ᠯᠢ ᠵᠦ᠍ ᠷᠦ ᠄ ᠪᠢᠷ ᠪᠡᠬᠡᠰ᠎ᠢᠶᠡᠷ ᠵᠡᠪᠰᠡᠭ ᠪᠤᠯᠭᠠᠵᠤ ᠶᠠᠫᠤᠨ᠎ᠢ ᠡᠰᠡᠷᠬᠦᠴᠡᠭᠰᠡᠨ ᠰᠣᠨᠢᠨ ᠮᠡᠳᠡᠭᠡᠨ᠎ᠦ ᠪᠠᠢᠯᠳᠤᠭ᠍ᠴᠢ
2025-08-19 11:53:57
ᠵᠣᠬᠢᠶᠠᠭ᠍ᠴᠢ᠄
ᠶᠤᠸᠠᠨ ᠮᠢᠨ ᠸᠠᠩ ᠬᠣᠩ ᠱᠦᠸᠸ
ᠣᠩᠱᠢᠭ᠍ᠰᠠᠨ ᠣᠳᠠᠭ᠎ᠠ᠄
★★★☆☆

ᠱᠠᠨᠳᠦ᠋ᠩ᠎ᠦᠨ ᠳ᠋ᠦᠩ ᠶᠢᠩ᠎ᠦᠨ ᠯᠢ ᠵᠢᠨ ᠰᠢᠶᠠᠨ᠎ᠤ ᠨᠠᠮ᠎ᠤᠨ ᠬᠣᠷᠢᠶ᠎ᠡ ᠵᠢᠨ ᠨᠠᠮ᠎ᠤᠨ ᠰᠤᠷᠭᠠᠭᠤᠯᠢ᠎ᠳᠡᠬᠢ ᠬᠤᠪᠢᠰᠬᠠᠯᠲᠦ ᠯᠢ ᠵᠢᠨ᠎ᠦ ᠬᠥᠮᠦᠵᠢᠯ᠎ᠤᠬᠠᠭᠠᠷᠠᠯ᠎ᠤᠨ ᠲᠥᠪ᠎ᠲᠦ᠂ ᠨᠢᠭᠡᠨ ᠱᠤᠭᠤᠮᠠᠯ ᠬᠦᠷᠦᠭ ᠲᠣᠭᠣᠷᠢᠨ ᠦᠵᠡᠭᠴᠢᠳ᠎ᠦᠨ ᠠᠩᠬᠠᠷᠤᠯ᠎ᠢ ᠶᠡᠬᠡᠳᠡ ᠲᠠᠲᠠᠨ᠎ᠠ᠃ ᠲᠡᠷᠡ ᠪᠣᠯ ᠯᠢ ᠵᠢᠨ ᠰᠢᠶᠠᠨ᠎ᠤ ᠠᠩᠬᠠᠳᠠᠭ᠍ᠴᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠂ ᠰᠢᠨᠬᠤᠸᠠ ᠬᠤᠷᠢᠶ᠎ᠠ ᠵᠢᠨ ᠱᠠᠨᠳᠦ᠋ᠩ᠎ᠦᠨ ᠬᠤᠪᠢᠶᠠᠷᠢ ᠬᠣᠷᠢᠶ᠎ᠠ᠎ᠶᠢᠨ ᠠᠩᠬᠠᠳᠠᠭ᠍ᠴᠢ ᠬᠣᠷᠢᠶᠠᠨ ᠳᠠᠷᠤᠭ᠎ᠠ᠂ ᠰᠣᠨᠢᠨ ᠮᠡᠳᠡᠭᠡᠨ᠎ᠦ ᠹᠷᠣᠨᠲ᠎ᠤᠨ ᠶᠠᠫᠤᠨ᠎ᠢ ᠡᠰᠡᠷᠭᠦᠴᠡᠭᠰᠡᠨ ᠦᠷᠡᠭᠳᠡᠭᠰᠡᠨ ᠪᠠᠭᠠᠲᠤᠷ ᠯᠢ ᠵᠦ᠍ ᠷᠦ ᠪᠣᠯᠣᠨ᠎ᠠ᠃

20 ᠳ᠋ᠤᠭᠠᠷ ᠵᠠᠭᠤᠨ᠎ᠤ ᠬᠣᠷᠢᠭᠠᠳ ᠣᠨ᠎ᠳᠤ᠂ ᠯᠢ ᠵᠦ᠍ ᠷᠦ ᠬᠤᠪᠢᠰᠬᠠᠯ᠎ᠤᠨ ᠦᠵᠡᠯ ᠰᠠᠨᠠᠭᠠᠨ᠎ᠤ ᠨᠥᠯᠥᠭᠡ᠎ᠶᠢ ᠬᠦᠷᠲᠡᠵᠦ᠂  ᠨᠣᠮ ᠤᠩᠰᠢᠵᠤ᠂ ᠰᠣᠨᠢᠨ ᠬᠠᠢᠴᠢᠯᠠᠵᠤ᠂ ᠰᠥᠨᠢ᠎ᠳᠡᠭᠡᠨ ᠰᠤᠷᠤᠭ᠍ᠴᠢᠳ᠎ᠢ ᠵᠣᠬᠢᠶᠠᠨ ᠪᠠᠢᠭᠤᠯᠤᠨ ᠭᠡᠷ᠎ᠲᠡᠬᠡᠨ ᠢᠷᠡᠬᠦᠯᠵᠤ ᠲᠡᠭᠦᠨ᠎ᠦ ᠰᠣᠨᠢᠨ ᠤᠩᠰᠢᠬᠤ᠎ᠶᠢ ᠰᠣᠨᠣᠰᠬᠠᠵᠤ᠂ ᠴᠠᠭ᠎ᠤᠨ ᠪᠠᠢᠳᠠᠯ ᠪᠣᠯᠣᠨ ᠳᠠᠪᠰᠢᠩᠭᠤᠢ ᠦᠵᠡᠯ ᠰᠠᠨᠠᠭ᠎ᠠ᠎ᠶᠢ ᠤᠬᠠᠭᠤᠯᠤᠨ ᠲᠠᠢᠯᠪᠤᠷᠢᠯᠠᠳᠠᠭ᠃

1927 ᠣᠨ᠎ᠳᠤ᠂ ᠯᠢ ᠵᠦ᠍ ᠷᠦ ᠵᠢᠨᠠᠨ᠎ᠳᠤ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠵᠤ᠂ ᠳᠠᠪᠰᠢᠩᠭᠤᠢ ᠵᠠᠯᠠᠭᠤᠴᠤᠳ᠎ᠲᠠᠢ ᠬᠠᠮᠲᠤ᠎ᠪᠠᠷ《ᠤᠷᠤᠬᠰᠢᠯᠠᠯᠳᠠ》ᠭᠠᠷᠠᠭ᠎ᠤᠨ ᠰᠣᠨᠢᠨ᠎ᠢ ᠡᠷᠬᠢᠯᠡᠪᠡ᠃

ᠶᠢᠰᠦᠨ ᠰᠠᠷ᠎ᠠ᠎ᠶᠢᠨ ᠠᠷᠪᠠᠨ ᠨᠠᠢ᠍ᠮᠠᠨ᠎ᠤ ᠬᠡᠷᠡᠭ ᠬᠤᠪᠢᠰᠤᠯ᠎ᠤᠨ ᠲᠠᠷᠠᠭ᠎ᠠ᠂ ᠲᠡᠷᠡ ᠨᠠᠨᠵᠢᠩ᠎ᠤᠨ ᠲᠥᠪ᠎ᠦᠨ ᠶᠡᠬᠡ ᠰᠤᠷᠭᠠᠭᠤᠯᠢ ᠪᠣᠯᠣᠨ ᠨᠠᠨᠵᠢᠩ᠎ᠤᠨ ᠡᠯ᠎ᠡ ᠰᠤᠷᠭᠠᠭᠤᠯᠢ᠎ᠶᠢᠨ ᠪᠠᠭ᠍ᠰᠢ ᠰᠤᠷᠤᠭ᠍ᠴᠢᠳ᠎ᠤᠨ ᠶᠠᠫᠤᠨ᠎ᠢ ᠡᠰᠡᠷᠭᠦᠴᠡᠵᠦ ᠮᠥᠬᠥᠯ᠎ᠡᠴᠡ ᠠᠪᠤᠷᠠᠬᠤ ᠬᠥᠳᠡᠯᠭᠡᠭᠡᠨ᠎ᠢ ᠤᠳᠤᠷᠢᠳᠬᠤ᠎ᠳᠤ ᠣᠷᠣᠯᠴᠠᠪᠠ; ᠲᠡᠷᠡ ᠪᠠᠰᠠ ᠵᠢᠨᠠᠨ᠎ᠳᠤ 《ᠰᠢᠨ᠎ᠡ ᠠᠽᠢᠶ᠎ᠠ᠎ᠶᠢᠨ ᠡᠳᠦᠷ᠎ᠦᠨ ᠰᠣᠨᠢᠨ》 ᠢ᠋ ᠡᠷᠬᠢᠯᠡᠵᠦ᠂ ᠱᠠᠩᠬᠠᠢ᠎ᠳᠤ 《ᠰᠣᠶᠣᠯ᠎ᠤᠨ ᠰᠣᠨᠢᠨ》 ᠢ᠋ ᠡᠷᠬᠢᠯᠡᠬᠦ᠎ᠳᠦ ᠣᠷᠣᠯᠴᠠᠵᠤ᠂ ᠶᠠᠫᠤᠨ᠎ᠢ ᠡᠰᠡᠷᠭᠦᠴᠡᠵᠦ ᠮᠥᠬᠥᠯ᠎ᠡᠴᠡ ᠠᠪᠤᠷᠠᠬᠤ ᠣᠴᠢ᠎ᠶᠢ ᠦᠰᠦᠭ ᠪᠢᠴᠢᠭ᠎ᠢᠶᠡᠷ ᠳᠤᠮᠳᠠᠳᠤ ᠵᠢᠨ ᠡᠬᠡ ᠭᠠᠵᠠᠷ ᠲᠦ᠍ ᠰᠠᠴᠤᠵᠠᠢ ᠁

ᠪᠦᠬᠦ ᠦᠨᠳᠦᠰᠦᠲᠡᠨ᠎ᠦ ᠶᠠᠫᠤᠨ᠎ᠢ ᠡᠰᠡᠷᠭᠦᠴᠡᠬᠦ ᠳᠠᠢ᠍ᠢᠨ ᠡᠭᠦᠰᠦᠭᠰᠡᠨ᠎ᠦ ᠳᠠᠷᠠᠭ᠎ᠠ᠂ ᠯᠢ ᠵᠦ᠍ ᠷᠦ ᠬᠤᠪᠢᠰᠬᠠᠯ᠎ᠤᠨ ᠭᠣᠯᠣᠮᠲᠠ ᠶᠠᠨ ᠠᠨ᠎ᠳᠤ ᠬᠦᠷᠪᠡ᠃ ᠱᠠᠨ ᠰᠢ᠎ᠶᠢᠨ ᠵᠡᠭᠦᠨ ᠡᠮᠦᠨᠡᠲᠦ ᠬᠡᠰᠡᠭ᠎ᠲᠦ᠂ ᠲᠡᠷᠡ ᠨᠠᠢ᠍ᠮᠠᠳᠤᠭᠠᠷ ᠵᠠᠮ᠎ᠤᠨ ᠴᠡᠷᠢᠭ᠎ᠦᠨ ᠵᠠᠭᠤ ᠬᠣᠷᠢ ᠶᠢᠰᠦᠳᠦᠭᠡᠷ ᠳ᠋ᠢᠸᠢᠽᠢ᠎ᠶᠢᠨ ᠵᠠᠬᠢᠷᠭ᠎ᠠ᠎ᠳᠤ ᠦᠯᠡᠳᠡᠵᠦ 《ᠳᠤᠮᠳᠠᠳᠤ ᠤᠯᠤᠰ᠎ᠤᠨ ᠬᠥᠮᠥᠨ ᠰᠣᠨᠢᠨ》 ᠢ᠋ ᠡᠷᠬᠢᠯᠡᠵᠤ᠂ ᠰᠡᠭᠦᠯᠡᠷ ᠨᠢ 《ᠰᠢᠨᠬᠤᠸᠠ ᠡᠳᠦᠷ᠎ᠦᠨ ᠰᠣᠨᠢᠨ》 (ᠤᠮᠠᠷᠠᠲᠤ ᠣᠷᠣᠨ᠎ᠤ ᠬᠡᠪᠯᠡᠯ) ᠤ᠋ ᠳᠡᠳ᠋ ᠶᠡᠷᠦᠩᠬᠡᠢ ᠨᠠᠢᠷᠠᠭᠤᠯᠤᠭ᠍ᠴᠢ ᠪᠣᠯᠪᠠ᠃ 1939 ᠣᠨ᠎ᠤ 5 ᠰᠠᠷ᠎ᠠ᠎ᠳᠤ᠂ ᠱᠠᠨᠳᠦ᠋ᠩ᠎ᠳᠦ ᠰᠣᠩᠭᠣᠨ ᠲᠤᠮᠢᠯᠠᠭᠳᠠᠪᠠ᠃ ᠨᠤᠲᠤᠭ᠎ᠲᠠᠭᠠᠨ ᠬᠠᠷᠢᠭ᠍ᠰᠠᠨ᠎ᠤ ᠲᠠᠷᠠᠭ᠎ᠠ ᠲᠡᠷᠡ ᠮᠥᠨ ᠯᠡ ᠰᠣᠨᠢᠨ ᠮᠡᠳᠡᠭᠡᠨ᠎ᠦ ᠠᠵᠢᠯ᠎ᠢ ᠲᠤᠢᠯ᠎ᠢᠶᠠᠷ ᠴᠢᠬᠤᠯᠠᠴᠢᠯᠠᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠡ ᠵᠢᠨ ᠱᠠᠨᠳᠦ᠋ᠩ᠎ᠦᠨ ᠬᠤᠪᠢᠶᠠᠷᠢ ᠲᠣᠪᠴᠢᠶ᠎ᠠ᠎ᠶᠢᠨ ᠤᠬᠠᠭᠤᠯᠬᠤ ᠬᠡᠯᠲᠡᠰ᠎ᠦᠨ ᠳᠠᠷᠤᠭ᠎ᠠ᠎ᠶᠢᠨ ᠲᠤᠰᠢᠶᠠᠯ᠎ᠢ ᠬᠠᠷᠢᠭᠤᠴᠠᠵᠤ ᠪᠠᠢᠭᠰᠠᠨ ᠬᠤᠭᠤᠴᠠᠭᠠᠨ᠎ᠳᠠᠭᠠᠨ《ᠤᠯᠠᠨ ᠨᠡᠢᠲᠡ ᠵᠢᠨ ᠡᠳᠦᠷ᠎ᠦᠨ ᠰᠣᠨᠢᠨ》 ᠢ᠋ ᠲᠤᠰᠢᠶᠠᠯ ᠬᠠᠪᠰᠤᠷᠭᠠᠨ ᠬᠠᠮᠢᠶᠠᠷᠴᠤ᠂ ᠰᠢᠨᠬᠤᠸᠠ ᠬᠤᠷᠢᠶ᠎ᠠ ᠵᠢᠨ ᠱᠠᠨᠳᠦ᠋ᠩ᠎ᠦᠨ ᠬᠤᠪᠢᠶᠠᠷᠢ ᠬᠣᠷᠢᠶ᠎ᠠ᠎ᠶᠢᠨ ᠳᠠᠷᠤᠭ᠎ᠠ᠎ᠶᠢᠨ ᠲᠤᠰᠢᠶᠠᠯ᠎ᠢ ᠬᠠᠪᠰᠤᠷᠭᠠᠨ ᠬᠠᠷᠢᠭᠤᠴᠠᠵᠤ ᠪᠠᠢᠪᠠ᠃

1941 ᠣᠨ᠎ᠤ 6 ᠰᠠᠷ᠎ᠠ᠎ᠶᠢᠨ 28 ᠎ᠤ᠋ ᠡᠳᠦᠷ᠂ ᠰᠢᠨᠬᠤᠸᠠ ᠬᠤᠷᠢᠶ᠎ᠠ ᠵᠢᠨ ᠱᠠᠨᠳᠦ᠋ᠩ᠎ᠦᠨ ᠬᠤᠪᠢᠶᠠᠷᠢ ᠬᠣᠷᠢᠶ᠎ᠠ ᠯᠢᠨ ᠱᠦ᠍ ᠰᠢᠶᠠᠨ (ᠤᠳᠤ᠎ᠶᠢᠨ ᠯᠢᠨ ᠢ ᠬᠤᠳᠠ᠎ᠶᠢᠨ ᠬᠠᠷᠢᠶ᠎ᠠ ᠰᠢᠶᠠᠨ) ᠳ᠋ᠤ᠌ ᠪᠠᠢᠭᠤᠯᠤᠭᠳᠠᠪᠠ᠂ ᠡᠨᠡ ᠪᠣᠯ ᠰᠢᠨᠬᠤᠸᠠ ᠬᠤᠷᠢᠶ᠎ᠠ ᠵᠢᠨ ᠤᠯᠤᠰ᠎ᠤᠨ ᠳᠣᠲᠣᠭᠠᠳᠤ᠎ᠶᠢᠨ ᠬᠤᠪᠢᠶᠠᠷᠢ ᠬᠣᠷᠢᠶ᠎ᠠ᠎ᠶᠢᠨ ᠳᠣᠲᠣᠷᠠᠬᠢ ᠠᠩᠬᠠᠳᠠᠭ᠍ᠴᠢ ᠮᠤᠵᠢ᠎ᠶᠢᠨ ᠲᠡᠰ᠎ᠤᠨ ᠬᠤᠪᠢᠶᠠᠷᠢ ᠬᠣᠷᠢᠶ᠎ᠠ ᠪᠣᠯᠣᠨ᠎ᠠ᠂ ᠯᠢ ᠵᠦ᠍ ᠷᠦ ᠬᠤᠪᠢᠶᠠᠷᠢ  ᠬᠣᠷᠢᠶ᠎ᠠ᠎ᠶᠢᠨ ᠳᠠᠷᠤᠭ᠎ᠠ᠎ᠶᠢᠨ ᠲᠤᠰᠢᠶᠠᠯ᠎ᠢ  ᠬᠠᠪᠰᠤᠷᠭᠠᠨ ᠬᠠᠷᠢᠭᠤᠴᠠᠵᠠᠢ᠃

1942 ᠣᠨ᠎ᠤ ᠨᠠᠮᠤᠷ᠎ᠤᠨ ᠰᠡᠭᠦᠯᠴᠢ ᠡᠪᠦᠯ᠎ᠦᠨ ᠡᠬᠢ᠎ᠪᠡᠷ᠂ ᠶᠠᠫᠤᠨ ᠴᠡᠷᠢᠭ ᠢ ᠮᠸᠩ᠎ᠤᠨ ᠠᠭᠤᠯᠠᠷᠬᠠᠭ ᠣᠷᠣᠨ᠎ᠳᠤ ᠶᠡᠬᠡ ᠬᠡᠪᠴᠢᠶᠡᠨ᠎ᠦ 《ᠱᠦᠭᠦᠷᠳᠡᠯᠲᠡ》 ᠬᠢᠵᠦ᠂ ᠯᠢ ᠵᠦ᠍ ᠷᠦ ᠳᠠᠢ᠍ᠢᠴᠢᠨ ᠨᠥᠬᠥᠳ᠎ᠲᠠᠢ᠎ᠪᠡᠨ ᠠᠭᠤᠯᠠᠨ ᠭᠤᠤ᠎ᠳᠤ ᠨᠢᠭᠤᠭᠳᠠᠵᠤ᠂ ᠨᠢᠭᠡ ᠲᠠᠯ᠎ᠠ᠎ᠪᠠᠷ ᠴᠢᠮᠡᠭᠡ ᠬᠣᠯᠪᠣᠭᠠᠨ᠎ᠤ ᠱᠤᠭᠤᠮ᠎ᠢ ᠰᠠᠬᠢᠨ ᠬᠠᠮᠠᠭᠠᠯᠠᠵᠤ᠂ ᠨᠦᠭᠦᠭᠡ ᠲᠠᠯ᠎ᠠ᠎ᠪᠠᠷ ᠳᠣᠲᠣᠭᠠᠳᠤ᠎ᠶᠢᠨ ᠴᠢᠮᠡᠭᠡ ᠬᠣᠯᠪᠣᠭ᠎ᠠ᠎ᠶᠢ ᠳᠠᠷᠤᠮᠠᠯᠯᠠᠪᠠ᠃ 11 ᠰᠠᠷ᠎ᠠ᠎ᠶᠢᠨ 2 ᠎ᠤ᠋ᠨ ᠡᠳᠦᠷ᠂ ᠭᠦ ᠢᠦᠢ᠎ᠶᠢᠨ ᠪᠦᠰᠡᠯᠡᠯᠲᠡ᠎ᠶᠢ ᠰᠢᠪᠲᠤᠯᠬᠤ ᠪᠠᠢᠯᠳᠤᠭᠠᠨ᠎ᠳᠤ ᠯᠢ ᠵᠦ᠍ ᠷᠦ ᠵᠣᠯ ᠪᠤᠰᠤ᠎ᠪᠠᠷ ᠰᠤᠮᠤᠨ᠎ᠳᠤ ᠣᠨᠣᠭᠳᠠᠵᠤ᠂ ᠪᠠᠭᠠᠲᠤᠷᠯᠢᠭ᠋᠎ᠢᠶᠠᠷ ᠪᠡᠶ᠎ᠠ ᠦᠷᠡᠭᠳᠡᠵᠤ᠂ ᠰᠠᠶᠢ 37 ᠨᠠᠰᠤᠲᠠᠢ ᠪᠠᠢᠪᠠ᠃

ᠯᠢ ᠵᠦ᠍ ᠷᠦ᠎ᠶᠢᠨ ᠬᠦᠦ ᠯᠢ ᠸᠧᠢ ᠮᠢᠨ ᠪᠠᠰᠠ ᠡᠴᠢᠬᠡ ᠵᠢᠨ᠎ᠢᠶᠡᠨ ᠦᠢᠯᠡᠰ᠎ᠢ ᠵᠠᠯᠭᠠᠮᠵᠢᠯᠠᠵᠤ ᠰᠤᠨᠢᠨ ᠮᠡᠳᠡᠬᠡᠨ᠎ᠤ ᠠᠵᠢᠯ ᠳ᠋ᠤ ᠭᠠᠪᠰᠢᠭᠠᠢᠯᠠᠵᠤ᠂ 1946 ᠣᠨ᠎ᠳᠤ ᠬᠤᠪᠢᠰᠬᠠᠯ᠎ᠳᠤ ᠣᠷᠣᠯᠴᠠᠵᠤ᠂ ᠤᠷᠢᠳ ᠬᠣᠵᠢᠳ 《ᠬᠣᠰᠢᠭᠤᠴᠢ ᠰᠣᠨᠢᠨ》᠂ 《ᠤᠷᠤᠭᠰᠢᠯᠠᠯᠲᠠ ᠰᠣᠨᠢᠨ》᠂ 《ᠴᠢᠯᠦᠭᠡᠯᠡᠬᠦ ᠴᠡᠷᠢᠭ᠎ᠦᠨ ᠰᠣᠨᠢᠨ》 ᠵᠡᠷᠭᠡ᠎ᠳᠦ ᠰᠤᠷᠪᠤᠯᠵᠢᠯᠠᠭ᠍ᠴᠢ᠎ᠶᠢᠨ ᠲᠤᠰᠢᠶᠠᠯ᠎ᠢ ᠡᠭᠦᠷᠭᠡᠯᠡᠪᠡ᠃

ᠡᠳᠦᠭᠡ ᠯᠢ ᠵᠢᠨ ᠰᠢᠶᠠᠨ᠎ᠤ ᠦᠷᠡᠭᠳᠡᠭᠰᠡᠨ ᠪᠠᠭᠠᠲᠤᠷ ᠯᠢ ᠵᠦ᠍ ᠷᠦ ᠵᠢᠨ ᠳᠤᠷᠠᠰᠬᠠᠯ᠎ᠤᠨ ᠠᠭᠤᠳᠠᠮ  ᠲᠠᠯᠠᠪᠠᠢ᠂ ᠦᠷᠡᠭᠳᠡᠭᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠂ ᠬᠤᠪᠢᠰᠬᠠᠯᠲᠦ ᠯᠢ ᠵᠢᠨ᠎ᠤ ᠬᠥᠮᠦᠵᠢᠯ᠎ᠤᠬᠠᠭᠠᠷᠠᠯ᠎ᠤᠨ ᠲᠥᠪ ᠵᠡᠷᠭᠡ ᠬᠤᠪᠢᠰᠬᠠᠯ᠎ᠤᠨ ᠬᠥᠮᠦᠵᠢᠯ᠎ᠦᠨ ᠲᠠᠯᠠᠪᠤᠷ᠎ᠲᠤ᠂ ᠦᠷᠡᠭᠳᠡᠭᠰᠡᠨ ᠪᠠᠭᠠᠲᠤᠷ ᠯᠢ ᠵᠦ᠍ ᠷᠦ ᠵᠢᠨ ᠱᠤᠭᠤᠮᠠᠯ ᠬᠦᠷᠦᠭ ᠰᠦᠨᠳᠡᠷᠯᠡᠵᠦ᠂ ᠡᠬᠡ ᠤᠯᠤᠰ᠎ᠤᠨ᠎ᠢᠶᠡᠨ ᠡᠳᠦᠷ᠎ᠡᠴᠡ ᠡᠳᠦᠷ ᠰᠢᠨᠡᠳᠦᠨ ᠬᠤᠪᠢᠷᠠᠬᠤ᠎ᠶᠢ ᠭᠡᠷᠡᠴᠢᠯᠡᠨ᠎ᠡ᠃

(ᠰᠢᠨᠬᠤᠸᠠ ᠬᠤᠷᠢᠶ᠎ᠠ ᠵᠢᠨ ᠵᠢᠨᠠᠨ ᠤ᠋ ᠴᠠᠬᠢᠯᠭᠠᠨ ᠮᠡᠳᠡᠬᠡ )

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号