠨ ᠤ᠋ ᠬᠥᠨᠥᠭᠡᠯ ᠣᠯᠠᠨ ᠡᠭᠦᠰᠭᠦ᠂ ᠢᠯᠵᠢᠷᠡᠵᠦ᠍ ᠬᠣᠬᠢᠷᠠᠬᠤ ᠨᠣᠷᠮ᠎ᠠ ᠪᠡᠷ ᠥᠨᠳᠥᠷ᠂ ᠪᠠᠷᠠᠭᠠᠨ ᠤ᠋ ᠲᠠᠯᠪᠢᠭᠤᠷ ᠲᠦ᠍ ᠲᠠᠯᠬᠡᠵᠤ ᠲᠠᠢᠯᠬᠦ ᠬᠤᠭᠤᠴᠠᠭ᠎ᠠ ᠨᠢ ᠣᠬᠣᠷ ᠵᠡᠷᠭᠡ ᠠᠰᠠᠭᠤᠳᠠᠯ ᠳ᠋ᠤ ᠲᠤᠯᠭᠠᠷᠠᠪᠠ᠃
ᠬᠠᠮᠢᠶ᠎ᠠ ᠪᠦᠬᠦᠢ ᠰᠤᠳᠤᠯᠭᠠᠳᠠᠨ ᠪᠠ ᠠᠵᠢᠯᠳᠠᠳ ᠳᠠᠬᠢᠨ ᠳᠠᠪᠲᠠᠨ ᠲᠤᠷᠱᠢᠯᠲᠠ ᠬᠢᠭ᠌ᠰᠡᠨ ᠰᠠᠭᠤᠷᠢᠨ ᠳᠡᠭᠡᠷ᠎ᠡ 《ᠨᠠᠷᠢᠯᠢᠭ ᠤᠨᠤᠴᠠᠲᠠᠢ ᠪᠡᠷ ᠲᠡᠭᠦᠵᠤ ᠬᠤᠷᠢᠶᠠᠬᠤ + ᠣᠶᠤᠨᠴᠢ ᠪᠡᠷ ᠠᠭᠠᠷ ᠲᠤᠬᠢᠷᠠᠭᠤᠯᠬᠤ + ᠠᠮᠢᠳᠤ ᠪᠣᠳᠠᠰ ᠤ᠋ᠨ ᠠᠷᠭ᠎ᠠ ᠪᠡᠷ ᠰᠣᠷᠭᠣᠭ ᠢ᠋ ᠪᠠᠲᠤᠯᠠᠬᠤ》 ᠮᠡᠷᠭᠡᠵᠢᠯ ᠤ᠋ᠨ ᠱᠢᠰᠲ᠋ᠧᠮ ᠳ᠋ᠤ ᠲᠦᠰᠢᠭᠯᠡᠨ᠂ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠢ᠋ ᠣᠷᠳᠣ ᠬᠤᠭᠤᠴᠠᠭ᠎ᠠ ᠪᠡᠷ ᠬᠠᠳᠠᠭᠠᠯᠠᠬᠤ ᠪᠠ ᠠᠯᠤᠰ ᠲᠦ᠍ ᠲᠡᠭᠡᠭᠡᠪᠦᠷᠢᠯᠡᠬᠦ᠌ ᠬᠠᠮᠤᠭ ᠤ᠋ᠨ ᠲᠣᠬᠢᠷᠠᠮᠵᠢᠲᠠᠶ ᠲᠡᠭᠦᠬᠦ᠌ ᠪᠠᠷᠢᠮᠵᠢᠶ᠎ᠠ ᠶ᠋ᠢ ᠳᠤᠷᠠᠳᠤᠨ ᠭᠠᠷᠭᠠᠪᠠ; ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠢ᠋ ᠲᠡᠭᠦᠵᠤ ᠬᠤᠷᠢᠶᠠᠭᠰᠠᠨ ᠤ᠋ ᠳᠠᠷᠠᠭᠠᠬᠢ ᠹᠢᠽᠢᠣᠯᠣᠭᠢ ᠵᠢᠨ ᠣᠨᠴᠠᠯᠢᠭ ᠢ᠋ ᠦᠨᠳᠦᠰᠦᠯᠡᠨ᠂ ᠬᠠᠳᠠᠭᠠᠯᠠᠬᠤ ᠳᠤᠯᠠᠭᠠᠨ ᠤ᠋ ᠬᠡᠮᠵᠢᠶ᠎ᠡ᠂ ᠴᠢᠭᠢᠭ ᠤ᠋ᠨ ᠬᠡᠮᠵᠢᠶ᠎ᠡ ᠪᠠ ᠠᠭᠠᠷ ᠤ᠋ᠨ ᠪᠠᠢᠳᠠᠯ ᠵᠡᠷᠬᠡ ᠵᠢ ᠨᠠᠷᠢᠯᠢᠭ ᠣᠨᠣᠴᠠᠲᠠᠶ ᠡᠵᠡᠮᠳᠡᠬᠦ ᠪᠡᠷ ᠳᠠᠮᠵᠢᠨ ᠬᠠᠮᠤᠭ ᠤ᠋ᠨ ᠲᠣᠬᠢᠷᠠᠮᠵᠢᠲᠠᠶ ᠠᠭᠠᠷ ᠤ᠋ᠨ ᠣᠷᠴᠢᠨ ᠲᠣᠭᠣᠷᠢᠨ ᠤ᠋ ᠪᠣᠯᠵᠣᠯᠲᠤ ᠲᠣᠭ᠎ᠠ ᠶ᠋ᠢ ᠲᠣᠭ᠍ᠲᠠᠭᠠᠵᠤ᠂ ᠬᠠᠳᠠᠭᠠᠯᠠᠬᠤ ᠴᠠᠭ ᠢ᠋ ᠤᠷᠲᠤᠳᠭᠠᠬᠤ ᠬᠠᠷᠠᠯᠲᠠ ᠳ᠋ᠤ ᠬᠦᠷᠴᠠᠢ᠃ ᠡᠭᠦᠨ ᠤ᠋ ᠬᠠᠮᠲᠤ ᠠᠮᠢᠳᠤ ᠪᠣᠳᠠᠰ ᠤ᠋ᠨ ᠮᠡᠷᠭᠡᠵᠢᠯ ᠤ᠋ᠨ ᠠᠷᠭ᠎ᠠ ᠪᠠᠷᠢᠯ ᠵᠢᠡᠷ ᠳᠠᠮᠵᠢᠨ ᠲᠡᠭᠦᠵᠤ ᠬᠤᠷᠢᠶᠠᠭᠰᠠᠨ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠤ᠋ᠨ ᠢᠯᠵᠢᠷᠡᠵᠦ᠍ ᠬᠣᠬᠢᠷᠠᠬᠤ ᠶ᠋ᠢ ᠬᠣᠷᠢᠭ᠍ᠯᠠᠵᠤ᠂ ᠵᠢᠮᠢᠰ ᠤ᠋ᠨ ᠶᠠᠰᠤ ᠴᠢᠨᠠᠷ ᠢ᠋ ᠪᠠᠲᠤᠯᠠᠬᠤ ᠵᠢᠨ ᠬᠠᠮᠲᠤ ᠪᠠᠷᠠᠭᠠᠨ ᠤ᠋ ᠲᠠᠯᠪᠢᠭᠤᠷ ᠲᠦ᠍ ᠲᠠᠯᠬᠡᠵᠤ ᠪᠤᠯᠬᠤ ᠬᠤᠭᠤᠴᠠᠭ᠎ᠠ ᠶ᠋ᠢ ᠤᠷᠳᠤᠳᠬᠠᠪᠠ᠃ ᠬᠢᠨᠠᠨ ᠲᠣᠭ᠍ᠲᠠᠭᠠᠵᠤ ᠰᠢᠯᠭᠠᠨ ᠲᠣᠭ᠍ᠲᠠᠭᠠᠬᠤ ᠬᠤᠷᠠᠯ ᠳᠡᠭᠡᠷ᠎ᠡ᠂ ᠤᠯᠤᠰ ᠤ᠋ᠨ ᠳᠣᠲᠣᠭᠠᠳᠤ ᠵᠢᠨ ᠬᠣᠯᠪᠣᠭ᠍ᠳᠠᠯ ᠪᠦᠬᠦᠢ ᠬᠦᠷᠢᠶᠡᠨ ᠤ᠋ ᠡᠷᠬᠡ ᠰᠦᠷᠲᠦ ᠲᠤᠰᠭᠠᠢ ᠮᠡᠷᠭᠡᠵᠢᠯᠲᠡᠳ ᠡᠴᠡ ᠲᠤᠰ ᠦᠷ᠎ᠡ ᠪᠦᠲᠦᠭᠡᠯ ᠨᠢ ᠤᠯᠤᠰ ᠤ᠋ᠨ ᠳᠣᠲᠣᠭᠠᠳᠤ ᠵᠢᠨ ᠲᠡᠷᠢᠭᠦᠨ ᠤ᠋ ᠲᠦᠪᠱᠢᠨ ᠳ᠋ᠤ ᠬᠦᠷᠴᠡᠢ ᠭᠡᠵᠦ᠍ ᠰᠠᠨᠠᠯ ᠨᠢᠭᠡᠲᠡᠢ ᠦᠵᠡᠵᠡᠬᠡᠵᠠᠢ᠃
《ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠬᠦᠴᠤᠨ ᠳ᠋ᠤ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠢ᠋ ᠬᠠᠳᠠᠭᠠᠯᠠᠬᠤ ᠦᠷ᠎ᠡ ᠪᠦᠲᠦᠮᠵᠢ ᠢᠯᠡᠳᠲᠡ ᠳᠡᠭᠡᠭ᠌ᠰᠢᠯᠡᠪᠡ᠃ ᠲᠤᠷᠱᠢᠯᠲᠠ ᠵᠢᠨ ᠲᠣᠭ᠎ᠠ ᠪᠠᠷᠢᠮᠲᠠ ᠳ᠋ᠤ ᠢᠯᠡᠷᠡᠭᠦᠯᠦᠭ᠌ᠰᠡᠨ ᠵᠢᠡᠷ᠂ ᠲᠣᠰ ᠮᠡᠷᠭᠡᠵᠢᠯ ᠢ᠋ ᠬᠡᠷᠡᠭ᠌ᠯᠡᠭ᠌ᠰᠡᠨ ᠤ᠋ ᠳᠠᠷᠠᠭ᠎ᠠ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠤ᠋ᠨ ᠬᠠᠳᠠᠭᠠᠯᠠᠯᠳᠠ ᠵᠢᠨ ᠬᠤᠭᠤᠴᠠᠭ᠎ᠠ ᠶ᠋ᠢ ᠤᠤᠯ ᠤ᠋ᠨ 45 ᠡᠳᠦᠷ ᠪᠠᠢᠭ᠍ᠰᠠᠨ ᠡᠴᠡ 120 ᠡᠳᠦᠷ ᠣᠷᠴᠢᠮ ᠪᠣᠯᠭᠠᠨ ᠤᠷᠲᠤᠳᠭᠠᠵᠤ᠂ ᠢᠯᠵᠢᠷᠡᠵᠦ᠍ ᠰᠦᠶ᠋ᠳᠬᠦ᠌ ᠨᠣᠷᠮ᠎ᠠ ᠶ᠋ᠢ ᠤᠤᠯ ᠤ᠋ᠨ 40% ᠪᠠᠢᠭ᠍ᠰᠠᠨ ᠡᠴᠡ 5% ᠡᠴᠡ ᠳᠣᠷᠣᠭ᠍ᠰᠢ ᠪᠣᠯᠭᠠᠨ ᠪᠠᠭᠤᠷᠠᠭᠤᠯᠪᠠ᠃ ᠡᠭᠦᠨ ᠤ᠋ ᠬᠠᠮᠲᠤ ᠵᠢᠮᠢᠰ ᠤ᠋ᠨ ᠬᠠᠲᠠᠭᠤᠴᠠ᠂ ᠱᠢᠬᠢᠷ ᠬᠦᠴᠢᠯ ᠤ᠋ᠨ ᠬᠠᠷᠢᠴᠠᠯ ᠵᠡᠷᠭᠡ ᠵᠠᠩᠭᠢᠯᠠᠭ᠎ᠠ ᠵᠢᠨ ᠶᠠᠰᠤ ᠴᠢᠨᠠᠷ ᠤ᠋ᠨ ᠭᠦᠶ᠋ᠴᠡᠳᠭᠡᠯ ᠲᠣᠭ᠎ᠠ ᠶ᠋ᠢ ᠴᠤ᠌ ᠪᠦᠳᠦᠮᠵᠢᠳᠡᠢ ᠪᠠᠲᠤᠯᠠᠵᠤ᠂ ᠵᠢᠮᠢᠰ ᠤ᠋ᠨ ᠪᠦᠳᠦᠬᠡᠭᠳᠡᠬᠦᠨ ᠤ᠋ ᠺᠢᠯᠣᠭ᠌ᠷᠠᠮ ᠪᠦᠷᠢ ᠵᠢᠨ ᠳᠤᠮᠳᠠᠴᠢ ᠥᠷᠲᠡᠭ ᠢ᠋ 2 ᠲᠥᠭᠥᠷᠢᠭ ᠨᠡᠮᠡᠭ᠌ᠳᠡᠬᠦᠯᠪᠡ》 ᠭᠡᠵᠦ᠍ ᠲᠦᠩᠯᠢᠶᠣᠤ ᠬᠣᠲᠠ ᠵᠢᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠭᠠᠵᠠᠷ ᠤ᠋ᠨ ᠳᠡᠳ᠋ ᠳᠠᠷᠤᠭ᠎ᠠ ᠸᠠᠩ ᠪᠦᠦ ᠱᠢᠶᠠ ᠬᠡᠯᠡᠨ᠎ᠠ᠃ ᠤᠳᠤ ᠡᠨᠡ ᠬᠦ᠌ ᠱᠢᠨ᠎ᠡ ᠶ᠋ᠢ ᠡᠬᠦᠳᠦᠭᠰᠡᠨ ᠮᠡᠷᠭᠡᠵᠢᠯ ᠢ᠋ ᠲᠦᠩᠯᠢᠶᠣᠤ ᠬᠣᠲᠠ ᠵᠢᠨ ᠭᠤᠤᠯ ᠭᠠᠷᠤᠯᠲᠠ ᠵᠢᠨ ᠣᠷᠣᠨ ᠳ᠋ᠤ ᠵᠢᠱ᠌ᠢᠶ᠎ᠡ ᠦᠵᠡᠭᠦᠯᠦᠨ ᠳᠡᠯᠭᠡᠷᠡᠭᠦᠯᠵᠤ᠂ ᠢᠯᠡᠳᠲᠡ ᠠᠵᠤ ᠠᠬᠤᠶ ᠪᠠ ᠨᠡᠢᠭᠡᠮ ᠤ᠋ᠨ ᠦᠷ᠎ᠡ ᠠᠱᠢᠭ ᠤᠯᠪᠠ᠃
《ᠡᠨᠡ ᠵᠢᠯ ᠲᠦᠩᠯᠢᠶᠣᠤ ᠬᠣᠲᠠ ᠵᠢᠨ ᠪᠣᠭᠣᠮᠲᠠ ᠵᠢᠨ ᠭᠠᠳᠠᠨᠠᠬᠢ ᠤᠯᠠᠭᠠᠨ ᠠᠯᠮᠤᠷᠠᠳ ᠤ᠋ᠨ ᠭᠠᠷᠤᠯᠳᠠ ᠵᠢᠱ᠌ᠢᠯᠲᠡ ᠪᠡᠷ 4 ᠳ᠋ᠦᠩᠱᠢᠭᠤᠷ ᠵᠢᠩ ᠳ᠋ᠤ ᠬᠦᠷᠬᠦ ᠪᠣᠯᠤᠨ᠎ᠠ᠃ 〈ᠨᠠᠷᠢᠯᠢᠭ ᠤᠨᠤᠴᠠᠲᠠᠢ ᠪᠡᠷ ᠲᠡᠭᠦᠵᠦ᠍ ᠬᠤᠷᠢᠶᠠᠬᠤ + ᠣᠶᠤᠨᠴᠢ ᠪᠡᠷ ᠠᠭᠠᠷ ᠲᠤᠬᠢᠷᠠᠭᠤᠯᠬᠤ + ᠠᠮᠢᠳᠤ ᠪᠣᠳᠠᠰ ᠤ᠋ᠨ ᠠᠷᠭ᠎ᠠ ᠪᠡᠷ ᠰᠣᠷᠭᠣᠭ ᠢ᠋ ᠪᠠᠲᠤᠯᠠᠬᠤ〉 ᠮᠡᠷᠭᠡᠵᠢᠯ ᠤ᠋ᠨ ᠦᠷ᠎ᠡ ᠪᠦᠲᠦᠭᠡᠯ ᠢ᠋ ᠳᠡᠯᠭᠡᠷᠡᠭᠦᠯᠦᠨ ᠬᠡᠷᠡᠭ᠌ᠯᠡᠬᠦ᠌ ᠶ᠋ᠢ ᠲᠦᠷᠭᠡᠳᠭᠡᠬᠦ᠌ ᠨᠢ ᠵᠢᠮᠢᠰ ᠤ᠋ᠨ ᠮᠤᠳᠤ ᠲᠠᠷᠢᠭᠰᠠᠳ ᠲᠦ᠍ ᠰᠢᠭᠤᠳ ᠠᠰᠢᠭ ᠬᠦᠷᠳᠡᠬᠡᠬᠦ ᠪᠡᠷ ᠪᠠᠷᠠᠬᠤ ᠥᠬᠡᠶ ᠪᠠᠰᠠ ᠣᠶ ᠱᠢᠭᠤᠶ ᠵᠢᠮᠢᠰ ᠤ᠋ᠨ ᠠᠵᠤ ᠦᠶ᠋ᠯᠡᠰ ᠤ᠋ᠨ ᠬᠥᠭ᠌ᠵᠢᠯᠲᠡ ᠶ᠋ᠢ ᠠᠬᠢᠭᠤᠯᠵᠤ᠂ ᠤᠷᠤᠨ ᠨᠤᠳᠤᠭ ᠤ᠋ᠨ ᠠᠵᠤ ᠠᠬᠤᠶ ᠵᠢᠨ ᠬᠥᠭ᠌ᠵᠢᠯᠲᠡ ᠶ᠋ᠢ ᠳᠠᠢᠴᠢᠯᠠᠬᠤ ᠳ᠋ᠤ ᠬᠦᠴᠦᠷᠬᠡᠭ ᠶᠡᠬᠡ ᠬᠥᠳᠡᠯᠭᠡᠬᠦ᠌ ᠬᠦᠴᠤᠨ ᠨᠡᠮᠡᠷᠢᠯᠡᠬᠦ᠌ ᠪᠣᠯᠤᠨ᠎ᠠ》 ᠭᠡᠵᠤ ᠸᠠᠩ ᠪᠦᠦ ᠱᠢᠶᠠ ᠬᠡᠯᠡᠪᠠ᠃