ᠡᠦ ᠺᠦᠨ᠄ ᠶᠠᠫᠣᠨ ᠳᠡᠭᠡᠷᠡᠮᠴᠢᠳ᠎ᠢ ᠰᠦᠷᠳᠡᠬᠦᠯᠦᠭᠰᠡᠨ ᠱᠢᠨ᠎ᠡ ᠳᠥᠷᠪᠡᠳᠦᠭᠡᠷ ᠠᠷᠮᠢ᠎ᠶ᠋ᠢᠨ 《ᠪᠠᠭᠠᠲᠤᠷ ᠵᠠᠩᠵᠤᠨ》
2025-08-20 09:58:41
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠡᠦ ᠺᠦᠨ1910 ᠣᠨ᠎ᠳᠤ ᠰᠸᠴᠤᠸᠠᠨ ᠮᠤᠵᠢ᠎ᠶ᠋ᠢᠨ ᠸᠠᠨ ᠱᠢᠶᠠᠨ (ᠤᠳᠤ᠎ᠶ᠋ᠢᠨ ᠴᠦᠩᠴᠢᠩ ᠬᠤᠳᠠ᠎ᠶ᠋ᠢᠨ ᠸᠠᠨᠵᠸᠤ ᠲᠣᠭᠣᠷᠢᠭ)  ᠤ᠋ ᠨᠢᠭᠡᠨ ᠬᠥᠯᠥᠰᠥᠨ ᠲᠠᠷᠢᠶᠠᠴᠢᠨ᠎ᠤ ᠭᠡᠷ᠎ᠲᠦ ᠮᠡᠨᠳᠦᠯᠡᠪᠡ᠃ 1930 ᠣᠨ᠎ᠳᠤ᠂ ᠰᠸᠴᠤᠸᠠᠨ᠎ᠤ ᠤᠯᠠᠭᠠᠨ ᠴᠡᠷᠢᠭ᠎ᠦᠨ ᠨᠢᠭᠡᠳᠦᠭᠡᠷ ᠵᠠᠮ᠎ᠤᠨ ᠫᠠᠷᠲ᠋ᠢᠽᠠᠨ ᠠᠩᠬᠢ (ᠬᠣᠵᠢᠮ ᠨᠢ ᠰᠸᠴᠤᠸᠠᠨ᠎ᠤ ᠵᠡᠭᠦᠨ ᠬᠡᠰᠡᠭ᠎ᠦᠨ ᠫᠠᠷᠲ᠋ᠢᠽᠠᠨ ᠴᠡᠷᠢᠭ ᠭᠡᠵᠦ᠍ ᠥᠭᠡᠷᠡᠴᠢᠯᠡᠪᠡ) ᠳ᠋ᠤ ᠣᠷᠣᠯᠴᠠᠵᠤ᠂ ᠲᠤᠰ ᠵᠢᠯ᠎ᠳᠡᠭᠡᠨ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠵᠠᠢ᠃

1938 ᠣᠨ᠎ᠤ ᠡᠬᠢ᠎ᠪᠡᠷ᠂ ᠡᠦ ᠺᠦᠨ ᠱᠢᠨ᠎ᠡ ᠳᠥᠷᠪᠡᠳᠦᠭᠡᠷ ᠠᠷᠮᠢ᠎ᠶ᠋ᠢᠨ ᠭᠤᠷᠪᠠᠳᠤᠭᠠᠷ ᠰᠠᠯᠪᠤᠷᠢ ᠠᠩᠬᠢ᠎ᠶ᠋ᠢᠨ ᠵᠢᠷᠭᠤᠳᠤᠭᠠᠷ ᠬᠤᠷᠢᠶ᠎ᠠ᠎ᠶᠢᠨ ᠳᠡᠳ᠋ ᠬᠤᠷᠢᠶᠠᠨ ᠳᠠᠷᠤᠭ᠎ᠠ᠎ᠶ᠋ᠢᠨ ᠲᠤᠱᠢᠶᠠᠯ ᠎ᠢ ᠬᠠᠷᠢᠭᠤᠴᠠᠪᠠ᠃ 1938 ᠣᠨ᠎ᠤ 5 ᠰᠠᠷ᠎ᠠ᠎ᠳᠤ᠂ ᠲᠡᠷᠡᠪᠡᠷ ᠬᠤᠷᠢᠶᠠᠨ ᠳᠠᠷᠤᠭ᠎ᠠ ᠶᠧ ᠹᠸᠢ ᠲᠠᠢ ᠬᠠᠮᠲᠤ ᠵᠠᠷᠯᠢᠭ᠎ᠢᠶᠠᠷ ᠴᠡᠷᠢᠭ ᠠᠩᠬᠢ᠎ᠪᠠᠨ ᠳᠠᠭᠠᠭᠤᠯᠤᠨ ᠵᠢᠶᠠᠩᠰᠦ᠎ᠶ᠋ᠢᠨ ᠡᠮᠦᠨᠡᠲᠦ ᠬᠡᠰᠡᠭ᠎ᠦᠨ ᠮᠤᠤᠱᠠᠨ ᠣᠷᠣᠨ᠎ᠳᠤ ᠬᠦᠷᠴᠦ᠂ ᠳᠠᠢᠰᠤᠨ᠎ᠤ ᠠᠷᠤ ᠲᠠᠯ᠎ᠠ᠎ᠶ᠋ᠢᠨ ᠶᠠᠫᠣᠨ᠎ᠢ ᠡᠰᠡᠷᠭᠦᠴᠡᠬᠦ᠌ ᠰᠠᠭᠤᠷᠢᠨ ᠭᠠᠵᠠᠷ᠎ᠢ ᠡᠭᠦᠰᠭᠡᠨ ᠪᠠᠢᠭᠤᠯᠵᠤ᠂ ᠪᠠᠢᠯᠳᠤᠭᠠᠨ᠎ᠳᠤ ᠡᠷᠡᠯᠬᠡᠭ ᠪᠠᠭᠠᠲᠤᠷᠯᠢᠭ ᠪᠠᠢᠳᠠᠭ᠎ᠢᠶᠠᠷ᠎ᠢᠶᠠᠨ《ᠪᠠᠭᠠᠳᠤᠷ ᠵᠠᠩᠵᠤᠨ》 ᠬᠡᠮᠡᠭ᠌ᠳᠡᠪᠡ᠃

1939 ᠣᠨ᠎ᠤ 5 ᠰᠠᠷ᠎ᠠ᠎ᠳᠤ᠂ ᠡᠦ ᠺᠦᠨ ᠵᠢᠶᠠᠩᠨᠠᠨ ᠤ᠋ ᠶᠠᠫᠣᠨ᠎ᠢ ᠡᠰᠡᠷᠭᠦᠴᠡᠬᠦ᠌ ᠵᠢᠷᠤᠮ᠎ᠤᠨ ᠴᠡᠷᠢᠭ᠎ᠦᠨ ᠳᠡᠳ᠋ ᠶᠡᠷᠦᠩᠬᠡᠢ ᠵᠢᠯᠤᠭᠤᠳᠤᠬ᠍ᠴᠢ ᠪᠥᠭᠡᠳ ᠬᠣᠶᠠᠳᠤᠭᠠᠷ ᠵᠠᠮ᠎ᠤᠨ ᠴᠡᠷᠢᠭ᠎ᠦᠨ ᠺᠤᠮᠠᠨᠳ᠋ᠯᠠᠬ᠍ᠴᠢ ᠵᠢᠨ ᠲᠤᠱᠢᠶᠠᠯ᠎ᠢ ᠬᠠᠷᠢᠭᠤᠴᠠᠵᠤ᠂ ᠶᠡᠷᠦᠩᠬᠡᠢ ᠵᠢᠯᠤᠭᠤᠳᠤᠬ᠍ᠴᠢ ᠶᠧ ᠹᠸᠢ ᠲᠠᠢ ᠬᠠᠮᠲᠤ ᠴᠡᠷᠢᠭ ᠠᠩᠬᠢ᠎ᠶ᠋ᠢ ᠵᠢᠯᠣᠭᠣᠳᠤᠨ ᠵᠡᠭᠦᠨᠰᠢ ᠤᠷᠤᠭ᠍ᠰᠢᠯᠠᠵᠤ᠂ ᠳᠠᠢᠰᠤᠨ᠎ᠤ ᠠᠷᠤ ᠲᠠᠯ᠎ᠠ᠎ᠶ᠋ᠢᠨ ᠶᠠᠫᠣᠨ᠎ᠢ ᠡᠰᠡᠷᠭᠦᠴᠡᠬᠦ᠌ ᠵᠡᠪᠰᠡᠭ᠌ᠲᠦ ᠬᠦᠴᠦᠨ᠎ᠢ ᠬᠥᠭ᠌ᠵᠢᠭᠦᠯᠪᠡ᠃

1939 ᠣᠨ᠎ᠤ 5 ᠰᠠᠷ᠎ᠠ᠎ᠶ᠋ᠢᠨ ᠳᠤᠮᠳᠠᠴᠢ᠎ᠪᠠᠷ᠂ ᠡᠦ ᠺᠦᠨ ᠴᠡᠷᠢᠭ ᠠᠩᠬᠢ᠎ᠪᠠᠨ ᠳᠠᠭᠠᠭᠤᠯᠤᠨ ᠡᠦ ᠰᠢ ᠱᠢᠶᠠᠨ᠎ᠤ ᠮᠧᠢ ᠼᠦᠨ ᠲᠣᠰᠭᠣᠨ ᠡᠴᠡ ᠮᠤᠷᠳᠠᠵᠤ ᠴᠠᠩ ᠱᠤ᠌ ᠱᠢᠶᠠᠨ᠎ᠤ ᠶᠠᠩ ᠴᠧᠩ ᠬᠤ᠌ ᠣᠷᠣᠨ᠎ᠳᠡᠬᠢ ᠳᠠᠢᠰᠤᠨ ᠤ᠋ ᠰᠠᠭᠤᠷᠢᠨ ᠭᠠᠵᠠᠷ᠎ᠢ ᠭᠡᠨᠡᠳᠡᠭᠦᠯᠦᠨ ᠳᠠᠭᠠᠷᠢᠵᠤ᠂ ᠲᠤᠬᠠᠢ᠎ᠶ᠋ᠢᠨ ᠭᠠᠵᠠᠷ᠎ᠤᠨ ᠶᠠᠫᠣᠨ᠎ᠢ ᠡᠰᠡᠷᠭᠦᠴᠡᠬᠦ᠌ ᠵᠡᠪᠰᠡᠭ᠌ᠲᠦ ᠬᠦᠴᠦᠨ᠎ᠦ ᠬᠠᠮᠵᠢᠯᠴᠠᠭ᠎ᠠ ᠳᠣᠣᠷ᠎ᠠ᠂ ᠲᠤᠬᠠᠢ᠎ᠶ᠋ᠢᠨ ᠭᠠᠵᠠᠷ᠎ᠤᠨ ᠬᠠᠭᠤᠷᠮᠠᠭ ᠴᠡᠷᠢᠭ᠎ᠢ ᠨᠢᠭᠡ ᠯᠡ ᠳᠡᠭᠡᠷ᠎ᠡ ᠰᠥᠨᠥᠭᠡᠪᠡ᠃ 5 ᠰᠠᠷ᠎ᠠ᠎ᠶ᠋ᠢᠨ ᠰᠡᠭᠦᠯᠴᠢ᠎ᠪᠡᠷ᠂ ᠡᠦ ᠺᠦᠨ ᠴᠡᠷᠢᠭ ᠠᠩᠬᠢ᠎ᠪᠠᠨ ᠳᠠᠭᠠᠭᠤᠯᠤᠨ ᠮᠧᠢ ᠼᠦᠨ ᠲᠣᠰᠭᠣᠨ᠎ᠳᠤ ᠪᠤᠴᠠᠪᠠ᠃ ᠴᠡᠷᠢᠭ ᠠᠩᠬᠢ ᠥᠰᠢ ᠪᠠ ᠵᠢᠶᠠᠩ᠎ᠶ᠌ᠢᠨ᠎ᠦ ᠠᠭᠤᠯᠵᠠᠷ ᠳᠡᠬᠢ ᠬᠤᠸᠠᠩ ᠲᠥ ᠲᠠᠩ᠎ᠢᠶᠠᠷ ᠥᠩᠭᠡᠷᠡᠬᠦ᠌ ᠦᠶ᠎ᠡ᠎ᠳᠦ ᠬᠥᠳᠡᠭᠡ ᠪᠠᠭᠤᠵᠤ 《ᠱᠦᠭᠦᠷᠳᠡᠯᠲᠡ》 ᠬᠢᠵᠦ ᠪᠠᠢᠭᠰᠠᠨ ᠶᠠᠫᠣᠨ ᠴᠡᠷᠢᠭ ᠬᠠᠭᠤᠷᠮᠠᠭ ᠴᠡᠷᠢᠭ᠎ᠲᠡᠶ ᠬᠠᠷᠭᠤᠪᠠ᠂ ᠡᠦ ᠺᠦᠨ ᠳᠠᠷᠤᠢ ᠲᠦᠷᠭᠡᠨ᠎ᠢᠶᠡᠷ  ᠪᠠᠢᠯᠳᠤᠭ᠍ᠴᠢᠳ᠎ᠢᠶᠠᠨ ᠳᠠᠭᠠᠭᠤᠯᠤᠨ ᠠᠱᠢᠭ᠍ᠲᠠᠢ ᠭᠠᠵᠠᠷ᠎ᠤᠨ ᠪᠠᠢᠴᠠ᠎ᠶ᠋ᠢ ᠰᠣᠩᠭᠣᠵᠤ ᠳᠠᠢᠰᠤᠨ᠎ᠢ ᠤᠭ᠍ᠲᠤᠨ᠂ ᠺᠤᠸᠠᠩ ᠱᠠᠨ ᠴᠢᠶᠣᠤ ᠬᠥᠭᠥᠷᠭᠡ᠎ᠶ᠋ᠢᠨ ᠬᠥᠪᠡᠭᠡᠨ᠎ᠳᠦ 30 ᠭᠠᠷᠤᠢ ᠶᠠᠫᠣᠨ ᠴᠡᠷᠢᠭ ᠬᠠᠭᠤᠷᠮᠠᠭ ᠴᠡᠷᠢᠭ᠎ᠢ ᠠᠯᠠᠵᠤ ᠱᠢᠷᠬᠠᠲᠤᠭᠤᠯᠪᠠ᠃

ᠪᠠᠢᠯᠳᠤᠭᠠᠨ ᠬᠢᠬᠦ᠎ᠳᠦ᠂ ᠡᠦ ᠺᠦᠨ ᠨᠢᠭᠡ ᠭᠠᠵᠠᠷ᠎ᠲᠤ ᠬᠦᠷᠬᠦ᠌ ᠪᠦᠷᠢ ᠪᠡᠲ᠋ᠯᠢᠶᠦᠠ ᠪᠠ ᠰᠤᠮᠤᠨ᠎ᠤ ᠺᠠᠳ᠋ᠷ᠂ ᠱᠲ᠋ᠠᠪᠴᠢ᠎ᠨᠠᠷ᠎ᠢ ᠳᠠᠭᠠᠭᠤᠯᠤᠨ ᠭᠣᠣᠯ ᠰᠡᠷᠭᠡᠢᠯᠡᠯᠲᠡ᠎ᠶ᠋ᠢᠨ ᠱᠤᠭᠤᠮ᠎ᠤᠨ ᠭᠠᠵᠠᠷ᠎ᠤᠨ ᠪᠠᠢᠴᠠ᠎ᠶ᠋ᠢ ᠪᠠᠢᠴᠠᠭᠠᠨ ᠦᠵᠡᠵᠦ᠍ ᠪᠠᠢᠯᠳᠤᠬᠤ ᠲᠥᠯᠥᠪᠯᠡᠭᠡ᠎ᠪᠡᠨ ᠪᠡᠯᠡᠳᠭᠡᠳᠡᠭ᠃ ᠪᠠᠢᠯᠳᠤᠭᠠᠨ ᠡᠴᠡ ᠡᠮᠦᠨ᠎ᠡ᠂ ᠲᠡᠷᠡ ᠶᠡᠷᠦ᠍ ᠨᠢ ᠨᠠᠷᠢᠨ ᠨᠢᠭ᠍ᠲᠠ ᠲᠠᠬᠢᠨ ᠳᠠᠪᠲᠠᠨ ᠪᠣᠳᠣᠯᠬᠢᠯᠠᠵᠤ ᠪᠠᠢᠯᠳᠤᠭᠠᠨ ᠳᠤᠮᠳᠠ ᠡᠭᠦᠰᠴᠦ᠍ ᠮᠡᠳᠡᠬᠦ᠌ ᠪᠠᠢᠳᠠᠯ᠎ᠳᠤ ᠴᠢᠭ᠌ᠯᠡᠭᠦᠯᠦᠨ ᠭᠦᠢᠴᠡᠳ ᠵᠢᠱ᠌ᠢᠯᠲᠡ ᠬᠢᠬᠦ᠌᠎ᠶ᠋ᠢᠨ ᠬᠠᠮᠲᠤ ᠠᠷᠭᠠᠴᠠᠭᠠᠬᠤ ᠪᠤᠳᠤᠯᠭ᠎ᠠ ᠲᠣᠭ᠍ᠲᠠᠭᠠᠵᠤ᠂ ᠪᠠᠢᠯᠳᠤᠪᠠᠯ ᠳᠠᠷᠤᠢ ᠢᠯᠠᠯᠲᠠ ᠣᠯᠬᠤ ᠪᠡᠷ ᠴᠢᠷᠮᠠᠢᠳᠠᠭ᠃ ᠱᠢᠨ᠎ᠡ ᠳᠥᠷᠪᠡᠳᠦᠭᠡᠷ ᠠᠷᠮᠢ᠎ᠶ᠋ᠢᠨ ᠪᠠᠢᠯᠳᠤᠭᠠᠨ᠎ᠤ ᠲᠡᠦᠬᠡᠨ ᠳᠡᠭᠡᠷ᠎ᠡ ᠳᠣᠲᠣᠭᠠᠳᠤ ᠭᠠᠳᠠᠭᠠᠳᠤ᠎ᠳᠤ ᠠᠯᠳᠠᠷᠱᠢᠭ᠍ᠰᠠᠨ ᠬᠤ᠌ ᠢᠦᠢ ᠭᠤᠸᠠᠨ᠎ᠤ ᠭᠠᠯᠲᠤ ᠲᠡᠷᠭᠡᠨ ᠦᠷᠳᠡᠭᠡ᠎ᠶ᠋ᠢ ᠰᠥᠨᠢ᠎ᠪᠡᠷ ᠲᠠᠭᠠᠷᠢᠬ᠍ᠰᠠᠨ᠂ ᠬᠣᠩ ᠴᠢᠶᠣᠤ ᠨᠢᠰᠭᠡᠯ᠎ᠦᠨ ᠪᠠᠭᠤᠳᠠᠯ᠎ᠢ ᠰᠥᠨᠢ᠎ᠪᠡᠷ ᠲᠠᠭᠠᠷᠢᠬ᠍ᠰᠠᠨ ᠵᠡᠷᠭᠡ ᠪᠠᠢᠯᠳᠤᠭᠠᠨ᠎ᠳᠤ ᠡᠦ ᠺᠦᠨ ᠴᠥᠮ ᠭᠠᠪᠢᠶ᠎ᠠ ᠵᠢᠳᠬᠦᠯ ᠦᠵᠡᠭᠦᠯᠦᠭ᠌ᠰᠡᠨ ᠶᠤᠮ᠃

1939 ᠣᠨ᠎ᠤ 9 ᠰᠠᠷ᠎ᠠ᠎ᠳᠤ᠂ ᠡᠦ ᠺᠦᠨ ᠴᠡᠷᠢᠭ ᠳᠠᠭᠠᠭᠤᠯᠤᠨ ᠵᠡᠭᠦᠨ ᠵᠠᠮ᠎ᠤᠨ ᠣᠷᠣᠨ ᠡᠴᠡ ᠤᠬᠤᠷᠢᠨ ᠭᠠᠷᠪᠠ᠃ ᠵᠠᠮ ᠵᠠᠭᠤᠷ᠎ᠠ᠎ᠪᠠᠨ ᠵᠢᠶᠠᠩ᠎ᠶ᠌ᠢᠨ᠎ᠦ ᠮᠠ ᠵᠧᠨ ᠪᠠᠯᠭᠠᠰᠤᠨ᠎ᠤ ᠱᠢᠶᠠᠩ ᠬᠤ᠌ ᠲᠠᠩ᠎ᠤᠨ ᠳ᠋ᠢᠩ ᠱᠠᠨ ᠠᠭᠤᠯᠠ ᠣᠷᠴᠢᠮ 《ᠱᠢᠳᠤᠷᠭᠤ ᠵᠢᠷᠤᠮᠲᠤ ᠤᠯᠤᠰ᠎ᠢᠶᠠᠨ ᠠᠪᠤᠷᠠᠬᠤ ᠴᠡᠷᠢᠭ》 ᠤ᠋ᠨ ᠭᠡᠨᠡᠳᠲᠡ᠎ᠶ᠋ᠢᠨ ᠳᠠᠭᠠᠷᠢᠯᠲᠠ᠎ᠳᠤ ᠤᠴᠠᠷᠠᠪᠠ᠃ ᠡᠦ ᠺᠦᠨ ᠪᠠᠢᠯᠳᠤᠭᠠᠨ᠎ᠢ ᠵᠢᠯᠣᠭᠣᠳᠴᠤ ᠪᠠᠢᠬᠤ᠎ᠳᠠᠭᠠᠨ ᠰᠤᠮᠤᠨ᠎ᠳᠤ ᠤᠨᠤᠬ᠍ᠳᠠᠨ ᠪᠠᠭᠠᠲᠤᠷᠯᠢᠭ᠎ᠢᠶᠠᠷ ᠪᠡᠶ᠎ᠡ ᠦᠷᠡᠭ᠌ᠳᠡᠵᠦ᠂ ᠳᠤᠬᠠᠢ᠎ᠶᠢᠨ ᠦᠶ᠎ᠡ᠎ᠳᠦ ᠰᠠᠶ᠍ᠢ 29 ᠨᠠᠰᠤᠲᠠᠢ ᠪᠠᠢᠯ᠎ᠠ᠃

ᠡᠦ ᠺᠦᠨ ᠪᠡᠶ᠎ᠡ ᠦᠷᠡᠭ᠌ᠳᠡᠭ᠌ᠰᠡᠨ᠎ᠦ ᠳᠠᠷᠠᠭ᠎ᠠ᠂ ᠵᠢᠶᠠᠩᠨᠠᠨ᠎ᠤ ᠶᠠᠫᠣᠨ᠎ᠢ ᠡᠰᠡᠷᠭᠦᠴᠡᠬᠦ᠌ ᠵᠢᠷᠤᠮ᠎ᠤᠨ ᠴᠡᠷᠢᠭ᠎ᠦᠨ ᠶᠡᠷᠦᠩᠬᠡᠢ ᠵᠢᠯᠣᠭᠣᠳᠭᠤ ᠭᠠᠵᠠᠷ ᠭᠠᠱᠢᠭᠤᠳᠠᠯ᠎ᠤᠨ ᠬᠤᠷᠠᠯ ᠬᠢᠵᠦ᠍᠂ ᠦᠷᠡᠭ᠌ᠳᠡᠭ᠌ᠰᠡᠨ ᠪᠠᠭᠠᠲᠤᠷ᠎ᠢᠶᠠᠨ ᠭᠦᠨ᠎ᠡ ᠭᠠᠱᠢᠭᠤᠳᠠᠵᠤ ᠪᠠᠢᠬᠤ᠎ᠪᠠᠨ ᠢᠯᠡᠳᠭᠡᠪᠡ᠃ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ᠂ ᠦᠷᠡᠭ᠌ᠳᠡᠭ᠌ᠰᠡᠨ ᠪᠠᠭᠠᠲᠤᠷ ᠡᠦ ᠺᠦᠨ᠎ᠦ ᠪᠤᠩᠬᠤᠨ᠎ᠢ ᠵᠢᠶᠠᠩ᠎ᠶ᠌ᠢᠨ᠎ᠡᠴᠡ ᠨᠠᠨᠵᠢᠩ᠎ᠤᠨ ᠢᠦᠢ ᠬᠤᠸᠠ᠎ᠲᠠᠶ᠎ᠶ᠋ᠢᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠳᠦ ᠱᠢᠯᠵᠢᠭᠦᠯᠪᠡ᠃ 1985 ᠣᠨ᠎ᠤ ᠬᠠᠩᠰᠢ᠎ᠶ᠋ᠢᠨ ᠡᠳᠦᠷ᠂ ᠵᠢᠶᠠᠩ᠎ᠶ᠌ᠢᠨ ᠱᠢᠶᠠᠨ᠎ᠤ ᠠᠷᠠᠳ᠎ᠤᠨ ᠵᠠᠰᠠᠭ᠎ᠤᠨ ᠣᠷᠳᠣᠨ ᠳ᠋ᠢᠩ ᠱᠠᠨ ᠠᠭᠤᠯᠠ᠎ᠶᠢᠨ ᠡᠮᠦᠨ᠎ᠡ ᠪᠡᠯ᠎ᠳᠤ  《ᠦᠷᠡᠭ᠌ᠳᠡᠭ᠌ᠰᠡᠨ ᠪᠠᠭᠠᠲᠤᠷ ᠡᠦ ᠺᠦᠨ᠎ᠢ ᠣᠷᠣᠱᠢᠭᠤᠯᠤᠭᠰᠠᠨ ᠭᠠᠵᠠᠷ᠎ᠤᠨ ᠳᠤᠷᠠᠰᠭᠠᠯ᠎ᠤᠨ ᠬᠥᠱᠢᠢ᠎ᠡ》  ᠪᠤᠰᠬᠠᠪᠠ᠃

ᠡᠦ ᠺᠦᠨ ᠤ᠋ ᠨᠤᠲᠤᠭ᠎ᠲᠤ ᠲᠡᠭᠦᠨ᠎ᠦ ᠦᠢᠯᠡ ᠠᠵᠢᠯᠯᠠᠭ᠎ᠠ ᠪᠠᠯᠠᠷᠠᠰᠢ ᠦᠭᠡᠢ ᠳᠡᠮᠳᠡᠭᠯᠡᠭᠳᠡᠭᠰᠡᠭᠡᠷ ᠶᠤᠮ᠃ ᠤᠢ᠍ᠢᠷ᠎ᠠ᠎ᠶ᠋ᠢᠨ ᠵᠢᠯ᠎ᠡᠴᠡ᠂ ᠸᠠᠨᠵᠸᠤ ᠲᠣᠭᠣᠷᠢᠭ ᠡᠦ ᠺᠦᠨ ᠤ᠋ ᠲᠤᠪᠴᠢ ᠨᠠᠮᠳᠠᠷ᠎ᠢ ᠨᠠᠢᠷᠠᠭᠤᠯᠤᠨ ᠪᠢᠴᠢᠵᠦ᠍ ᠳᠠᠭᠤᠰᠭᠠᠪᠠ᠂ ᠲᠤᠬᠠᠢ᠎ᠶ᠋ᠢᠨ ᠭᠠᠵᠠᠷ᠎ᠤᠨ ᠬᠢᠨ 《ᠸᠠᠨᠵᠸᠤ ᠵᠢᠨ ᠬᠤᠪᠢᠰᠭᠠᠯ᠎ᠤᠨ ᠦᠯᠢᠭᠡᠷ》 ᠢ᠋ ᠨᠡᠢᠭᠡᠮ ᠲᠣᠭᠣᠷᠢᠭ᠎ᠲᠤ ᠣᠷᠣᠭᠤᠯᠬᠤ᠂ ᠰᠤᠷᠭᠠᠭᠤᠯᠢ᠎ᠶ᠋ᠢᠨ ᠬᠦᠷᠢᠶᠡᠨ᠎ᠳᠦ ᠣᠷᠣᠭᠤᠯᠬᠤ ᠵᠡᠷᠭᠡ 《ᠲᠤᠯᠤᠭ᠎ᠠ᠎ᠳᠦ ᠣᠷᠣᠭᠤᠯᠬᠤ》ᠠᠵᠢᠯᠯᠠᠭ᠎ᠠ᠎ᠶ᠋ᠢ ᠵᠣᠬᠢᠶᠠᠨ ᠪᠠᠢᠭᠤᠯᠵᠤ ᠥᠷᠨᠢᠭᠦᠯᠬᠦ᠌᠎ᠪᠡᠷ ᠲᠠᠮᠵᠢᠨ 《 ᠪᠠᠭᠠᠲᠤᠷ ᠵᠠᠩᠵᠤᠨ》 ᠤ᠋ ᠵᠣᠷᠢᠭ ᠰᠠᠨᠠᠭ᠎ᠠ᠎ᠶ᠋ᠢ ᠬᠥᠮᠦᠰ᠎ᠦᠨ ᠰᠡᠳᠭᠢᠯ᠎ᠢ ᠤᠮᠳᠠᠯᠠᠬᠤ ᠬᠦᠴᠦᠨ ᠪᠣᠯᠭᠠᠪᠠ᠃

(ᠰᠢᠨᠬᠤᠸᠠ ᠬᠤᠷᠢᠶ᠎ᠠ᠎ᠶᠢᠨ ᠴᠦᠩᠴᠢᠩ᠎ᠤᠨ ᠴᠠᠬᠢᠯᠭᠠᠨ ᠮᠡᠳᠡᠭᠡ ᠡᠴᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号