ᠴᠢ ᠵᠢᠨ ᠱᠠᠨ ᠄ ᠶᠠᠫᠣᠨ᠎ᠢ ᠡᠰᠡᠷᠭᠦᠴᠡᠭ᠌ᠰᠡᠨ ᠲᠠᠯ᠎ᠠ ᠨᠤᠲᠤᠭ᠎ᠤᠨ ᠪᠠᠭᠠᠲᠤᠷ
2025-08-13 10:30:21
ᠵᠣᠬᠢᠶᠠᠭ᠍ᠴᠢ᠄
ᠤᠷᠢᠬᠠᠨ ᠬᠠᠯᠢᠨ᠎ᠠ
ᠣᠩᠱᠢᠭ᠍ᠰᠠᠨ ᠣᠳᠠᠭ᠎ᠠ᠄
★★★☆☆

ᠨᠣᠮᠢᠨ ᠨᠣᠭᠣᠭᠠᠨ ᠲᠠᠯ᠎ᠠ ᠨᠤᠲᠤᠭ᠎ᠲᠤ᠂ ᠥᠪᠥᠷ ᠮᠣᠩᠭᠣᠯ᠎ᠤᠨ ᠦᠦᠱᠢᠨ ᠬᠣᠱᠢᠭᠤᠨ᠎ᠤ ᠬᠤᠪᠢᠰᠭᠠᠯ᠎ᠤᠨ ᠦᠯᠢᠬᠡᠷ᠎ᠦᠨ ᠣᠷᠳᠣᠨ ᠲᠦᠪ ᠬᠢᠴᠢᠶᠡᠩᠭᠦᠢ ᠬᠠᠷᠠᠭ᠍ᠳᠠᠨ᠎ᠠ᠃ ᠣᠷᠳᠣᠨ᠎ᠤ ᠳᠣᠲᠣᠷ᠎ᠠ᠂ ᠨᠠᠮ᠎ᠤᠨ ᠡᠳᠦᠷ᠎ᠦᠨ ᠠᠵᠢᠯᠯᠠᠭ᠎ᠠ ᠥᠷᠨᠢᠭᠦᠯᠵᠦ᠍ ᠪᠠᠢᠭ᠍ᠰᠠᠨ ᠨᠠᠮ᠎ᠤᠨ ᠭᠡᠱᠢᠭᠦᠳ ᠦᠵᠡᠭᠦᠯᠭᠡ᠎ᠶ᠋ᠢᠨ ᠰᠠᠮᠪᠠᠷ᠎ᠠ᠎ᠶ᠋ᠢᠨ ᠡᠮᠦᠨ᠎ᠡ ᠵᠣᠭ᠍ᠰᠣᠵᠤ᠂ 《 ᠴᠢ᠎ᠶ᠋ᠢᠨ ᠱᠠᠨ —  ᠶᠠᠫᠣᠨ᠎ᠢ ᠡᠰᠡᠷᠭᠦᠴᠡᠬᠦ᠌ ᠲᠠᠢ᠌ᠨ ᠪᠣᠯᠤᠨ ᠦᠨᠳᠦᠰᠦᠲᠡᠨ᠎ᠦ ᠴᠢᠯᠥᠭᠡᠯᠡᠯᠲᠡ᠎ᠶ᠋ᠢᠨ ᠬᠥᠳᠡᠯᠭᠡᠭᠡᠨ᠎ᠦ ᠲᠥᠯᠥᠭᠡ ᠠᠮᠢ ᠪᠡᠶ᠎ᠡ᠎ᠪᠡᠨ ᠵᠣᠷᠢᠭᠤᠯᠤᠭ᠍ᠰᠠᠨ ᠪᠠᠭᠠᠲᠤᠷ》 ᠭᠡᠬᠦ᠌ ᠠᠯᠳᠠᠨ ᠱᠢᠷᠭᠠᠯ ᠲᠤᠮᠤ ᠦᠰᠦᠭ᠎ᠢ ᠱᠢᠷᠳᠡᠨ᠎ᠠ᠃ ᠡᠨᠡ ᠬᠦ᠌ 51 ᠨᠠᠰᠤᠲᠠᠢ ᠪᠡᠶ᠎ᠡ ᠦᠷᠡᠭ᠌ᠳᠡᠭ᠌ᠰᠡᠨ ᠶᠠᠫᠣᠨ᠎ᠢ ᠡᠰᠡᠷᠭᠦᠴᠡᠭ᠌ᠰᠡᠨ ᠪᠠᠭᠠᠲᠤᠷ ᠤ᠋ᠨ ᠴᠤᠭ ᠵᠢᠪᠬᠤᠭ᠎ᠠ ᠲᠡᠭᠦᠯᠳᠡᠷ ᠪᠠᠢᠵᠤ᠂ ᠡᠷᠡᠰ ᠪᠠᠲᠤ ᠬᠠᠷᠠᠴᠠ ᠨᠢ 80 ᠭᠠᠷᠤᠢ ᠵᠢᠯ᠎ᠦᠨ ᠡᠮᠦᠨᠡᠬᠢ ᠲᠠᠯ᠎ᠠ ᠨᠤᠲᠤᠭ᠎ᠳᠡᠭᠡᠷᠡᠬᠢ ᠳᠠᠢᠨ ᠤ᠋ ᠭᠠᠯ ᠳᠦᠷᠡᠯᠵᠡᠭᠰᠡᠨ ᠣᠨ ᠰᠠᠷ᠎ᠠ᠎ᠶ᠋ᠢ ᠶᠠᠷᠢᠵᠤ ᠪᠠᠢᠭ᠎ᠠ ᠱᠢᠭ᠋ ᠶᠤᠮ᠃

ᠴᠢ᠎ᠶ᠋ᠢᠨ ᠱᠠᠨ᠂ ᠮᠣᠩᠭᠣᠯ ᠦᠨᠳᠦᠰᠦᠲᠡᠨ᠂ 1894 ᠣᠨ᠎ᠳᠤ ᠥᠪᠥᠷ ᠮᠣᠩᠭᠣᠯ᠎ᠤᠨ ᠦᠦᠱᠢᠨ ᠬᠣᠱᠢᠭᠤᠨ᠎ᠳᠤ ᠲᠦᠷᠦᠵᠡᠢ᠃ 1935 ᠣᠨ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ 《ᠳᠤᠮᠳᠠᠳᠤ᠎ᠶ᠋ᠢᠨ ᠰᠣᠪᠢᠶᠠᠳ ᠲᠥᠪ ᠵᠠᠰᠠᠭ᠎ᠤᠨ ᠣᠷᠳᠣᠨ ᠡᠴᠡ ᠥᠪᠥᠷ ᠮᠣᠩᠭᠣᠯ᠎ᠤᠨ ᠠᠷᠠᠳ ᠲᠦᠮᠡᠨ᠎ᠳᠦ ᠥᠭ᠌ᠭᠦᠭ᠌ᠰᠡᠨ ᠲᠤᠩᠬᠠᠭ》ᠢ᠋ ᠨᠡᠢᠲᠡᠯᠡᠵᠦ᠍᠂ ᠳᠤᠮᠳᠠᠳᠤ ᠤᠯᠤᠰ᠎ᠤᠨ ᠡᠪ ᠬᠠᠮᠲᠤ ᠨᠠᠮ ᠴᠥᠭᠡᠨ ᠲᠣᠭᠠᠲᠤ ᠦᠨᠳᠦᠰᠦᠲᠡᠨ᠎ᠲᠡᠶ ᠪᠦᠯᠬᠦᠮᠳᠡᠨ ᠶᠠᠫᠣᠨ᠎ᠢ ᠡᠰᠡᠷᠭᠦᠴᠡᠬᠦ᠌ ᠲᠡᠮᠡᠴᠡᠯ ᠬᠢᠬᠦ᠌ ᠶᠠᠫᠣᠨ᠎ᠢ ᠡᠰᠡᠷᠭᠦᠴᠡᠬᠦ᠌ ᠦᠨᠳᠦᠰᠦᠲᠡᠨ᠎ᠦ ᠨᠢᠭᠡᠳᠦᠮᠡᠯ ᠹᠷᠣᠨᠲ ᠤ᠋ᠨ ᠲᠦᠷᠦ᠍᠎ᠶ᠋ᠢᠨ ᠪᠤᠳᠤᠯᠭ᠎ᠠ᠎ᠶ᠋ᠢ ᠤᠬᠠᠭᠤᠯᠪᠠ᠃ ᠡᠨᠡ ᠬᠦ᠌ ᠲᠤᠩᠬᠠᠭ ᠢ᠋ ᠮᠣᠩᠭᠣᠯ ᠬᠡᠯᠡ ᠪᠡᠷ ᠤᠷᠴᠢᠭᠤᠯᠤᠨ ᠲᠠᠯ᠎ᠠ ᠨᠤᠲᠤᠭ᠎ᠲᠤ ᠲᠠᠷᠬᠠᠭᠠᠵᠤ᠂ ᠴᠢ᠎ᠶ᠋ᠢᠨ ᠱᠠᠨ᠎ᠳᠤ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠦᠨᠳᠦᠰᠦᠲᠡᠨ᠎ᠦ ᠲᠦᠷᠦ᠍᠎ᠶ᠋ᠢᠨ ᠪᠤᠳᠤᠯᠭ᠎ᠠ ᠪᠣᠯᠤᠨ ᠬᠤᠪᠢᠰᠭᠠᠯ᠎ᠤᠨ ᠵᠣᠷᠢᠯᠲᠠ᠎ᠶ᠋ᠢ ᠭᠦᠨᠵᠡᠭᠡᠢ ᠤᠢ᠍ᠢᠯᠠᠭᠠᠭᠤᠯᠪᠠ᠃

1936 ᠣᠨ᠎ᠤ ᠨᠠᠮᠤᠷ᠂ ᠡᠨᠡ ᠬᠦ᠌ ᠮᠣᠩᠭᠣᠯ ᠢᠵᠠᠭᠤᠷᠲᠠᠨ᠎ᠤ ᠭᠠᠷᠤᠯ ᠲᠠᠢ ᠲᠠᠯ᠎ᠠ ᠨᠤᠲᠤᠭ᠎ᠤᠨ ᠪᠠᠭᠠᠳᠤᠷ ᠥᠪᠥᠷ ᠮᠣᠩᠭᠣᠯ ᠣᠷᠣᠨ ᠳ᠋ᠤ ᠦᠨᠳᠦᠰᠦᠲᠡᠨ᠎ᠦ ᠠᠵᠢᠯ ᠬᠢᠬᠦ᠌᠎ᠪᠡᠷ ᠲᠤᠮᠢᠯᠠᠭᠳᠠᠨ ᠢᠷᠡᠭᠰᠡᠨ ᠡᠪ ᠬᠠᠮᠲᠤ ᠨᠠᠮ᠎ᠤᠨ ᠭᠡᠱᠢᠭᠦᠨ᠎ᠲᠡᠶ ᠦᠬᠦᠵᠦ᠍ ᠰᠡᠬᠡᠬᠦ᠌᠎ᠪᠠᠨ ᠬᠠᠮᠳᠤᠳᠬᠠᠭᠰᠠᠨ ᠠᠨᠳᠠ ᠪᠣᠯᠤᠯᠴᠠᠪᠠ᠃ ᠡᠭᠦᠨ᠎ᠡᠴᠡ ᠬᠣᠢᠰᠢ᠂ ᠴᠢ᠎ᠶ᠋ᠢᠨ ᠱᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠢ ᠴᠢᠩ ᠰᠡᠳᠭᠢᠯ᠎ᠡᠴᠡ᠎ᠪᠡᠨ ᠬᠦᠷᠢᠶᠡᠯᠡᠵᠦ᠍᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠦᠦᠱᠢᠨ ᠬᠣᠱᠢᠭᠤᠨ᠎ᠤ ᠠᠵᠢᠯ᠎ᠤᠨ ᠬᠣᠷᠢᠶ᠎ᠠ᠎ᠳ᠋ᠤ ᠢᠳᠡᠪᠬᠢᠲᠡᠢ ᠬᠠᠮᠵᠢᠯᠴᠠᠨ ᠮᠠᠰᠢ ᠤᠯᠠᠨ ᠠᠵᠢᠯ ᠬᠢᠵᠡᠢ᠃

《7·7》᠎ᠤ᠋ ᠬᠡᠷᠡᠭ ᠬᠤᠪᠢᠰᠤᠯ᠎ᠤᠨ ᠳᠠᠷᠠᠭ᠎ᠠ᠂ ᠴᠢ᠎ᠶ᠋ᠢᠨ ᠱᠠᠨ᠎ᠤ ᠨᠤᠲᠤᠭ ᠶᠡᠬᠡ ᠵᠤᠤ ᠠᠢᠮᠠᠭ(ᠤᠳᠤ᠎ᠶ᠋ᠢᠨ ᠤᠷᠳᠤᠰ ᠬᠤᠳᠠ) ᠤ᠋ᠨ ᠪᠠᠢᠳᠠᠯ ᠨᠢᠭᠡ ᠦᠶ᠎ᠡ ᠪᠠᠴᠢᠮ ᠪᠠᠢᠳᠠᠯ᠎ᠳᠤ ᠣᠷᠣᠪᠠ᠃ ᠡᠯ᠎ᠡ ᠬᠣᠱᠢᠭᠤᠨ᠎ᠤ ᠸᠠᠩ ᠭᠦᠩ᠎ᠦᠨ ᠳᠣᠲᠣᠷ᠎ᠠ ᠡᠴᠡ ᠵᠠᠷᠢᠮ ᠨᠢ ᠢᠯᠡ᠎ᠪᠡᠷ ᠤᠷᠪᠠᠵᠤ ᠳᠠᠢᠰᠤᠨ᠎ᠳᠤ ᠪᠠᠭᠤᠨ ᠥᠭ᠌ᠴᠦ᠂  ᠦᠦᠱᠢᠨ ᠬᠣᠱᠢᠭᠤᠨ᠎ᠤ ᠭᠤᠢᠪᠢᠯᠵᠠᠵᠤ ᠪᠠᠢᠭᠰᠠᠨ ᠸᠠᠩ᠎ᠤᠨ ᠣᠷᠳᠣᠨ᠎ᠬᠥᠮᠦᠨ ᠲᠣᠮᠢᠯᠠᠨ ᠪᠤᠭᠤᠲᠤ᠎ᠳᠤ ᠣᠴᠢᠭᠤᠯᠵᠤ᠂ ᠶᠠᠫᠣᠨ᠎ᠤ ᠬᠠᠭᠤᠷᠮᠠᠭ ᠴᠡᠷᠢᠭ᠎ᠲᠡᠶ ᠳᠠᠯᠳᠠᠭᠤᠷ ᠬᠣᠯᠪᠣᠭ᠎ᠠ ᠠᠪᠴᠠᠶ᠃ ᠡᠨᠡ ᠬᠦ᠌ ᠵᠠᠩᠭᠢᠯᠠᠭ᠎ᠠ᠎ᠶ᠋ᠢᠨ ᠦᠶ᠎ᠡ᠎ᠳᠦ᠂ ᠴᠢ᠎ᠶ᠋ᠢᠨ ᠱᠠᠨ ᠲᠠᠯ᠎ᠠ ᠨᠤᠲᠤᠭ᠎ᠤᠨ ᠳᠠᠪᠱᠢᠩᠭᠤᠶ ᠬᠥᠮᠦᠰ ᠲᠠᠢ ᠬᠠᠮᠲᠤ᠎ᠪᠠᠷ ᠸᠠᠩ᠎ᠤᠨ ᠣᠷᠳᠣᠨ᠎ᠤ ᠡᠪᠰᠡᠨ ᠪᠠᠭᠤᠵᠤ ᠥᠭ᠌ᠬᠦ ᠵᠣᠷᠢᠯᠲᠠ᠎ᠶ᠋ᠢ ᠡᠷᠡᠰ ᠡᠰᠡᠷᠭᠦᠴᠡᠪᠡ᠃

1939 ᠣᠨ᠎ᠤ ᠰᠡᠭᠦᠯᠴᠢ᠎ᠪᠡᠷ᠂ ᠭᠣᠮᠢᠨᠳᠠᠩ᠎ᠤᠨ ᠮᠤᠵᠢᠭᠤᠳᠠ ᠡᠲᠡᠭᠡᠳ ᠶᠠᠫᠣᠨ᠎ᠢ ᠡᠰᠡᠷᠭᠦᠴᠡᠬᠦ᠌ ᠳᠠᠢ᠌ᠨ᠎ᠡᠴᠡ ᠨᠠᠭᠠᠱᠢᠬᠢ ᠠᠩᠬᠠᠳᠤᠭᠠᠷ ᠤᠳᠠᠭ᠎ᠠ᠎ᠶ᠋ᠢᠨ ᠡᠪ ᠬᠠᠮᠲᠤ ᠨᠠᠮ᠎ᠢ ᠡᠰᠡᠷᠭᠦᠴᠡᠬᠦ᠌ ᠥᠷᠨᠢᠯᠲᠡ ᠭᠠᠷᠭᠠᠵᠤ᠂ ᠶᠡᠬᠡ ᠵᠤᠤ ᠠᠢᠮᠠᠭ᠎ᠲᠤ ᠰᠠᠭᠤᠭ᠎ᠠ ᠭᠣᠮᠢᠨᠳᠠᠩ᠎ᠤᠨ ᠴᠡᠷᠢᠭ ᠠᠩᠭᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠤᠬᠠᠢ᠎ᠶ᠋ᠢᠨ ᠭᠠᠵᠠᠷ᠎ᠲᠠᠬᠢ ᠶᠠᠫᠣᠨ᠎ᠢ ᠡᠰᠡᠷᠭᠦᠴᠡᠬᠦ᠌ ᠠᠵᠢᠯᠯᠠᠭ᠎ᠠ᠎ᠳᠤ ᠭᠠᠷ ᠳᠦᠷᠦᠵᠤ᠂ ᠲᠠᠰᠤᠷᠠᠯᠲᠠ ᠦᠭᠡᠢ ᠮᠥᠷᠭᠥᠯᠳᠦᠭᠡᠨ ᠭᠠᠷᠭᠠᠪᠠ᠃ ᠲᠡᠳᠡ ᠡᠪ ᠬᠠᠮᠲᠤ ᠨᠠᠮ ᠵᠢᠴᠢ ᠲᠡᠭᠦᠨ᠎ᠦ ᠤᠳᠤᠷᠢᠳᠤᠯᠭ᠎ᠠ ᠳᠣᠣᠷᠠᠬᠢ ᠶᠡᠬᠡ ᠵᠣᠣ ᠠᠢᠮᠠᠭ ᠤ᠋ᠨ ᠠᠷᠠᠳ᠎ᠤᠨ ᠵᠡᠪᠰᠡᠭ᠌ᠲᠦ ᠬᠦᠴᠦᠨ᠎ᠢ ᠴᠢᠨᠡᠭᠡ ᠮᠡᠳᠡᠨ ᠭᠠᠳᠠᠭᠤᠷᠴᠢᠯᠠᠵᠤ᠂ ᠶᠠᠫᠣᠨ᠎ᠢ ᠡᠰᠡᠷᠭᠦᠴᠡᠬᠦ᠌ ᠠᠷᠠᠳᠴᠢᠯᠠᠭ᠍ᠰᠠᠨ ᠦᠵᠡᠯ ᠰᠠᠨᠠᠭ᠎ᠠ᠎ᠲᠠᠶ ᠳᠠᠪᠱᠢᠩᠭᠤᠶ ᠬᠥᠮᠦᠰ᠎ᠢ ᠬᠣᠣᠷᠯᠠᠪᠠ᠃

ᠲᠡᠮᠡᠴᠡᠯ᠎ᠦᠨ ᠳᠤᠮᠳᠠ᠂ ᠶᠠᠫᠣᠨ᠎ᠢ ᠡᠰᠡᠷᠭᠦᠴᠡᠬᠦ᠌ ᠲᠠᠢ᠌ᠨ᠎ᠢ ᠭᠤᠤᠯᠯᠠᠨ ᠬᠠᠷᠢᠭᠤᠴᠠᠳᠠᠭ ᠴᠢ᠎ᠶ᠋ᠢᠨ ᠱᠠᠨ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠦᠦᠱᠢᠨ ᠬᠣᠱᠢᠭᠤᠨ᠎ᠤ ᠠᠵᠢᠯ᠎ᠤᠨ ᠬᠣᠷᠢᠶ᠎ᠠ᠎ᠶ᠋ᠢᠨ ᠠᠵᠢᠯ᠎ᠳᠤ ᠢᠳᠡᠪᠬᠢᠲᠡᠢ ᠲᠦᠬᠦᠮ ᠦᠵᠡᠭᠦᠯᠵᠦ᠍᠂ ᠲᠡᠭᠦᠨ᠎ᠦ ᠠᠮᠢᠳᠤᠷᠠᠵᠤ ᠪᠠᠢᠭ᠎ᠠ ᠭᠠᠵᠠᠷ ᠨᠢ ᠠᠵᠢᠯ᠎ᠤᠨ ᠬᠣᠷᠢᠶ᠎ᠠ᠎ᠶ᠋ᠢᠨ ᠨᠥᠬᠥᠳ᠎ᠦᠨ ᠠᠵᠢᠯᠯᠠᠬᠤ ᠵᠢᠴᠢ ᠨᠢᠭᠤᠴᠠᠭᠠᠢ ᠠᠮᠤᠷ ᠲᠦᠪᠱᠢᠨ ᠭᠠᠵᠠᠷ ᠪᠤᠯᠵᠤ᠂ ᠳᠠᠢᠰᠤᠨ᠎ᠳᠤ《 ᠬᠤᠪᠢᠰᠬᠠᠯᠲᠦ ᠣᠷᠣᠨ 》 ᠬᠡᠮᠡᠭ᠌ᠳᠡᠪᠡ᠃

1943 ᠣᠨ᠎ᠤ 10 ᠰᠠᠷ᠎ᠠ᠎ᠳᠤ ᠴᠢ᠎ᠶ᠋ᠢᠨ ᠱᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ᠎ᠶ᠋ᠢ ᠵᠢᠩᠬᠢᠨᠢ᠎ᠪᠡᠷ ᠬᠦᠯᠢᠶᠡᠵᠦ᠍᠂ ᠬᠠᠷᠢᠶᠠᠲᠤ ᠴᠡᠷᠢᠭ ᠠᠩᠭᠢ᠎ᠪᠠᠨ ᠥᠭᠡᠷᠡᠴᠢᠯᠡᠨ ᠦᠦᠱᠢᠨ ᠬᠣᠱᠢᠭᠤᠨ᠎ᠤ ᠮᠣᠷᠢᠲᠤ ᠴᠡᠷᠢᠭ᠎ᠦᠨ ᠬᠣᠷᠢᠶ᠎ᠠ ᠪᠣᠯᠭᠠᠵᠤ᠂ ᠬᠤᠷᠢᠶᠠᠨ ᠳᠠᠷᠤᠭ᠎ᠠ᠎ᠶ᠋ᠢᠨ ᠲᠤᠱᠢᠶᠠᠯ᠎ᠢ ᠬᠠᠷᠢᠭᠤᠴᠠᠵᠠᠶ᠃ ᠲᠡᠭᠦᠨ᠎ᠡᠴᠡ ᠬᠣᠢᠰᠢ᠂ ᠲᠡᠷᠡ ᠶᠠᠨ ᠠᠨ᠎ᠳᠤ ᠬᠦᠷᠴᠦ᠍ ᠰᠤᠷᠤᠯᠴᠠᠨ᠂ ᠬᠠᠷᠠᠭ᠎ᠠ᠎ᠪᠠᠨ ᠥᠷᠭᠡᠳᠭᠡᠪᠡ᠃ ᠲᠠᠯ᠎ᠠ ᠨᠤᠲᠤᠭ᠎ᠲᠤ ᠪᠤᠴᠠᠭ᠍ᠰᠠᠨ᠎ᠤ ᠳᠠᠷᠠᠭ᠎ᠠ᠂ ᠲᠡᠷᠡ ᠨᠠᠮ᠎ᠤᠨ ᠵᠣᠬᠢᠶᠠᠨ ᠪᠠᠢᠭᠤᠯᠤᠯᠲᠠ᠎ᠪᠡᠷ ᠤᠯᠤᠰ ᠲᠦᠷᠦ᠍᠎ᠶ᠋ᠢᠨ ᠵᠢᠭᠠᠨ ᠵᠢᠯᠤᠭᠤᠳᠤᠭ᠍ᠴᠢ᠎ᠶ᠋ᠢ ᠲᠤᠮᠢᠯᠠᠭᠤᠯᠵᠤ ᠦᠦᠱᠢᠨ ᠬᠣᠱᠢᠭᠤᠨ᠎ᠤ ᠮᠣᠷᠢᠲᠤ ᠴᠡᠷᠢᠭ᠎ᠦᠨ ᠬᠣᠷᠢᠶ᠎ᠠ᠎ᠶ᠋ᠢᠨ ᠺᠠᠳ᠋ᠷ᠎ᠤᠨ ᠡᠩᠨᠡᠭᠡ᠎ᠶ᠋ᠢ ᠲᠡᠭᠦᠯᠳᠡᠷᠵᠢᠭᠦᠯᠵᠦ᠍᠂ ᠴᠡᠷᠢᠭ ᠠᠩᠬᠢ᠎ᠶ᠋ᠢᠨ ᠤᠯᠤᠰ ᠲᠦᠷᠦ᠍᠎ᠶ᠋ᠢᠨ ᠠᠵᠢᠯ᠎ᠢ ᠴᠢᠩᠭᠠᠳᠭᠠᠪᠠ; ᠣᠯᠠᠨ ᠲᠦᠮᠡᠨ᠎ᠦ ᠶᠠᠫᠣᠨ᠎ᠢ ᠡᠰᠡᠷᠭᠦᠴᠡᠬᠦ᠌ ᠪᠦᠯᠬᠦᠮ —ᠮᠣᠩᠭᠣᠯ ᠬᠢᠲᠠᠳ ᠶᠠᠫᠣᠨ᠎ᠢ ᠡᠰᠡᠷᠭᠦᠴᠡᠬᠦ᠌ ᠬᠣᠯᠪᠣᠭ᠎ᠠ᠎ᠶᠢᠨ ᠤᠳᠤᠷᠢᠳᠭᠤ ᠠᠵᠢᠯ᠎ᠳᠤ ᠣᠷᠣᠯᠴᠠᠪᠠ ᠁

《ᠡᠭᠦᠨ᠎ᠡᠴᠡ ᠪᠤᠯᠵᠤ ᠴᠢ᠎ᠶ᠋ᠢᠨ ᠱᠠᠨ ᠭᠣᠮᠢᠨᠳᠠᠩ᠎ᠤᠨ ᠪᠤᠷᠤᠨᠭᠬᠤᠢᠴᠤᠳ᠎ᠤᠨ ᠨᠢᠳᠦᠨ᠎ᠦ ᠬᠣᠭ ᠪᠣᠯᠵᠠᠢ》᠃ ᠦᠦᠱᠢᠨ ᠬᠣᠱᠢᠭᠤᠨ᠎ᠤ ᠣᠷᠣᠨ ᠨᠤᠲᠤᠭ᠎ᠤᠨ ᠲᠡᠦᠬᠡ ᠰᠤᠳᠤᠯᠤᠭ᠍ᠴᠢ ᠬᠤᠤ ᠵᠶ᠋ᠢ ᠵᠦᠩ᠂ 1945 ᠣᠨ᠎ᠤ ᠴᠠᠭᠠᠨ ᠰᠠᠷ᠎ᠠ᠎ᠡᠴᠡ ᠡᠮᠦᠨᠡᠬᠡᠨ᠂ ᠭᠣᠮᠢᠨᠳᠠᠩ᠎ᠤᠨ ᠪᠤᠷᠤᠨᠭᠬᠤᠢᠴᠤᠳ 50 ᠲᠦᠮᠡᠨ ᠲᠥᠭᠥᠷᠢᠭ᠎ᠦᠨ ᠱᠠᠩᠨᠠᠯ᠎ᠤᠨ ᠮᠥᠩᠭᠥ᠎ᠪᠡᠷ ᠴᠥᠭᠡᠨ ᠲᠣᠭᠠᠨ᠎ᠤ ᠲᠥᠪ ᠪᠤᠰᠤ ᠡᠲᠡᠭᠡᠳ᠎ᠢ ᠲᠠᠳᠠᠨ ᠠᠪᠴᠤ᠌᠂ ᠴᠢ᠎ᠶ᠋ᠢᠨ ᠱᠠᠨ᠎ᠢ ᠬᠣᠣᠷᠯᠠᠵᠦ ᠠᠯᠠᠬᠤ᠎ᠪᠠᠷ ᠬᠤᠤᠪᠢᠯᠳᠤᠪᠠ᠃ 2 ᠰᠠᠷ᠎ᠠ᠎ᠶ᠋ᠢᠨ 16 ᠎ᠤ᠋ ᠡᠳᠦᠷ᠂ ᠪᠢᠯᠢᠭ᠎ᠦᠨ ᠤᠯᠠᠷᠢᠯ᠎ᠤᠨ ᠴᠠᠭᠠᠨ ᠰᠠᠷ᠎ᠠ᠎ᠶ᠋ᠢᠨ ᠱᠢᠨ᠎ᠡ᠎ᠶ᠋ᠢᠨ ᠳᠥᠷᠪᠡᠨ᠎ᠳᠦ᠂ ᠮᠣᠷᠢᠲᠤ ᠴᠡᠷᠢᠭ᠎ᠦᠨ ᠬᠣᠷᠢᠶᠠᠨ᠎ᠤ ᠺᠠᠳ᠋ᠷ ᠪᠠᠢᠯᠳᠤᠭ᠍ᠴᠢᠳ᠎ᠤᠨ ᠣᠯᠠᠩᠬᠢ ᠨᠢ ᠭᠡᠷ᠎ᠲᠡᠬᠡᠨ ᠬᠠᠷᠢᠵᠤ ᠪᠠᠶᠠᠷ᠎ᠤᠨ ᠡᠳᠦᠷ᠎ᠢᠶᠡᠨ ᠥᠩᠭᠡᠷᠡᠬᠦ᠌ ᠦᠶ᠎ᠡ᠎ᠳᠦ᠂ ᠲᠡᠳᠡ ᠬᠣᠷᠢᠶᠠᠨ᠎ᠤ ᠵᠠᠬᠢᠷᠭ᠎ᠠ᠎ᠳᠤ ᠦᠯᠡᠳᠡᠨ ᠰᠠᠬᠢᠵᠤ ᠪᠠᠢᠭ᠍ᠰᠠᠨ ᠴᠢ᠎ᠶ᠋ᠢᠨ ᠱᠠᠨ᠎ᠢ ᠠᠯᠠᠪᠠ ᠭᠡᠵᠦ ᠬᠡᠯᠡᠪᠡ᠃

ᠮᠠᠭᠤ ᠴᠢᠮᠡᠭᠡ ᠲᠠᠯ᠎ᠠ ᠨᠤᠲᠤᠭ ᠲᠠᠶᠠᠭᠠᠷ᠎ᠲᠡᠷᠡᠴᠢᠯᠡᠨ ᠶᠠᠨ ᠠᠨ᠎ᠳᠤ ᠬᠦᠷᠲᠡᠯ᠎ᠡ ᠲᠠᠷᠬᠠᠵᠠᠢ᠃ 1945 ᠣᠨ᠎ᠤ 5 ᠰᠠᠷ᠎ᠠ᠎ᠶ᠋ᠢᠨ 8 ᠎ᠤ᠋ ᠡᠳᠦᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠠ᠎ᠶᠢᠨ ᠪᠠᠷᠠᠭᠤᠨ ᠬᠣᠢᠲᠤ᠎ᠶ᠋ᠢᠨ ᠲᠣᠪᠴᠢᠶᠠᠨ᠎ᠤ ᠨᠢᠭᠡᠳᠦᠮᠡᠯ ᠹᠷᠣᠨᠲ᠎ᠤᠨ ᠬᠡᠯᠲᠡᠰ᠎ᠦᠨ ᠮᠣᠩᠭᠣᠯ ᠦᠨᠳᠦᠰᠦᠲᠡᠨ᠎ᠦ ᠠᠵᠢᠯ᠎ᠢ ᠬᠠᠷᠢᠭᠤᠴᠠᠵᠤ ᠪᠠᠢᠭ᠍ᠰᠠᠨ ᠤᠯᠠᠭᠠᠨᠬᠦᠦ ᠶᠠᠨ ᠠᠨ᠎ᠤ 《ᠴᠢᠯᠥᠭᠡᠯᠡᠯᠲᠡ ᠡᠳᠦᠷ᠎ᠦᠨ ᠰᠣᠨᠢᠨ》 ᠳᠡᠭᠡᠷ᠎ᠡ ᠴᠢ᠎ᠶ᠋ᠢᠨ ᠱᠠᠨ᠎ᠢ ᠭᠠᠱᠢᠭᠤᠳᠠᠬᠤ ᠵᠣᠬᠢᠶᠠᠯ ᠨᠡᠢᠲᠡᠯᠡᠵᠦ᠍᠂ ᠴᠢ᠎ᠶ᠋ᠢᠨ ᠱᠠᠨ ᠪᠣᠯ 《ᠪᠠᠷᠠᠭᠤᠨ ᠦᠦᠱᠢᠨ᠎ᠦ ᠶᠠᠫᠣᠨ᠎ᠢ ᠡᠷᠡᠰ ᠡᠰᠡᠷᠭᠦᠴᠡᠭ᠌ᠰᠡᠨ᠂ ᠠᠷᠠᠳᠴᠢᠯᠠᠭ᠍ᠰᠠᠨ ᠦᠵᠡᠯ ᠰᠠᠨᠠᠭ᠎ᠠ᠎ᠲᠠᠶ᠂ ᠠᠷᠠᠳ ᠲᠦᠮᠡᠨ᠎ᠦ ᠬᠠᠢᠷ᠎ᠠ ᠬᠦᠨᠳᠦᠳᠭᠡᠯ᠎ᠢ ᠭᠦᠨ ᠣᠯᠤᠭ᠍ᠰᠠᠨ ᠨᠢᠭᠡᠨ ᠳᠠᠪᠱᠢᠩᠭᠤᠢ ᠵᠠᠩᠵᠤᠨ ᠮᠥᠨ》 ᠭᠡᠵᠦ᠍ ᠮᠠᠭ᠍ᠲᠠᠨ ᠰᠠᠢᠱᠢᠶᠠᠪᠠ᠃

ᠤᠨ᠎ᠤ ᠬᠦᠷᠲᠦ ᠡᠷᠭᠢᠯᠳᠦᠨ᠂ ᠳᠠᠷᠢ᠎ᠶ᠋ᠢᠨ ᠤᠲᠤᠭ᠎ᠠ᠎ᠰᠠᠷᠨᠢᠨ ᠵᠠᠮᠬᠠᠷᠠᠪᠠ᠃ ᠴᠢ᠎ᠶ᠋ᠢᠨ ᠱᠠᠨ ᠪᠣᠯᠤᠨ ᠳᠠᠢᠴᠢᠨ ᠨᠥᠬᠥᠳ᠎ᠦᠨ ᠲᠡᠮᠡᠴᠡᠵᠦ᠍ ᠥᠩᠭᠡᠷᠡᠭ᠌ᠰᠡᠨ ᠦᠦᠱᠢᠨ ᠬᠣᠱᠢᠭᠤᠨ᠎ᠤ ᠡᠦ ᠳ᠋ᠢᠩ ᠾᠧ ᠪᠠᠯᠭᠠᠰᠤᠨ᠎ᠤ ᠪᠠᠲᠣ᠎ᠶᠢᠨ ᠲᠤᠬᠤᠢ ᠲᠣᠰᠭᠣᠨ᠎ᠤ ᠭᠠᠵᠠᠷ ᠱᠢᠷᠣᠢ ᠳᠡᠭᠡᠷ᠎ᠡ᠂ ᠤᠳᠤ ᠨᠢᠭᠡᠨᠲᠡ ᠪᠠᠲᠤ᠎ᠶᠢᠨ ᠲᠤᠬᠤᠢ᠎ᠶᠢᠨ ᠬᠤᠪᠢᠰᠭᠠᠯ᠎ᠤᠨ ᠰᠣᠶᠣᠯ᠎ᠤᠨ ᠵᠢᠵᠢᠭ ᠪᠠᠯᠭᠠᠰᠤ᠎ᠶ᠋ᠢ ᠪᠠᠢᠭᠤᠯᠪᠠ᠃ ᠡᠨᠳᠡ ᠬᠠᠷᠠᠬᠠᠨ ᠪᠠᠭ᠎ᠠ᠎ᠡᠴᠡ᠎ᠪᠠᠨ ᠴᠢ᠎ᠶ᠋ᠢᠨ ᠱᠠᠨ᠎ᠤ ᠦᠯᠢᠭᠡᠷ᠎ᠢ ᠰᠣᠨᠣᠰᠴᠤ᠌ ᠥᠰᠦᠭ᠌ᠰᠡᠨ ᠬᠥᠮᠦᠰ ᠬᠡᠬᠦᠳᠡᠭ ᠳᠦᠭᠦᠷᠡᠩ ᠬᠠᠯᠠᠭᠤᠨ ᠰᠡᠳᠭᠢᠯᠭᠡ᠎ᠪᠡᠷ ᠦᠷᠡᠭ᠌ᠳᠡᠭ᠌ᠰᠡᠨ ᠪᠠᠭᠠᠲᠤᠷᠴᠤᠳ᠎ᠤᠨ ᠦᠯᠢᠭᠡᠷ᠎ᠢ ᠲᠦᠷᠪᠡᠨ ᠵᠦᠭ ᠨᠠᠢ᠍ᠮᠠᠨ ᠵᠣᠪᠬᠢᠰ᠎ᠡᠴᠡ ᠬᠦᠷᠦᠯᠴᠡᠨ ᠢᠷᠡᠭ᠌ᠰᠡᠨ ᠲᠣᠭᠣᠷᠢᠨ ᠦᠵᠡᠭ᠌ᠴᠢᠳ᠎ᠲᠦ ᠶᠠᠷᠢᠵᠤ ᠥᠭ᠌ᠴᠦ᠂ ᠬᠤᠪᠢᠰᠭᠠᠯᠲᠦ ᠵᠣᠷᠢᠭ ᠰᠠᠨᠠᠭ᠎ᠠ᠎ᠶ᠋ᠢ ᠦᠶ᠎ᠡ᠎ᠶ᠋ᠢᠨ ᠦᠶ᠎ᠡ᠎ᠳᠦ ᠤᠯᠠᠮᠵᠢᠯᠠᠨ᠎ᠠ᠃

(ᠱᠢᠨᠬᠤᠸᠠ ᠬᠣᠷᠢᠶ᠎ᠠ᠎ᠶᠢᠨ ᠬᠥᠬᠡᠬᠣᠲᠠ᠎ᠶ᠋ᠢᠨ 8 ᠰᠠᠷ᠎ᠠ᠎ᠶ᠋ᠢᠨ 2 ᠎ᠤ᠋ᠨ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号