《ᠲᠥᠯᠥᠭᠡᠯᠡᠭᠴᠢᠳ ᠵᠠᠮ᠎ᠳᠠᠭᠠᠨ ᠵᠦᠳᠡᠷᠡᠯ᠎ᠡ᠂ ᠳᠣᠲᠤᠭᠰᠢ ᠪᠡᠨ ᠮᠤᠷᠢᠯᠠ!》 ᠬᠥᠬᠡ ᠲᠣᠭᠣᠰᠬ᠎ᠠ ᠬᠠᠭᠤᠴᠢᠨ ᠸᠠᠭᠠᠷ᠎ᠤᠨ ᠳᠤᠮᠳᠠ ᠲᠡᠦᠬᠡ᠎ᠶᠢᠨ ᠢᠳᠡᠷᠡᠬᠦᠨ ᠠᠯᠬᠤᠭ᠎ᠠ ᠵᠢᠨ ᠴᠢᠮᠡᠭᠡ ᠴᠤᠤᠷᠢᠶᠠᠯᠠᠨ᠎ᠠ᠃ 8 ᠰᠠᠷ᠎ᠠ᠎ᠶᠢᠨ 9 ᠤ᠋ ᠡᠳᠦᠷ᠂ ᠬᠢᠩᠭᠠᠨ ᠠᠢᠮᠠᠭ᠎ᠤᠨ ᠤᠯᠠᠭᠠᠨᠬᠣᠲᠠ᠎ᠶᠢᠨ ᠬᠠᠨ ᠠᠭᠤᠯᠠ᠎ᠶᠢᠨ ᠬᠣᠷᠮᠣᠢ᠎ᠳᠠᠬᠢ ᠨᠢᠭᠡᠨ ᠰᠦᠷᠯᠢᠭ ᠠᠳᠠᠯ᠎ᠠ ᠪᠤᠷᠤᠭᠵᠢᠭᠤᠨ ᠬᠣᠶᠠᠷ ᠳᠠᠪᠬᠤᠷ ᠠᠰᠠᠷ᠎ᠲᠤ ᠠᠯᠬᠤᠨ ᠣᠷᠣᠪᠠᠯ᠂ ᠲᠡᠦᠬᠡ᠎ᠶᠢ ᠭᠡᠷᠡᠴᠢᠯᠡᠭᠰᠡᠨ ᠲᠠᠪᠤᠨ ᠰᠠᠷ᠎ᠠ᠎ᠶᠢᠨ ᠨᠢᠭᠡᠨ᠎ᠦ ᠬᠤᠷᠠᠯ᠎ᠤᠨ ᠪᠠᠭᠤᠷᠢ᠎ᠳᠦ ᠬᠢᠩᠭᠠᠨ ᠠᠢᠮᠠᠭ᠎ᠤᠨ ᠤᠯᠠᠭᠠᠨᠮᠥ᠋ᠴᠢᠷ᠎ᠦᠨ ᠭᠡᠰᠢᠭᠦᠳ ᠶᠠᠭ ᠰᠠᠢᠬᠠᠨ ᠵᠢᠭᠤᠯᠴᠢᠯᠠᠭᠰᠠᠳ᠎ᠲᠤ ᠪᠤᠳᠠᠳᠤ ᠦᠵᠡᠭᠳᠡᠯᠲᠦ ᠣᠬᠣᠷ ᠵᠦᠴᠦᠭᠡ 《ᠲᠠᠪᠤᠨ ᠰᠠᠷ᠎ᠠ᠎ᠶᠢᠨ ᠨᠢᠭᠡᠨ᠎ᠦ ᠶᠡᠬᠡ ᠬᠤᠷᠠᠯ》 ᠢ᠋ ᠲᠣᠭᠯᠠᠨ ᠰᠤᠨᠢᠷᠬᠠᠭᠤᠯᠵᠤ ᠪᠠᠢᠯ᠎ᠠ᠃
ᠬᠢᠩᠭᠠᠨ ᠠᠢᠮᠠᠭ᠎ᠤᠨ ᠤᠯᠠᠭᠠᠨᠮᠥ᠋ᠴᠢᠷ᠎ᠦᠨ ᠵᠣᠬᠢᠶᠠᠨ ᠪᠦᠲᠦᠭᠡᠵᠦ ᠲᠣᠭᠯᠠᠭᠰᠠᠨ ᠡᠨᠡ ᠬᠦ᠌ ᠵᠦᠴᠦᠭᠡ ᠨᠢ ᠤᠮᠠᠷᠠᠲᠤ ᠬᠢᠯᠢ᠎ᠶᠢᠨ ᠰᠣᠶᠣᠯ᠎ᠢ ᠪᠠᠳᠠᠷᠠᠭᠤᠯᠵᠤ᠂ ᠬᠤᠪᠢᠰᠬᠠᠯ᠎ᠤᠨ ᠰᠤᠳᠠᠰᠤ᠎ᠶᠢ ᠦᠷᠬᠦᠯᠵᠢᠯᠠᠨ ᠵᠠᠯᠭᠠᠮᠵᠢᠯᠠᠬᠤ᠎ᠪᠡᠷ ᠭᠣᠣᠯ ᠰᠢᠵᠢᠮ ᠪᠣᠯᠭᠠᠵᠤ᠂ ᠲᠡᠦᠬᠡ᠎ᠶᠢᠨ ᠪᠠᠢᠳᠠᠯ᠎ᠢ ᠭᠦᠨᠵᠡᠬᠡᠢ ᠡᠷᠭᠢᠴᠡᠭᠦᠯᠬᠦ᠎ᠪᠡᠷ ᠳᠠᠮᠵᠢᠵᠤ᠂ ᠲᠤᠬᠠᠢ᠎ᠶᠢᠨ ᠵᠢᠯ᠎ᠦᠨ ᠲᠠᠪᠤᠨ ᠰᠠᠷ᠎ᠠ᠎ᠶᠢᠨ ᠨᠢᠭᠡᠨ᠎ᠦ ᠶᠡᠬᠡ ᠬᠤᠷᠠᠯ᠎ᠤᠨ ᠦᠪᠡᠳᠡᠭᠰᠢ ᠪᠠᠢᠳᠠᠯ᠎ᠢ ᠳᠠᠬᠢᠨᠲᠠ ᠬᠠᠷᠠᠭᠤᠯᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷ᠎ᠠ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ ᠪᠦᠯᠬᠦᠮᠳᠡᠨ ᠨᠢᠭᠡᠳᠴᠦ᠂ ᠴᠢᠯᠦᠭᠡᠯᠡᠯᠲᠡ᠎ᠶᠢ ᠬᠠᠮᠲᠤ ᠪᠠᠷ ᠡᠷᠢᠯᠬᠢᠯᠡᠭᠰᠡᠨ ᠬᠤᠪᠢᠰᠬᠠᠯᠲᠤ ᠬᠠᠯᠠᠭᠤᠨ ᠰᠡᠳᠬᠢᠯᠭᠡ᠎ᠶᠢ ᠠᠮᠢᠳᠤᠯᠢᠭ᠋ ᠢᠯᠡᠷᠡᠭᠦᠯᠵᠡᠢ᠃
《ᠡᠨᠳᠡ ᠬᠤᠪᠤᠷ ᠨᠠᠨᠳᠢᠨ ᠬᠤᠪᠢᠰᠬᠠᠯ᠎ᠤᠨ ᠬᠠᠭᠤᠴᠢᠨ ᠪᠠᠭᠤᠷᠢ ᠪᠠ ᠳᠤᠷᠠᠰᠬᠠᠯ᠎ᠤᠨ ᠣᠷᠳᠣᠨ ᠪᠠᠢᠬᠤ᠎ᠪᠠᠷ ᠪᠠᠷᠠᠬᠤ ᠦᠭᠡᠢ ᠪᠠᠰᠠ ᠡᠢᠮᠦᠷᠬᠦᠦ ᠰᠢᠨ᠎ᠡ ᠰᠡᠪᠡᠭᠦᠨ ᠪᠤᠳᠠᠳᠤ ᠦᠵᠡᠭᠳᠡᠯᠲᠦ ᠵᠦᠴᠦᠭᠡ ᠪᠤᠢ》᠃ ᠲᠣᠭᠯᠠᠯᠲᠠ ᠵᠢ ᠦᠵᠡᠵᠦ ᠳᠠᠭᠤᠰᠤᠭᠰᠠᠨ ᠵᠢᠭᠤᠯᠴᠢᠯᠠᠭᠴᠢ ᠱᠧᠩ ᠶᠦᠩ ᠢᠦᠢ᠂ 《ᠬᠤᠪᠢᠰᠬᠠᠯ᠎ᠤᠨ ᠭᠣᠣᠯ ᠰᠡᠳᠦᠪᠲᠦ ᠠᠵᠢᠯᠯᠠᠭ᠎ᠠ᠎ᠶᠢᠨ ᠬᠡᠯᠪᠡᠷᠢ ᠶᠠᠩᠵᠤ᠎ᠨᠢ ᠤᠯᠠᠨ ᠪᠠᠢᠵᠤ᠂ ᠪᠢᠳᠡᠨ᠎ᠳᠦ ᠲᠡᠷᠡ ᠴᠠᠭ ᠦᠶ᠎ᠠ ᠵᠢᠨ ᠬᠤᠪᠢᠰᠬᠠᠯ᠎ᠤᠨ ᠲᠡᠦᠬᠡ᠎ᠶᠢ ᠨᠡᠩ ᠰᠢᠭᠤᠳ ᠪᠥᠭᠡᠳ ᠨᠡᠩ ᠭᠦᠨᠵᠡᠭᠡᠢ ᠮᠡᠳᠡᠷᠡᠭᠦᠯᠵᠡᠢ》 ᠭᠡᠵᠦ ᠰᠡᠳᠬᠢᠯ ᠬᠥᠳᠡᠯᠦᠨ ᠬᠡᠯᠡᠪᠡ᠃
ᠦᠵᠡᠭᠦᠯᠭᠡ᠎ᠶᠢᠨ ᠲᠢᠩᠬᠢᠮ᠎ᠳᠦ 1947 ᠣᠨ᠎ᠳᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠵᠠᠰᠠᠭ᠎ᠤᠨ ᠣᠷᠳᠣᠨ ᠪᠠᠢᠭᠤᠯᠤᠭᠳᠠᠬᠤ ᠦᠶ᠎ᠡ᠎ᠶᠢᠨ ᠬᠣᠪᠣᠷ ᠨᠠᠨᠳᠢᠨ ᠲᠡᠦᠬᠡ᠎ᠶᠢᠨ ᠳᠤᠷᠠᠰᠬᠠᠯᠲᠤ ᠵᠦᠢᠯᠡᠰ ᠪᠣᠯᠣᠨ ᠲᠡᠦᠬᠡ᠎ᠶᠢᠨ ᠮᠠᠲᠧᠷᠢᠶᠠᠯ᠎ᠢ ᠳᠡᠯᠭᠡᠨ ᠦᠵᠡᠭᠦᠯᠵᠤ ᠪᠤᠢ᠃ ᠲᠠᠢᠯᠪᠤᠷᠢᠯᠠᠭ᠍ᠴᠢ ᠰᠡᠳᠬᠢᠯᠭᠡ ᠭᠦᠨ ᠲᠠᠢᠯᠪᠤᠷᠢᠯᠠᠨ ᠶᠠᠷᠢᠵᠤ᠂ ᠲᠣᠭᠣᠷᠢᠨ ᠦᠵᠡᠭᠴᠢᠳ ᠰᠡᠳᠬᠢᠯ ᠲᠠᠯᠪᠢᠨ ᠰᠣᠨᠣᠰᠴᠤ ᠬᠠᠷᠡᠴᠡᠨ ᠳ᠋ᠤᠨᠢ ᠤᠷᠢᠳᠤᠰ᠎ᠢᠶᠡᠨ ᠡᠷᠬᠡ ᠦᠬᠡᠢ ᠬᠦᠨᠳᠦᠳᠬᠡᠨ ᠪᠢᠰᠢᠷᠡᠬᠦ ᠰᠡᠳᠬᠢᠯᠭᠡ ᠲᠤᠳᠤᠷᠠᠨ᠎ᠠ᠃
《ᠦᠷᠬᠡᠨ ᠠᠭᠤᠳᠠᠮ ᠦᠪᠦᠷ ᠮᠤᠨᠭᠭᠤᠯ᠎ᠤᠨ ᠡᠬᠡ ᠭᠠᠵᠠᠷ ᠲᠦ᠍ ᠨᠠᠮ᠎ᠤᠨ ᠦᠨᠳᠦᠰᠦᠲᠡᠨ᠎ᠤ ᠭᠠᠵᠠᠷ ᠤᠷᠤᠨ᠎ᠤ ᠦᠪᠡᠷᠲᠡᠭᠡᠨ ᠵᠠᠰᠠᠬᠤ ᠲᠦᠷᠦ ᠵᠢᠨ ᠪᠤᠳᠤᠯᠭ᠎ᠠ ᠦᠨᠳᠦᠰᠦ ᠬᠠᠳᠬᠤᠨ ᠨᠠᠬᠢᠶᠠᠯᠠᠵᠤ᠂ ᠨᠠᠪᠴᠢ ᠨᠠᠮᠠᠭ᠎ᠠ ᠨᠢ ᠰᠠᠬᠤᠯᠢᠭᠵᠢᠪᠠ ᠁ 》᠃ ᠥᠪᠥᠷ ᠮᠣᠩᠭᠣᠯ᠎ᠤᠨ ᠦᠨᠳᠦᠰᠦᠲᠡᠨ᠎ᠦ ᠴᠢᠯᠦᠭᠡᠯᠡᠯᠲᠡ᠎ᠶᠢᠨ ᠳᠤᠷᠠᠰᠬᠠᠯ᠎ᠤᠨ ᠣᠷᠳᠣᠨ᠎ᠤ《ᠬᠤᠪᠢᠰᠬᠠᠯᠲᠦ ᠮᠣᠷᠢᠲᠤ ᠴᠡᠷᠢᠭ》 ᠭᠡᠬᠦ ᠭᠣᠣᠯ ᠰᠡᠳᠦᠪᠲᠦ ᠱᠤᠭᠤᠮᠠᠯ᠎ᠤᠨ ᠡᠮᠦᠨ᠎ᠡ᠂ ᠪᠢᠴᠢᠬᠠᠨ ᠲᠠᠢᠯᠪᠤᠷᠢᠯᠠᠭ᠍ᠴᠢ ᠹᠠᠨ ᠶᠤᠸᠠᠢ ᠴᠧᠨ ᠮᠣᠩᠭᠣᠯ ᠬᠤᠪᠴᠠᠰᠤ ᠡᠮᠦᠰᠴᠦ᠂ ᠢᠯᠭᠤᠮ ᠲᠤᠳᠤ ᠦᠬᠡ ᠶᠠᠷᠢᠶ᠎ᠠ ᠤᠷᠬᠢᠯᠤᠮ᠎ᠠ ᠬᠠᠯᠠᠭᠤᠨ ᠰᠡᠳᠬᠢᠯᠭᠡ ᠪᠡᠷ ᠲᠠᠢᠯᠤᠮᠵᠢ ᠬᠢᠭᠰᠡᠨ ᠨᠢ ᠵᠢᠭᠤᠯᠴᠢᠯᠠᠭᠰᠠᠳ᠎ᠤᠨ ᠠᠩᠬᠠᠷᠤᠯ ᠢ ᠤᠨᠴᠠ ᠲᠠᠲᠠᠨ᠎ᠠ᠃
《ᠡᠨᠳᠡ ᠪᠢᠳᠡ ᠬᠤᠪᠢᠰᠬᠠᠯ᠎ᠤᠨ ᠳᠤᠷᠠᠰᠤᠮᠵᠢ᠎ᠶᠢ ᠡᠷᠬᠢᠴᠡᠬᠦᠯᠵᠦ᠂ ᠥᠪᠥᠷ ᠮᠣᠩᠭᠣᠯ᠎ᠤᠨ ᠠᠷᠠᠳ ᠲᠦᠮᠡᠨ᠎ᠦ ᠨᠤᠭᠤᠷᠠᠰᠢ ᠦᠭᠡᠢ ᠲᠡᠮᠡᠴᠡᠯ᠎ᠦᠨ ᠵᠣᠷᠢᠭ᠋ ᠰᠠᠨᠠᠭ᠎ᠠ᠎ᠶᠢ ᠮᠡᠳᠡᠷᠡᠨ᠎ᠠ᠃ ᠲᠡᠳᠡ ᠳᠤᠮᠳᠠᠳᠤ᠎ᠶᠢᠨ ᠦᠨᠳᠦᠰᠦᠲᠡᠨ᠎ᠦ ᠴᠢᠯᠦᠭᠡᠯᠡᠯᠲᠡ᠎ᠶᠢᠨ ᠦᠢᠯᠡᠰ᠎ᠦᠨ ᠳᠤᠮᠳᠠ ᠭᠠᠷᠮᠠᠭᠠᠢ ᠭᠠᠪᠢᠶ᠎ᠠ ᠵᠢᠳᠬᠦᠯ ᠪᠠᠢᠭᠤᠯᠵᠤ᠂ ᠤᠳᠤ ᠪᠣᠯᠲᠠᠯ᠎ᠠ ᠪᠢᠳᠡᠨ᠎ᠢ ᠵᠣᠷᠢᠭ᠍ᠵᠢᠭᠤᠯᠤᠨ ᠡᠷᠡᠯᠬᠡᠭᠯᠡᠨ ᠤᠷᠤᠭᠰᠢᠯᠠᠭᠤᠯᠵᠦ ᠪᠠᠢᠨ᠎ᠠ》 ᠭᠡᠵᠤ ᠵᠢᠭᠤᠯᠴᠢᠯᠠᠭᠴᠢ ᠵᠠᠩ ᠫᠢᠩ ᠲᠣᠭᠣᠷᠢᠨ ᠦᠵᠡᠭᠴᠢᠳ᠎ᠦᠨ ᠰᠡᠳᠬᠢᠯ᠎ᠦᠨ ᠦᠭᠡ᠎ᠶᠢ ᠶᠠᠷᠢᠪᠠ ᠃
ᠲᠡᠳᠡᠬᠡᠷ ᠭᠠᠢᠬᠠᠮᠰᠢᠭ᠍ᠲᠤ ᠣᠨ ᠰᠠᠷ᠎ᠠ᠎ᠶᠢ ᠡᠷᠭᠢᠴᠡᠭᠦᠯᠬᠦᠶ᠎ᠡ᠂ ᠳᠠᠷᠢ᠎ᠶᠢᠨ ᠤᠳᠤᠭ᠎ᠠ ᠡᠭᠡᠭᠡ ᠯᠡ ᠨᠢᠳᠤᠨ ᠡᠮᠤᠨ᠎ᠡ ᠪᠠᠢᠬᠰᠠᠭᠠᠷ ᠰᠢᠭ᠋ ᠰᠠᠨᠠᠭᠳᠠᠭᠤᠯᠤᠨ᠎ᠠ᠃ ᠥᠪᠥᠷ ᠮᠣᠩᠭᠣᠯ᠎ᠤᠨ ᠦᠨᠳᠦᠰᠦᠲᠡᠨ᠎ᠦ ᠴᠢᠯᠦᠭᠡᠯᠡᠯᠲᠡ᠎ᠶᠢᠨ ᠳᠤᠷᠠᠰᠬᠠᠯ᠎ᠤᠨ ᠣᠷᠳᠣᠨ᠎ᠳᠠᠬᠢ ᠭᠡᠷᠡᠯ ᠵᠢᠷᠤᠭ᠎ᠤᠨ ᠮᠠᠲᠧᠷᠢᠶᠠᠯ ᠨᠢ ᠲᠡᠷᠡ ᠬᠦ᠌ ᠰᠦᠷ ᠵᠢᠪᠬᠤᠯᠠᠨᠭᠲᠦ ᠲᠡᠮᠡᠴᠡᠯ᠎ᠦᠨ ᠲᠡᠦᠬᠡ᠎ᠶᠢ ᠲᠡᠬᠢᠨ ᠰᠡᠷᠭᠦᠭᠡᠵᠡᠢ᠃ ᠲᠡᠳᠡᠭᠡᠷ ᠲᠡᠯᠭᠡᠨ ᠬᠠᠷᠠᠭᠤᠯᠵᠤ ᠪᠠᠢᠭ᠎ᠠ ᠬᠤᠪᠢᠰᠬᠠᠯ᠎ᠤᠨ ᠲᠡᠦᠬᠡ᠎ᠶᠢᠨ ᠳᠤᠷᠠᠰᠬᠠᠯᠲᠤ ᠵᠦᠢᠯᠡᠰ᠂ ᠲᠡᠦᠬᠡ᠎ᠶᠢᠨ ᠦᠵᠡᠭᠳᠡᠯ᠎ᠦᠳ ᠨᠢ ᠥᠪᠥᠷ ᠮᠣᠩᠭᠣᠯ᠎ᠤᠨ ᠦᠨᠳᠦᠰᠦᠲᠡᠨ᠎ᠦ ᠴᠢᠯᠦᠭᠡᠯᠡᠯᠲᠡ ᠪᠠ ᠦᠨᠳᠦᠰᠦᠲᠡᠨ᠎ᠦ ᠣᠷᠣᠨ᠎ᠤ ᠥᠪᠡᠷᠲᠡᠭᠡᠨ ᠵᠠᠰᠠᠬᠤ ᠭᠡᠷᠡᠯ ᠰᠠᠴᠤᠷᠠᠩᠭᠤᠢ ᠲᠡᠦᠬᠡᠨ ᠶᠠᠪᠤᠴᠠ᠎ᠶᠢ ᠪᠦᠬᠦ ᠲᠠᠯ᠎ᠠ᠎ᠪᠠᠷ ᠬᠠᠷᠠᠭᠤᠯᠵᠠᠢ᠃
ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠥᠪᠥᠷ ᠮᠣᠩᠭᠣᠯ᠎ᠤᠨ ᠠᠵᠢᠯᠯᠠᠬᠤ ᠬᠣᠷᠢᠶ᠎ᠠ᠎ᠶᠢᠨ ᠠᠯᠪᠠᠨ ᠭᠡᠷ᠎ᠦᠨ ᠬᠠᠭᠤᠴᠢᠨ ᠪᠠᠭᠤᠷᠢ᠎ᠶᠢ ᠪᠡᠶᠡᠴᠢᠯᠡᠨ ᠣᠢᠯᠠᠭᠠᠬᠤ ᠲᠣᠭᠣᠷᠢᠭ᠋᠎ᠲᠤ ᠵᠢᠭᠤᠯᠴᠢᠯᠠᠭᠰᠠᠳ ᠴᠢᠬᠢᠪᠴᠢ ᠵᠡᠭᠦᠵᠦ᠂ ᠴᠢᠬᠢᠪᠴᠢ ᠪᠠᠷ 《1947 ᠣᠨ᠎ᠤ 5 ᠰᠠᠷ᠎ᠠ᠎ᠶᠢᠨ 1᠎ᠤ᠋ ᠡᠳᠦᠷ》 ᠤ᠋ᠨ ᠪᠠᠶᠠᠷ᠎ᠤᠨ ᠴᠠᠬᠢᠯᠭᠠᠨ᠎ᠢ ᠳᠠᠭᠤᠷᠢᠶᠠᠨ ᠢᠯᠡᠭᠡᠨ᠎ᠡ᠃ ᠬᠤᠷᠤᠭᠤᠨ ᠦᠵᠦᠭᠦᠷ᠎ᠢᠶᠡᠷ᠎ᠢᠶᠡᠨ ᠳᠠᠷᠤᠪᠴᠢ᠎ᠶᠢ ᠳᠠᠷᠤᠬᠤ᠎ᠳᠤ 《ᠳ᠋ᠢᠳ ᠳ᠋ᠢᠳ ᠁》 ᠭᠡᠬᠦ ᠳᠠᠭᠤ ᠨᠢ ᠴᠠᠭ ᠣᠷᠣᠨ ᠵᠠᠢ᠎ᠶᠢ ᠨᠡᠪᠲᠡᠯᠦᠨ ᠴᠣᠩᠬᠣᠨ ᠭᠠᠳᠠᠨᠠᠬᠢ ᠤᠳᠤ ᠦᠶ᠎ᠡ᠎ᠶᠢᠨ ᠬᠤᠳᠠ ᠵᠢᠨ ᠠᠶᠠᠯᠭᠤ ᠲᠠᠢ ᠬᠠᠮᠳᠤ ᠵᠢᠨ ᠴᠤᠤᠷᠢᠶ᠎ᠠ ᠡᠬᠦᠰᠦᠨ᠎ᠠ᠃
《ᠪᠦᠬᠦ ᠤᠯᠤᠰ᠎ᠤᠨ ᠤᠯᠤᠰ᠎ᠢᠶᠠᠨ ᠬᠠᠢᠷᠠᠯᠠᠬᠤ ᠦᠵᠡᠯ᠎ᠦᠨ ᠬᠥᠮᠦᠵᠢᠯ᠎ᠦᠨ ᠵᠢᠱ᠌ᠢᠶ᠎ᠡ ᠦᠵᠡᠭᠦᠯᠬᠦ ᠰᠠᠭᠤᠷᠢᠨ ᠪᠣᠯᠤᠭᠰᠠᠨ᠎ᠤ ᠬᠤᠪᠢ᠎ᠳᠤ᠂ 〈ᠨᠢᠭᠡ ᠣᠷᠳᠣᠨ ᠭᠤᠷᠪᠠᠨ ᠪᠠᠭᠤᠷᠢ〉 ᠨᠢ ᠭᠦᠨ ᠵᠤᠵᠠᠭᠠᠨ ᠬᠤᠪᠢᠰᠬᠠᠯ᠎ᠤᠨ ᠰᠣᠶᠣᠯ ᠪᠣᠯᠣᠨ ᠲᠡᠦᠬᠡ᠎ᠶᠢᠨ ᠤᠤᠷ ᠲᠤᠨᠳᠠᠰᠤ᠎ᠵᠢ ᠠᠴᠢᠶᠠᠯᠠᠵᠤ ᠪᠠᠢᠨ᠎ᠠ》᠃ ᠥᠪᠥᠷ ᠮᠣᠩᠭᠣᠯ᠎ᠤᠨ ᠦᠨᠳᠦᠰᠦᠲᠡᠨ᠎ᠦ ᠴᠢᠯᠦᠭᠡᠯᠡᠯᠲᠡ᠎ᠶᠢᠨ ᠳᠤᠷᠠᠰᠬᠠᠯ᠎ᠤᠨ ᠣᠷᠳᠣᠨ᠎ᠤ ᠳᠡᠳ᠋ ᠳᠠᠷᠤᠭ᠎ᠠ ᠹᠠᠩ ᠸᠧᠢ᠂ ᠥᠪᠥᠷ ᠮᠣᠩᠭᠣᠯ᠎ᠤᠨ ᠦᠨᠳᠦᠰᠦᠲᠡᠨ᠎ᠦ ᠴᠢᠯᠦᠭᠡᠯᠡᠯᠲᠡ᠎ᠶᠢᠨ ᠳᠤᠷᠠᠰᠬᠠᠯ᠎ᠤᠨ ᠣᠷᠳᠣᠨ᠂ ᠲᠠᠪᠤᠨ ᠰᠠᠷ᠎ᠠ᠎ᠶᠢᠨ ᠨᠢᠭᠡᠨ᠎ᠦ ᠬᠤᠷᠠᠯ᠎ᠤᠨ ᠪᠠᠭᠤᠷᠢ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠥᠪᠥᠷ ᠮᠣᠩᠭᠣᠯ᠎ᠤᠨ ᠠᠵᠢᠯᠯᠠᠬᠤ ᠬᠣᠷᠢᠶ᠎ᠠ᠎ᠶᠢᠨ ᠠᠯᠪᠠᠨ ᠭᠡᠷ᠎ᠦᠨ ᠬᠠᠭᠤᠴᠢᠨ ᠪᠠᠭᠤᠷᠢ ᠪᠠ ᠤᠯᠠᠭᠠᠨᠬᠦᠦ᠎ᠶᠢᠨ ᠠᠯᠪᠠᠨ ᠭᠡᠷ᠎ᠦᠨ ᠬᠠᠭᠤᠴᠢᠨ ᠪᠠᠭᠤᠷᠢ᠎ᠶᠢ ᠪᠠᠭᠲᠠᠭᠠᠭᠰᠠᠨ 《ᠨᠢᠭᠡ ᠣᠷᠳᠣᠨ ᠭᠤᠷᠪᠠᠨ ᠪᠠᠭᠤᠷᠢ》 ᠳ᠋ᠤ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠳᠣᠣᠷ᠎ᠠ᠂ ᠦᠨᠳᠦᠰᠦᠲᠡᠨ᠎ᠦ ᠴᠢᠯᠦᠭᠡᠯᠡᠯᠲᠡ᠎ᠶᠢ ᠲᠡᠮᠡᠴᠡᠨ ᠣᠯᠬᠤ᠂ ᠣᠷᠣᠨ᠎ᠤ ᠥᠪᠡᠷᠲᠡᠭᠡᠨ ᠵᠠᠰᠠᠬᠤ᠎ᠶᠢ ᠪᠡᠶᠡᠯᠡᠭᠦᠯᠬᠦ᠎ᠶᠢᠨ ᠲᠥᠯᠥᠭᠡ ᠡᠷᠡᠯᠬᠡᠭ ᠪᠠᠭᠠᠲᠤᠷᠯᠢᠭ᠋᠎ᠢᠶᠠᠷ ᠲᠡᠮᠡᠴᠡᠭᠰᠡᠨ ᠭᠡᠷᠡᠯ ᠰᠠᠴᠤᠷᠠᠩᠭᠤᠢ ᠬᠠᠭᠤᠳᠠᠰᠤ᠎ᠶᠢ ᠠᠮᠢᠳᠤᠯᠢᠭ᠋᠎ᠢᠶᠠᠷ ᠲᠡᠮᠳᠡᠭᠯᠡᠭᠰᠡᠨ ᠪᠠᠢᠨ᠎ᠠ᠃ ᠡᠳᠡᠭᠡᠷ ᠨᠢ ᠲᠡᠦᠬᠡ᠎ᠶᠢᠨ ᠭᠡᠷᠡᠴᠢᠯᠡᠭᠴᠢ ᠪᠣᠯᠬᠤ᠎ᠪᠠᠷ ᠪᠠᠷᠠᠬᠤ ᠦᠭᠡᠢ ᠨᠡᠩ ᠴᠤ᠌ ᠥᠷᠭᠡᠨ ᠤᠯᠠᠨ ᠨᠠᠮ᠎ᠤᠨ ᠭᠡᠰᠢᠭᠦᠨ ᠺᠠᠳ᠋ᠷ ᠪᠣᠯᠣᠨ ᠤᠯᠠᠨ ᠲᠦᠮᠡᠨ᠎ᠦ ᠨᠠᠮ᠎ᠤᠨ ᠲᠡᠦᠬᠡ᠎ᠶᠢ ᠰᠤᠷᠤᠯᠴᠠᠬᠤ᠂ ᠤᠯᠤᠰ᠎ᠢᠶᠠᠨ ᠬᠠᠢᠷᠠᠯᠠᠬᠤ ᠦᠵᠡᠯ᠎ᠦᠨ ᠬᠥᠮᠦᠵᠢᠯ᠎ᠢ ᠬᠦᠷᠳᠡᠬᠦ ᠴᠢᠬᠤᠯᠠ ᠬᠢᠴᠢᠶᠡᠯ᠎ᠦᠨ ᠲᠠᠩᠬᠢᠮ ᠪᠠᠢᠵᠤ᠂ ᠡᠨᠡ ᠬᠦ᠌ ᠬᠤᠪᠢᠰᠬᠠᠯ᠎ᠤᠨ ᠬᠠᠯᠠᠭᠤᠨ ᠬᠥᠷᠥᠰᠥᠨ᠎ᠳᠦ ᠥᠨᠢᠳᠡ ᠰᠢᠷᠭᠢᠰᠢ ᠦᠭᠡᠢ ᠤᠶᠤᠨ ᠰᠠᠨᠠᠭᠠᠨ᠎ᠤ ᠰᠢᠮ᠎ᠡ ᠲᠡᠵᠢᠭᠡᠯ᠎ᠢ ᠬᠠᠩᠭᠠᠵᠠᠢ ᠭᠡᠵᠤ ᠢᠯᠡᠳᠬᠡᠪᠡ᠃
ᠣᠢᠷ᠎ᠠ᠎ᠶᠢᠨ ᠵᠢᠯ᠎ᠡᠴᠡ ᠬᠢᠩᠭᠠᠨ ᠠᠢᠮᠠᠭᠬᠤᠪᠢᠰᠬᠠᠯ ᠤᠨ ᠬᠠᠭᠤᠴᠢᠨ ᠪᠠᠭᠤᠷᠢ ᠶᠢ ᠬᠠᠮᠠᠭᠠᠯᠠᠵᠤ ᠰᠡᠯᠪᠢᠨ ᠵᠠᠰᠠᠬᠤ ᠡᠷᠴᠢᠮ᠎ᠢᠶᠡᠨ ᠦᠷᠭᠦᠯᠵᠢᠯᠡᠨ ᠴᠢᠩᠭᠠᠷᠠᠭᠤᠯᠵᠤ᠂ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠲᠡᠦᠬᠡᠨ ᠳᠦᠷᠰᠦ ᠪᠠᠢᠳᠠᠯ ᠪᠣᠯᠣᠨ ᠠᠭᠤᠯᠤᠭᠳᠠᠬᠤᠨ᠎ᠢ ᠰᠡᠷᠭᠦᠭᠡᠬᠦ᠎ᠶᠢ ᠴᠢᠬᠤᠯᠠᠴᠢᠯᠠᠬᠤ᠎ᠪᠠᠷ ᠪᠠᠷᠠᠬᠤ ᠦᠭᠡᠢ ᠳᠡᠯᠭᠡᠨ ᠦᠵᠡᠭᠦᠯᠵᠦ ᠠᠰᠢᠭ᠍ᠯᠠᠬᠤ ᠠᠷᠭ᠎ᠠ ᠬᠡᠯᠪᠡᠷᠢ᠎ᠶᠢᠨ ᠲᠠᠯ᠎ᠠ᠎ᠪᠠᠷ ᠢᠳᠡᠪᠬᠢᠲᠡᠢ ᠰᠢᠨ᠎ᠡ᠎ᠶᠢ ᠡᠭᠦᠳᠴᠡᠢ᠃ 《ᠨᠢᠭᠡ ᠣᠷᠳᠣᠨ ᠭᠤᠷᠪᠠᠨ ᠪᠠᠭᠤᠷᠢ》 ᠪᠡᠷ ᠭᠣᠣᠯ ᠪᠣᠯᠭᠠᠭᠰᠠᠨ ᠬᠤᠪᠢᠰᠬᠠᠯᠳᠤ ᠵᠢᠭᠤᠯᠴᠢᠯᠠᠯ᠎ᠤᠨ ᠵᠢᠭ᠍ᠰᠠᠭᠠᠯ ᠨᠢ ᠨᠢᠭᠡᠨᠲᠡ ᠲᠤᠬᠠᠢ᠎ᠶᠢᠨ ᠭᠠᠵᠠᠷ᠎ᠤᠨ ᠵᠢᠭᠤᠯᠴᠢᠯᠠᠯ᠎ᠤᠨ ᠨᠡᠷ᠎ᠡ᠎ᠶᠢᠨ ᠬᠠᠭᠤᠳᠠᠰᠤ ᠪᠣᠯᠵᠠᠢ᠃ ᠨᠡᠩ ᠤᠯᠠᠨ ᠵᠢᠭᠤᠯᠴᠢᠯᠠᠭᠰᠠᠳ ᠭᠡᠷ᠎ᠦᠨ ᠬᠥᠮᠥᠰ᠎ᠢᠶᠡᠨ ᠳᠠᠭᠠᠭᠤᠯᠤᠨ ᠡᠳᠡᠭᠡᠷ ᠬᠤᠪᠢᠰᠬᠠᠯ᠎ᠤᠨ ᠠᠷᠢᠭᠤᠨ ᠣᠷᠣᠨ᠎ᠳᠤ ᠢᠷᠡᠵᠤ᠂ ᠬᠤᠪᠢᠰᠬᠠᠯ᠎ᠤᠨ ᠦᠯᠢᠭᠡᠷ᠎ᠢ ᠰᠣᠨᠣᠰᠴᠤ᠂ ᠬᠤᠪᠢᠰᠬᠠᠯ᠎ᠤᠨ ᠰᠣᠶᠣᠯ᠎ᠢ ᠣᠢᠯᠠᠭᠠᠨ᠂ ᠤᠶᠤᠨ ᠰᠠᠨᠠᠭᠠᠨ᠎ᠤ ᠤᠬᠢᠶᠠᠯ ᠬᠦᠷᠳᠡᠬᠦ ᠪᠣᠯᠪᠠ᠃ ᠪᠦᠷᠢᠳᠬᠡᠯ᠎ᠢ ᠦᠨᠳᠦᠰᠦᠯᠡᠪᠡᠯ 2025 ᠣᠨ᠎ᠤ 1 — 7 ᠰᠠᠷ᠎ᠠ ᠪᠣᠯᠲᠠᠯ᠎ᠠ᠂ 《ᠨᠢᠭᠡ ᠣᠷᠳᠣᠨ ᠭᠤᠷᠪᠠᠨ ᠪᠠᠭᠤᠷᠢ》 ᠵᠢ ᠲᠣᠭᠣᠷᠢᠨ ᠦᠵᠡᠭᠰᠡᠨ ᠬᠥᠮᠥᠨ᠎ᠦ ᠲᠣᠭ᠎ᠠ ᠨᠢᠭᠡᠨᠲᠡ 562393 ᠬᠥᠮᠥᠨ ᠤᠳᠠᠭ᠎ᠠ᠎ᠳᠤ ᠬᠦᠷᠪᠡ᠃ ᠨᠠᠮ᠎ᠤᠨ ᠭᠡᠰᠢᠭᠦᠨ ᠺᠠᠳ᠋ᠷ᠂ ᠵᠠᠯᠠᠭᠤ ᠪᠠᠭ᠎ᠠ ᠰᠤᠷᠤᠭ᠍ᠴᠢ᠂ ᠬᠤᠳᠠ᠎ᠶᠢᠨ ᠠᠷᠠᠳ ᠵᠢᠭᠤᠯᠴᠢᠯᠠᠭᠰᠠᠳ ᠬᠣᠢᠨ᠎ᠠ ᠬᠣᠢᠨ᠎ᠠ᠎ᠡᠴᠡ᠎ᠪᠠᠨ ᠬᠦᠷᠦᠯᠴᠡᠨ ᠢᠷᠡᠵᠦ᠂ ᠡᠨᠳᠡ᠎ᠡᠴᠡ ᠬᠤᠪᠢᠰᠬᠠᠯ᠎ᠤᠨ ᠲᠡᠦᠬᠡ ᠶᠢ ᠮᠥᠷᠳᠡᠵᠦ᠂ ᠤᠷᠤᠭᠰᠢᠯᠠᠯᠲᠠ᠎ᠶᠢᠨ ᠬᠦᠴᠦᠨ᠎ᠢ ᠰᠢᠩᠭᠡᠬᠡᠨ ᠠᠪᠴᠦ ᠪᠠᠢᠨ᠎ᠠ᠃
《ᠬᠤᠪᠢᠰᠬᠠᠯ᠎ᠤᠨ ᠡᠬᠢ ᠪᠠᠶᠠᠯᠢᠭ᠋᠎ᠢ ᠰᠠᠢᠲᠤᠷ ᠬᠠᠮᠠᠭᠠᠯᠠᠵᠤ᠂ ᠰᠠᠢᠲᠤᠷ ᠠᠰᠢᠭ᠍ᠯᠠᠬᠤ ᠨᠢ ᠮᠠᠰᠢ ᠴᠢᠬᠤᠯᠠ ᠠᠴᠢ ᠬᠣᠯᠪᠣᠭᠳᠠᠯ᠎ᠲᠠᠢ ᠶᠤᠮ》᠃ ᠥᠪᠥᠷ ᠮᠣᠩᠭᠣᠯ᠎ᠤᠨ ᠦᠨᠳᠦᠰᠦᠲᠡᠨ᠎ᠦ ᠴᠢᠯᠦᠭᠡᠯᠡᠯᠲᠡ᠎ᠶᠢᠨ ᠳᠤᠷᠠᠰᠬᠠᠯ᠎ᠤᠨ ᠣᠷᠳᠣᠨ᠎ᠤ ᠳᠠᠷᠤᠭ᠎ᠠ ᠵᠣᠣ ᠰᠢᠶᠣᠣ ᠸᠧᠢ᠂ 《ᠪᠢᠳᠡ ᠬᠠᠮᠠᠭᠠᠯᠠᠵᠤ ᠰᠡᠯᠪᠢᠨ ᠵᠠᠰᠠᠬᠤ᠂ ᠰᠢᠨ᠎ᠡ ᠶᠢ ᠡᠭᠦᠳᠬᠦ ᠦᠵᠡᠭᠦᠯᠭᠡ᠎ᠶᠢ ᠦᠷᠭᠦᠯᠵᠢᠯᠡᠨ ᠭᠦᠨᠵᠡᠭᠡᠢᠷᠡᠭᠦᠯᠵᠦ᠂ ᠡᠲᠡᠭᠡᠷ ᠬᠤᠪᠢᠰᠬᠠᠯ᠎ᠤᠨ ᠪᠡᠯᠬᠡ ᠲᠠᠮᠳᠡᠭ ᠪᠤᠯᠤᠬᠰᠠᠨ ᠭᠠᠵᠠᠷ᠎ᠤᠳ᠎ᠢ ᠰᠢᠨ᠎ᠡ ᠴᠠᠭ ᠦᠶ᠎ᠡ᠎ᠶᠢᠨ ᠬᠡᠷᠡᠯ ᠭᠢᠯᠪᠠᠭ᠎ᠠ ᠰᠠᠴᠤᠷᠠᠭᠤᠯᠤᠭᠤᠯᠵᠤ᠂ ᠨᠠᠩ ᠣᠯᠠᠨ ᠬᠥᠮᠥᠰ᠎ᠤᠨ ᠠᠩᠬᠠᠷᠤᠯ ᠢ ᠲᠡᠳᠠᠵᠤ᠂ ᠬᠤᠪᠢᠰᠬᠠᠯ᠎ᠤᠨ ᠤᠳᠤᠮᠰᠢᠯ ᠢ ᠦᠶ᠎ᠡ᠎ᠶᠢᠨ ᠦᠶ᠎ᠡ᠎ᠳᠦ ᠵᠠᠯᠭᠠᠮᠵᠢᠯᠠᠨ᠎ᠠ》 ᠭᠡᠵᠤ ᠴᠢᠬᠤᠯᠠᠴᠢᠯᠠᠵᠠᠢ᠃