ᠢᠯᠠᠯᠲᠠ᠎ᠶ᠋ᠢᠨ ᠲᠤᠭ ᠥᠨᠳᠥᠷ᠎ᠲᠦ ᠨᠠᠮᠢᠷᠠᠨ᠎ᠠ
2025-08-15 11:32:44
ᠵᠣᠬᠢᠶᠠᠭ᠍ᠴᠢ᠄
ᠬᠤᠸᠠᠩ ᠢ ᠴᠧᠨ ᠵᠠᠨ ᠯᠢ ᠬᠣᠩ ᠸᠠᠩ ᠯᠢ ᠵᠢᠶᠦ᠋ᠨ
ᠣᠩᠱᠢᠭ᠍ᠰᠠᠨ ᠣᠳᠠᠭ᠎ᠠ᠄
★★★☆☆

— 《ᠫᠢᠩ ᠱᠢᠩ ᠭᠤᠸᠠᠨ ᠪᠤᠭᠤᠮᠳᠠ ᠵᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ》 ᠵᠢ ᠤᠢᠯᠠᠭᠠᠬᠤᠢ


《ᠪᠠᠢᠯᠳᠤᠭᠠᠨ᠎ᠤ ᠲᠣᠭ᠎ᠤᠨ ᠬᠦᠮᠦᠨ᠎ᠤ ᠰᠡᠳᠬᠢᠯ᠎ᠢ ᠬᠦᠳᠡᠯᠬᠡᠬᠦ ᠨᠢ ᠬᠡᠷᠡᠮ ᠳᠡᠭᠡᠷ᠎ᠡ ᠡᠯᠭᠦᠬᠦ ᠳ᠋ᠤ ᠪᠠᠢᠬᠤ᠎ᠪᠢᠰᠢ᠂ ᠬᠠᠷᠢᠨ ᠡᠬᠡ ᠤᠯᠤᠰ ᠪᠣᠯᠤᠨ ᠠᠷᠠᠳ ᠲᠦᠮᠡᠨ᠎ᠦ ᠬᠠᠮᠤᠭ᠎ᠤᠨ ᠬᠡᠷᠡᠭ᠌ᠴᠡᠭᠡ᠎ᠲᠡᠶ ᠭᠠᠵᠠᠷ᠎ᠲᠤ ᠨᠠᠮᠢᠷᠠᠭᠤᠯᠤᠨ᠎ᠠ》᠃ 《ᠫᠢᠩ ᠱᠢᠩ ᠭᠤᠸᠠᠨ᠎ᠪᠤᠭᠤᠮᠳᠠ ᠵᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ》 ᠵᠢᠨ 47 ᠳ᠋ᠤᠭᠠᠷ ᠤᠯᠤᠰ ᠲᠦᠷᠦ᠍᠎ᠶ᠋ᠢᠨ ᠵᠢᠭᠠᠨ ᠵᠢᠯᠤᠭᠤᠳᠤᠭ᠍ᠴᠢ ᠯᠢ ᠱᠢᠨ ᠴᠤᠤ ᠡᠢᠨ᠎ᠬᠦ ᠶᠠᠷᠢᠨ᠎ᠠ᠃

《ᠫᠢᠩ ᠱᠢᠩ ᠭᠤᠸᠠᠨ ᠪᠤᠭᠤᠮᠳᠠ ᠵᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ》 ᠵᠢᠨ ᠪᠠᠢᠯᠳᠤᠭᠠᠨ᠎ᠤ ᠲᠤᠭ — 《ᠶᠠᠫᠣᠨ ᠴᠡᠷᠢᠭ ᠢᠯᠠᠭ᠍ᠳᠠᠰᠢ ᠦᠭᠡᠢ ᠭᠡᠬᠦ᠌ ᠲᠤᠮᠤᠭ᠎ᠢ ᠰᠦᠢᠷᠡᠬᠦᠯᠵᠤ᠂ ᠪᠦᠬᠦ᠌ ᠦᠨᠳᠦᠰᠦᠲᠡᠨ᠎ᠦ ᠶᠠᠫᠣᠨ᠎ᠢ ᠡᠰᠡᠷᠭᠦᠴᠡᠬᠦ᠌ ᠢᠲᠡᠭᠡᠯ ᠵᠣᠷᠢᠭ᠎ᠢ ᠬᠥᠭ᠌ᠵᠢᠭᠡᠭ᠌ᠰᠡᠨ》 ᠶᠤᠮ᠃

ᠤᠳᠤ ᠫᠢᠩ ᠱᠢᠩ ᠭᠤᠸᠠᠨ ᠪᠤᠭᠤᠮᠳᠠ ᠵᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ ᠵᠢᠨ ᠪᠠᠢᠯᠳᠤᠭᠠᠨ᠎ᠤ ᠳᠤᠭ᠎ᠢ ᠵᠠᠯᠭᠠᠨ ᠠᠪᠴᠤ ᠤᠷᠤᠭᠰᠢᠯᠠᠵᠤ ᠪᠠᠢᠭ᠎ᠠ ᠨᠢ ᠮᠦᠨ ᠯᠡ ᠨᠢᠭᠡ ᠪᠦᠯᠦᠭ ᠵᠠᠯᠠᠭᠤᠴᠤᠳ ᠪᠠᠢᠵᠤ᠂ ᠳᠡᠳᠡᠨ ᠤ᠋ ᠬᠠᠮᠳᠤ᠎ᠶᠢᠨ ᠨᠡᠷ᠎ᠡ ᠪᠤᠯ 《ᠬᠠᠭᠤᠷᠠᠢ ᠵᠠᠮ᠎ᠤᠨ ᠴᠡᠷᠢᠭ᠎ᠤᠨ 79᠎ᠳ᠋ᠤᠭᠡᠷ ᠨᠢᠭᠡᠳᠬᠡᠯ ᠠᠷᠮᠢ᠎ᠶᠢᠨ ᠨᠢᠭᠡᠨ ᠪᠠᠷᠢᠭᠠᠳᠠ᠎ᠶᠢᠨ ᠬᠤᠶᠠᠭᠳᠤ ᠶᠠᠪᠠᠭᠠᠨ ᠴᠡᠷᠢᠭ᠎ᠤᠨ  ᠶᠢᠰᠦᠳᠦᠭᠡᠷ ᠰᠤᠮᠤᠨ ᠠᠩᠬᠢ》 ᠪᠤᠯᠤᠨ᠎ᠠ᠃

《ᠬᠡᠳᠦᠢ ᠬᠤᠯᠠ ᠶᠠᠪᠤᠭ᠍ᠰᠠᠨ ᠴᠤ᠌ ᠳᠡᠷᠡ ᠪᠠᠷᠳᠠᠭᠠᠳᠤ ᠪᠣᠭᠣᠮᠲᠠ ᠪᠢᠳᠡᠨ ᠤ᠋ ᠰᠡᠳᠬᠢᠯ᠎ᠳᠦ ᠪᠠᠢᠳᠠᠭ》

1937 ᠣᠨ᠎ᠤ 9 ᠰᠠᠷ᠎ᠠ᠎ᠶ᠋ᠢᠨ 25  ᠤ᠋ ᠡᠳᠦᠷ᠂ ᠨᠠᠢ᠍ᠮᠠᠳᠤᠭᠠᠷ ᠵᠠᠮ᠎ᠤᠨ ᠴᠡᠷᠢᠭ ᠫᠢᠩ ᠱᠢᠩ ᠭᠤᠸᠠᠨ ᠪᠣᠭᠣᠮᠲᠠ᠎ᠳᠦ ᠶᠡᠬᠡ ᠢᠯᠠᠯᠲᠠ ᠣᠯᠪᠠ — ᠡᠨᠡ ᠪᠣᠯ ᠪᠦᠬᠦ᠌ ᠦᠨᠳᠦᠰᠦᠲᠡᠨ᠎ᠦ ᠶᠠᠫᠣᠨ᠎ᠢ ᠡᠰᠡᠷᠭᠦᠴᠡᠬᠦ᠌ ᠳᠠᠢ᠌ᠨ ᠡᠭᠦᠰᠦᠭ᠌ᠰᠡᠨ᠎ᠦ ᠳᠠᠷᠠᠭ᠎ᠠ ᠳᠤᠮᠳᠠᠳᠤ ᠤᠯᠤᠰ᠎ᠤᠨ ᠴᠡᠷᠢᠭ ᠰᠠᠨᠠᠭᠠᠴᠢᠯᠠᠭ᠎ᠠ ᠡᠴᠡ᠎ᠪᠠᠨ ᠶᠠᠫᠣᠨ᠎ᠴᠡᠷᠢᠭ ᠲᠠᠶ ᠪᠠᠢᠯᠳᠤᠭᠠᠳ ᠣᠯᠤᠭ᠍ᠰᠠᠨ ᠠᠩᠬᠠᠨ ᠤ᠋ ᠴᠢᠬᠤᠯᠠ ᠶᠡᠬᠡ ᠢᠯᠠᠯᠲᠠ ᠪᠣᠯᠤᠨ᠎ᠠ᠃ ᠲᠡᠷᠡ ᠤᠳᠠᠭᠠᠨ᠎ᠤ ᠪᠠᠢᠯᠳᠤᠭᠠᠨ ᠨᠢ 《ᠶᠠᠫᠣᠨ ᠴᠡᠷᠢᠭ ᠢᠯᠠᠭ᠍ᠳᠠᠰᠢ ᠦᠭᠡᠢ》 ᠭᠡᠰᠡᠨ ᠳᠣᠮᠣᠭ᠎ᠢ ᠰᠦᠢᠷᠡᠬᠦᠯᠪᠡ᠃

《〈ᠫᠢᠩ ᠱᠢᠩ ᠭᠤᠸᠠᠨ ᠪᠣᠭᠣᠮᠲᠠ᠎ᠶ᠋ᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ〉 ᠭᠡᠬᠦ᠌ ᠡᠨᠡ ᠬᠦ᠌ ᠲᠤᠬ᠎ᠢ ᠲᠠᠢ᠌ᠨ᠎ᠦ ᠲᠠᠷᠠᠭ᠎ᠠ 115 ᠳ᠋ᠤᠭᠠᠷ ᠳ᠋ᠢᠸᠢᠽᠢ᠎ᠶ᠋ᠢᠨ 343 ᠳ᠋ᠤᠭᠠᠷ ᠪᠠᠷᠢᠭᠠᠳᠠ ᠡᠴᠡ ᠲᠤᠰ ᠰᠤᠮᠤᠨ ᠠᠩᠬᠢ᠎ᠳᠤ ᠣᠯᠭᠣᠭ᠍ᠰᠠᠨ ᠶᠤᠮ》 ᠭᠡᠵᠦ᠍ ᠯᠢ ᠱᠢᠨ ᠴᠤᠤ ᠲᠠᠨᠢᠯᠴᠠᠭᠤᠯᠪᠠ᠃

ᠶᠢᠰᠦᠳᠦᠭᠡᠷ ᠰᠤᠮᠤᠨ ᠠᠩᠬᠢ᠎ᠶᠢᠨ ᠢᠷᠠᠭᠤ ᠠᠯᠳᠠᠷ᠎ᠤᠨ ᠲᠠᠰᠤᠭ᠎ᠲᠤ ᠣᠷᠣᠪᠠᠯ ᠬᠡᠷᠡᠮ ᠳᠦᠭᠦᠷᠡᠩ ᠡᠯᠬᠦᠭᠰᠡᠨ ᠪᠠᠢᠯᠳᠤᠭᠠᠨ᠎ᠤ ᠢᠷᠠᠭᠤ ᠠᠯᠳᠠᠷ᠎ᠤᠨ ᠲᠣᠭ ᠲᠡᠳᠡᠨ᠎ᠦ ᠪᠠᠭᠠᠲᠤᠷᠯᠢᠭ ᠲᠡᠦᠬᠡ ᠎ᠶ᠋ᠢ ᠲᠣᠭᠠᠴᠢᠨ᠎ᠠ᠃

ᠵᠠᠭᠤ ᠱᠢᠬᠠᠮ ᠵᠢᠯ᠎ᠦᠨ ᠬᠤᠭᠤᠴᠠᠭᠠᠨ᠎ᠳᠤ᠂ 《ᠫᠢᠩ ᠱᠢᠩ ᠭᠤᠸᠠᠨ ᠪᠣᠭᠣᠮᠲᠠ᠎ᠶ᠋ᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ》 ᠶᠡᠬᠡ ᠪᠠᠭ᠎ᠠ 3000 ᠭᠠᠷᠤᠢ ᠤᠳᠠᠭ᠎ᠠ ᠵᠢᠨ ᠪᠠᠢᠯᠳᠤᠭᠠᠨ᠎ᠳᠤ ᠣᠷᠣᠯᠴᠠᠵᠤ᠂ ᠰᠢᠪᠳᠤᠯᠤᠨ ᠳᠠᠭᠠᠷᠢᠬᠤ ᠪᠤᠶᠤ ᠭᠣᠣᠯ ᠳᠠᠭᠠᠷᠢᠯᠳᠠ᠎ᠶᠢᠨ ᠡᠬᠦᠷᠭᠡ ᠵᠢ ᠬᠡᠳᠦᠨᠳᠡ ᠡᠭᠦᠷᠭᠡᠯᠡᠪᠡ᠃

ᠰᠤᠮᠤᠨ ᠠᠩᠭᠢ᠎ᠶ᠋ᠢᠨ ᠢᠷᠠᠭᠤ ᠠᠯᠳᠠᠷ᠎ᠤᠨ ᠲᠠᠰᠤᠭ ᠳᠡᠬᠢ ᠬᠠᠭᠤᠴᠢᠨ ᠬᠡᠷᠡᠯ ᠵᠢᠷᠤᠭ᠎ᠲᠦ ᠦᠶ᠎ᠡ ᠦᠶ᠎ᠡ᠎ᠶ᠋ᠢᠨ ᠳᠠᠷᠤᠭ᠎ᠠ ᠪᠠᠢᠯᠳᠤᠭ᠍ᠴᠢᠳ᠎ᠤᠨ ᠡᠷᠡᠯᠬᠡᠭ ᠪᠠᠭᠠᠲᠤᠷᠯᠢᠭ ᠪᠠᠷ᠎ᠠ ᠳᠤᠳᠤ ᠬᠠᠷᠠᠭᠳᠠᠨ᠎ᠠ᠄ 1976 ᠣᠨ᠎ᠳᠤ᠂ ᠲᠠᠳᠠ ᠲᠠᠩᠱᠠᠨ᠎ᠤ ᠶᠡᠬᠡ ᠭᠠᠵᠠᠷ ᠬᠥᠳᠡᠯᠦᠯᠲᠡ᠎ᠶ᠋ᠢᠨ ᠪᠠᠭᠤᠷᠢ ᠡᠴᠡ ᠲᠤᠭ᠎ᠠ ᠦᠬᠡᠢ ᠤᠯᠠᠨ ᠬᠠᠯᠠᠭᠤᠨ ᠠᠮᠢ ᠨᠠᠰᠤ ᠵᠢ ᠠᠪᠤᠷᠠᠪᠠ; 1987 ᠣᠨ᠎ᠳᠤ᠂ ᠲᠡᠳᠡ ᠬᠥᠮᠦᠨ᠎ᠦ ᠤᠷᠤᠰᠭᠠᠯ᠎ᠢ ᠰᠥᠷᠴᠦ᠍ ᠶᠡᠬᠡ ᠬᠢᠩᠭᠠᠨ ᠳᠠᠪᠠᠭ᠎ᠠ᠎ᠶ᠋ᠢᠨ ᠳᠦᠷᠡᠯᠵᠡᠭ᠌ᠰᠡᠨ ᠲᠦᠢᠮᠡᠷ᠎ᠢ ᠤᠨᠲᠠᠷᠠᠭᠠᠪᠠ; 1998 ᠣᠨ᠎ᠳᠤ ᠲᠡᠳᠡ ᠪᠡᠶ᠎ᠡ ᠪᠡᠷ᠎ᠢᠶᠡᠨ ᠬᠠᠱᠢᠯᠭ᠎ᠠ ᠪᠤᠯᠵᠤ ᠨᠸᠨᠵᠢᠶᠠᠩ ᠮᠦᠷᠡᠨ ᠤ᠋ ᠶᠡᠬᠡ ᠦᠶᠡᠷ᠎ᠢ ᠬᠣᠷᠢᠭ᠍ᠯᠠᠪᠠ ᠁

ᠳᠠᠢ᠌ᠨ᠎ᠦ ᠴᠠᠭ ᠦᠶ᠎ᠡ᠎ᠳᠦ᠂ ᠰᠤᠮᠤᠨ ᠠᠩᠬᠢ᠎ᠶ᠋ᠢᠨ ᠴᠡᠷᠢᠭ᠎ᠤᠨ ᠠᠶᠠᠯᠠᠯ ᠤᠯᠠᠨ ᠭᠠᠵᠠᠷ᠎ᠢ ᠰᠤᠨᠳᠠᠯᠠᠪᠠ; ᠡᠩᠬᠡ ᠲᠠᠢᠪᠤᠩ ᠣᠨ ᠵᠢᠯ᠎ᠤᠳ ᠲᠤ᠌᠂ ᠲᠡᠳᠡ ᠢᠮᠠᠭᠳᠠ ᠠᠷᠠᠳ ᠲᠦᠮᠡᠨ᠎ᠢ ᠰᠠᠬᠢᠨ ᠬᠠᠮᠠᠭᠠᠯᠠᠨ᠎ᠠ᠃

《ᠡᠨᠳᠡ ᠠᠪᠴᠤ ᠬᠡᠯᠡᠪᠡᠯ ᠵᠠᠯᠠᠭᠤ ᠨᠠᠰᠤ ᠤᠷᠴᠢᠯᠠᠩ᠎ᠤᠨ ᠦᠢᠯᠡ ᠵᠢᠴᠢ ᠨᠡᠷ᠎ᠡ ᠠᠰᠢᠭ ᠯᠤᠭ᠎ᠠ ᠬᠤᠯᠪᠤᠭ᠎ᠠ ᠦᠭᠡᠢ》

《ᠲᠤᠬᠠᠢ᠎ᠶ᠋ᠢᠨ ᠵᠢᠯ᠎ᠦᠨ 2 ᠳ᠋ᠤᠭᠠᠷ ᠪᠠᠲ᠋ᠯᠢᠶᠣᠨ᠎ᠤ 5 ᠳ᠋ᠤᠭᠠᠷ ᠰᠤᠮᠤᠨ ᠠᠩᠬᠢ ᠫᠢᠩ ᠱᠢᠩ ᠭᠤᠸᠠᠨ ᠪᠣᠭᠣᠮᠲᠠ᠎ᠳᠦ ᠪᠠᠢᠯᠳᠤᠭᠰᠠᠨ᠎ᠤ ᠳᠠᠷᠠᠭ᠎ᠠ ᠵᠥᠪᠬᠡᠨ 30 ᠭᠠᠷᠤᠢ ᠬᠥᠮᠦᠨ ᠦᠯᠡᠳᠡᠵᠦ᠍᠂ ᠪᠡᠶ᠎ᠡ ᠦᠷᠡᠭ᠌ᠳᠡᠭ᠌ᠰᠡᠳ᠎ᠦᠨ ᠲᠡᠭᠰᠢᠳᠭᠡᠭᠰᠡᠨ ᠨᠠᠰᠤ ᠨᠢ 20 ᠵᠢ ᠳᠠᠪᠠᠬᠤ ᠦᠭᠡᠢ》 ᠭᠡᠵᠦ᠍ ᠫᠢᠩ ᠱᠢᠩ ᠭᠤᠸᠠᠨ ᠪᠤᠭᠤᠮᠳᠠ᠎ᠶᠢᠨ ᠶᠡᠬᠡ ᠢᠯᠠᠯᠳᠠ᠎ᠶᠢᠨ ᠳᠤᠷᠠᠰᠭᠠᠯ᠎ᠤᠨ ᠣᠷᠳᠣᠨ᠎ᠤ ᠳᠡᠳ᠋ ᠳᠠᠷᠤᠭ᠎ᠠ ᠪᠠᠢ ᠸᠧᠢ ᠵᠢᠶᠠᠩ ᠬᠡᠯᠡᠪᠡ᠃

ᠪᠠᠭ᠎ᠠ ᠲᠦᠷᠦᠭᠦᠴᠢ ᠯᠢᠦ ᠵᠦᠩ ᠶᠠᠩ ᠱᠠᠨ ᠰᠢ ᠮᠤᠵᠢ᠎ᠶ᠋ᠢᠨ ᠳ᠋ᠠᠲ᠋ᠦ᠋ᠩ ᠬᠤᠲᠠ᠎ᠶ᠋ᠢᠨ ᠯᠢᠩᠴᠢᠦ ᠱᠢᠶᠠᠨ ᠳ᠋ᠤ ᠨᠤᠳᠤᠭ ᠲᠠᠢ᠂ ᠲᠤᠰ ᠭᠠᠵᠠᠷ ᠪᠤᠯ ᠳᠤᠮᠳᠠᠳᠤ ᠭᠠᠳᠠᠭᠠᠳᠤ᠎ᠶ᠋ᠢ ᠳᠣᠩᠰᠣᠯᠭᠠᠭ᠍ᠰᠠᠨ ᠫᠢᠩ ᠱᠢᠩ ᠭᠤᠸᠠᠨ ᠪᠤᠭᠤᠮᠳᠠ᠎ᠶᠢᠨ ᠶᠡᠬᠡ ᠢᠯᠠᠯᠲᠠ᠎ᠶ᠋ᠢᠨ ᠪᠠᠢᠯᠳᠤᠭᠠᠨ ᠡᠭᠦᠰᠦᠭ᠌ᠰᠡᠨ ᠭᠠᠵᠠᠷ ᠪᠣᠯᠤᠨ᠎ᠠ᠃ ᠫᠢᠩ ᠱᠢᠩ ᠭᠤᠸᠠᠨ ᠪᠣᠭᠣᠮᠲᠠ ᠡᠴᠡ 《ᠫᠢᠩ ᠱᠢᠩ ᠭᠤᠸᠠᠨ ᠪᠣᠭᠣᠮᠲᠠ᠎ᠶ᠋ᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ》 ᠬᠦᠷᠲᠡᠯ᠎ᠡ᠂ ᠯᠢᠦ ᠵᠦᠩ ᠶᠠᠩ᠎ᠤᠨ ᠵᠠᠯᠠᠭᠤ ᠨᠠᠰᠤ ᠬᠥᠯᠥᠰᠥ᠍᠂ ᠨᠢᠯᠪᠤᠰᠤ᠂ ᠪᠠᠶᠠᠷ ᠪᠠᠶᠠᠰᠤᠯ᠂ ᠳᠣᠭ᠍ᠳᠣᠯᠤᠯ᠎ᠢᠶᠡᠷ ᠲᠦᠬᠦᠷᠦᠭᠰᠡᠨ ᠪᠣᠯᠪᠠᠴᠤ᠌ ᠤᠷᠴᠢᠯᠠᠩ᠎ᠤᠨ ᠦᠢᠯᠡ ᠵᠢᠴᠢ ᠨᠡᠷ᠎ᠡ ᠠᠰᠢᠭ ᠯᠤᠭ᠎ᠠ ᠬᠠᠮᠢᠶ᠎ᠠ ᠦᠭᠡᠢ ᠠᠵᠠᠢ᠃

ᠡᠨᠡ ᠰᠤᠮᠤᠨ ᠠᠩᠭᠢ᠎ᠳᠤ ᠵᠠᠯᠠᠭᠤᠴᠤᠳ 《ᠴᠡᠷᠢᠭ᠎ᠤᠨ ᠪᠣᠯᠪᠠᠰᠤᠷᠠᠯ᠎ᠤᠨ ᠲᠠᠯᠠᠪᠠᠢ ᠳ᠋ᠡᠬᠢ ᠲᠠᠪᠳᠠᠯᠳᠠ》᠂ 《ᠰᠤᠮᠤᠨ ᠠᠩᠭᠢ᠎ᠳᠠᠭᠠᠨ ᠬᠡᠷᠬᠢᠨ ᠢᠷᠠᠭᠤ ᠠᠯᠳᠠᠷ ᠤᠯᠵᠤ ᠠᠪᠴᠢᠷᠠᠬᠤ》᠂ 《ᠮᠠᠷᠭᠠᠰᠢ᠎ᠶ᠋ᠢᠨ ᠢᠯᠠᠯᠲᠠ》 ᠵᠡᠷᠭᠡ᠎ᠶ᠋ᠢ ᠯᠡ ᠬᠦᠰᠡᠨ ᠬᠦᠬᠡᠬᠡᠴᠡᠯᠲᠥᠲᠡᠭ᠃

《 ᠫᠢᠩ ᠱᠢᠩ ᠭᠤᠸᠠᠨ ᠪᠣᠭᠣᠮᠲᠠ᠎ᠶ᠋ᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ》 ᠳ᠋ᠤ ᠥᠩᠭᠡᠷᠡᠭᠦᠯᠦᠭ᠌ᠰᠡᠨ ᠴᠠᠭ ᠮᠥᠴᠡ ᠨᠢ ᠡᠳᠡᠭᠡᠷ ᠵᠠᠯᠠᠭᠤᠴᠤᠳ᠎ᠲᠤ ᠪᠠᠯᠠᠷᠠᠰᠢ ᠦᠭᠡᠢ ᠳᠤᠷᠠᠳᠭᠠᠯ ᠦᠯᠡᠳᠡᠭᠡᠪᠡ᠃

《ᠢᠯᠠᠯᠲᠠ ᠪᠢᠳᠡᠨ᠎ᠢ ᠡᠷᠢᠵᠤ ᠢᠷᠡᠬᠦ᠌ ᠦᠭᠡᠢ ᠪᠢᠳᠡ ᠡᠷᠬᠡᠪᠰᠢ ᠢᠯᠠᠯᠲᠠ ᠵᠦᠭ ᠤᠷᠤᠭ᠍ᠰᠢᠯᠠᠬᠤ ᠬᠡᠷᠡᠭ᠌ᠲᠡᠢ》

《ᠢᠯᠠᠯᠲᠠ ᠪᠢᠳᠡᠨ᠎ᠢ ᠡᠷᠢᠵᠤ ᠢᠷᠡᠬᠦ᠌ ᠦᠭᠡᠢ ᠪᠢᠳᠡ ᠡᠷᠬᠡᠪᠰᠢ ᠢᠯᠠᠯᠲᠠ ᠵᠦᠭ ᠤᠷᠤᠭ᠍ᠰᠢᠯᠠᠬᠤ ᠬᠡᠷᠡᠭ᠌ᠲᠡᠢ》᠃ ᠶᠠᠫᠣᠨ᠎ᠢ ᠡᠰᠡᠷᠭᠦᠴᠡᠬᠦ᠌ ᠲᠠᠢ᠌ᠨ᠎ᠦ ᠦᠶ᠎ᠡ᠎ᠳᠦ ᠲᠦᠷᠦᠵᠦ᠍᠂ ᠴᠢᠯᠥᠭᠡᠯᠡᠬᠦ᠌ ᠲᠠᠢ᠌ᠨ᠎ᠦ ᠦᠶ᠎ᠡ᠎ᠳᠦ ᠦᠰᠦᠨ ᠪᠣᠢᠵᠢᠵᠤ᠂ ᠠᠮᠧᠷᠢᠺᠠ᠎ᠶ᠋ᠢ ᠡᠰᠡᠷᠭᠦᠴᠡᠵᠦ᠍ ᠰᠣᠯᠣᠩᠭᠣᠰ᠎ᠢ ᠲᠤᠰᠠᠯᠠᠬᠤ ᠲᠠᠢ᠌ᠨ᠎ᠳᠦ ᠣᠷᠣᠯᠴᠠᠭ᠍ᠰᠠᠨ 91 ᠨᠠᠰᠤᠲᠠᠢ ᠠᠬᠠᠮᠠᠳ ᠴᠡᠷᠢᠭ ᠵᠦᠩ ᠴᠠᠩ ᠮᠢᠩ ᠡᠢᠨ᠎ᠬᠦ ᠦᠬᠦᠯᠡᠨ᠎ᠡ᠃

ᠠᠭᠤᠤ ᠶᠡᠬᠡ ᠪᠠᠢᠯᠳᠤᠭᠠᠨ᠎ᠤ ᠢᠯᠠᠯᠲᠠ᠎ᠶ᠋ᠢ ᠪᠡᠶ᠎ᠡ᠎ᠪᠡᠷ᠎ᠢᠶᠡᠨ ᠥᠩᠭᠡᠷᠡᠭᠦᠯᠦᠭ᠌ᠴᠢᠳ ᠤᠨ ᠵᠢᠯ᠎ᠤᠨ ᠤᠷᠴᠢᠯ᠎ᠲᠤᠮᠳᠠ ᠪᠢᠳᠡᠨ ᠡᠴᠡ ᠬᠣᠯᠠᠳᠠᠬᠰᠠᠭᠠᠷ᠃ ᠵᠦᠩ ᠴᠠᠩ ᠮᠢᠩ ᠨᠠᠰᠤᠲᠠᠨ ᠪᠣᠯ ᠶᠢᠰᠦᠳᠦᠭᠡᠷ ᠰᠤᠮᠤᠨ ᠠᠩᠬᠢ᠎ᠶ᠋ᠢᠨ ᠠᠬᠠᠮᠠᠳ ᠴᠡᠷᠢᠭ᠎ᠦᠨ ᠳᠣᠲᠣᠷᠠᠬᠢ ᠬᠠᠮᠤᠭ᠎ᠤᠨ ᠠᠬᠠᠮᠠᠳ ᠨᠢ ᠪᠣᠯᠤᠨ᠎ᠠ᠃

ᠳᠤᠭ᠎ᠢ᠋ ᠦᠨᠳᠦᠷ᠎ᠲᠦ ᠨᠠᠮᠢᠷᠠᠭᠤᠯᠬᠤ᠎ᠳᠦ ᠵᠠᠯᠭᠠᠮᠵᠢᠯᠠᠭᠴᠢ ᠪᠠᠢᠬᠤ ᠬᠡᠷᠡᠭᠳᠡᠢ᠃ ᠱᠢᠨ᠎ᠡ ᠴᠠᠭ ᠦᠶ᠎ᠡ᠎ᠶ᠋ᠢᠨ ᠬᠠᠷᠢᠭᠤᠯᠲᠠ᠎ᠶ᠋ᠢᠨ ᠬᠠᠭᠤᠳᠠᠰᠤᠨ ᠳᠡᠭᠡᠷ᠎ᠡ ᠶᠢᠰᠦᠳᠦᠬᠡᠷ ᠰᠤᠮᠤᠨ ᠠᠩᠬᠢ ᠱᠢᠨ᠎ᠡ ᠢᠯᠠᠯᠲᠠ᠎ᠶ᠋ᠢ ᠦᠷᠬᠦᠯᠵᠢᠯᠡᠨ ᠪᠢᠴᠢᠭ᠌ᠯᠡᠵᠦ᠍ ᠪᠠᠢᠨ᠎ᠠ᠃

ᠤᠯᠤᠰ᠎ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ᠎ᠶ᠋ᠢᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠬᠦ᠌ ᠶᠡᠬᠡ ᠤᠷᠤᠰᠭᠠᠯ᠎ᠲᠤᠮᠳᠠ᠂ ᠶᠢᠰᠦᠳᠦᠭᠡᠷ ᠰᠤᠮᠤᠨ ᠠᠩᠬᠢ ᠮᠣᠲ᠋ᠣᠷᠴᠢᠯᠠᠭ᠍ᠰᠠᠨ ᠶᠠᠪᠠᠭᠠᠨ ᠴᠡᠷᠢᠭ ᠡᠴᠡ 《ᠬᠦᠨᠳᠦ ᠬᠡᠯᠪᠡᠷᠢ ᠵᠢ ᠨᠡᠢᠳᠬᠡᠭᠰᠡᠨ ᠲᠡᠮᠦᠷ ᠨᠢᠳᠤᠷᠭ᠎ᠠ》 ᠲᠡᠢᠰᠢ ᠬᠤᠪᠢᠷᠠᠵᠤ ᠳᠠᠬᠢᠨ ᠪᠠᠢᠭᠤᠯᠤᠬᠳᠠᠬᠰᠠᠨ ᠪᠠᠢᠨ᠎ᠠ᠃ ᠬᠠᠮᠤᠭ ᠠᠩᠬᠠᠨ᠎ᠤ ᠪᠠᠢᠳᠠᠯ᠎ᠢ ᠣᠢᠯᠠᠭᠠᠬᠤ ᠬᠢᠨᠠᠨ ᠱᠢᠯᠭᠠᠯᠲᠠ᠎ᠳᠤ ᠵᠢᠯᠣᠭᠣᠳᠭᠤ᠂ ᠴᠢᠮᠡᠭᠡ ᠬᠣᠯᠪᠣᠭ᠎ᠠ᠂ ᠫᠤᠤᠳᠠᠯᠭ᠎ᠠ ᠭᠤᠷᠪᠠᠨ ᠶᠡᠬᠡ ᠲᠤᠰᠭᠠᠶ ᠮᠡᠷᠭᠡᠵᠢᠯ᠎ᠦᠨ ᠬᠢᠷᠢ ᠲᠡᠩᠴᠡᠭ᠌ᠰᠡᠨ ᠨᠣᠷᠮ᠎ᠠ ᠨᠢ 60% ᠬᠥᠷᠬᠥ᠌ ᠥᠬᠡᠶ ᠪᠠᠢᠭ᠍ᠰᠠᠨ ᠡᠴᠡ ᠰᠤᠮᠤᠨ ᠠᠩᠭᠢ᠎ᠶ᠋ᠢᠨ 90% ᠡᠴᠡ ᠳᠡᠭᠡᠭ᠌ᠰᠢᠬᠢ ᠲᠤᠰᠭᠠᠶ ᠮᠡᠷᠭᠡᠵᠢᠯ᠎ᠦᠨ ᠠᠵᠢᠯᠲᠠᠨ ᠵᠡᠷᠭᠡ ᠳᠡᠰ᠎ᠤᠨ ᠦᠨᠡᠮᠯᠡᠯ ᠤᠯᠵᠤ᠂ ᠲᠤᠰᠭᠠᠶ ᠮᠡᠷᠭᠡᠵᠢᠯ᠎ᠦᠨ ᠬᠢᠨᠠᠨ ᠱᠢᠯᠭᠠᠯᠲᠠ᠎ᠶ᠋ᠢᠨ ᠱᠢᠯᠢᠳᠡᠭ᠎ᠦᠨ ᠨᠣᠷᠮ᠎ᠠ ᠨᠢ 100%᠎ᠳᠦ ᠬᠦᠷᠬᠦ ᠪᠤᠯᠳᠠᠯ᠎ᠠ ᠠᠷᠠᠢ ᠭᠤᠷᠪᠠᠨ ᠵᠢᠯ ᠬᠦᠷᠬᠦ ᠦᠭᠡᠢ ᠴᠠᠭ ᠬᠡᠷᠡᠭᠰᠡᠪᠡ᠃

ᠤᠢ᠍ᠢᠷ᠎ᠠ᠎ᠶ᠋ᠢᠨ ᠵᠢᠯ᠎ᠡᠴᠡ᠂ ᠶᠢᠰᠦᠳᠦᠭᠡᠷ ᠰᠤᠮᠤᠨ ᠠᠩᠬᠢ᠎ᠶᠢᠨ ᠲᠡᠷᠭᠡᠨ ᠤ᠋ ᠮᠥᠷ ᠵᠢᠩᠬᠢᠨᠢ ᠪᠠᠢ᠌ᠯᠳᠤᠭᠠᠨᠴᠢᠯᠠᠭ᠍ᠰᠠᠠ ᠰᠤᠷᠢᠯᠳᠠ᠎ᠳᠦ ᠲᠠᠰᠤᠷᠠᠯᠳᠡ ᠦᠭᠡᠢ ᠦᠷᠭᠦᠯᠵᠢᠯᠡᠪᠡ᠃

ᠨᠢᠳᠤᠨᠤᠨ ᠨᠢᠭᠡ ᠯᠡ ᠵᠢᠯ᠎ᠳᠦ᠂ ᠰᠤᠮᠤᠨ ᠠᠩᠬᠢ 3 ᠲᠠᠯᠠᠪᠤᠷ ᠵᠢᠩᠬᠢᠨᠢ ᠴᠡᠷᠢᠭ᠎ᠦᠨ ᠰᠣᠷᠢᠯᠲᠠ᠂ 3 ᠲᠠᠯᠠᠪᠤᠷ ᠵᠡᠪᠰᠡᠭ᠎ᠦᠨ ᠮᠥᠷᠥᠢᠴᠡᠭᠡᠨ᠎ᠳᠦ ᠣᠷᠣᠯᠴᠠᠵᠤ᠂ ᠬᠠᠭᠤᠷᠠᠢ ᠵᠠᠮ᠎ᠤᠨ ᠴᠡᠷᠢᠭ᠎ᠲᠦ 《ᠴᠡᠷᠢᠭ᠎ᠦᠨ ᠪᠣᠯᠪᠠᠰᠤᠷᠠᠯ᠎ᠤᠨ ᠲᠡᠷᠢᠭᠦᠨ᠎ᠦ ᠨᠢᠭᠡᠴᠢ》 ᠪᠡᠷ ᠰᠠᠢᠱᠢᠶᠠᠭ᠍ᠳᠠᠵᠤ᠂ 54 ᠳᠠᠷᠤᠭ᠎ᠠ ᠪᠠᠢᠯᠳᠤᠭ᠍ᠴᠢ ᠭᠠᠪᠢᠶ᠎ᠠ ᠪᠠᠢᠭᠤᠯᠵᠤ ᠱᠠᠩᠨᠠᠯ ᠬᠦᠷᠳᠡᠪᠡ᠃

《9 ᠰᠠᠷ᠎ᠠ᠎ᠶ᠋ᠢᠨ 3 ᠎ᠤ᠋ ᠦᠳᠡ᠎ᠶ᠋ᠢᠨ ᠡᠮᠦᠨ᠎ᠡ᠂ ᠪᠡᠭᠡᠵᠢᠩ᠎ᠦᠨ ᠲᠢᠶᠠᠨ ᠠᠨ ᠮᠸᠨ ᠲᠠᠯᠠᠪᠠᠶ᠎ᠳᠤ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠭ᠌ᠦ ᠳᠠᠢᠨ ᠵᠢᠴᠢ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠭ᠌ᠦ ᠳᠠᠢᠨ ᠢᠯᠠᠯᠲᠠ ᠣᠯᠤᠭ᠍ᠰᠠᠨ 80 ᠵᠢᠯ᠎ᠦᠨ ᠣᠶ᠎ᠶ᠋ᠢ ᠳᠤᠷᠠᠰᠭᠠᠬᠤ ᠶᠡᠬᠡ ᠬᠤᠷᠠᠯ᠎ᠢ ᠶᠠᠪᠤᠭᠳᠠᠭᠤᠯᠬᠤ ᠪᠣᠯᠤᠨ᠎ᠠ᠂ ᠡᠭᠦᠨ᠎ᠳᠦ ᠴᠡᠷᠢᠭ ᠠᠩᠭᠢ᠎ᠶ᠋ᠢ ᠱᠢᠯᠭᠠᠨ ᠦᠵᠡᠬᠦ᠌ ᠶᠤᠰᠤᠯᠠᠯ ᠪᠠᠭ᠍ᠲᠠᠨ᠎ᠠ》᠃ ᠲᠥᠷᠥ᠎ᠶ᠋ᠢᠨ ᠶᠠᠪᠤᠳᠠᠯ᠎ᠤᠨ ᠬᠤᠷᠢᠶ᠎ᠠ᠎ᠶᠢᠨ ᠰᠣᠨᠢᠨ ᠮᠡᠳᠡᠭᠡᠨ᠎ᠦ ᠠᠯᠪᠠᠨ ᠭᠡᠷ᠎ᠦᠨ ᠨᠡᠢᠲᠡᠯᠡᠭ᠌ᠰᠡᠨ ᠡᠨᠡᠬᠦ᠌ ᠮᠡᠳᠡᠭᠡ ᠨᠢ 《ᠫᠢᠩ ᠱᠢᠩ ᠭᠤᠸᠠᠨ ᠪᠣᠭᠣᠮᠲᠠ᠎ᠶ᠋ᠢᠨ ᠶᠡᠬᠡ ᠪᠠᠢᠯᠳᠤᠭᠠᠨ᠎ᠤ ᠭᠠᠪᠰᠢᠭᠠᠢ ᠰᠤᠮᠤᠨ ᠠᠩᠬᠢ》 ᠶ᠋ᠢᠨ ᠳᠠᠷᠤᠭ᠎ᠠ ᠪᠠᠢᠯᠳᠤᠭ᠍ᠴᠢᠳ᠎ᠤᠨ ᠰᠡᠳᠬᠢᠯ᠎ᠢ ᠲᠤᠭᠳᠤᠯᠤᠭᠤᠯᠵᠤ᠂ ᠲᠡᠳᠡ ᠡᠨᠡᠬᠦ ᠤᠳᠬ᠎ᠠ ᠠᠭᠤᠯᠭ᠎ᠠ ᠪᠦᠬᠦᠢ ᠴᠠᠭ ᠮᠦᠴᠡ ᠵᠢ ᠬᠦᠰᠡᠨ ᠬᠦᠯᠢᠶᠡᠨ᠎ᠡ᠃  

(ᠰᠢᠨᠬᠤᠸᠠ ᠬᠤᠷᠢᠶ᠎ᠠ᠎ᠶᠢᠨ ᠮᠦᠭᠳᠡᠨ᠎ᠤ ᠴᠠᠬᠢᠯᠭᠠᠨ ᠮᠡᠳᠡᠭᠡ ᠡᠴᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号