ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠣ ᠪᠣᠯ ᠥᠨᠢ ᠤᠳᠠᠭᠠᠨ ᠲᠡᠦᠬᠡ ᠲᠡᠢ ᠪᠢᠯᠡ᠃ ᠡᠨᠳᠡ ᠪᠠᠷᠠᠭᠤᠨ ᠬᠠᠨ ᠤᠯᠤᠰ ᠪᠣᠯᠤᠨ ᠤᠮᠠᠷᠠᠲᠤ ᠸᠧᠢ ᠣᠯᠣᠰ ᠤ᠋ᠨ ᠦᠶ᠎ᠡ ᠵᠢᠨ ᠤᠷᠲᠤ ᠴᠠᠭᠠᠨ ᠬᠡᠷᠡᠮ ᠤ᠋ᠨ ᠦᠯᠡᠳᠡᠭ᠌ᠳᠡᠯ ᠪᠣᠯᠣᠨ ᠶᠣᠸᠠᠨ ᠲᠠᠢᠽᠦᠢ᠍ᠩ ᠦᠭᠡᠲᠡᠢ ᠬᠠᠭᠠᠨ ᠤ᠋ ᠪᠠᠷᠠᠭᠣᠨᠰᠢ ᠲᠠᠢᠯᠠᠬᠰᠠᠨ ᠨᠠᠷᠠ ᠲᠣᠷᠠᠳᠬᠣ ᠲᠠᠢᠰᠠ ᠦᠣᠭᠡ ᠲᠡᠦᠬᠡ ᠵᠢ ᠬᠠᠭᠣᠴᠢᠯᠠᠵᠦ ᠬᠦᠣᠷᠨᠢᠨᠠ᠃ ᠨᠡᠩ ᠲᠣᠷᠠᠳᠣᠭᠣᠰᠢᠲᠠᠢ ᠨᠢ᠂ ᠶᠠᠫᠣᠨ ᠢ᠋ ᠡᠰᠡᠷᠭᠦᠴᠡᠬᠦ᠌ ᠲᠡᠢᠨ ᠤ᠋ ᠭᠠᠯ ᠡᠨᠳᠡ ᠡᠴᠡ ᠠᠰᠠᠵᠤ᠂ ᠵᠠᠷᠯᠢᠭ ᠣᠯᠠᠮᠵᠢᠯᠠᠬᠣ ᠲᠠᠢ ᠵᠡᠷᠭᠡ ᠳᠠᠯᠠᠨ ᠬᠠᠷ᠎ᠠ ᠠᠭᠤᠯᠠ ᠵᠢᠨ ᠰᠠᠯᠪᠤᠷᠢ ᠠᠩᠭᠢ ᠰᠥᠨᠢ ᠪᠡᠷ ᠭᠡᠨᠡᠳᠡᠬᠦᠯᠦᠨ ᠲᠠᠭᠠᠷᠢᠵᠦ᠂ ᠳᠠᠯᠠᠨ ᠬᠠᠷ᠎ᠠ ᠠᠭᠤᠯᠠ ᠵᠢᠨ ᠶᠠᠫᠣᠨ ᠢ᠋ ᠡᠰᠡᠷᠭᠦᠴᠡᠬᠦ᠌ ᠫᠠᠷᠲ᠋ᠢᠽᠠᠨ ᠲᠠᠢᠨ ᠤ᠋ ᠬᠥᠱᠢᠭᠡ ᠶ᠋ᠢ ᠰᠡᠬᠦᠵᠦ᠍᠂ ᠳᠠᠯᠠᠨ ᠬᠠᠷ᠎ᠠ ᠠᠭᠤᠯᠠ ᠵᠢᠨ ᠶᠠᠫᠣᠨ ᠢ᠋ ᠡᠰᠡᠷᠭᠦᠴᠡᠬᠦ᠌ ᠫᠠᠷᠲ᠋ᠢᠽᠠᠨ ᠲᠠᠢᠨ ᠤ᠋ ᠰᠠᠭᠤᠷᠢᠨ ᠭᠠᠵᠠᠷ ᠪᠣᠯᠬᠣ — ᠰᠦᠢᠶᠣᠸᠠᠨ ᠤ᠋ ᠳᠤᠮᠳᠠ ᠬᠡᠰᠡᠭ ᠤ᠋ᠨ ᠰᠠᠭᠤᠷᠢᠨ ᠭᠠᠵᠠᠷ ᠢ᠋ ᠨᠡᠭᠡᠭᠡᠭ᠌ᠰᠡᠨ ᠪᠠᠢᠨ᠎ᠠ᠃
8 ᠰᠠᠷ᠎ᠠ ᠵᠢᠨ 10 ᠤ᠋ ᠡᠳᠦᠷ᠂ ᠰᠤᠷᠪᠤᠯᠵᠢᠯᠠᠭ᠍ᠴᠢ ᠰᠦᠢᠶᠣᠸᠠᠨ ᠤ᠋ ᠲᠣᠮᠲᠠ ᠬᠡᠰᠡᠭ ᠤ᠋ᠨ ᠶᠠᠫᠣᠨ ᠢ᠋ ᠡᠰᠡᠷᠭᠦᠴᠡᠬᠦ᠌ ᠳᠠᠢᠨ ᠤ᠋ ᠳᠤᠷᠠᠰᠭᠠᠯ ᠤ᠋ᠨ ᠣᠷᠳᠣᠨ ᠳ᠋ᠤ ᠬᠦᠷᠪᠡ᠃ ᠲᠤᠰ ᠣᠷᠳᠣᠨ ᠨᠢ ᠤᠯᠠᠭᠠᠨᠴᠠᠪ ᠬᠤᠲᠠ ᠵᠢᠨ ᠴᠠᠬᠠᠷ ᠪᠠᠷᠠᠭᠤᠨ ᠭᠠᠷᠤᠨ ᠳᠤᠮᠳᠠᠳᠤ ᠬᠤᠱᠢᠭᠤᠨ ᠤ᠋ ᠤᠯᠠᠭᠠᠨ ᠰᠤᠮᠤ ᠵᠢᠨ ᠪᠤᠷᠭᠠᠰᠤᠲᠠᠶ ᠭᠠᠴᠠᠭ᠎ᠠ ᠳ᠋ᠤ ᠪᠠᠢᠷᠢᠯᠠᠵᠤ᠂ ᠬᠤᠱᠢᠭᠤ ᠵᠠᠰᠠᠭ ᠤ᠋ᠨ ᠣᠷᠳᠣᠨ ᠤ᠋ ᠰᠠᠭᠣᠭ᠎ᠠ ᠭᠠᠵᠠᠷ ᠬᠥᠬᠡᠪᠦᠷ ᠪᠠᠯᠭᠠᠰᠤ ᠡᠴᠡ 63 ᠺᠢᠯᠣᠮᠧᠲᠷ ᠵᠠᠢᠲᠠᠶ ᠪᠠᠢᠵᠤ᠂ 2350 ᠲᠡᠭ᠌ᠰᠢ ᠳᠥᠷᠪᠡᠯᠵᠢᠨ ᠮᠧᠲᠷ ᠲᠠᠯᠠᠪᠠᠶ ᠡᠵᠡᠯᠡᠵᠦ ᠪᠣᠢ᠃ ᠡᠨᠳᠡ ᠰᠤᠷᠪᠤᠯᠵᠢᠯᠠᠭ᠍ᠴᠢ ᠤᠨ ᠴᠠᠬ ᠢ᠋ ᠦᠭᠰᠦᠭᠡᠯᠡᠨ ᠦᠩᠭᠡᠷᠡᠭᠰᠡᠨ ᠲᠡᠦᠬᠡ ᠵᠢ ᠡᠷᠭᠢᠴᠡᠭᠦᠯᠦᠯ᠎ᠡ᠃
1937 ᠤᠨ ᠤ᠋ 10 ᠰᠠᠷ᠎ᠠ ᠵᠢᠨ ᠳᠤᠮᠳᠠᠴᠢ ᠪᠡᠷ᠂ ᠬᠦᠢᠰᠦ᠋ᠢ (ᠤᠳᠤ ᠵᠢᠨ ᠬᠦᠬᠡᠬᠤᠳᠠ) ᠪᠤᠯᠤᠨ ᠪᠤᠭᠤᠳᠤ ᠶᠠᠫᠤᠨ ᠴᠡᠷᠢᠭ ᠲᠦ᠍ ᠡᠵᠡᠯᠡᠭ᠌ᠳᠡᠵᠦ᠍᠂ ᠳᠠᠯᠠᠨ ᠬᠠᠷ᠎ᠠ ᠠᠭᠤᠯᠠ ᠵᠢᠨ ᠭᠠᠵᠠᠷ ᠤᠷᠤᠨ ᠤ᠋ ᠶᠠᠫᠤᠨ ᠢ᠋ ᠡᠰᠡᠷᠬᠦᠴᠡᠬᠦ᠌ ᠲᠠᠢᠨ ᠤ᠋ ᠪᠠᠢᠳᠠᠯ ᠣᠯᠠᠮ ᠬᠡᠴᠡᠬᠦᠳᠴᠠᠢ᠃
1938 ᠣᠨ ᠤ᠋ 2 ᠰᠠᠷ᠎ᠠ ᠵᠢᠨ 21 ᠤ᠋ ᠡᠳᠦᠷ᠂ ᠮᠠᠤ ᠽᠧ ᠳ᠋ᠦᠩ ᠡᠴᠡ ᠵᠦ᠍ ᠳ᠋ᠧ᠂ ᠫᠧᠩ ᠳ᠋ᠧ ᠬᠤᠸᠠᠢ ᠨᠠᠷ ᠲᠦ᠍ ᠶᠠᠪᠤᠭᠤᠯᠤᠭᠰᠠᠨ ᠴᠠᠬᠢᠯᠭᠠᠨ ᠴᠢᠮᠡᠭᠡ ᠳᠡᠭᠡᠨ 《ᠶᠠᠫᠣᠨ ᠢ᠋ ᠡᠰᠡᠷᠭᠦᠴᠡᠬᠦ᠌ ᠲᠠᠢᠨ ᠤ᠋ ᠰᠠᠭᠤᠷᠢᠨ ᠭᠠᠵᠠᠷ ᠤ᠋ᠨ ᠭᠤᠣᠯ ᠪᠠᠢᠯᠳᠤᠬᠤ ᠪᠤᠳᠤᠯᠭ᠎ᠠ ᠵᠢᠨ ᠲᠤᠯᠬᠤ ᠴᠡᠭ ᠢ᠋ ᠡᠷᠬᠡᠪᠰᠢ ᠪᠠᠢᠭᠤᠯᠬᠤ ᠪᠡᠷ ᠬᠦᠴᠦᠯᠡᠨ ᠴᠢᠷᠮᠠᠢᠵᠤ᠂ ᠵᠢᠶᠠᠩᠰᠣ ᠱᠠᠨᠳ᠋ᠦᠢ᠍ᠩ ᠤ᠋ᠨ ᠬᠢᠵᠠᠭᠠᠷ ᠣᠷᠣᠨ᠂ ᠾᠧᠪᠸᠢ ᠵᠢᠨ ᠡᠮᠦᠨᠡᠲᠦ ᠬᠡᠰᠡᠭ᠂ ᠿᠸ ᠾᠸ ᠾᠸᠪᠸᠢ ᠵᠢᠨ ᠬᠢᠵᠠᠭᠠᠷ ᠣᠷᠣᠨ᠂ ᠳᠠᠯᠠᠨ ᠬᠠᠷ᠎ᠠ ᠠᠭᠤᠯᠠ ᠵᠢᠨ ᠭᠣᠣᠯ ᠬᠡᠰᠡᠭ ᠵᠢᠡᠷ ᠬᠠᠮᠵᠢᠭᠣᠯᠣᠨ ᠲᠣᠰᠠᠯᠠᠬᠣ ᠬᠡᠷᠡᠭᠲᠡᠢ》 ᠭᠡᠵᠦ᠍ ᠲᠣᠳᠣᠷᠬᠠᠢ ᠵᠢᠭᠠᠵᠤ ᠭᠠᠷᠭᠠᠪᠠ᠃ 5 ᠰᠠᠷ᠎ᠠ ᠵᠢᠨ 14 ᠤ᠋ ᠡᠳᠤᠷ᠂ ᠮᠠᠤ ᠽᠧ ᠳ᠋ᠦᠩ ᠪᠠᠰᠠ ᠵᠦ᠍ ᠳ᠋ᠧ᠂ ᠫᠧᠩ ᠳ᠋ᠧ ᠬᠤᠸᠠᠢ᠂ ᠾᠧ ᠯᠦᠩ᠂ ᠭᠤᠸᠠᠨ ᠱᠢᠶᠠᠩ ᠶᠢᠩ᠂ ᠱᠢᠶᠤᠤ ᠺᠧ ᠳ᠋ᠤ ᠴᠠᠬᠢᠯᠭᠠᠨ ᠴᠢᠮᠡᠭᠡ ᠶᠠᠪᠤᠭᠤᠯᠵᠤ᠂ ᠫᠢᠩ ᠰᠦᠢ ᠵᠠᠮ ᠡᠴᠡ ᠤᠮᠠᠷᠠᠱᠢᠬᠢ ᠲᠠᠯᠠᠨ ᠬᠠᠷ᠎ᠠ ᠠᠭᠣᠯᠠ ᠲᠠᠭᠠᠣ ᠫᠠᠷᠲ᠋ᠢᠽᠠᠨ ᠲᠠᠢᠨ ᠤ᠋ ᠰᠠᠭᠤᠷᠢᠨ ᠭᠠᠵᠠᠷ ᠢ᠋ ᠪᠠᠢᠭᠤᠯᠬᠤ ᠪᠣᠯ ᠮᠠᠰᠢ ᠴᠢᠬᠤᠯᠠ᠂ ᠡᠨᠡ ᠶᠠᠪᠣᠲᠠᠯ ᠢ᠋ ᠪᠣᠰᠢᠭᠣᠬᠠᠨ ᠪᠣᠲᠣᠯᠬᠢᠯᠠᠬᠣ ᠭᠡᠷᠡᠭᠲᠡᠢ ᠭᠡᠵᠦ ᠱᠠᠭᠠᠷᠲᠠᠪᠠ᠃
ᠳᠤᠮᠳᠠᠳᠤ ᠤᠯᠤᠰ ᠤ᠋ᠨ ᠡᠪ ᠬᠠᠮᠳᠤ ᠨᠠᠮ ᠤ᠋ᠨ ᠲᠦᠪ ᠬᠤᠷᠢᠶ᠎ᠠ ᠵᠢᠨ ᠪᠠᠢᠯᠳᠤᠬᠤ ᠪᠤᠳᠤᠯᠭ᠎ᠠ ᠵᠢᠨ ᠪᠠᠢᠷᠢᠯᠠᠭᠤᠯᠤᠯᠳᠠ ᠵᠢ ᠦᠨᠳᠦᠰᠦᠯᠡᠨ᠂ 1938 ᠤᠨ ᠤ᠋ 6 ᠰᠠᠷ᠎ᠠ ᠵᠢᠨ ᠰᠡᠬᠦᠯᠴᠢ ᠪᠡᠷ ᠨᠠᠢ᠍ᠮᠠᠳᠤᠭᠠᠷ ᠵᠠᠮ ᠤ᠋ᠨ ᠴᠡᠷᠢᠭ ᠤ᠋ᠨ ᠶᠡᠷᠦᠩᠭᠡᠢ ᠵᠠᠬᠢᠷᠭ᠎ᠠ ᠬᠢᠭᠡᠳ 120 ᠳ᠋ᠤᠭᠠᠷ ᠳ᠋ᠢᠸᠢᠽᠢ ᠨᠢ 358 ᠳ᠋ᠤᠭᠠᠷ ᠪᠠᠷᠢᠭᠠᠳᠠ ᠵᠢᠨ 715 ᠳ᠋ᠤᠭᠠᠷ ᠬᠤᠷᠢᠶ᠎ᠠ ᠪᠣᠯᠣᠨ ᠳ᠋ᠢᠸᠢᠽᠢ ᠵᠢᠨ ᠱᠢᠭᠤᠳ ᠬᠠᠷᠢᠶ᠎ᠠ ᠮᠤᠷᠢᠳᠤ ᠴᠡᠷᠢᠭ ᠤ᠋ᠨ ᠪᠠᠲᠯᠢᠶᠤᠨ ᠤ᠋ ᠨᠢᠭᠡᠳᠦᠭᠡᠷ ᠰᠤᠮᠤ ᠵᠢ ᠳᠠᠯᠠᠨ ᠬᠠᠷ᠎ᠠ ᠠᠭᠤᠯᠠ ᠵᠢᠨ ᠰᠠᠯᠪᠤᠷᠢ ᠠᠩᠬᠢ ᠪᠣᠯᠭᠠᠨ ᠵᠤᠬᠢᠶᠠᠨ ᠪᠠᠢᠭᠤᠯᠵᠤ᠂ 358 ᠳ᠋ᠤᠭᠠᠷ ᠪᠠᠷᠢᠭᠠᠳᠠ ᠵᠢᠨ ᠺᠤᠮᠢᠰᠰᠠᠷ ᠯᠢ ᠵᠢᠩ ᠴᠢᠤᠸᠠᠨ ᠰᠠᠯᠪᠤᠷᠢ ᠠᠩᠬᠢ ᠵᠢᠨ ᠳᠠᠷᠤᠭ᠎ᠠ ᠮᠦᠷᠲᠡᠭᠡᠨ ᠺᠤᠮᠢᠰᠰᠠᠷ ᠤᠨ ᠲᠣᠰᠢᠶᠠᠯ ᠢ᠋ ᠡᠬᠦᠷᠭᠡᠯᠡᠵᠦ᠂ ᠰᠦᠢᠶᠤᠸᠠᠨ ᠤ᠋ ᠲᠠᠢᠰᠤᠨ ᠤ᠋ ᠠᠷᠣ ᠲᠠᠯ᠎ᠠ ᠳ᠋ᠦ ᠲᠦᠷᠢᠨ ᠣᠷᠣᠵᠦ᠂ ᠳᠠᠯᠠᠨ ᠬᠠᠷ᠎ᠠ ᠠᠭᠤᠯᠠ ᠵᠢᠨ ᠶᠠᠫᠤᠨ ᠢ᠋ ᠡᠰᠡᠷᠬᠦᠴᠡᠬᠦ᠌ ᠰᠠᠭᠤᠷᠢᠨ ᠭᠠᠵᠠᠷ ᠢ᠋ ᠪᠠᠢᠭᠤᠯᠬᠤ ᠪᠡᠷ ᠳᠤᠭ᠍ᠳᠠᠪᠠ᠃ 1938 ᠣᠨ ᠤ᠋ 8 ᠰᠠᠷ᠎ᠠ ᠵᠢᠨ 2 ᠤ᠋ᠨ ᠡᠳᠦᠷ᠂ ᠳᠠᠯᠠᠨ ᠬᠠᠷ᠎ᠠ ᠠᠭᠤᠯᠠ ᠵᠢᠨ ᠰᠠᠯᠪᠤᠷᠢ ᠠᠩᠭᠢ ᠨᠢ ᠤᠷᠲᠤ ᠴᠠᠭᠠᠨ ᠬᠡᠷᠡᠮ ᠤ᠋ᠨ ᠱᠦᠷᠭᠡᠢ ᠬᠠᠭᠠᠯᠭ᠎ᠠ ᠪᠡᠷ ᠲᠠᠮᠵᠢᠨ ᠰᠦᠢᠶᠤᠸᠠᠨ ᠮᠤᠵᠢ ᠵᠢᠨ ᠬᠢᠯᠢ ᠳ᠋ᠤ ᠣᠷᠣᠵᠦ᠂ ᠶᠠᠫᠣᠨ ᠴᠡᠷᠢᠭ ᠤ᠋ᠨ ᠲᠠᠪᠣᠨ ᠵᠠᠮ ᠤ᠋ᠨ ᠬᠣᠷᠢᠬᠯᠠᠯᠲᠠ ᠳ᠋ᠦ ᠣᠴᠠᠷᠠᠪᠠ᠃ ᠡᠢᠨ ᠬᠦ᠌ ᠴᠡᠷᠢᠭ ᠠᠩᠭᠢ ᠵᠢᠨ ᠭᠤᠤᠯ ᠬᠦᠴᠦᠨ ᠨᠢ ᠵᠢᠰᠢᠶ᠎ᠠ ᠠᠢᠯ ᠪᠠᠯᠭᠠᠰᠤ ᠵᠢᠨ ᠵᠡᠭᠦᠨ ᠲᠠᠯ᠎ᠠ ᠪᠡᠷ ᠫᠢᠩ ᠰᠦᠢ ᠲᠡᠮᠦᠷ ᠵᠠᠮ ᠢ᠋ ᠭᠡᠲᠦᠯᠪᠡ᠃ 9 ᠰᠠᠷ᠎ᠠ ᠵᠢᠨ 1 ᠤ᠋ ᠡᠳᠦᠷ ᠴᠡᠷᠢᠭ ᠠᠩᠭᠢ ᠨᠢ ᠳᠠᠯᠠᠨ ᠬᠠᠷ᠎ᠠ ᠠᠭᠤᠯᠠ ᠵᠢᠨ ᠬᠦᠨ ᠳ᠋ᠡᠬᠢ ᠳ᠋ᠠ ᠲᠠᠨ ᠣᠷᠣᠨ ᠳ᠋ᠤ ᠢᠯᠠᠯᠲᠠ ᠲᠠᠢ ᠪᠡᠷ ᠬᠦᠷᠴᠦ᠍᠂ ᠶᠠᠩ ᡁᠢ ᠯᠢᠨ ᠨᠠᠷ ᠤ᠋ᠨ ᠤᠳᠤᠷᠢᠳᠤᠭ᠍ᠰᠠᠨ ᠶᠠᠫᠣᠨ ᠢ᠋ ᠡᠰᠡᠷᠭᠦᠴᠡᠬᠦ᠌ ᠫᠠᠷᠲ᠋ᠢᠽᠠᠨ ᠠᠩᠬᠢ ᠲᠠᠢ ᠠᠭᠤᠯᠵᠠᠪᠠ᠃
ᠲᠤᠬᠠᠢ ᠵᠢᠨ ᠦᠶ᠎ᠡ ᠳ᠋ᠤ ᠲᠣᠣ ᠯᠢᠨ ᠱᠢᠶᠠᠨ ᠤ᠋ ᠬᠤᠲᠠ (ᠥᠨᠥ ᠵᠢᠨ ᠴᠠᠬᠠᠷ ᠪᠠᠷᠠᠭᠤᠨ ᠭᠠᠷᠤᠨ ᠳᠤᠮᠳᠠᠳᠤ ᠬᠤᠱᠢᠭᠤᠨ ᠤ᠋ ᠬᠥᠬᠡᠪᠦᠷ ᠪᠠᠯᠭᠠᠰᠤ) ᠪᠣᠯ ᠰᠦᠢᠶᠤᠸᠠᠨ ᠤ᠋ ᠳᠤᠮᠳᠠ ᠬᠡᠰᠡᠭ ᠤ᠋ᠨ ᠪᠠᠢᠯᠳᠤᠬᠤ ᠪᠣᠳᠣᠯᠭ᠎ᠠ ᠵᠢᠨ ᠴᠢᠬᠤᠯᠠ ᠭᠠᠵᠠᠷ ᠪᠠᠢᠵᠤ᠂ ᠵᠡᠭᠦᠨᠰᠢ ᠪᠠᠨ ᠱᠠᠨ ᠰᠢ ᠴᠠᠬᠠᠷ ᠾᠸᠪᠸᠢ ᠲᠠᠢ ᠬᠣᠯᠪᠣᠯᠲᠣᠵᠤ᠂ ᠪᠠᠷᠠᠭᠤᠨᠰᠢ ᠭᠦᠢᠰᠦ᠋ᠢ ᠦᠴᠤᠸᠠᠨ ᠲᠠᠢ ᠵᠠᠯᠭᠠᠯᠲᠣᠨ᠂ ᠡᠮᠦᠨᠡᠰᠢ ᠬᠦᠢᠲᠡᠨ ᠰᠢᠯᠢ ᠵᠢ ᠲᠦᠰᠢᠵᠦ᠂ ᠪᠠᠢᠯᠳᠤᠬᠤ ᠪᠣᠳᠣᠯᠭ᠎ᠠ ᠵᠢᠨ ᠪᠠᠢᠷᠢ ᠰᠠᠭᠤᠷᠢ ᠨᠢ ᠮᠠᠰᠢ ᠴᠢᠬᠣᠯᠠ ᠪᠠᠢᠵᠠᠢ᠃ ᠲᠤᠤ ᠯᠢᠨ ᠱᠢᠶᠠᠨ ᠤ᠋ ᠬᠤᠳᠠ ᠳ᠋ᠦ ᠮᠢᠩᠭ᠎ᠠ ᠭᠠᠷᠤᠢ ᠡᠷᠦᠬᠡ ᠰᠠᠭᠤᠭᠠᠯᠢ ᠠᠷᠠᠳ᠂ 50 ᠭᠠᠷᠤᠢ ᠳᠡᠯᠭᠡᠭᠦᠷ ᠲᠠᠢ ᠪᠠᠢᠵᠦ᠂ ᠵᠢᠨᠢᠩ ᠡᠴᠡ ᠣᠮᠠᠷᠠᠰᠢᠬᠢ ᠬᠠᠮᠤᠭ ᠤ᠋ᠨ ᠶᠡᠭᠡ ᠠᠷᠠᠯᠵᠢᠶ᠎ᠠ ᠬᠣᠲᠠᠯᠲᠣᠭᠠᠨ ᠤ᠋ ᠲᠥᠪᠯᠡᠷᠡᠭᠦᠯᠦᠨ ᠲᠠᠷᠬᠠᠭᠠᠬᠤ ᠭᠠᠵᠠᠷ ᠪᠣᠯᠬᠣ ᠮᠦᠷᠲᠡᠭᠡᠨ ᠶᠠᠫᠣᠨ ᠪᠣᠯᠣᠨ ᠬᠠᠭᠤᠷᠮᠠᠭ ᠴᠡᠷᠢᠭ ᠤ᠋ᠨ ᠰᠦᠢᠶᠤᠸᠠᠨ ᠤ᠋ ᠳᠤᠮᠳᠠ ᠬᠡᠰᠡᠭ ᠲᠦ᠍ ᠪᠠᠢᠭᠤᠯᠤᠭ᠍ᠰᠠᠨ ᠲᠤᠮᠤ ᠰᠠᠭᠤᠷᠢᠨ ᠭᠠᠵᠠᠷ ᠪᠣᠯᠬᠣ ᠶᠣᠮ᠃ ᠡᠨᠳᠡ ᠲᠤᠣ ᠯᠢᠨ ᠱᠢᠶᠠᠨ ᠤ᠋ ᠬᠠᠭᠤᠷᠮᠠᠭ ᠵᠠᠰᠠᠭ ᠤ᠋ᠨ ᠪᠠᠢᠭᠤᠯᠭ᠎ᠠ ᠡᠴᠡ ᠭᠠᠳᠠᠨ᠎ᠠ᠂ ᠬᠤᠳᠠᠨ ᠲᠣᠲᠣᠷ᠎ᠠ ᠪᠠᠰᠠ ᠶᠠᠫᠤᠨ ᠴᠡᠷᠢᠭ ᠤ᠋ᠨ 1 ᠳᠤᠮᠳᠠ ᠠᠩᠬᠢ᠂ ᠬᠠᠭᠤᠷᠮᠠᠭ ᠴᠡᠷᠢᠭ ᠤ᠋ᠨ 3 ᠳᠤᠮᠳᠠ ᠠᠩᠬᠢ ᠰᠠᠭᠤᠷᠢᠰᠢᠵᠦ᠂ ᠨᠡᠢᠳᠡ 500 ᠭᠠᠷᠤᠢ ᠬᠦᠮᠦᠨ ᠪᠠᠢᠵᠦ᠂ ᠰᠦᠢᠶᠤᠸᠠᠨ ᠤ᠋ ᠲᠤᠮᠳᠠ ᠬᠡᠰᠡᠭ ᠲᠡᠬᠢ ᠶᠠᠫᠣᠨ ᠴᠡᠷᠢᠭ ᠤ᠋ᠨ ᠤᠯᠤᠰ ᠲᠦᠷᠦ᠍᠂ ᠴᠡᠷᠢᠭ ᠤ᠋ᠨ ᠶᠠᠪᠤᠳᠠᠯ ᠤ᠋ᠨ ᠵᠢᠯᠤᠭᠤᠳᠭᠤ ᠲᠦᠪ ᠪᠠᠢᠵᠠᠢ᠃ ᠳᠠᠢᠰᠤᠨ ᠢ᠋ ᠭᠡᠨᠡᠲᠡᠬᠦᠯᠦᠨ ᠲᠠᠭᠠᠷᠢᠵᠦ᠂ ᠡᠯ᠎ᠡ ᠦᠨᠳᠦᠰᠦᠲᠡᠨ ᠤ᠋ ᠠᠷᠠᠳ ᠲᠦᠮᠡᠨ ᠤ᠋ ᠶᠠᠫᠣᠨ ᠢ᠋ ᠡᠰᠡᠷᠭᠦᠴᠡᠬᠦ᠌ ᠢᠲᠡᠭᠡᠯ ᠵᠣᠷᠢᠭ ᠢ᠋ ᠬᠥᠪᠴᠢᠯᠡᠬᠦ᠌ ᠵᠢᠨ ᠲᠥᠯᠥᠭᠡ ᠳᠠᠯᠠᠨ ᠬᠠᠷ᠎ᠠ ᠠᠭᠤᠯᠠ ᠵᠢᠨ ᠰᠠᠯᠪᠤᠷᠢ ᠠᠩᠭᠢ ᠨᠢ ᠲᠣᠣ ᠯᠢᠨ ᠱᠢᠶᠠᠨ ᠤ᠋ ᠬᠤᠲᠠ ᠵᠢ ᠬᠠᠮᠣᠬ ᠤ᠋ᠨ ᠲᠦᠷᠦᠬᠦᠨ ᠳ᠋ᠦ ᠳᠠᠭᠠᠷᠢᠬᠤ ᠪᠡᠷ ᠲᠣᠭ᠍ᠲᠠᠵᠠᠢ᠃
9 ᠰᠠᠷ᠎ᠠ ᠵᠢᠨ 3 ᠤ᠋ ᠡᠳᠦᠷ᠂ ᠯᠢ ᠵᠢᠩ ᠴᠢᠥᠸᠠᠨ ᠬᠤᠶᠠᠳᠤᠭᠠᠷ ᠪᠠᠲᠯᠢᠶᠦᠨ ᠪᠣᠯᠤᠨ ᠭᠤᠷᠪᠠᠳᠤᠭᠠᠷ ᠪᠠᠲᠯᠢᠶᠦᠨ ᠢ᠋ ᠳᠠᠭᠠᠭᠤᠯᠤᠨ ᠳ᠋ᠠ ᠲᠠᠨ ᠡᠴᠡ ᠮᠣᠷᠳᠠᠵᠤ ᠲᠤᠤ ᠯᠢᠨ ᠵᠦᠭ ᠴᠡᠷᠢᠭᠯᠡᠪᠡ᠃ ᠪᠦᠷᠦᠢ ᠵᠢᠨ ᠦᠶ᠎ᠡ ᠪᠡᠷ ᠲᠤᠤ ᠯᠢᠨ ᠱᠢᠶᠠᠨ ᠤ᠋ ᠬᠤᠳᠠ ᠵᠢᠨ ᠪᠠᠷᠠᠭᠤᠨ ᠡᠮᠦᠨᠡᠬᠢ ᠠᠭᠤᠯᠠᠨ ᠳ᠋ᠤ ᠢᠷᠡᠵᠦ ᠪᠦᠭᠬᠦᠨ ᠵᠠᠷᠯᠢᠭ ᠬᠦᠯᠢᠶᠡᠪᠡ᠃ ᠥᠷ ᠴᠠᠢᠬᠣ ᠵᠢᠨ ᠠᠯᠲᠠ ᠪᠡᠷ ᠯᠢ ᠵᠢᠩ ᠴᠢᠣᠸᠠᠨ ᠬᠤᠲᠠ ᠵᠢ ᠲᠠᠭᠠᠷᠢᠬᠤ ᠵᠠᠷᠯᠢᠭ ᠪᠠᠭᠤᠯᠭᠠᠵᠤ᠂ ᠭᠤᠷᠪᠠᠳᠣᠭᠠᠷ ᠪᠠᠲᠯᠢᠶᠣᠨ ᠤ᠋ ᠠᠷᠪᠠᠳᠣᠭᠠᠷ ᠰᠣᠮᠣ ᠨᠢ ᠪᠠᠲᠯᠢᠶᠣᠨ ᠤ᠋ ᠲᠠᠷᠤᠭ᠎ᠠ ᠴᠧᠨ ᠭᠠᠩ ᠤ᠋ᠨ ᠲᠠᠭᠠᠭᠤᠯᠭ᠎ᠠ ᠪᠡᠷ ᠬᠤᠢᠳᠦ ᠬᠠᠭᠠᠯᠭ᠎ᠠ ᠵᠢ ᠡᠪᠳᠡᠵᠦ᠍᠂ ᠱᠢᠶᠠᠨ ᠤ᠋ ᠬᠤᠳᠠ ᠳ᠋ᠦ ᠳᠠᠭᠠᠷᠢᠨ ᠣᠷᠣᠵᠠᠢ᠃ ᠬᠠᠭᠤᠷᠮᠠᠭ ᠴᠡᠷᠢᠭ ᠪᠠᠯᠢᠲᠠᠨ ᠰᠠᠨᠳᠤᠷᠴᠤ᠌᠂ ᠮᠣᠵᠢᠭᠣᠳᠠᠯᠠᠨ ᠡᠰᠡᠷᠬᠦᠴᠡᠭᠰᠡᠨ ᠪᠣᠯᠪᠠᠴᠣ ᠨᠢᠭᠡ ᠪᠦᠯᠦᠭ ᠨᠢ ᠣᠰᠠᠳᠬᠠᠬᠲᠠᠵᠦ᠂ ᠦᠯᠡᠲᠡᠭᠰᠡᠨ ᠨᠢ ᠲᠦᠷᠪᠡᠨ ᠵᠦᠭ ᠲᠦ᠍ ᠪᠣᠷᠣᠭᠣᠯᠠᠨ ᠲᠣᠲᠠᠭᠠᠪᠠ᠃ ᠬᠣᠢᠬᠣᠷ ᠬᠣᠯᠵᠢᠨ ᠶᠠᠫᠣᠨ ᠴᠡᠷᠢᠭ᠌ ᠪᠡᠬᠢᠯᠡᠯᠲᠡ ᠳ᠋ᠡᠭᠡᠨ ᠰᠢᠷᠭᠣᠯᠠᠵᠦ ᠠᠮᠢ ᠲᠡᠮᠡᠴᠡᠨ ᠪᠤᠷᠤᠩᠬᠤᠢᠯᠠᠨ ᠡᠰᠡᠷᠬᠦᠴᠡᠵᠦ ᠪᠠᠢ᠍ᠢᠯᠳᠤᠭᠠᠨ ᠬᠣᠷᠴᠠ ᠱᠢᠷᠦᠭᠦᠨ ᠶᠠᠪᠤᠭᠳᠠᠯ᠎ᠠ᠃ ᠮᠠᠨ ᠤ᠋ ᠴᠡᠷᠢᠭ ᠰᠦᠢᠶᠤᠸᠠᠨ ᠤ᠋ ᠲᠣᠮᠲᠠ ᠬᠡᠰᠡᠭ ᠲᠦ᠍ ᠠᠩᠬ᠎ᠠ ᠬᠦᠷᠴᠦ ᠪᠠᠢᠭ᠎ᠠ ᠪᠦᠭᠡᠳ ᠳᠠᠢᠰᠤᠨ ᠤ᠋ ᠪᠠᠢᠳᠠᠯ ᠪᠣᠯᠤᠨ ᠭᠠᠵᠠᠷ ᠤ᠋ᠨ ᠪᠠᠢᠴᠠ ᠵᠢ ᠨᠠᠷᠢᠨ ᠲᠠᠩᠨᠠᠵᠦ ᠮᠡᠳᠡᠭᠡᠲᠦᠢ ᠵᠢᠨ ᠲᠡᠭᠡᠷ᠎ᠡ ᠳᠠᠢᠰᠤᠨ ᠤ᠋ ᠮᠣᠷᠢᠲᠤ ᠴᠡᠷᠢᠭ ᠪᠣᠯᠣᠨ ᠮᠠᠱᠢᠨ ᠲᠡᠷᠭᠡᠲᠦ ᠠᠩᠬᠢ ᠵᠢᠨᠢᠩ ᠡᠴᠡ ᠨᠠᠭᠠᠰᠢ ᠲᠤᠰᠠᠯᠠᠷ᠎ᠠ ᠢᠷᠡᠵᠦ ᠪᠣᠢ ᠴᠢᠮᠡᠭᠡ ᠵᠢ ᠰᠣᠨᠣᠰᠴᠠᠢ᠃ ᠢᠩᠬᠢᠭᠡᠳ ᠠᠷᠣ ᠦᠪᠦᠷ ᠬᠣᠶᠠᠷ ᠲᠠᠯ᠎ᠠ ᠪᠡᠷ ᠶ᠋ᠢᠡᠨ ᠳᠠᠢᠰᠤᠨ ᠤ᠋ ᠪᠦᠰᠡᠯᠡᠯᠲᠡ ᠳ᠋ᠦ ᠤᠷᠤᠬᠤ ᠡᠴᠡ ᠵᠠᠢᠯᠠᠰᠭᠢᠵᠦ᠂ ᠳᠠᠷᠦ᠋ᠢᠬᠠᠨ ᠱᠢᠶᠠᠨ ᠤ᠋ ᠬᠤᠲᠠ ᠡᠴᠡ ᠤᠬᠤᠷᠢᠨ ᠭᠠᠷᠴᠤ᠌ ᠳ᠋ᠠ ᠲᠠᠨ ᠳ᠋ᠤ ᠪᠤᠴᠠᠵᠤ ᠢᠷᠡᠪᠡ᠃
ᠮᠠᠨ ᠤ᠋ ᠴᠡᠷᠢᠭ ᠰᠦᠨᠢ ᠪᠡᠷ ᠲᠣᠣ ᠯᠢᠨ ᠢ᠋ ᠭᠡᠨᠡᠲᠡᠬᠦᠯᠦᠨ ᠲᠠᠭᠠᠷᠢᠵᠦ᠂ ᠱᠢᠶᠠᠨ ᠤ᠋ ᠬᠤᠲᠠ ᠵᠢ ᠡᠵᠡᠯᠡᠵᠦ ᠲᠡᠢᠯᠦᠭᠰᠡᠨ ᠦᠭᠡᠢ ᠪᠣᠯᠪᠠᠴᠤ᠌ ᠬᠣᠲᠠ ᠰᠠᠬᠢᠬᠰᠠᠨ ᠨᠢᠭᠡ ᠪᠦᠯᠦᠭ ᠳᠠᠢᠰᠤᠨ ᠢ᠋ ᠤᠰᠠᠳᠭᠠᠵᠦ ᠶᠠᠫᠤᠨ ᠴᠡᠷᠢᠭ ᠲᠦ᠍ ᠬᠦᠨᠳᠦ ᠴᠣᠬᠢᠯᠲᠠ ᠥᠭ᠌ᠴᠠᠢ᠃ ᠢᠯᠠᠯᠲᠠ ᠵᠢᠨ ᠡᠷᠴᠢᠨ ᠲᠡᠭᠡᠷ᠎ᠡ ᠪᠡᠨ ᠮᠠᠨ ᠤ᠋ ᠴᠡᠷᠢᠭ ᠤᠮᠠᠷᠠᠰᠢ ᠮᠣᠷᠳᠠᠵᠤ ᠂ 9 ᠰᠠᠷ᠎ᠠ ᠵᠢᠨ 10 ᠤ᠋ ᠡᠳᠦᠷ ᠤᠯᠠᠭᠠᠨᠬᠤᠸᠠ ᠪᠠᠯᠭᠠᠰᠤ ᠵᠢ ᠳᠠᠭᠠᠷᠢᠵᠤ᠂ 180 ᠭᠠᠷᠤᠢ ᠳᠠᠢᠰᠤᠨ ᠢ᠋ ᠤᠰᠠᠳᠭᠠᠬᠤ ᠵᠢᠨ ᠬᠠᠮᠲᠤ ᠭᠦᠢ (ᠰᠦᠢᠶᠤᠸᠠᠨ) ᠦ᠋ (ᠦᠴᠤᠸᠠᠨ) ᠵᠠᠰᠠᠮᠠᠯ ᠵᠠᠮ ᠤ᠋ᠨ ᠣᠩᠭᠣᠨ ᠲᠠᠪᠠᠭ᠎ᠠ ᠳ᠋ᠦ ᠶᠠᠫᠤᠨ ᠴᠡᠷᠢᠭ ᠢ᠋ ᠪᠦᠭ᠌ᠭᠦᠨ ᠴᠣᠬᠢᠵᠤ᠂ 80 ᠭᠠᠷᠤᠢ ᠶᠠᠫᠤᠨ ᠴᠡᠷᠢᠭ ᠢ᠋ ᠤᠰᠠᠳᠭᠠᠪᠠ᠃ ᠳᠠᠯᠠᠨ ᠬᠠᠷ᠎ᠠ ᠠᠭᠤᠯᠠ ᠵᠢᠨ ᠰᠠᠯᠪᠤᠷᠢ ᠠᠩᠭᠢ ᠰᠦᠢᠶᠤᠸᠠᠨ ᠤ᠋ ᠳᠤᠮᠳᠠ ᠬᠡᠰᠡᠭ ᠲᠦ᠍ ᠲᠦᠷᠢᠨ ᠣᠷᠣᠵᠦ᠂ ᠰᠠᠷ᠎ᠠ ᠪᠣᠯᠤᠭᠠᠲᠣᠢ ᠬᠤᠭᠤᠴᠠᠭᠠᠨ ᠳ᠋ᠤ ᠭᠤᠷᠪᠠᠨᠲᠠ ᠪᠠᠢᠯᠲᠣᠵᠦ ᠭᠤᠷᠪᠠᠨᠲᠠ ᠢᠯᠠᠯᠲᠠ ᠣᠯᠵᠠᠢ᠃ ᠯᠢ ᠵᠢᠩ ᠴᠢᠤᠸᠠᠨ ᠤ᠋ ᠤᠳᠤᠷᠢᠳᠤᠭ᠍ᠰᠠᠨ ᠡᠨᠡ ᠬᠦ᠌ ᠰᠠᠯᠪᠣᠷᠢ ᠠᠩᠬᠢ ᠵᠢ ᠠᠷᠠᠳ ᠣᠯᠠᠨ 《ᠯᠢ ᠰᠠᠯᠪᠤᠷᠢ ᠠᠩᠭᠢ》 ᠭᠡᠵᠦ᠍ ᠳᠣᠲᠣᠨᠣᠰᠤᠭ ᠵᠢᠡᠷ ᠨᠡᠷᠡᠢᠳᠬᠦ ᠪᠣᠯᠵᠠᠢ᠃ ᠡᠬᠦᠨᠴᠡ ᠨᠠᠢ᠍ᠮᠠᠳᠤᠭᠠᠷ ᠵᠠᠮ ᠤ᠋ᠨ ᠴᠡᠷᠢᠭ ᠤ᠋ᠨ ᠰᠦᠷ ᠬᠦᠴᠦᠨ ᠶᠡᠬᠡ ᠪᠡᠷ ᠨᠡᠮᠡᠭᠲᠡᠵᠦ᠂ ᠳᠠᠯᠠᠨ ᠬᠠᠷ᠎ᠠ ᠠᠭᠤᠯᠠ ᠵᠢᠨ ᠭᠠᠵᠠᠷ ᠣᠷᠣᠨ ᠳ᠋ᠡᠬᠢ ᠨᠡᠷ᠎ᠡ ᠨᠥᠯᠥᠭᠡ ᠪᠠᠨ ᠥᠷᠭᠡᠳᠭᠡᠨ᠂ ᠳᠠᠯᠠᠨ ᠬᠠᠷ᠎ᠠ ᠠᠭᠤᠯᠠ ᠵᠢᠨ ᠶᠠᠫᠣᠨ ᠢ᠋ ᠡᠰᠡᠷᠭᠦᠴᠡᠬᠦ᠌ ᠳᠠᠢᠨ ᠤ᠋ ᠪᠠᠢᠳᠠᠯ ᠢ᠋ ᠠᠩᠬ᠎ᠠ ᠠᠯᠬᠤᠮ ᠨᠡᠭᠡᠭᠡᠵᠦ᠍᠂ ᠰᠦᠢᠶᠤᠸᠠᠨ ᠤ᠋ ᠲᠣᠮᠲᠠ ᠬᠡᠰᠡᠭ ᠤ᠋ᠨ ᠶᠠᠫᠣᠨ ᠢ᠋ ᠡᠰᠡᠷᠭᠦᠴᠡᠬᠦ᠌ ᠰᠠᠭᠤᠷᠢᠨ ᠭᠠᠵᠠᠷ ᠪᠠᠢᠭᠤᠯᠣᠬᠲᠠᠬᠣ ᠳ᠋ᠤ ᠰᠠᠭᠤᠷᠢ ᠲᠠᠯᠪᠢᠵᠤ ᠥᠭ᠌ᠬᠦᠭᠰᠡᠨ ᠶᠤᠮ᠃