ᠳ᠋ᠤᠸᠠᠨ ᠱᠧᠩ ᠄ ᠮᠠᠩᠬᠠᠨ ᠠᠭᠤᠯᠠᠨ ᠳ᠋ᠤ ᠬᠠᠯᠠᠭᠤᠨ ᠴᠢᠰᠤ᠎ᠪᠠᠨ ᠤᠷᠤᠰᠭᠠᠨ ᠶᠠᠫᠣᠨ᠎ᠢ ᠡᠰᠡᠷᠭᠦᠴᠡᠭᠰᠡᠨ ᠠᠷᠤᠤᠬᠠᠨ ᠪᠠᠭᠠᠲᠤᠷ
2025-08-13 09:59:40
ᠵᠣᠬᠢᠶᠠᠭ᠍ᠴᠢ᠄
ᠬᠤᠸᠠᠩ ᠹᠦ᠋ ᠮᠧᠶ ᠱᠢᠶᠠᠨ ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

ᠳᠣᠯᠣᠭᠠᠨ ᠰᠠᠷ᠎ᠠ᠎ᠶ᠋ᠢᠨ ᠮᠠᠩᠬᠠᠨ ᠠᠭᠤᠯᠠ ᠰᠦᠷᠯᠢᠭ ᠰᠠᠢᠬᠠᠨ᠂ ᠠᠭᠤᠯᠠ ᠬᠠᠳᠠ ᠦᠷᠭᠦᠯᠵᠢᠯᠡᠵᠦ᠂ ᠠᠪᠤᠷᠭᠤ ᠯᠤᠤ ᠡᠬᠡ ᠭᠠᠵᠠᠷ ᠳᠡᠭᠡᠷ᠎ᠡ ᠬᠥᠨᠳᠡᠯᠢᠰᠴᠦ᠍ ᠪᠠᠢᠭ᠎ᠠ ᠮᠡᠳᠦ ᠬᠠᠷᠠᠭᠳᠠᠨ᠎ᠠ᠃ ᠢᠭ᠍ᠴᠤ ᠰᠠᠬᠤᠯᠢᠭ ᠣᠢ ᠱᠢᠭᠤᠶ ᠠᠭᠤᠯᠠ᠎ᠶ᠋ᠢ ᠪᠦᠷᠬᠦᠵᠦ᠍᠂ ᠶᠠᠭ ᠯᠠ ᠨᠣᠭᠣᠭᠠᠨ ᠥᠩᠭᠡᠲᠦ ᠬᠡᠦᠬᠡᠳ᠎ᠦᠨ ᠲᠤᠮᠤᠭ᠎ᠦᠨ ᠶᠢᠷᠲᠢᠨᠴᠦ᠍ ᠮᠡᠳᠦ ᠪᠠᠢᠪᠠ᠃

ᠡᠨᠡ ᠬᠡᠰᠡᠭ ᠭᠠᠵᠠᠷ ᠨᠤᠲᠤᠭ ᠠᠮᠤᠷ ᠲᠠᠢᠪᠤᠩ ᠪᠤᠯᠤᠭᠰᠠᠨ ᠨᠢ ᠲᠦᠭ ᠲᠦᠮᠡᠨ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠰᠠᠬᠢᠨ ᠬᠠᠮᠠᠭᠠᠯᠠᠯᠲᠠ᠎ᠡᠴᠡ ᠰᠠᠯᠵᠤ ᠴᠢᠳᠠᠬᠤ ᠦᠭᠡᠢ᠃

ᠮᠠᠩᠬᠠᠨ ᠠᠭᠤᠯᠠ ᠪᠣᠯ ᠮᠤᠨᠠ ᠠᠭᠤᠯᠠ ᠨᠢᠷᠤᠭᠤ᠎ᠶ᠋ᠢᠨ ᠳᠠᠯᠠᠨ ᠬᠠᠷ᠎ᠠ ᠠᠭᠤᠯᠠ᠎ᠶ᠋ᠢᠨ ᠡᠮᠦᠨ᠎ᠡ ᠰᠠᠯᠪᠦᠷᠢ ᠬᠡᠰᠡᠭ ᠪᠠᠢᠵᠤ᠂ ᠳᠠᠯᠠᠶ᠎ᠶ᠋ᠢᠨ ᠲᠦᠪᠱᠢᠨ᠎ᠡᠴᠡ ᠥᠨᠳᠥᠷ ᠡᠷᠭᠦᠭ᠌ᠳᠡᠵᠦ᠍᠂ ᠤᠷᠭᠤᠮᠠᠯ᠎ᠤᠨ ᠬᠤᠴᠢᠯᠭ᠎ᠠ ᠢᠭ᠍ᠴᠤ ᠰᠠᠬᠤᠯᠢᠭ᠂ ᠭᠠᠵᠠᠷ᠎ᠤᠨ ᠪᠠᠢᠴᠠ ᠪᠤᠳᠤᠯᠢᠶᠠᠨᠲᠠᠶ ᠪᠠᠢᠵᠤ᠂ ᠶᠠᠫᠣᠨ᠎ᠢ ᠡᠰᠡᠷᠭᠦᠴᠡᠬᠦ  ᠳᠠᠢᠨ᠎ᠦ ᠦᠶ᠎ᠡ᠎ᠳᠦ ᠨᠠᠢ᠍ᠮᠠᠳᠤᠭᠠᠷ ᠵᠠᠮ᠎ᠤᠨ ᠴᠡᠷᠢᠭ᠎ᠦᠨ ᠳᠠᠯᠠᠨ ᠬᠠᠷ᠎ᠠ ᠠᠭᠤᠯᠠ᠎ᠶ᠋ᠢᠨ ᠰᠠᠯᠪᠤᠷᠢ ᠠᠩᠭᠢ᠎ᠶ᠋ᠢᠨ ᠭᠣᠣᠯ ᠠᠵᠢᠯᠯᠠᠭᠠᠨ᠎ᠤ ᠭᠠᠵᠠᠷ᠎ᠤᠨ ᠨᠢᠭᠡ ᠪᠣᠯᠤᠭ᠍ᠰᠠᠨ ᠪᠠᠢᠨ᠎ᠠ᠃ ᠡᠬᠡ ᠣᠷᠣᠨ᠎ᠢᠶᠠᠨ ᠬᠠᠮᠠᠭᠠᠯᠠᠵᠤ᠂ ᠶᠠᠫᠣᠨ᠎ᠤ ᠲᠦᠷᠢᠮᠡᠬᠡᠢᠯᠡᠭ᠌ᠴᠢᠳ᠎ᠢ ᠡᠰᠡᠷᠭᠦᠴᠡᠬᠦ᠌᠎ᠶ᠋ᠢᠨ ᠲᠥᠯᠥᠭᠡ᠂ ᠲᠦᠭ ᠲᠦᠮᠡᠨ ᠬᠤᠪᠢᠰᠭᠠᠯᠲᠤ ᠪᠠᠢᠯᠳᠤᠭ᠍ᠴᠢ ᠡᠨᠳᠡ ᠠᠮᠢ ᠪᠡᠶ᠎ᠡ ᠪᠡᠨ ᠵᠤᠷᠢᠭᠤᠯᠵᠤ ᠠᠷᠢᠭᠤᠨ ᠴᠢᠰᠤ᠎ᠪᠠᠨ ᠤᠷᠤᠰᠭᠠᠵᠤ᠂ ᠴᠢᠨᠠᠭ᠍ᠰᠢᠯᠠᠪᠠᠯ ᠵᠠᠷᠢᠮ ᠨᠢ ᠡᠷᠬᠢᠮ ᠨᠠᠨᠳᠢᠨ ᠠᠮᠢ ᠨᠠᠰᠤ᠎ᠪᠠᠨ ᠦᠷᠡᠭ᠌ᠳᠡᠭᠦᠯᠦᠭ᠌ᠰᠡᠨ ᠶᠤᠮ᠃ ᠳ᠋ᠤᠸᠠᠨ ᠱᠧᠩ ᠪᠣᠯ ᠲᠡᠳᠡᠨ᠎ᠦ ᠲᠤᠮᠳᠠᠬᠢ ᠨᠢᠭᠡ ᠭᠡᠱᠢᠭᠦᠨ ᠪᠤᠯᠤᠨ᠎ᠠ᠃

7 ᠰᠠᠷ᠎ᠠ᠎ᠶ᠋ᠢᠨ 29 ᠎ᠤ᠋ ᠡᠳᠦᠷ᠂ ᠰᠤᠷᠪᠤᠯᠵᠢᠯᠠᠭ᠍ᠴᠢ ᠤᠯᠠᠭᠠᠨᠴᠠᠪ ᠬᠤᠳᠠ᠎ᠶ᠋ᠢᠨ ᠯᠢᠶᠠᠩᠴᠧᠩ ᠱᠢᠶᠠᠨ᠎ᠤ ᠾᠧ ᠯᠦᠩ᠎ᠤᠨ ᠬᠤᠪᠢᠰᠭᠠᠯ᠎ᠤᠨ ᠠᠵᠢᠯᠯᠠᠭ᠎ᠠ᠎ᠶ᠋ᠢᠨ ᠬᠠᠭᠤᠴᠢᠨ ᠪᠠᠭᠤᠷᠢ᠎ᠶ᠋ᠢᠨ ᠦᠵᠡᠭᠦᠯᠭᠡ᠎ᠶ᠋ᠢᠨ ᠣᠷᠳᠣᠨ᠎ᠳᠤ ᠦᠷᠡᠭ᠌ᠳᠡᠭ᠌ᠰᠡᠨ ᠪᠠᠭᠠᠲᠤᠷᠴᠤᠳ᠎ᠤᠨ ᠨᠡᠷᠡᠰ᠎ᠦᠨ ᠵᠢᠭ᠍ᠰᠠᠭᠠᠯᠲᠠ᠎ᠶ᠋ᠢᠨ ᠬᠡᠷᠡᠮ ᠪᠠᠢᠬᠤ᠎ᠶ᠋ᠢ ᠣᠯᠵᠤ ᠬᠠᠷᠠᠪᠠ᠂ ᠬᠡᠷᠡᠮ᠎ᠦᠨ ᠳᠡᠭᠡᠷ᠎ᠡ ᠲᠠᠯ᠎ᠠ᠎ᠳᠤ 《ᠠᠷᠢᠭᠤᠨ ᠴᠢᠰᠤ ᠪᠠᠭᠠᠲᠤᠷ ᠨᠡᠷ᠎ᠡ》 ᠭᠡᠬᠦ᠌ ᠦᠰᠦᠭ ᠰᠡᠢᠯᠵᠦ᠍᠂ ᠳᠣᠣᠷ᠎ᠠ ᠨᠢ 《ᠯᠢᠶᠠᠩᠴᠧᠩ ᠱᠢᠶᠠᠨ᠎ᠤ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠨᠡᠷ᠎ᠡ》 ᠭᠡᠬᠦ᠌ ᠦᠰᠦᠭ ᠰᠡᠢᠯᠵᠦ᠍᠂ ᠳᠣᠣᠷ᠎ᠠ ᠨᠢ ᠶᠠᠫᠣᠨ᠎ᠢ ᠡᠰᠡᠷᠭᠦᠴᠡᠬᠦ ᠲᠠᠢ᠌ᠨ ᠪᠣᠯᠤᠨ ᠴᠢᠯᠥᠭᠡᠯᠡᠬᠦ᠌ ᠲᠠᠢ᠌ᠨ᠎ᠦ ᠳᠤᠮᠳᠠ ᠪᠠᠭᠠᠲᠤᠷᠯᠢᠭ᠎ᠢᠶᠠᠷ ᠪᠡᠶ᠎ᠡ ᠦᠷᠡᠭ᠌ᠳᠡᠭ᠌ᠰᠡᠨ 100 ᠭᠠᠷᠤᠢ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷ᠎ᠤᠨ ᠨᠡᠷ᠎ᠡ᠎ᠶᠢ ᠰᠡᠢᠯᠦᠭᠰᠡᠨ ᠪᠠᠢᠳᠠᠭ᠃ ᠡᠳᠡᠭᠡᠷ ᠨᠡᠷ᠎ᠡ ᠨᠤᠭᠦᠳ ᠤ᠋ᠨ ᠲᠤᠳᠤᠷ᠎ᠠ ᠦᠷᠡᠭ᠌ᠳᠡᠭ᠌ᠰᠡᠨ ᠪᠠᠭᠠᠲᠤᠷ ᠳ᠋ᠤᠸᠠᠨ ᠱᠸᠩ ᠤ᠋ᠨ ᠨᠡᠷ᠎ᠡ ᠪᠤᠢ᠃

ᠲᠡᠦᠬᠡᠨ ᠲᠡᠮᠳᠡᠭ᠌ᠯᠡᠯ᠎ᠢ ᠦᠨᠳᠦᠰᠦᠯᠡᠪᠡᠯ᠄  ᠳ᠋ᠤᠸᠠᠨ ᠱᠧᠩ᠎ᠢ᠋ ᠪᠠᠰᠠ ᠳ᠋ᠤᠸᠠᠨ ᠰᠠᠨ ᠶᠢᠤ ᠭᠡᠳᠡᠭ᠂ 1899 ᠣᠨ᠎ᠳᠤ ᠯᠢᠶᠠᠩᠴᠧᠩ ᠱᠢᠶᠠᠨ᠎ᠤ ᠮᠠᠩᠬᠠᠨ᠎ᠠᠭᠤᠯᠠ ᠵᠢᠨ ᠡᠩᠭᠡᠷ ᠲᠡᠬᠢ ᠵᠠᠭᠤ ᠨᠠᠰᠤ ᠭᠠᠴᠠᠭᠠᠨ᠎ᠤ ᠨᠢᠭᠡᠨ ᠶᠠᠳᠠᠭᠤ ᠬᠦᠴᠢᠷᠳᠡᠯᠳᠡᠢ ᠲᠠᠷᠢᠶᠠᠴᠢᠨ᠎ᠤ ᠭᠡᠷ ᠪᠦᠯᠢ᠎ᠳᠦ ᠳᠦᠷᠦᠵᠡᠶ᠂ ᠲᠡᠭᠦᠨ᠎ᠦ ᠵᠠᠩ ᠠᠭᠠᠰᠢ ᠨᠢ ᠠᠰᠪᠤᠷᠢ ᠱᠢᠯᠤᠭᠤᠨ᠂ ᠡᠷᠬᠢᠮ ᠵᠢᠷᠤᠮᠳᠠᠨ ᠤ᠋ ᠰᠤᠷᠲᠠᠯ᠎ᠲᠠᠶ᠃ ᠮᠠᠩᠬᠠᠨ ᠠᠭᠤᠯᠠᠨ ᠣᠷᠣᠨ  ᠳᠡᠭᠡᠷᠡᠮ ᠤ᠋ᠨ ᠬᠦᠨᠳᠦ ᠨᠣᠴᠢᠲᠠᠶ ᠬᠥᠨᠥᠭᠡᠯ᠎ᠳᠦ ᠤᠴᠠᠷᠠᠬᠤ ᠳ᠋ᠤ᠂ ᠳ᠋ᠤᠸᠠᠨ ᠱᠧᠩ ᠬᠡᠳᠦᠨ ᠬᠥᠮᠦᠨ᠎ᠲᠡᠶ ᠠᠬ᠎ᠠ ᠲᠡᠭᠦᠦ ᠪᠠᠷᠢᠯᠳᠤᠨ ᠲᠣᠰᠭᠣᠨ᠎ᠢᠶᠡᠨ ᠬᠠᠮᠠᠭᠠᠯᠠᠪᠠ᠃ ᠮᠠᠩᠬᠠᠨ ᠠᠭᠤᠯᠠ ᠣᠷᠣᠨ᠎ᠳᠤ ᠬᠡᠭᠡᠷ᠎ᠡ᠎ᠶ᠋ᠢᠨ ᠠᠮᠢᠲᠠᠨ ᠣᠯᠠᠨ᠂ ᠠᠩᠴᠢᠨ ᠪᠠᠰᠠ ᠣᠯᠠᠨ᠂ ᠲᠡᠷᠡ ᠪᠣᠯ ᠠᠩᠴᠢᠳ᠎ᠤᠨ ᠳᠣᠲᠣᠷᠠᠬᠢ ᠮᠡᠷᠭᠡᠨ ᠬᠠᠷᠪᠤᠭᠠᠴᠢ ᠪᠠᠢᠯ᠎ᠠ᠃

1938 ᠣᠨ᠎ᠤ ᠨᠠᠮᠤᠷ᠂ ᠨᠠᠢ᠍ᠮᠠᠳᠤᠭᠠᠷ ᠵᠠᠮ᠎ᠤᠨ ᠴᠡᠷᠢᠭ᠎ᠦᠨ 120 ᠳ᠋ᠤᠭᠠᠷ ᠳ᠋ᠢᠸᠢᠽᠢ᠎ᠶ᠋ᠢᠨ ᠳᠠᠯᠠᠨ ᠬᠠᠷ᠎ᠠ ᠠᠭᠤᠯᠠᠨ᠎ᠤ ᠰᠠᠯᠪᠤᠷᠢ ᠠᠩᠭᠢ ᠱᠲ᠋ᠠᠪ᠎ᠤᠨ ᠳᠠᠷᠤᠭ᠎ᠠ ᠶᠣᠣ ᠵᠸ᠎ᠶ᠋ᠢᠨ ᠵᠢᠯᠤᠭᠤᠳᠤᠯᠭ᠎ᠠ ᠳᠣᠣᠷ᠎ᠠ᠂ ᠮᠠᠩᠬᠠᠨ ᠠᠭᠤᠯᠠ ᠣᠷᠣᠨ᠎ᠤ᠎ᠲᠠᠢᠪᠤᠩ ᠴᠠᠢᠵᠠ᠂ ᠴᠠᠭᠠᠨ ᠰᠠᠬᠠᠯᠳᠤ ᠳ᠋ᠦ᠍ ᠶᠠᠫᠣᠨ ᠴᠡᠷᠢᠭ ᠬᠠᠭᠤᠷᠮᠠᠭ ᠴᠡᠷᠢᠭ᠎ᠲᠡᠶ ᠪᠠᠢᠯᠳᠤᠭ᠍ᠰᠠᠨ᠎ᠤ ᠳᠠᠷᠠᠭ᠎ᠠ᠂ ᠵᠡᠭᠦᠨ ᠠᠷᠪᠠᠳᠤᠭᠠᠷ᠂ ᠶᠦᠩ ᠴᠢᠩ ᠯᠦᠩ ᠣᠷᠴᠢᠮ᠎ᠢᠶᠠᠷ ᠳᠠᠮᠵᠢᠨ ᠰᠠᠨᠴᠢᠩ᠂ ᠵᠠᠭᠤ ᠨᠠᠰᠤ᠎ᠳᠤ ᠣᠷᠣᠪᠠ᠃ ᠳ᠋ᠤᠸᠠᠨ ᠱᠧᠩ ᠨᠠᠶ᠋ᠮᠠᠳᠤᠭᠠᠷ ᠵᠠᠮ᠎ᠤᠨ ᠴᠡᠷᠢᠭ᠎ᠲᠡᠶ ᠠᠩᠬ᠎ᠠ ᠠᠭᠤᠯᠵᠠᠵᠤ᠂ ᠨᠠᠶ᠋ᠮᠠᠳᠤᠭᠠᠷ ᠵᠠᠮ᠎ᠤᠨ ᠴᠡᠷᠢᠭ ᠲᠡᠶ ᠫᠢᠩ ᠵᠠᠶ᠎ᠳᠤ ᠶᠠᠫᠣᠨ ᠴᠡᠷᠢᠭ ᠬᠠᠭᠤᠷᠮᠠᠭ ᠴᠡᠷᠢᠭ᠎ᠲᠡᠶ ᠪᠠᠢᠯᠳᠤᠭᠰᠠᠨ ᠢ᠋ ᠰᠣᠨᠣᠰᠤᠭᠠᠳ ᠶᠡᠬᠡ ᠪᠢᠱᠢᠷᠡᠵᠡᠶ᠃ ᠳᠠᠯᠠᠨ ᠬᠠᠷ᠎ᠠ ᠠᠭᠤᠯᠠ᠎ᠶ᠋ᠢᠨ ᠮᠣᠷᠢᠲᠤ ᠴᠡᠷᠢᠭ᠎ᠦᠨ ᠰᠠᠯᠪᠤᠷᠢ ᠠᠩᠭᠢ᠎ᠶ᠋ᠢᠨ ᠨᠢᠭᠡᠳᠦᠭᠡᠷ ᠪᠠᠲ᠋ᠯᠢᠶᠣᠨ᠎ᠤ ᠽᠸᠦ ᠹᠸᠩ ᠱᠠᠨ᠎ᠤ ᠴᠡᠷᠢᠭ ᠠᠩᠭᠢ ᠮᠠᠩᠬᠠᠨ ᠠᠭᠤᠯᠠ ᠣᠷᠣᠨ᠎ᠳᠤ ᠳᠡᠭᠡᠷᠡᠮ᠎ᠢ ᠤᠰᠠᠳᠭᠠᠵᠤ᠂ ᠥᠷᠭᠡᠨ ᠣᠯᠠᠨ ᠠᠷᠠᠳ ᠲᠦᠮᠡᠨ᠎ᠦ ᠬᠦᠰᠡᠯ ᠡᠷᠡᠮᠡᠯᠵᠡᠯ᠎ᠳᠦ ᠨᠡᠢᠴᠡᠪᠡ᠂ ᠲᠡᠭᠡᠭᠡᠳ ᠳ᠋ᠤᠸᠠᠨ ᠱᠸᠩ ᠵᠣᠷᠢᠭ ᠱᠢᠭᠤᠳᠴᠤ᠌ ᠨᠠᠶ᠋ᠮᠠᠳᠤᠭᠠᠷ ᠵᠠᠮ᠎ᠤᠨ ᠴᠡᠷᠢᠭ᠎ᠲᠦ ᠣᠷᠣᠯᠴᠠᠵᠤ᠂ ᠶᠠᠫᠣᠨ ᠴᠡᠷᠢᠭ ᠬᠠᠭᠤᠷᠮᠠᠭ ᠴᠡᠷᠢᠭ ᠪᠣᠯᠤᠨ ᠳᠡᠭᠡᠷᠡᠮ᠎ᠳᠦ ᠴᠣᠬᠢᠯᠲᠠ ᠥᠭ᠌ᠬᠦ᠎ᠪᠡᠷ ᠪᠣᠯᠵᠠᠶ᠃ 1939 ᠣᠨ᠎ᠤ ᠴᠠᠭᠠᠨ ᠰᠠᠷ᠎ᠠ ᠰᠠᠶᠢᠬᠠᠨ ᠥᠩᠭᠡᠷᠡᠮᠡᠭ᠌ᠴᠡ᠂ ᠳᠤᠮᠳᠠᠳᠤ ᠤᠯᠤᠰ᠎ᠤᠨ ᠡᠪ ᠬᠠᠮᠲᠤ ᠨᠠᠮ ᠮᠠᠩᠬᠠᠨ ᠠᠭᠤᠯᠠᠨ᠎ᠳᠤ ᠶᠠᠫᠣᠨ᠎ᠢ ᠡᠰᠡᠷᠭᠦᠴᠡᠬᠦ᠌ ᠫᠠᠷᠲ᠋ᠢᠽᠠᠨ᠎ᠤ ᠰᠠᠭᠤᠷᠢᠨ ᠭᠠᠵᠠᠷ᠎ᠢ ᠪᠠᠢᠭᠤᠯᠵᠤ᠂ ᠡᠯ᠎ᠡ ᠵᠦᠢᠯ᠎ᠦᠨ ᠶᠠᠫᠣᠨ᠎ᠢ ᠡᠰᠡᠷᠭᠦᠴᠡᠬᠦ᠌ ᠵᠣᠬᠢᠶᠠᠨ ᠪᠠᠢᠭᠤᠯᠤᠯᠲᠠ᠎ᠶ᠋ᠢ ᠪᠠᠢᠭᠤᠯᠵᠤ᠂ ᠳ᠋ᠤᠸᠠᠨ ᠱᠧᠩ ᠵᠠᠯᠠᠭᠤᠴᠤᠳ᠎ᠤᠨ ᠤᠯᠤᠰ᠎ᠢᠶᠠᠨ ᠠᠪᠤᠷᠠᠬᠤ ᠡᠪᠯᠡᠯ᠎ᠳᠦ ᠣᠷᠣᠯᠴᠠᠵᠤ᠂ ᠢᠳᠡᠪᠬᠢᠲᠡᠨ ᠪᠣᠯᠪᠠ᠃ 1940 ᠣᠨ᠎ᠤ 5 ᠰᠠᠷ᠎ᠠ᠎ᠳᠤ᠂ ᠲᠡᠷᠡ ᠢᠷᠠᠭᠤ ᠠᠯᠳᠠᠷᠲᠠᠢ᠎ᠪᠠᠷ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠪᠠ᠃

1940 ᠣᠨ᠎ᠳᠤ᠂ ᠱᠢᠤᠢ ᠵᠧᠨ ᠬᠤ᠌ (ᠥᠭᠡᠷ᠎ᠡ ᠨᠡᠷ᠎ᠡ ᠨᠢ ᠯᠢᠦ ᠯᠸ ᠯᠦ᠍) ᠱᠠᠨ ᠰᠢ᠎ᠶ᠋ᠢᠨ ᠪᠠᠷᠠᠭᠤᠨ ᠬᠣᠢᠲᠤ ᠬᠡᠰᠡᠭ᠎ᠡᠴᠡ ᠮᠠᠨᠭᠬᠠᠨ ᠠᠭᠤᠯᠠᠨ᠎ᠳᠤ ᠢᠷᠡᠵᠦ᠍᠂ ᠨᠠᠮ᠎ᠤᠨ ᠵᠣᠬᠢᠶᠠᠨ ᠪᠠᠢᠭᠤᠯᠤᠯᠲᠠ᠎ᠶ᠋ᠢ ᠬᠥᠭ᠌ᠵᠢᠭᠦᠯᠵᠦ᠍᠂ ᠶᠠᠫᠣᠨ᠎ᠢ ᠡᠰᠡᠷᠭᠦᠴᠡᠬᠦ ᠫᠠᠷᠲ᠋ᠢᠽᠠᠨ ᠠᠩᠬᠢ᠎ᠶ᠋ᠢ ᠪᠠᠢᠭᠤᠯᠵᠤ᠂ ᠳ᠋ᠤᠸᠠᠨ ᠱᠧᠩ ᠮᠠᠰᠢ ᠲᠦᠷᠭᠡᠨ᠎ᠢᠶᠡᠷ ᠱᠢᠤᠢ ᠵᠧᠨ ᠬᠤ᠌ ᠲᠠᠢ ᠬᠠᠷᠢᠯᠴᠠᠪᠠ᠃ ᠱᠢᠦᠢ ᠵᠧᠨ ᠬᠤ᠌ ᠱᠢᠶᠤᠤ ᠳ᠋ᠦᠩ ᠭᠸᠤ ᠣᠷᠴᠢᠮ᠎ᠢᠶᠠᠷ ᠠᠵᠢᠯᠯᠠᠭ᠎ᠠ ᠬᠢᠵᠦ᠍᠂ ᠳ᠋ᠤᠸᠠᠨ ᠱᠧᠩ ᠱᠢᠦᠢ ᠵᠧᠨ ᠬᠤ᠌᠎ᠶᠢ ᠢᠳᠡᠪᠬᠢᠲᠡᠶ ᠬᠠᠪᠰᠤᠷᠤᠨ ᠫᠠᠷᠲ᠋ᠢᠽᠠᠨ ᠠᠩᠭᠢ᠎ᠶ᠋ᠢ ᠨᠢ ᠬᠥᠭ᠌ᠵᠢᠭᠦᠯᠪᠡ᠃ ᠬᠠᠩᠰᠢ᠎ᠶ᠋ᠢᠨ ᠡᠳᠦᠷ᠂ ᠳ᠋ᠤᠸᠠᠨ ᠱᠧᠩ ᠪᠣᠯᠤᠨ ᠱᠢᠤᠢ ᠵᠧᠨ ᠬᠤ᠌  ᠵᠡᠷᠭᠡ ᠬᠥᠮᠦᠰ ᠱᠢᠶᠤᠤ ᠳ᠋ᠦᠩ ᠭᠸᠦ ᠳ᠋ᠦ᠍ ᠬᠠᠭᠤᠷᠮᠠᠭ ᠴᠠᠭ᠍ᠳᠠᠭ᠎ᠠ᠎ᠶ᠋ᠢᠨ 4 ᠫᠤᠤ᠂ 8 ᠤᠭᠤᠲᠠ ᠰᠤᠮᠤ᠎ᠶᠢ ᠣᠯᠵᠠᠯᠠᠵᠤ᠂ ᠭᠦᠢ ᠯᠢᠶᠠᠩ᠎ᠤᠨ ᠨᠢᠭᠡᠳᠦᠭᠡᠷ ᠲᠣᠭᠣᠷᠢᠭ᠎ᠤᠨ ᠫᠠᠷᠲ᠋ᠢᠽᠠᠨ ᠠᠩᠭᠢ ᠡᠭᠦᠨ᠎ᠡᠴᠡ ᠪᠤᠢ ᠪᠣᠯᠪᠠ᠃ ᠱᠢᠦᠢ ᠵᠧᠨ ᠬᠤ᠌ ᠠᠩᠭᠢ᠎ᠶ᠋ᠢᠨ ᠳᠠᠷᠤᠭ᠎ᠠ ᠪᠣᠯᠵᠤ᠂ ᠳ᠋ᠤᠸᠠᠨ ᠱᠧᠩ ᠵᠢᠭᠠᠨ ᠵᠢᠯᠣᠭᠣᠳᠣᠭ᠍ᠴᠢ ᠪᠣᠯᠵᠠᠶ᠃ 1940 ᠣᠨ᠎ᠤ ᠨᠠᠮᠤᠷ᠂ ᠳ᠋ᠤᠸᠠᠨ ᠱᠸᠩ ᠫᠢᠩ ᠴᠤᠸᠠᠨ᠎ᠤ ᠫᠠᠷᠲ᠋ᠢᠽᠠᠨ ᠠᠩᠬᠢ᠎ᠶ᠋ᠢᠨ ᠳᠠᠷᠤᠭ᠎ᠠ᠎ᠶ᠋ᠢᠨ ᠲᠤᠱᠢᠶᠠᠯ᠎ᠢ ᠬᠠᠷᠢᠭᠤᠴᠠᠵᠤ᠂ ᠾᠧᠦ ᠱᠠᠨ ᠠᠭᠤᠯᠠ ᠪᠡᠷ ᠲᠥᠪ ᠪᠣᠯᠭᠠᠵᠤ᠂ ᠲᠠᠯᠠᠨ ᠬᠠᠷ᠎ᠠ ᠠᠭᠤᠯᠠ᠎ᠶ᠋ᠢᠨ ᠶᠠᠫᠣᠨ᠎ᠢ ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ ᠪᠣᠯᠤᠨ ᠱᠠᠨ ᠰᠢ᠎ᠶ᠋ᠢᠨ ᠪᠠᠷᠠᠭᠤᠨ ᠬᠣᠢᠲᠤ ᠬᠡᠰᠡᠭ᠎ᠦᠨ ᠵᠠᠮ ᠬᠠᠷᠢᠯᠴᠠᠭᠠᠨ᠎ᠤ ᠱᠤᠭᠤᠮ᠎ᠢ ᠨᠡᠪᠲᠡᠷᠡᠭᠦᠯᠪᠡ᠃

ᠳ᠋ᠤᠸᠠᠡ ᠱᠧᠩ ᠫᠠᠷᠲ᠋ᠢᠽᠠᠨ ᠠᠩᠭᠢ᠎ᠪᠠᠨ ᠳᠠᠭᠠᠭᠤᠯᠤᠨ ᠬᠠᠭᠤᠷᠮᠠᠭ ᠱᠢᠶᠠᠩ᠎ᠤᠨ ᠠᠯᠪᠠᠨ ᠭᠠᠵᠠᠷ᠎ᠢ ᠳᠠᠭᠠᠷᠢᠵᠤ᠂ ᠬᠠᠭᠤᠷᠮᠠᠭ ᠵᠠᠰᠠᠭ᠎ᠲᠤ ᠴᠣᠬᠢᠯᠲᠠ ᠥᠭ᠌ᠪᠡ᠃ ᠲᠡᠷᠡ ᠬᠢᠲᠠᠳ᠎ᠤᠨ ᠵᠠᠯᠢᠬᠠᠢ ᠯᠢ ᠡᠯ᠎ᠢ ᠳᠠᠷᠤᠩᠭᠤᠢᠯᠠᠵᠤ᠂ ᠬᠠᠭᠤᠷᠮᠠᠭ ᠴᠡᠷᠢᠭ᠎ᠢ ᠴᠤᠬᠢᠨ ᠰᠦᠷᠳᠡᠭᠦᠯᠵᠦ᠍᠂ ᠪᠸᠢᠢᠫᠢᠩ ᠰᠦᠢᠶᠤᠸᠠᠨ᠎ᠤ ᠲᠡᠮᠤᠷ ᠵᠠᠮ᠎ᠢ 3 ᠤᠳᠠᠭ᠎ᠠ ᠡᠪᠳᠡᠵᠦ᠍᠂ ᠨᠢᠭᠡ ᠤᠳᠠᠭᠠᠨ᠎ᠤ ᠠᠵᠢᠯᠯᠠᠭ᠎ᠠ᠎ᠳᠤ 20 ᠭᠠᠷᠤᠢ ᠭᠠᠵᠠᠷ᠎ᠤᠨ ᠴᠠᠬᠢᠯᠭᠠᠨ ᠤᠲᠠᠰᠤ᠎ᠶ᠋ᠢ ᠡᠪᠳᠡᠵᠦ᠍᠂ 170 ᠭᠠᠷᠤᠢ ᠴᠠᠬᠢᠯᠭᠠᠨ ᠪᠠᠭᠠᠨ᠎ᠠ᠎ᠶ᠋ᠢ ᠡᠪᠳᠡᠭ᠌ᠰᠡᠨ ᠪᠠᠢᠨ᠎ᠠ᠃ ᠲᠡᠷᠡ ᠮᠠᠨᠭᠬᠠᠨ ᠠᠭᠤᠯᠠᠨ᠎ᠤ ᠶᠠᠫᠣᠨ᠎ᠢ ᠡᠰᠡᠷᠭᠦᠴᠡᠬᠦ ᠫᠠᠷᠲ᠋ᠢᠽᠠᠨ ᠰᠠᠭᠤᠷᠢᠨ ᠭᠠᠵᠠᠷ᠎ᠢ ᠬᠥᠭ᠌ᠵᠢᠭᠦᠯᠬᠦ᠌᠎ᠳᠦ ᠴᠢᠬᠤᠯᠠ ᠶᠡᠬᠡ ᠬᠤᠪᠢ ᠨᠡᠮᠡᠷᠢ ᠦᠵᠡᠭᠦᠯᠪᠡ᠃

1941 ᠣᠨ᠎ᠤ 12 ᠰᠠᠷ᠎ᠠ᠎ᠶ᠋ᠢᠨ 20 ᠎ᠤ᠋ ᠡᠳᠦᠷ᠂ ᠬᠦᠢ ᠯᠢᠶᠠᠩ ᠱᠢᠶᠠᠨ᠎ᠤ ᠡᠮᠦᠨ᠎ᠡ ᠳᠥᠷᠪᠡᠳᠦᠭᠡᠷ ᠲᠣᠭᠣᠷᠢᠭ᠎ᠤᠨ ᠫᠠᠷᠲ᠋ᠢᠽᠠᠨ ᠠᠩᠬᠢ᠎ᠶ᠋ᠢᠨ ᠳᠠᠷᠤᠭ᠎ᠠ ᠳ᠋ᠤᠸᠠᠨ ᠱᠧᠩ ᠫᠠᠷᠲ᠋ᠢᠽᠠᠨ ᠠᠩᠬᠢ᠎ᠪᠠᠨ ᠳᠠᠭᠠᠭᠤᠯᠤᠨ᠂ ᠭᠦᠢ ᠯᠢᠶᠠᠩ ᠱᠢᠶᠠᠨ᠎ᠤ ᠨᠠᠮ᠎ᠤᠨ ᠬᠣᠷᠢᠶᠠᠨ᠎ᠤ ᠪᠠᠢᠭᠤᠯᠭ᠎ᠠ ᠪᠣᠯᠤᠨ ᠬᠡᠳᠦᠨ ᠲᠣᠭᠣᠷᠢᠭ᠎ᠤᠨ ᠫᠠᠷᠲ᠋ᠢᠽᠠᠨ ᠠᠩᠬᠢ᠎ᠵᠢᠨ 200 ᠭᠠᠷᠤᠢ ᠬᠥᠮᠦᠨ᠎ᠢ ᠳᠠᠭᠠᠵᠤ ᠠᠭᠤᠯᠠ ᠤᠷᠢᠶᠠᠭᠰᠠᠨ ᠬᠡᠰᠡᠭ ᠲᠦ᠍ ᠲᠦᠪᠯᠡᠷᠡᠩᠭᠦᠢ ᠠᠵᠢᠯᠯᠠᠭ᠎ᠠ ᠬᠢᠵᠦ᠍ ᠪᠠᠢᠬᠤ᠎ᠳᠤ᠂ ᠬᠤᠸᠠᠩ ᠬᠤᠸᠠ ᠲᠦ ᠲᠣᠰᠭᠣᠨ᠎ᠳᠤ ᠭᠠᠳᠠᠭ᠍ᠰᠢ ᠭᠠᠷᠴᠤ᠌ 《ᠱᠦᠬᠦᠷᠳᠡᠯᠳᠠ》 ᠬᠢᠵᠦ ᠪᠠᠢᠭᠰᠨᠨ 1000 ᠭᠠᠷᠤᠢ ᠶᠠᠫᠣᠨ ᠴᠡᠷᠢᠭ ᠬᠠᠭᠤᠷᠮᠠᠭ ᠴᠡᠷᠢᠭ᠎ᠲᠡᠶ ᠬᠠᠷᠭᠤᠪᠠ᠃ ᠳᠠᠢᠰᠤᠨ ᠪᠠ ᠪᠢᠳᠡᠨ᠎ᠤ ᠬᠦᠴᠦᠨ᠎ᠦ ᠵᠥᠷᠢᠢ᠎ᠡ ᠮᠠᠰᠢ ᠶᠡᠬᠡ᠂ ᠪᠠᠢᠳᠠᠯ ᠲᠤᠢᠯ᠎ᠤᠨ ᠲᠦᠭ᠌ᠰᠢᠭᠦᠷᠢᠲᠡᠢ ᠪᠠᠢᠳᠠᠯ ᠳᠣᠣᠷ᠎ᠠ᠂ ᠨᠢᠭᠡᠳᠦᠭᠡᠷ ᠲᠣᠭᠣᠷᠢᠭ᠂ ᠲᠠᠪᠤᠳᠤᠭᠠᠷ ᠲᠣᠭᠣᠷᠢᠭ᠂ ᠡᠮᠦᠨ᠎ᠠ ᠳᠥᠷᠪᠡᠳᠦᠭᠡᠷ ᠲᠣᠭᠣᠷᠢᠭ᠎ᠤᠨ ᠫᠠᠷᠲ᠋ᠢᠽᠠᠨ ᠠᠩᠬᠢ ᠪᠣᠯᠤᠨ ᠱᠢᠶᠠᠨ᠎ᠤ ᠨᠠᠮ᠎ᠤᠨ ᠬᠣᠷᠢᠢ᠎ᠠ᠂ ᠲᠣᠭᠣᠷᠢᠭ᠎ᠤᠨ ᠵᠠᠰᠠᠭ᠎ᠤᠨ ᠣᠷᠳᠣᠨ᠎ᠤ ᠪᠠᠢᠭᠤᠯᠭ᠎ᠠ᠎ᠶ᠋ᠢᠨ ᠠᠵᠢᠯᠳᠠᠨ᠎ᠤ ᠪᠦᠰᠡᠯᠡᠯᠲᠡ᠎ᠶ᠋ᠢ ᠱᠢᠪᠲᠤᠯᠬᠤ᠎ᠵᠢ ᠬᠠᠮᠠᠭᠠᠯᠠᠬᠤ᠎ᠶ᠋ᠢᠨ ᠲᠥᠯᠥᠭᠡ᠂ ᠳ᠋ᠤᠸᠠᠨ ᠱᠧᠩ ᠨᠢᠭᠡ ᠲᠠᠰᠤᠭ᠎ᠤᠨ ᠪᠠᠢᠯᠳᠤᠭ᠍ᠴᠢ᠎ᠪᠠᠨ ᠳᠠᠭᠠᠭᠤᠯᠵᠤ᠂ ᠬᠤᠸᠠᠩ ᠬᠤᠸᠠ ᠲᠦ ᠲᠣᠰᠭᠣᠨ᠎ᠤ ᠵᠡᠭᠦᠨᠳᠡᠬᠢ ᠪᠠᠭ᠎ᠠ ᠠᠭᠤᠯᠠᠨ ᠬᠢᠷ᠎ᠠ᠎ᠶ᠋ᠢᠨ ᠨᠢᠭᠡ ᠬᠡᠰᠡᠭ ᠲᠤᠮᠤ ᠴᠢᠯᠠᠭᠤᠨ᠎ᠤ ᠠᠷᠤ᠎ᠳᠤ ᠭᠤᠤᠯ ᠬᠦᠴᠦᠨ ᠵᠢᠠᠨ ᠵᠣᠬᠢᠶᠠᠨ ᠪᠠᠢᠭᠤᠯᠵᠤ᠂ ᠳᠠᠢᠰᠤᠨ᠎ᠢ ᠦᠬᠦᠨ ᠴᠤᠬᠢᠪᠠ᠃ 400 ᠭᠠᠷᠤᠢ ᠶᠠᠫᠣᠨ ᠴᠡᠷᠢᠭ ᠬᠠᠭᠤᠷᠮᠠᠭ ᠴᠡᠷᠢᠭ ᠪᠠᠭ᠎ᠠ ᠠᠭᠤᠯᠠᠨ ᠬᠢᠷ᠎ᠠ ᠵᠦᠭ ᠲᠠᠭᠠᠷᠢᠨ ᠢᠷᠡᠵᠤ᠂ ᠳ᠋ᠤᠸᠠᠨ ᠱᠧᠩ᠎ᠴᠡᠷᠢᠭ ᠠᠩᠬᠢ᠎ᠶ᠋ᠢᠨ᠎ᠵᠢᠡᠨ ᠠᠱᠢᠭ᠍ᠲᠠᠢ ᠭᠠᠵᠠᠷ᠎ᠤᠨ ᠪᠠᠢᠴᠠ᠎ᠶ᠋ᠢ ᠠᠱᠢᠭ᠍ᠯᠠᠨ ᠬᠣᠷᠢᠭ᠍ᠯᠠᠨ ᠴᠣᠬᠢᠵᠤ᠂ ᠪᠡᠬᠢᠯᠡᠯᠲᠡ᠎ᠪᠡᠨ 5 ᠴᠠᠭ ᠪᠠᠲᠤ ᠰᠠᠬᠢᠵᠤ᠂ ᠳᠠᠢᠰᠤᠨ᠎ᠤ 3 ᠤᠳᠠᠭ᠎ᠠ᠎ᠶ᠋ᠢᠨ ᠪᠦᠰᠡᠯᠡᠨ ᠲᠠᠭᠠᠷᠢᠯᠳᠡ᠎ᠶ᠋ᠢ ᠴᠣᠬᠢᠨ ᠤᠬᠤᠷᠢᠭᠤᠯᠵᠤ᠂ ᠱᠢᠶᠠᠨ᠎ᠤ ᠨᠠᠮ᠎ᠤᠨ ᠬᠣᠷᠢᠢ᠎ᠠ᠂ ᠲᠣᠭᠣᠷᠢᠭ᠎ᠤᠨ ᠵᠠᠰᠠᠭ᠎ᠤᠨ ᠣᠷᠳᠣᠨ᠎ᠤ ᠪᠠᠢᠭᠤᠯᠭ᠎ᠠ᠎ᠶ᠋ᠢᠨ ᠠᠵᠢᠯᠳᠠᠨ ᠵᠢᠴᠢ ᠫᠠᠷᠲ᠋ᠢᠽᠠᠨ ᠠᠩᠬᠢ ᠪᠠᠨ ᠠᠮᠤᠷ ᠲᠦᠪᠱᠢᠨ᠎ᠢᠶᠡᠷ ᠠᠶᠤᠯ᠎ᠠᠴᠠ ᠮᠤᠯᠲᠤᠷᠠᠭᠤᠯᠪᠠ᠃ ᠡᠨᠡ ᠤᠳᠠᠭᠠᠨ᠎ᠤ ᠪᠠᠢᠯᠳᠤᠭᠠᠨ᠎ᠳᠤ 12 ᠶᠠᠫᠣᠨ ᠴᠡᠷᠢᠭ᠎ᠢ ᠠᠯᠠᠵᠤ᠂ 8 ᠶᠠᠫᠣᠨ ᠴᠡᠷᠢᠭ᠎ᠢ ᠱᠢᠷᠬᠠᠲᠤᠭᠤᠯᠵᠤ᠂ ᠤᠯᠠᠨ ᠬᠠᠭᠤᠷᠮᠠᠭ ᠴᠡᠷᠢᠭ᠎ᠢ ᠠᠯᠠᠵᠤ ᠱᠢᠷᠬᠠᠲᠤᠭᠤᠯᠪᠠ᠃ ᠳ᠋ᠤᠸᠠᠨ ᠱᠧᠩ᠎ᠦᠨ ᠪᠡᠶ᠎ᠡ ᠴᠸ᠋ ᠤᠯᠠᠨ ᠭᠠᠵᠠᠷ ᠱᠢᠷᠬᠠᠲᠤᠵᠤ᠂ ᠰᠤᠮᠤ ᠨᠢ ᠳᠠᠭᠤᠰᠤᠭᠰᠠᠠ ᠴᠸ᠋ ᠲᠠᠭᠠᠷᠢᠨ ᠢᠷᠡᠭ᠌ᠰᠡᠨ ᠳᠠᠢᠰᠤᠨ᠎ᠲᠠᠶ ᠦᠷᠭᠦᠯᠵᠢᠯᠡᠨ ᠲᠤᠯᠤᠯᠳᠤᠵᠤ᠂ ᠡᠴᠦᠰ᠎ᠲᠡᠬᠡᠨ ᠪᠠᠭᠠᠲᠤᠷᠯᠢᠭ᠎ᠢᠶᠠᠷ ᠪᠡᠶ᠎ᠡ ᠦᠷᠡᠭ᠌ᠳᠡᠪᠡ᠂ ᠲᠤᠬᠠᠢ ᠵᠢᠨ ᠵᠢᠯ ᠲᠡᠷᠡ ᠰᠠᠶ᠍ᠢ 42 ᠨᠠᠰᠤᠲᠠᠢ ᠪᠠᠢᠯ᠎ᠠ᠃ ᠨᠢᠭᠡ ᠲᠠᠰᠤᠭ᠎ᠤᠨ  ᠪᠠᠢᠯᠳᠤᠭ᠍ᠴᠢᠳ ᠨᠢ ᠴᠦ᠍ ᠪᠦᠬᠦᠨ᠎ᠢᠶᠡᠷ ᠪᠡᠶ᠎ᠡ ᠦᠷᠡᠭ᠌ᠳᠡᠵᠡᠢ᠃

2015 ᠣᠨ᠎ᠤ 8 ᠰᠠᠷ᠎ᠠ᠎ᠶ᠋ᠢᠨ 24᠎ᠤ᠋ ᠡᠳᠦᠷ᠂ ᠨᠠᠮ᠎ᠤᠨ ᠲᠥᠪ ᠬᠣᠷᠢᠢ᠎ᠠ᠂ ᠲᠦᠷᠦ᠍᠎ᠶ᠋ᠢᠨ ᠶᠠᠪᠤᠳᠠᠯ᠎ᠤᠨ ᠬᠣᠷᠢᠶᠠᠨ᠎ᠤ ᠵᠥᠪᠱᠢᠶᠡᠷᠡᠯ᠎ᠢᠶᠡᠷ᠂ ᠪᠦᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠠᠷᠠᠳ᠎ᠤᠨ ᠶᠠᠪᠤᠳᠠᠯ᠎ᠤᠨ ᠶᠠᠮᠤᠨ ᠶᠠᠫᠣᠨ᠎ᠢ ᠡᠰᠡᠷᠭᠦᠴᠡᠬᠦ ᠲᠠᠢ᠌ᠨ᠎ᠦ ᠳᠤᠮᠳᠠ ᠡᠷᠡᠯᠬᠡᠭ᠌ᠯᠡᠨ ᠲᠡᠮᠡᠴᠡᠵᠦ᠍᠂ ᠤᠯᠤᠰ᠎ᠤᠨ᠎ᠢᠶᠠᠨ ᠲᠥᠯᠥᠭᠡ ᠠᠮᠢ ᠪᠡᠶ᠎ᠡ᠎ᠪᠡᠨ ᠦᠷᠡᠭ᠌ᠳᠡᠭᠦᠯᠦᠭ᠌ᠰᠡᠨ ᠶᠠᠫᠣᠨ᠎ᠢ ᠡᠰᠡᠷᠭᠦᠴᠡᠭ᠌ᠰᠡᠨ 600 ᠠᠯᠳᠠᠷᠲᠤ ᠦᠷᠡᠭ᠌ᠳᠡᠭ᠌ᠰᠡᠨ ᠪᠠᠭᠠᠲᠤᠷ ᠪᠣᠯᠤᠨ ᠪᠠᠭᠠᠲᠤᠷᠯᠢᠭ ᠴᠡᠷᠢᠭ ᠠᠩᠬᠢ ᠵᠢᠨ ᠨᠡᠷᠡᠰ᠎ᠢ ᠨᠡᠢᠲᠡᠯᠡᠵᠦ᠂ ᠳ᠋ᠤᠸᠠᠨ ᠱᠧᠩ ᠡᠭᠦᠨ᠎ᠦ ᠳᠣᠲᠣᠷ᠎ᠠ ᠵᠢᠭ᠍ᠰᠠᠭᠠᠭ᠍ᠳᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号