ᠳ᠋ᠧᠩ ᠶᠦᠩ ᠶᠣᠣ᠄ ᠶᠠᠫᠤᠨ ᠳᠡᠭᠡᠷᠡᠮᠴᠤᠳ ᠲᠠᠢ ᠡᠷᠡᠯᠬᠡᠭᠯᠡᠨ ᠲᠡᠮᠡᠴᠡᠵᠤ ᠲᠦᠭᠰᠢᠬᠦᠷᠢᠳᠤ ᠦᠶ᠎ᠠ ᠳ᠋ᠤ ᠬᠠᠳᠠᠭᠤ ᠡᠭᠦᠷᠭᠡ ᠵᠢ ᠵᠤᠷᠢᠭᠳᠠᠢ ᠡᠭᠦᠷᠭᠡᠯᠡᠪᠡ
2025-08-14 11:16:30
ᠵᠣᠬᠢᠶᠠᠭ᠍ᠴᠢ᠄
ᠯᠢᠦ ᠹᠠᠩ ᠵᠧᠦ
ᠣᠩᠱᠢᠭ᠍ᠰᠠᠨ ᠣᠳᠠᠭ᠎ᠠ᠄
★★★☆☆

《ᠡᠪ ᠬᠠᠮᠲᠤ ᠶᠣᠰᠣ᠌᠎ᠶᠢ ᠴᠢᠷᠮᠠᠢᠨ ᠰᠤᠷᠤᠯᠴᠠᠵᠤ᠂ ᠨᠡᠢᠭᠡᠮ ᠵᠢᠷᠤᠮ᠎ᠢ ᠪᠦᠳᠦᠬᠡᠨ ᠪᠠᠶ᠋ᠢᠭᠤᠯᠤᠨ᠎ᠠ᠂ ᠳᠡᠯᠡᠬᠡᠢ ᠳ᠋ᠡᠬᠢᠨ᠎ᠤ ᠬᠠᠷᠢᠭᠤᠴᠠᠯᠭ᠎ᠠ ᠮᠢᠨᠦ ᠮᠦᠷᠦᠨ᠎ᠳᠤ ᠪᠤᠢ ᠁》᠃ ᠬᠤᠨᠠᠨ ᠮᠤᠵᠢ᠎ᠶᠢᠨ ᠴᠠ ᠯᠢᠩ ᠰᠢᠶᠠᠨ᠎ᠤ ᠯᠧᠨᠢᠨ ᠰᠤᠷᠭᠠᠭᠤᠯᠢ᠎ᠳᠤ ᠪᠢᠴᠢᠵᠦ ᠥᠭᠭᠦᠭᠰᠡᠨ ᠶᠠᠫᠤᠨ᠎ᠢ ᠡᠰᠡᠷᠭᠦᠴᠡᠭᠰᠡᠨ ᠪᠠᠭᠠᠲᠤᠷ ᠳ᠋ᠧᠩ ᠶᠦᠩ ᠶᠣᠣ᠎ᠶᠢᠨ (ᠤᠤᠯ ᠳ᠋ᠠᠭᠠᠨ ᠴᠠ ᠯᠢᠩ ᠰᠢᠶᠠᠨ᠎ᠤ ᠯᠧᠨᠢᠨ ᠳᠡᠭᠡᠳᠦ ᠵᠡᠷᠭᠡ᠎ᠶᠢᠨ ᠪᠠᠭ᠎ᠠ ᠰᠤᠷᠭᠠᠭᠤᠯᠢ ᠬᠡᠵᠤ ᠨᠠᠷᠠᠢᠳᠴᠤ ᠪᠠᠢᠬᠰᠠᠨ) ᠰᠤᠷᠭᠠᠭᠤᠯᠢ᠎ᠶᠢᠨ ᠳᠠᠭᠤᠤ᠎ᠶᠢ ᠬᠠᠳᠠᠭᠠᠯᠠᠵᠤ ᠪᠠᠢᠳᠠᠭ᠃ ᠡᠨᠡ ᠳᠠᠭᠤᠤ᠎ᠶᠢ ᠲᠡᠷᠡ ᠵᠠᠯᠠᠭᠤ ᠪᠠᠭᠠᠴᠤᠳ᠎ᠲᠤ ᠵᠣᠷᠢᠭᠤᠯᠤᠨ ᠵᠣᠬᠢᠶᠠᠵᠤ᠂ ᠤᠳᠤ ᠪᠣᠯᠲᠠᠯ᠎ᠠ ᠬᠦᠰᠡᠯᠡᠩ᠎ᠦᠨ ᠭᠡᠷᠡᠯ ᠭᠢᠯᠪᠠᠭ᠎ᠠ ᠵᠢ ᠰᠠᠴᠤᠷᠠᠭᠤᠯᠤᠭᠰᠠᠭᠠᠷ ᠪᠠᠢᠨ᠎ᠠ᠃

1912 ᠣᠨ᠎ᠤ 1 ᠰᠠᠷ᠎ᠠ᠎ᠶᠢᠨ 24 ᠎ᠤ᠋ ᠡᠳᠦᠷ᠂ ᠳ᠋ᠧᠩ ᠶᠦᠩ ᠶᠣᠣ ᠬᠤᠨᠠᠨ ᠮᠤᠵᠢ᠎ᠶᠢᠨ ᠴᠠ ᠯᠢᠩ ᠰᠢᠶᠠᠨ᠎ᠤ ᠶᠣᠣ ᠪᠸᠢ ᠰᠢᠶᠠᠩ᠎ᠤᠨ ᠳᠠ ᠨᠠᠨ ᠲᠣᠰᠬᠣᠨ (ᠤᠳᠤ᠎ᠶᠢᠨ ᠴᠠ ᠯᠢᠩ ᠰᠢᠶᠠᠨ᠎ᠤ ᠶᠣᠣ ᠯᠦ᠍ ᠪᠠᠯᠭᠠᠰᠤᠨ᠎ᠤ ᠳᠠ ᠨᠠᠨ ᠲᠣᠰᠬᠣᠨ) ᠤ᠋ ᠨᠢᠭᠡᠨ ᠶᠠᠳᠠᠭᠤ ᠲᠠᠷᠢᠶᠠᠴᠢᠨ᠎ᠤ ᠭᠡᠷ᠎ᠲᠦ ᠲᠦᠷᠦᠪᠡ᠂ ᠬᠠᠷᠠᠬᠠᠨ ᠪᠠᠭ᠎ᠠ᠎ᠡᠴᠡ᠎ᠪᠠᠨ ᠭᠡᠷ᠎ᠦᠨ ᠰᠤᠷᠭᠠᠭᠤᠯᠢ᠎ᠳᠤ ᠪᠢᠴᠢᠭ ᠦᠵᠡᠵᠦ᠂ ᠰᠢᠯᠢᠳᠡᠭ ᠬᠢᠷᠢ ᠪᠦᠲᠦᠮᠵᠢ ᠤᠯᠵᠤ ᠪᠠᠢᠵᠠᠢ᠃ 1930 ᠣᠨ᠎ᠳᠤ ᠳ᠋ᠧᠩ ᠶᠦᠩ ᠶᠣᠣ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠵᠤ᠂ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠬᠤᠨᠠᠨ᠎ᠤ ᠵᠡᠭᠦᠨ ᠬᠡᠰᠡᠭ᠎ᠦᠨ ᠣᠨᠴᠠᠭᠠᠢ ᠬᠣᠷᠢᠶ᠎ᠠ᠎ᠶᠢᠨ ᠭᠡᠰᠢᠭᠦᠨ᠎ᠦ ᠲᠤᠰᠢᠶᠠᠯ᠎ᠢ ᠬᠠᠷᠢᠭᠤᠴᠠᠪᠠ᠃ ᠰᠡᠭᠦᠯᠡᠷ ᠨᠢ ᠨᠤᠲᠤᠭ᠂ ᠰᠢᠶᠠᠨ᠎ᠤ ᠰᠤᠪᠢᠶᠠᠳ ᠵᠠᠰᠠᠭ᠎ᠤᠨ ᠣᠷᠳᠣᠨ᠎ᠳᠤ ᠪᠢᠴᠢᠭ᠎ᠦᠨ ᠠᠵᠢᠯ ᠬᠢᠵᠦ᠂ ᠡᠬᠡ ᠪᠢᠴᠢᠭ ᠲᠤᠭᠤᠷᠪᠢᠵᠡᠢ᠃ ᠲᠡᠷᠡ ᠠᠵᠢᠯ᠎ᠳᠠᠭᠠᠨ ᠨᠠᠷᠢᠨ ᠬᠢᠨᠠᠮᠠᠭᠠᠢ ᠬᠠᠷᠢᠭᠤᠴᠠᠯᠭ᠎ᠠ᠎ᠲᠠᠢ᠂ ᠥᠨᠳᠥᠷ ᠮᠡᠳᠡᠯᠭᠡ᠎ᠲᠠᠢ᠂ ᠰᠡᠳᠬᠢᠬᠦᠢ ᠨᠢ ᠬᠤᠷᠴᠠ᠂ ᠦᠭᠡ ᠬᠡᠯᠡ ᠤᠷᠠᠨ ᠪᠠᠢᠵᠤ ᠨᠥᠬᠥᠳ᠎ᠦᠨ᠎ᠢᠶᠡᠨ ᠰᠠᠢᠨ ᠦᠨᠡᠯᠡᠯᠲᠡ᠎ᠶᠢ ᠤᠯᠵᠠᠢ᠃

1934 ᠣᠨ᠎ᠤ 8 ᠰᠠᠷ᠎ᠠ᠎ᠳᠤ᠂ ᠳ᠋ᠧᠩ ᠶᠦᠩ ᠶᠣᠣ ᠤᠯᠠᠭᠠᠨ ᠵᠢᠷᠭᠤᠳᠤᠭᠠᠷ ᠨᠢᠭᠡᠳᠬᠡᠯ ᠠᠷᠮᠢ᠎ᠶᠢ ᠳᠠᠭᠠᠵᠤ ᠪᠠᠷᠠᠭᠤᠨᠰᠢ ᠳᠠᠢᠯᠠᠪᠠ᠃ ᠤᠯᠠᠭᠠᠨ ᠬᠣᠶᠠᠳᠤᠭᠠᠷ᠂ ᠵᠢᠷᠭᠤᠳᠤᠭᠠᠷ ᠨᠢᠭᠡᠳᠬᠡᠯ ᠠᠷᠮᠢ ᠨᠡᠢᠯᠡᠭᠰᠡᠨ᠎ᠦ ᠲᠠᠷᠠᠭ᠎ᠠ᠂ ᠲᠡᠷᠡ ᠤᠷᠢᠳ ᠬᠣᠵᠢᠳ ᠤᠯᠠᠭᠠᠨ ᠬᠣᠶᠠᠳᠤᠭᠠᠷ ᠨᠢᠭᠡᠳᠬᠡᠯ ᠠᠷᠮᠢ᠎ᠶᠢᠨ ᠤᠯᠤᠰ ᠳᠣᠷᠣ᠌᠎ᠶᠢᠨ ᠬᠡᠯᠲᠡᠰ᠎ᠦᠨ ᠶᠡᠷᠦᠩᠬᠡᠢ ᠶᠠᠪᠤᠳᠠᠯ᠎ᠤᠨ ᠭᠠᠵᠠᠷ᠎ᠤᠨ ᠳᠠᠷᠤᠭ᠎ᠠ᠂ ᠤᠯᠠᠭᠠᠨ ᠵᠢᠷᠭᠤᠳᠤᠭᠠᠷ ᠨᠢᠭᠡᠳᠬᠡᠯ ᠠᠷᠮᠢ᠎ᠶᠢᠨ ᠤᠬᠠᠭᠤᠯᠬᠤ ᠬᠡᠯᠲᠡᠰ᠎ᠦᠨ ᠳᠠᠷᠤᠭ᠎ᠠ᠎ᠪᠠᠷ ᠰᠢᠯᠵᠢᠵᠦ᠂ ᠰᠡᠭᠦᠯᠡᠷ ᠨᠢ ᠳ᠋ᠧᠩ ᠶᠦᠩ ᠶᠣᠣ ᠨᠠᠢ᠍ᠮᠠᠳᠤᠭᠠᠷ ᠵᠠᠮ᠎ᠤᠨ ᠴᠡᠷᠢᠭ᠎ᠦᠨ ᠵᠠᠭᠤ ᠬᠣᠷᠢ ᠶᠢᠰᠦᠳᠦᠭᠡᠷ ᠳ᠋ᠢᠸᠢᠽᠢ᠎ᠶᠢᠨ ᠮᠣᠷᠢᠲᠤ ᠴᠡᠷᠢᠭ᠎ᠦᠨ ᠬᠣᠷᠢᠶ᠎ᠠ᠎ᠶᠢᠨ ᠤᠯᠤᠰ ᠲᠦᠷᠦ᠎ᠶᠢᠨ ᠭᠡᠰᠢᠭᠦᠨ᠎ᠦ ᠲᠤᠰᠢᠶᠠᠯ᠎ᠢ ᠡᠭᠦᠷᠭᠡᠯᠡᠵᠦ᠂ 400 ᠰᠢᠨ᠎ᠡ ᠴᠡᠷᠢᠭ᠎ᠢ ᠳᠠᠭᠠᠭᠤᠯᠤᠨ ᠶᠠᠫᠤᠨ ᠳᠡᠭᠡᠷᠡᠮᠴᠤᠳ᠎ᠦᠨ 40 ᠭᠠᠷᠤᠢ ᠴᠡᠷᠢᠭ᠎ᠦᠨ ᠲᠡᠷᠭᠡ᠎ᠶᠢ ᠰᠦᠢᠷᠡᠭᠦᠯᠦᠭᠰᠡᠨ᠎ᠡᠴᠡ ᠾᠸᠪᠸᠢ ᠵᠢᠨ ᠡᠮᠦᠨᠡᠲᠦ ᠬᠡᠰᠡᠭ᠎ᠲᠦ ᠳ᠋ᠧᠩ ᠶᠦᠩ ᠶᠣᠣ᠎ᠶᠢᠨ ᠪᠠᠭᠠᠲᠤᠷ ᠨᠡᠷ᠎ᠡ ᠮᠠᠨᠳᠤᠪᠠ᠃

1939 ᠣᠨ᠎ᠤ ᠡᠬᠢ᠎ᠪᠡᠷ᠂ ᠶᠠᠫᠤᠨ ᠴᠡᠷᠢᠭ ᠤᠯᠠᠨ ᠵᠠᠮ ᠬᠤᠪᠢᠶᠠᠨ ᠾᠧᠪᠧᠢ ᠵᠢᠨ ᠡᠮᠦᠨᠡᠲᠦ ᠬᠡᠰᠡᠭ᠎ᠦᠨ ᠶᠠᠫᠤᠨ᠎ᠢ ᠡᠰᠡᠷᠭᠦᠴᠡᠬᠦ ᠰᠠᠭᠤᠷᠢᠨ ᠭᠠᠵᠠᠷ᠎ᠲᠤ 《ᠱᠦᠭᠦᠷᠳᠡᠯᠲᠡ》 ᠬᠢᠵᠦ᠂ ᠳ᠋ᠧᠩ ᠶᠦᠩ ᠶᠣᠣ ᠵᠡᠭᠦᠨ ᠴᠤᠪᠤᠭ᠎ᠠ ᠠᠩᠭᠢ᠎ᠶᠢᠨ ᠨᠢᠭᠡᠨ ᠰᠠᠯᠠᠭ᠎ᠠ ᠠᠩᠭᠢ᠎ᠳᠤ ᠬᠦᠷᠴᠦ 《ᠱᠦᠭᠦᠷᠳᠡᠯᠲᠡ》 ᠶ᠋ᠢ ᠡᠰᠡᠷᠭᠦᠴᠡᠬᠦ ᠠᠵᠢᠯᠯᠠᠭ᠎ᠠ᠎ᠳᠤ ᠣᠷᠣᠯᠴᠠᠪᠠ᠃ 3 ᠰᠠᠷ᠎ᠠ᠎ᠶᠢᠨ 3᠎ᠤ᠋ ᠥᠷᠯᠥᠭᠡ᠂ ᠦ᠋ ᠢ ᠰᠢᠶᠠᠨ᠎ᠤ ᠬᠤᠳᠠ᠎ᠳᠤ ᠪᠠᠢᠭᠰᠠᠨ ᠶᠠᠫᠤᠨ ᠴᠡᠷᠢᠭ ᠰᠢ ᠲᠦᠨ ᠲᠤᠰᠬᠤᠨ ᠵᠦᠭ 《ᠱᠦᠭᠦᠷᠳᠡᠯᠲᠡ》 ᠬᠢᠬᠦ᠎ᠳᠦ ᠰᠢ ᠲᠦᠨ ᠲᠣᠰᠬᠣᠨ᠎ᠳᠤ ᠴᠡᠷᠢᠭ ᠠᠩᠭᠢ᠎ᠪᠠᠨ ᠴᠤᠭᠯᠠᠭᠤᠯᠤᠨ ᠬᠤᠷᠠᠯ ᠬᠢᠵᠦ ᠪᠠᠢᠭᠰᠠᠨ ᠳ᠋ᠧᠩ ᠶᠦᠩ ᠶᠣᠣ ᠡᠷᠡᠰ ᠰᠢᠭᠤᠷᠬᠠᠢ᠎ᠪᠠᠷ ᠨᠢᠭᠡ ᠪᠦᠯᠦᠭ ᠵᠢᠯᠣᠭᠣᠳᠤᠭ᠍ᠴᠢ ᠪᠠᠢᠯᠳᠤᠭ᠍ᠴᠢᠳ᠎ᠲᠤ ᠤᠯᠠᠨ ᠲᠦᠮᠡᠨ᠎ᠦ ᠰᠢᠯᠵᠢᠯᠲᠡ᠎ᠶᠢ ᠵᠣᠬᠢᠶᠠᠨ ᠪᠠᠶ᠋ᠢᠭᠤᠯᠬᠤ ᠪᠠ ᠬᠠᠮᠠᠭᠠᠯᠠᠬᠤ᠎ᠶᠢ ᠵᠠᠷᠯᠢᠭ᠍ᠳᠠᠵᠤ᠂ ᠨᠢᠭᠡ ᠪᠦᠯᠦᠭ 30 ᠰᠢᠬᠠᠮ ᠵᠢᠯᠣᠭᠣᠳᠤᠭ᠍ᠴᠢ ᠪᠠᠢᠯᠳᠤᠭ᠍ᠴᠢᠳ᠎ᠢ ᠳᠠᠭᠠᠭᠤᠯᠤᠨ ᠰᠢ ᠲᠦᠨ ᠲᠣᠰᠬᠣᠨ᠎ᠤ ᠪᠠᠷᠠᠭᠤᠨ ᠲᠠᠯ᠎ᠠ᠎ᠳᠤ ᠬᠦᠷᠴᠦ᠂ ᠠᠰᠢᠭ᠍ᠲᠠᠢ ᠭᠠᠵᠠᠷ᠎ᠤᠨ ᠪᠠᠢᠴᠠ᠎ᠶᠢ ᠪᠤᠯᠢᠶᠠᠨ ᠡᠵᠡᠯᠡᠵᠦ᠂ ᠬᠣᠷᠢᠭ᠍ᠯᠠᠨ ᠴᠣᠬᠢᠬᠤ ᠪᠠ ᠶᠠᠫᠤᠨ ᠴᠡᠷᠢᠭ᠎ᠢ ᠪᠦᠭᠬᠦᠨ ᠴᠣᠬᠢᠬᠤ ᠲᠣᠭᠣᠷᠢᠭ᠋᠎ᠲᠤ ᠣᠷᠣᠭᠤᠯᠬᠤ ᠡᠭᠦᠷᠭᠡ᠎ᠶᠢ ᠡᠭᠦᠷᠭᠡᠯᠡᠪᠡ᠃ ᠰᠢᠷᠦᠭᠦᠨ ᠪᠠᠢᠯᠳᠤᠭᠠᠨ᠎ᠤ ᠳᠤᠮᠳᠠ᠂ ᠲᠡᠭᠦᠨ᠎ᠦ ᠲᠣᠯᠣᠭᠠᠢ ᠪᠠ ᠬᠥᠯ᠎ᠨᠢ ᠴᠥᠮ ᠰᠤᠮᠤᠨ᠎ᠳᠤ ᠣᠨᠣᠭᠳᠠᠵᠤ᠂ ᠡᠴᠦᠰ᠎ᠲᠡᠬᠡᠨ ᠰᠢᠷᠬ᠎ᠠ ᠨᠢ ᠬᠡᠲᠦᠷᠬᠡᠢ ᠬᠦᠨᠳᠦ᠂ ᠬᠡᠲᠦᠷᠬᠡᠢ ᠶᠡᠬᠡ ᠴᠢᠰᠤ ᠭᠠᠷᠤᠭᠰᠠᠨ᠎ᠡᠴᠡ ᠪᠠᠭᠠᠲᠤᠷᠯᠢᠭ᠋᠎ᠢᠶᠠᠷ ᠠᠮᠢ ᠦᠷᠡᠭᠳᠡᠵᠡᠢ᠃

1940 ᠣᠨ᠎ᠳᠤ ᠦ᠋ ᠢ ᠰᠢᠶᠠᠨ᠎ᠤ ᠴᠡᠷᠢᠭ ᠵᠠᠰᠠᠭ ᠠᠷᠠᠳ᠎ᠤᠨ ᠡᠯ᠎ᠡ ᠡᠲᠡᠭᠡᠳ᠎ᠦᠨ ᠬᠢᠨ ᠳ᠋ᠧᠩ ᠶᠦᠩ ᠶᠣᠣ᠎ᠶᠢᠨ ᠪᠤᠩᠬᠤᠨ᠎ᠤ ᠡᠮᠦᠨ᠎ᠡ ᠬᠥᠰᠢᠶ᠎ᠡ ᠪᠣᠰᠬᠠᠨ ᠳᠤᠷᠠᠰᠬᠠᠯ ᠪᠢᠴᠢᠵᠦ ᠦᠭᠪᠡ᠃ 1940 ᠣᠨ᠎ᠳᠤ ᠨᠠᠢ᠍ᠮᠠᠳᠤᠭᠠᠷ ᠵᠠᠮ᠎ᠤᠨ ᠴᠡᠷᠢᠭ᠎ᠦᠨ ᠵᠠᠭᠤ ᠬᠣᠷᠢ ᠶᠢᠰᠦᠳᠦᠭᠡᠷ ᠳ᠋ᠢᠸᠢᠽᠢ᠎ᠶᠢᠨ ᠤᠯᠤᠰ ᠳᠣᠷᠣ᠌᠎ᠶᠢᠨ ᠬᠡᠯᠲᠡᠰ᠎ᠡᠴᠡ ᠲᠤᠰᠤᠨ ᠪᠠᠷ᠎ᠤᠨ 《ᠦᠷᠡᠭᠳᠡᠭᠰᠡᠨ ᠪᠠᠭᠠᠲᠤᠷᠴᠤᠳ᠎ᠤᠨ ᠨᠠᠮᠲᠠᠷ》 ᠢ᠋ ᠨᠠᠢᠷᠠᠭᠤᠯᠤᠨ ᠬᠡᠪᠯᠡᠭᠦᠯᠵᠤ᠂ ᠯᠢᠦ ᠪᠦᠸᠸ ᠴᠧᠩ ᠣᠷᠣᠰᠢᠯ ᠪᠢᠴᠢᠵᠤ᠂ ᠳ᠋ᠧᠩ ᠶᠦ᠍ᠢ᠍ᠡᠭ ᠶᠣᠣ ᠪᠣᠯ 《ᠠᠭᠤᠤ ᠶᠡᠬᠡ ᠬᠤᠪᠢᠰᠬᠠᠯᠴᠢ᠂ ᠳᠤᠮᠳᠠᠳᠤ᠎ᠶᠢᠨ ᠦᠨᠳᠦᠰᠦᠲᠡᠨ᠎ᠦ ᠴᠢᠯᠦᠭᠡᠯᠡᠯᠲᠡ᠎ᠶᠢᠨ ᠲᠥᠯᠥᠭᠡ ᠥᠪᠡᠷ᠎ᠦᠨ ᠠᠯᠢᠪᠠ᠎ᠪᠠᠨ ᠦᠷᠡᠭᠳᠡᠭᠦᠯᠪᠡ》 ᠭᠡᠵᠦ ᠮᠠᠭᠲᠠᠵᠠᠢ᠃

ᠴᠠ ᠯᠢᠩ ᠰᠢᠶᠠᠨ᠎ᠤ ᠯᠧᠨᠢᠨ ᠰᠤᠷᠭᠠᠭᠤᠯᠢ᠎ᠶᠢᠨ ᠵᠠᠬᠢᠷᠤᠯ ᠲᠠᠨ ᠲᠠᠨ ᠯᠢ᠄ 《ᠪᠢᠳᠡ ᠳ᠋ᠧᠩ ᠶᠦᠩ ᠶᠣᠦ ᠨᠦᠬᠦᠷ᠎ᠤᠨ ᠦᠯᠢᠭᠡᠷ᠎ᠢ ᠦᠵᠡᠯ ᠰᠠᠨᠠᠭ᠎ᠠ ᠤᠯᠤᠰ ᠲᠦᠷᠦ᠎ᠶᠢᠨ ᠬᠥᠮᠦᠵᠢᠯ᠎ᠳᠦ ᠠᠭᠤᠰᠬᠠᠵᠤ᠂ ᠬᠡᠦᠬᠡᠳ᠎ᠦᠳ᠎ᠲᠦ ᠬᠠᠷᠢᠭᠤᠴᠠᠯᠭ᠎ᠠ ᠪᠠ ᠡᠭᠦᠷᠭᠡᠯᠡᠯ᠎ᠢ ᠮᠡᠳᠡᠭᠦᠯᠦᠨ᠎ᠡ》 ᠭᠡᠪᠡ᠃

(ᠰᠢᠨᠬᠤᠸᠠ ᠬᠤᠷᠢᠶ᠎ᠠ᠎ᠶᠢᠨ ᠴᠠᠩᠱᠠ᠎ᠶᠢᠨ ᠴᠠᠬᠢᠯᠭᠠᠨ ᠮᠡᠳᠡᠭᠡ ᠡᠴᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号