ᠴᠧᠨ ᠢ ᠬᠤᠸᠠ᠄ ᠨᠠᠰᠤᠨ ᠲᠤᠷᠰᠢᠲᠠ᠎ᠪᠠᠨ ᠴᠡᠷᠢᠭ ᠳᠠᠶ᠋ᠢᠨ᠎ᠳᠤ ᠮᠤᠷᠲᠠᠵᠦ ᠶᠠᠫᠤᠨ ᠢ᠋ ᠡᠰᠡᠷᠭᠦᠴᠡᠬᠦ ᠳᠠᠶ᠋ᠢᠨ᠎ᠦ ᠲᠠᠯᠠᠪᠤᠷ᠎ᠲᠤ ᠪᠠᠭᠠᠲᠤᠷᠯᠢᠭ᠋᠎ᠢᠶᠠᠷ ᠪᠡᠶ᠎ᠡ ᠦᠷᠡᠭᠳᠡᠵᠡᠢ
2025-08-22 09:32:22
ᠵᠣᠬᠢᠶᠠᠭ᠍ᠴᠢ᠄
ᠬᠤᠸᠠᠩ ᠹᠦ ᠮᠧᠶ ᠰᠢᠶᠠᠨ ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

ᠤᠯᠠᠭᠠᠨᠴᠠᠪ ᠬᠣᠲᠠ ᠎ᠶᠢᠨ ᠯᠢᠶᠡᠩᠴᠧᠩ ᠰᠢᠶᠠᠨ᠎ᠤ ᠼᠤᠤ ᠨᠢᠶᠠᠨ ᠮᠠᠨᠵᠤ ᠦᠨᠳᠦᠰᠦᠲᠡᠨ᠎ᠦ ᠰᠢᠶᠠᠩ᠎ᠳᠤ ᠨᠢᠭᠡᠨ ᠰᠢ ᠱᠤᠸᠠᠩ ᠱᠸ᠋ ᠭᠡᠳᠡᠭ ᠲᠣᠰᠬᠣᠨ ᠪᠠᠢᠳᠠᠭ᠂ ᠠᠯᠤᠰ᠎ᠡᠴᠠ ᠪᠠᠷᠠᠯᠠᠬᠤᠶ᠎ᠠ᠂ ᠵᠤᠨ᠎ᠤ ᠤᠯᠠᠷᠢᠯ᠎ᠤᠨ ᠰᠢ ᠱᠤᠸᠠᠩ ᠱᠸ᠋ ᠲᠣᠰᠬᠣᠨ (ᠤᠤᠯ ᠨᠢ ᠯᠢᠶᠠᠩᠴᠸᠩ ᠰᠢᠶᠠᠨ᠎ᠤ ᠴᠠᠬᠠᠷ ᠬᠤᠲᠠ ᠰᠢᠶᠠᠩ᠎ᠳᠤ ᠬᠠᠷᠢᠶᠠᠯᠠᠭᠳᠠᠵᠤ ᠦᠩᠭᠡᠷᠡᠪᠡ)  ᠶᠠᠭ ᠯᠠ ᠨᠣᠮᠢᠨ ᠳᠠᠯᠠᠢ ᠎ᠳᠤ ᠪᠠᠢᠭ᠎ᠠ ᠣᠩᠭᠣᠴᠠ ᠮᠡᠲᠦ ᠦᠷᠭᠦᠯᠵᠢᠯᠡᠭᠰᠡᠨ ᠨᠣᠮᠢᠨ ᠨᠣᠭᠣᠭᠠᠨ ᠳᠣᠪᠣᠴᠠᠭ᠎ᠲᠤ ᠬᠦᠷᠢᠶᠡᠯᠡᠭᠳᠡᠵᠦ᠂ ᠡᠨᠲᠡ ᠤᠯᠠᠭᠠᠨ ᠣᠷᠣᠢ᠎ᠲᠠᠢ ᠭᠡᠷ ᠪᠠᠢᠰᠢᠩ᠎ᠲᠠᠷᠬᠠᠨ ᠪᠠᠢᠷᠢᠯᠠᠵᠦ᠂ ᠨᠣᠮᠢᠨ ᠨᠣᠭᠣᠭᠠᠨ ᠤᠢ ᠮᠣᠳᠣ᠌᠂ ᠡᠪᠡᠰᠦᠲᠦ ᠲᠠᠯ᠎ᠠ᠂ ᠲᠠᠷᠢᠶᠠᠨ ᠭᠠᠵᠠᠷ ᠦᠷᠭᠦᠯᠵᠢᠯᠡᠵᠦ᠂ ᠠᠮᠢᠵᠢᠷᠠᠯ᠎ᠤᠨ ᠬᠦᠴᠦᠨ᠎ᠢᠶᠡᠷ ᠪᠢᠯᠬᠠᠮ᠎ᠠ᠂ ᠡᠶ᠎ᠡ ᠵᠣᠬᠢᠴᠠᠩᠭᠤᠢ ᠨᠠᠮ ᠰᠡᠯᠡᠭᠦᠨ ᠬᠥᠳᠡᠭᠡ ᠲᠣᠰᠬᠣᠨ᠎ᠤ ᠪᠠᠢᠭᠠᠯᠢ᠎ᠶᠢᠨ ᠥᠩᠭᠡ ᠦᠵᠡᠮᠵᠢ ᠨᠢᠳᠦᠨ ᠡᠮᠦᠨ᠎ᠡ ᠲᠣᠳᠣᠷᠠᠨ᠎ᠠ᠃ ᠦᠵᠡᠬᠦ᠎ᠳᠦ ᠡᠨᠡ ᠬᠦ᠌ ᠵᠢᠵᠢᠭ ᠠᠭᠤᠯᠠᠨ ᠲᠣᠰᠬᠣᠨ᠎ᠳᠤ ᠣᠨᠴᠠᠭᠠᠶ ᠭᠠᠵᠠᠷ ᠪᠠᠢᠬᠤ ᠦᠭᠡᠢ ᠪᠣᠯᠪᠠᠴᠤ ᠶᠠᠫᠤᠨ᠎ᠢ ᠡᠰᠡᠷᠭᠦᠴᠡᠬᠦ ᠳᠠᠶ᠋ᠢᠨ᠎ᠦ ᠦᠶ᠎ᠡ᠎ᠳᠦ᠂ ᠨᠢᠭᠡᠨ ᠦᠷᠡᠭᠳᠡᠭᠰᠡᠨ ᠪᠠᠭᠠᠲᠤᠷ ᠶᠠᠫᠤᠨ ᠎ᠤ ᠲᠦᠷᠢᠮᠡᠬᠡᠢᠯᠡᠭᠴᠢᠳ ᠎ᠢ ᠡᠰᠡᠷᠭᠦᠴᠡᠨ ᠪᠠᠢᠯᠳᠦᠵᠤ᠂ ᠡᠨᠡ ᠬᠦ᠌ ᠬᠠᠯᠠᠭᠤᠨ ᠬᠥᠷᠥᠰᠥ᠎ᠪᠡᠨ ᠬᠠᠮᠠᠭᠠᠯᠠᠬᠤ᠎ᠶᠢᠨ ᠲᠥᠯᠥᠭᠡ ᠡᠨᠳᠡ ᠡᠷᠡᠯᠬᠡᠭ ᠪᠠᠭᠠᠲᠤᠷᠯᠢᠭ᠋᠎ᠢᠶᠠᠷ ᠪᠡᠶ᠎ᠡ ᠦᠷᠡᠭᠳᠡᠵᠡᠢ ᠂ ᠲᠡᠭᠦᠨ᠎ᠢ ᠴᠧᠨ ᠢ ᠬᠤᠸᠠ ᠭᠡᠳᠡᠭ᠃

ᠴᠧᠨ ᠢ ᠬᠤᠸᠠ᠎ᠶᠢᠨ ᠦᠢᠯᠡ ᠠᠵᠢᠯᠯᠠᠭ᠎ᠠ᠎ᠶᠢᠨ ᠲᠤᠬᠠᠢ᠂ ᠡᠨᠡ ᠵᠢᠯ 65 ᠨᠠᠰᠤᠲᠠᠢ ᠯᠢᠶᠡᠩᠴᠧᠩ ᠰᠢᠶᠠᠨ᠎ᠤ ᠨᠠᠮ᠎ᠤᠨ ᠲᠡᠦᠬᠡ ᠰᠤᠳᠤᠯᠬᠤ ᠲᠠᠰᠤᠭ ᠎ᠤᠨ ᠤᠤᠯ ᠎ᠤᠨ ᠡᠷᠬᠢᠯᠡᠭᠴᠢ᠂ ᠳᠡᠭᠡᠳᠦ ᠵᠡᠷᠭᠡ᠎ᠶᠢᠨ ᠬᠢᠨᠠᠨ ᠨᠠᠢᠷᠠᠭᠤᠯᠤᠭ᠍ᠴᠢ ᠭᠤᠤ ᠬᠣᠩ ᠹᠸᠩ ᠨᠡᠯᠢᠶᠡᠳ ᠨᠠᠷᠢᠨ ᠨᠢᠭ᠍ᠲᠠ ᠰᠤᠳᠤᠯᠵᠤ ᠥᠩᠭᠡᠷᠡᠵᠡᠢ᠃ ᠲᠡᠷᠡ᠄ 《ᠴᠧᠨ ᠢ ᠬᠤᠸᠠ ᠪᠣᠯ ᠨᠢᠭᠡᠨ ᠠᠬᠠᠮᠠᠳ ᠤᠯᠠᠭᠠᠨ ᠴᠡᠷᠢᠭ᠂ 1938 ᠣᠨ᠎ᠳᠤ ᠲᠡᠷᠡ ᠽᠦᠸᠸ ᠶᠦᠨ᠂ ᠶᠢᠤ᠌ ᠢᠦᠢ᠂ ᠯᠢᠶᠡᠩᠴᠧᠩ ᠭᠤᠷᠪᠠᠨ ᠰᠢᠶᠠᠨ᠎ᠳᠤ ᠬᠦᠷᠴᠦ᠂ ᠽᠦᠸᠸ ᠶᠢᠦ ᠯᠢᠶᠠᠩ ᠰᠢᠶᠠᠨ᠎ᠤ ᠨᠠᠮ᠎ᠤᠨ ᠬᠣᠷᠢᠶ᠎ᠠ ᠵᠢᠨ ᠱᠦᠵᠢ᠎ᠶᠢᠨ ᠲᠤᠰᠢᠶᠠᠯ᠎ᠢ ᠬᠠᠷᠢᠭᠤᠴᠠᠪᠠ᠂ 1939 ᠣᠨ᠎ᠤ 6 ᠰᠠᠷ᠎ᠠ ᠎ᠶᠢᠨ 20᠎ᠤ᠋ ᠡᠳᠦᠷ᠂ ᠴᠧᠨ ᠢ ᠬᠤᠸᠠ ᠯᠢᠶᠡᠩᠴᠧᠩ ᠰᠢᠶᠠᠨ ᠎ᠤ ᠴᠠᠬᠠᠷ ᠬᠤᠲᠠ ᠰᠢᠶᠠᠩ᠎ᠤᠨ ᠰᠢ ᠱᠤᠸᠠᠩ ᠱᠸ᠋ ᠲᠣᠰᠬᠣᠨ᠎ᠳᠤ ᠪᠠᠭᠠᠲᠤᠷᠯᠢᠭ᠋᠎ᠢᠶᠠᠷ ᠪᠡᠶ᠎ᠡ ᠦᠷᠡᠭᠳᠡᠪᠡ》 ᠭᠡᠵᠦ ᠬᠡᠯᠡᠪᠡ᠃

ᠲᠡᠦᠬᠡᠨ ᠮᠠᠲᠧᠷᠢᠶᠠᠯ ᠎ᠤᠨ ᠲᠡᠮᠳᠡᠭᠯᠡᠯ ᠎ᠢ ᠦᠨᠳᠦᠰᠦᠯᠡᠪᠡᠯ᠄ ᠴᠧᠨ ᠢ ᠬᠤᠸᠠ (1911 —1939)᠂ ᠤᠤᠯ ᠨᠡᠷ᠎ᠡ ᠨᠢ ᠴᠧᠨ ᠺᠠᠢ᠂ ᠰᠧᠴᠦᠸᠠᠨ᠎ᠤ ᠰᠢᠦᠸᠠᠨ ᠬᠠᠨ ᠰᠢᠶᠠᠨ᠎ᠤ ᠨᠠᠨ ᠬᠤᠸᠠ ᠪᠠ ᠲᠣᠰᠬᠣᠨ᠎ᠤ ᠬᠥᠮᠥᠨ᠃ 1932 ᠣᠨ᠎ᠤ 12 ᠰᠠᠷ᠎ᠠ᠎ᠳᠤ᠂ ᠤᠯᠠᠭᠠᠨ ᠴᠡᠷᠢᠭ᠎ᠦᠨ ᠳᠥᠷᠪᠡᠳᠦᠭᠡᠷ ᠹᠷᠣᠨᠲ᠎ᠤᠨ ᠴᠡᠷᠢᠭ ᠰᠢᠦᠸᠠᠨ ᠬᠠᠨ᠎ᠳᠤ ᠬᠦᠷᠴᠦ᠂ ᠴᠧᠨ ᠢ ᠬᠤᠸᠠ ᠤᠯᠠᠭᠠᠨ ᠴᠡᠷᠢᠭ᠎ᠦᠨ ᠳᠥᠷᠪᠡᠳᠦᠭᠡᠷ ᠹᠷᠣᠨᠲ᠎ᠤᠨ ᠴᠡᠷᠢᠭ᠎ᠲᠦ ᠣᠷᠣᠵᠤ᠂ ᠳᠠᠷᠠᠭ᠎ᠠ ᠵᠢᠯ ᠨᠢ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠵᠤ᠂ ᠰᠤᠮᠤ᠂ ᠪᠠᠲᠯᠢᠶᠤᠨ ᠎ᠤ ᠨᠠᠮ ᠎ᠤᠨ ᠲᠥᠯᠥᠭᠡᠯᠡᠭᠴᠢ᠎ᠶᠢᠨ ᠲᠤᠰᠢᠶᠠᠯ᠎ᠢ ᠬᠠᠷᠢᠭᠤᠴᠠᠵᠤ ᠥᠩᠭᠡᠷᠡᠪᠡ᠃

1935 ᠣᠨ ᠎ᠤ 3 ᠰᠠᠷ᠎ᠠ᠎ᠳᠤ᠂ ᠴᠧᠨ ᠢ ᠬᠤᠸᠠ ᠴᠡᠷᠢᠭ ᠠᠩᠭᠢ ᠎ᠶᠢ ᠳᠠᠭᠠᠨ ᠤᠷᠳᠤ ᠵᠠᠮ᠎ᠤᠨ ᠠᠶᠠᠨ ᠳᠠᠢ᠍ᠢᠨ ᠬᠢᠵᠦ᠂ 1936 ᠣᠨ ᠎ᠤ 10 ᠰᠠᠷ᠎ᠠ᠎ᠳᠤ᠂ ᠲᠥᠪ᠎ᠦᠨ ᠨᠠᠮ᠎ᠤᠨ ᠰᠤᠷᠭᠠᠭᠤᠯᠢ ᠎ᠳᠤ ᠰᠤᠷᠤᠯᠴᠠᠪᠠ᠃ 1937 ᠣᠨ᠎ᠤ ᠲᠤᠯᠤᠭᠠᠨ ᠰᠠᠷ᠎ᠠ ᠎ᠶᠢᠨ ᠲᠤᠯᠤᠭᠠᠨ᠎ᠤ ᠬᠡᠷᠡᠭ ᠬᠤᠪᠢᠰᠤᠯ ᠎ᠤᠨ ᠲᠠᠷᠠᠭ᠎ᠠ᠂ 120 ᠳ᠋ᠤᠭᠠᠷ ᠳ᠋ᠢᠸᠢᠽᠢ ᠎ᠶᠢᠨ ᠴᠡᠷᠢᠭ ᠎ᠦᠨ ᠬᠠᠤᠯᠢ ᠴᠠᠭᠠᠵᠠ᠎ᠶᠢᠨ ᠭᠠᠵᠠᠷ ᠎ᠤᠨ ᠳᠡᠳ᠋ ᠳᠠᠷᠤᠭ᠎ᠠ ᠎ᠶᠢᠨ ᠲᠤᠰᠢᠶᠠᠯ᠎ᠢ ᠬᠠᠷᠢᠭᠤᠴᠠᠵᠤ᠂ ᠴᠡᠷᠢᠭ ᠠᠩᠭᠢ᠎ᠶᠢ ᠲᠠᠭᠠᠵᠦ ᠵᠡᠭᠦᠨᠰᠢ ᠬᠠᠳᠤᠨ ᠭᠣᠣᠯ ᠎ᠢ ᠭᠠᠲᠤᠯᠵᠤ᠂ ᠶᠠᠨᠪᠸᠢ ᠳ᠋ᠤ᠌ ᠭᠠᠪᠰᠢᠭᠠᠢᠯᠠᠨ ᠣᠷᠣᠵᠤ᠂ ᠶᠠᠫᠤᠨ ᠎ᠢ ᠡᠰᠡᠷᠭᠦᠴᠡᠬᠦ ᠰᠠᠭᠤᠷᠢᠨ ᠭᠠᠵᠠᠷ ᠎ᠢ ᠡᠭᠦᠳᠦᠨ ᠪᠠᠢᠭᠤᠯᠪᠠ᠃

1938 ᠣᠨ᠎ᠤ 5 ᠰᠠᠷ᠎ᠠ᠎ᠳᠤ᠂ ᠴᠧᠨ ᠢ ᠬᠤᠸᠠ ᠫᠢᠩ ᠯᠦ᠍ ᠰᠢᠶᠠᠨ᠎ᠤ ᠨᠠᠮ᠎ᠤᠨ ᠬᠣᠷᠢᠶᠠᠨ᠎ᠤ ᠱᠦᠵᠢ᠎ᠶᠢᠨ ᠲᠤᠰᠢᠶᠠᠯ᠎ᠢ ᠬᠠᠷᠢᠭᠤᠴᠠᠵᠤ᠂ ᠳᠠᠢᠰᠤᠨ᠎ᠤ ᠠᠷᠤ ᠲᠠᠯ᠎ᠠ ᠎ᠶᠢᠨ ᠰᠠᠭᠤᠷᠢᠨ ᠭᠠᠵᠠᠷ᠎ᠢ ᠪᠡᠬᠢᠵᠢᠭᠦᠯᠦᠨ ᠥᠷᠭᠡᠳᠬᠡᠬᠦ᠎ᠶᠢᠨ ᠲᠥᠯᠥᠭᠡ ᠶᠡᠬᠡ ᠬᠡᠮᠵᠢᠶᠡᠨ᠎ᠦ ᠠᠵᠢᠯ ᠬᠢᠪᠡ ᠃ ᠲᠤᠰ ᠵᠢᠯ᠎ᠦᠨ 10 ᠰᠠᠷ᠎ᠠ᠎ᠳᠤ᠂ ᠱᠠᠨ ᠰᠢ ᠰᠦᠢᠶᠦᠸᠠᠨ ᠎ᠤ ᠬᠢᠯᠢ ᠬᠢᠵᠠᠭᠠᠷ᠎ᠤᠨ  ᠣᠨᠴᠠᠭᠠᠢ ᠬᠣᠷᠢᠶ᠎ᠠ ᠡᠴᠡ ᠴᠧᠨ ᠢ ᠬᠤᠸᠠ᠎ᠶᠢ ᠽᠦᠸᠧ ᠶᠦᠨ᠂ ᠶᠢᠦ ᠢᠦᠢ᠂ ᠯᠢᠶᠡᠩᠴᠧᠩ ᠭᠤᠷᠪᠠᠨ ᠰᠢᠶᠠᠨ᠎ᠳᠤ ᠰᠢᠯᠵᠢᠭᠦᠯᠵᠦ᠂ ᠽᠦᠸᠧ ᠶᠢᠦ ᠯᠢᠶᠠᠩ ᠰᠢᠶᠠᠨ ᠎ᠤ ᠨᠠᠮ ᠎ᠤᠨ ᠬᠣᠷᠢᠶ᠎ᠠ ᠎ᠶᠢᠨ ᠱᠦᠵᠢ ᠎ᠶᠢᠨ ᠲᠤᠰᠢᠶᠠᠯ ᠎ᠢ ᠬᠠᠷᠢᠭᠤᠴᠠᠭᠤᠯᠵᠤ ᠂ ᠭᠠᠳᠠᠭ᠍ᠰᠢ᠎ᠪᠠᠨ ᠵᠢᠷᠭᠤᠳᠤᠭᠠᠷ ᠰᠠᠯᠪᠤᠷᠢ ᠠᠩᠭᠢ ᠎ᠶᠢᠨ ᠤᠯᠤᠰ ᠲᠦᠷᠦ ᠎ᠶᠢᠨ ᠭᠠᠵᠠᠷ ᠎ᠤᠨ ᠽᠦᠸᠧ ᠶᠢᠦ ᠯᠢᠶᠠᠩ ᠰᠢᠶᠠᠨ᠎ᠤ ᠠᠵᠢᠯᠯᠠᠬᠤ ᠪᠦᠯᠬᠦᠮ᠎ᠦᠨ ᠳᠠᠷᠤᠭ᠎ᠠ ᠭᠡᠪᠠ᠃ ᠡᠨᠡ ᠦᠶ᠎ᠡ᠎ᠳᠦ ᠨᠡᠷ᠎ᠡ᠎ᠪᠡᠨ ᠴᠧᠨ ᠢ ᠬᠤᠸᠠ ᠭᠡᠵᠦ ᠬᠠᠯᠠᠵᠠᠢ᠃

ᠽᠦᠸᠧ ᠶᠦᠨ ᠶᠢᠦ ᠢᠦᠢ ᠯᠢᠶᠠᠩᠴᠧᠩ ᠣᠷᠣᠨ᠎ᠳᠤ᠂ ᠴᠧᠨ ᠢ ᠬᠤᠸᠠ ᠮᠠ ᠳᠧᠦ ᠱᠠᠨ ᠪᠣᠯᠤᠨ ᠦ᠋ ᠯᠦ᠍ ᠱᠠᠨ᠎ᠳ᠋ᠤ ᠲᠦᠱᠢᠭᠯᠡᠵᠦ᠂ ᠤᠯᠠᠨ ᠲᠦᠮᠡᠨ᠎ᠢ ᠭᠦᠢᠴᠡᠳ ᠲᠠᠢ᠌ᠴᠢᠯᠠᠵᠥ᠍᠂ ᠣᠷᠣᠨ ᠨᠤᠲᠤᠭ᠎ᠤᠨ ᠵᠡᠪᠰᠡᠭ᠌ᠲᠦ ᠬᠦᠴᠦᠨ᠎ᠢ ᠢᠳᠡᠪᠬᠢᠲᠡᠢ ᠪᠡᠷ ᠵᠣᠬᠢᠶᠠᠨ ᠪᠠᠢᠭᠤᠯᠵᠤ᠂ ᠶᠠᠫᠣᠨ᠎ᠢ ᠡᠰᠡᠷᠭᠦᠴᠡᠬᠦ᠌ ᠲᠡᠮᠡᠴᠡᠯ ᠥᠷᠨᠢᠭᠦᠯᠪᠡ᠃ ᠲᠡᠷᠡ ᠯᠢᠶᠠᠩᠴᠧᠩ᠎ᠦᠨ ᠭᠦᠩ ᠭᠧᠦ᠍᠎ᠳᠡᠬᠢ ᠺᠠᠲ᠋ᠣᠯᠢᠭ ᠱᠠᠱᠢᠨ᠎ᠤ ᠳᠤᠭᠠᠩ᠎ᠤᠨ ᠬᠠᠷ᠎ᠠ ᠯᠠᠮᠠ᠎ᠶ᠋ᠢᠨ ᠦᠵᠡᠯ ᠰᠠᠨᠠᠭᠠᠨ᠎ᠤ ᠠᠵᠢᠯ᠎ᠢ ᠬᠢᠵᠦ᠍᠂ ᠳᠤᠭᠠᠩ᠎ᠤᠨ ᠬᠠᠷ᠎ᠠ ᠯᠠᠮᠠ᠎ᠪᠠᠷ ᠫᠠᠷᠲ᠋ᠢᠽᠠᠨ ᠠᠩᠭᠢ᠎ᠳᠤ 8 ᠶᠠᠪᠠᠭᠠᠨ ᠫᠤᠤ᠂ ᠬᠡᠳᠦᠨ ᠮᠢᠩᠭᠠᠨ ᠰᠤᠮᠤ ᠬᠠᠩᠭᠠᠯᠭᠠᠵᠤ᠂ ᠫᠠᠷᠲ᠋ᠢᠽᠠᠨ ᠠᠩᠭᠢ᠎ᠶ᠋ᠢᠨ ᠬᠦᠴᠦᠨ᠎ᠢ ᠪᠤᠵᠠᠭᠠᠢᠷᠠᠭᠤᠯᠪᠠ᠃ 1939 ᠣᠨ᠎ᠤ 2 ᠰᠠᠷ᠎ᠠ᠎ᠳᠤ᠂ ᠴᠧᠨ ᠢ ᠬᠤᠸᠠ ᠯᠢᠶᠠᠩᠴᠧᠩ᠎ᠦᠨ ᠡᠯ ᠮᠠᠨ ᠭᠧᠦ ᠳ᠋ᠦ᠍ ᠱᠢᠶᠠᠨ᠎ᠤ ᠨᠠᠮ᠎ᠤᠨ ᠬᠣᠷᠢᠶ᠎ᠠ ᠵᠢᠨ ᠥᠷᠭᠡᠳᠭᠡᠭ᠌ᠰᠡᠨ ᠬᠤᠷᠠᠯ᠎ᠢ ᠵᠣᠬᠢᠶᠠᠨ ᠪᠠᠢᠭᠤᠯᠤᠨ ᠬᠤᠷᠠᠯᠳᠤᠭᠤᠯᠵᠤ᠂ ᠣᠷᠣᠨ ᠨᠤᠲᠤᠭ᠎ᠤᠨ ᠵᠡᠪᠰᠡᠭ᠌ᠲᠦ ᠬᠦᠴᠦᠨ᠎ᠢ ᠥᠷᠭᠡᠳᠭᠡᠬᠦ᠌ ᠲᠣᠭ᠍ᠲᠠᠭᠠᠯ᠎ᠢ ᠪᠠᠲᠤᠯᠠᠪᠠ᠃ ᠲᠡᠭᠦᠨ᠎ᠦ ᠦᠨᠡᠨᠴᠢ ᠳᠠᠢᠴᠢᠯᠠᠯᠲᠠ ᠳᠣᠣᠷ᠎ᠠ᠂ ᠽᠦᠸᠧ ᠶᠦᠨ ᠶᠢᠦ ᠢᠦᠢ ᠯᠢᠶᠠᠩᠴᠧᠩ ᠤ᠋ᠨ ᠴᠠᠩ ᠬᠠᠨ ᠶᠢᠩ ᠲᠣᠰᠭᠣᠨ᠎ᠤ ᠬᠣᠶᠠᠷ ᠪᠠᠶᠠᠨ ᠡᠷᠦᠬᠡ 5000 ᠲᠥᠭᠥᠷᠢᠭ ᠤ᠋ᠨ ᠮᠦᠡᠭᠭᠦᠨ ᠵᠤᠭᠤᠰ ᠬᠠᠨᠳᠢᠪᠯᠠᠪᠠ᠃ 3 ᠰᠠᠷ᠎ᠠ ᠭᠠᠷᠤᠢ᠎ᠶ᠋ᠢᠨ ᠴᠢᠷᠮᠠᠢᠯᠭ᠎ᠠ᠎ᠪᠠᠷ ᠳᠠᠮᠵᠢᠨ᠂ ᠽᠦᠸᠧ  ᠶᠢᠦ  ᠯᠢᠶᠠᠩ ᠱᠢᠶᠠᠨ᠎ᠳᠤ 1ᠱᠢᠶᠠᠨ᠎ᠤ ᠶᠡᠬᠡ ᠠᠩᠭᠢ᠎ᠶ᠋ᠢ ᠵᠣᠬᠢᠶᠠᠨ ᠪᠠᠢᠭᠤᠯᠵᠤ᠂ ᠨᠢᠭᠡᠳᠤᠭᠡᠷ᠂ ᠬᠣᠶᠠᠳᠤᠭᠠᠷ ᠲᠣᠭᠣᠷᠢᠭ᠎ᠲᠤ 3 ᠫᠠᠷᠲ᠋ᠢᠽᠠᠨ ᠪᠠᠭ᠎ᠠ ᠠᠩᠭᠢ᠎ᠶ᠋ᠢ ᠪᠠᠢᠭᠤᠯᠪᠠ᠃ ᠱᠢᠶᠠᠨ᠎ᠤ ᠶᠡᠬᠡ ᠠᠩᠭᠢ᠎ᠳᠤ ᠮᠣᠷᠢᠲᠤ ᠴᠡᠷᠢᠭ 80 ᠭᠠᠷᠤᠶ᠂ ᠶᠠᠪᠠᠭᠠᠨ ᠴᠡᠷᠢᠭ 50 ᠭᠠᠷᠤᠶ᠂ ᠲᠣᠭᠣᠷᠢᠭ᠎ᠤᠨ ᠪᠠᠭ᠎ᠠ ᠠᠩᠭᠢ᠎ᠳᠤ 60 ᠭᠠᠷᠤᠶ ᠬᠥᠮᠦᠨ᠎ᠲᠡᠶ ᠪᠠᠢᠵᠤ᠂ ᠬᠥᠮᠦᠨ ᠪᠦᠷᠢ᠎ᠳᠦ ᠵᠡᠪᠰᠡᠭ ᠲᠣᠨᠣᠭ᠍ᠯᠠᠯ᠎ᠲᠠᠶ ᠪᠣᠯᠵᠤ ᠂ ᠽᠦᠸᠧ ᠶᠦᠨ ᠶᠢᠦ ᠢᠦᠢ ᠯᠢᠶᠠᠩᠴᠧᠩ ᠣᠷᠣᠨ᠎ᠤ ᠶᠠᠫᠣᠨ᠎ᠢ ᠡᠰᠡᠷᠭᠦᠴᠡᠬᠦ᠌ ᠪᠠᠢᠳᠠᠯ᠎ᠢ ᠮᠠᠰᠢ ᠲᠦᠷᠭᠡᠨ ᠪᠤᠶ ᠪᠣᠯᠭᠠᠵᠠᠶ᠃

1939 ᠣᠨ᠎ᠤ 6 ᠰᠠᠷ᠎ᠠ᠎ᠶ᠋ᠢᠨ 17 ᠤ᠋ ᠡᠳᠦᠷ᠂ ᠽᠦᠸᠧ  ᠶᠢᠦ ᠯᠢᠶᠠᠩ ᠱᠢᠶᠠᠨ᠎ᠤ ᠨᠠᠮ᠎ᠤᠨ ᠬᠣᠷᠢᠢ᠎ᠠ ᠰᠢ ᠱᠤᠸᠠᠩ ᠱᠸ᠋ ᠲᠣᠰᠭᠣᠨ᠎ᠳᠤ᠂ ᠲᠣᠭᠣᠷᠢᠭ᠎ᠤᠨ ᠨᠠᠮ᠎ᠤᠨ ᠬᠣᠷᠢᠶ᠎ᠠ ᠵᠢᠨ ᠱᠦᠵᠢ ᠪᠣᠯᠤᠨ ᠫᠠᠷᠲ᠋ᠢᠽᠠᠨ ᠠᠩᠬᠢ᠎ᠶ᠋ᠢᠨ ᠳᠠᠷᠤᠭ᠎ᠠ ᠣᠷᠣᠯᠴᠠᠭ᠍ᠰᠠᠨ ᠱᠢᠶᠠᠨ᠎ᠤ ᠨᠠᠮ᠎ᠤᠨ ᠬᠣᠷᠢᠶ᠎ᠠ ᠵᠢᠨ ᠥᠷᠭᠡᠳᠭᠡᠭ᠌ᠰᠡᠨ ᠬᠤᠷᠠᠯ ᠬᠤᠷᠠᠯᠳᠤᠭᠤᠯᠪᠠ᠃ ᠬᠤᠷᠠᠯ᠎ᠤᠨ ᠳᠠᠷᠠᠭ᠎ᠠ ᠤᠯᠠᠨ ᠵᠢᠡᠷ ᠵᠢᠡᠨ ᠲᠡᠷᠡ ᠳᠠᠷᠤᠢ᠎ᠳᠤᠨᠢ ᠲᠠᠷᠬᠠᠭ᠍ᠰᠠᠨ ᠦᠭᠡᠢ᠂ ᠶᠢᠤ ᠢᠦᠢ ᠴᠧᠩ᠎ᠦᠨ ᠰᠠᠭᠤᠷᠢᠨ ᠭᠠᠵᠠᠷ᠎ᠤᠨ ᠶᠠᠫᠣᠨ᠎ᠤ ᠬᠠᠭᠤᠷᠮᠠᠭ ᠴᠡᠷᠢᠭ ᠨᠢᠰᠭᠡᠯ ᠪᠠ ᠨᠢᠭᠤᠴᠠ ᠲᠠᠡᠭᠨᠠᠭᠤᠯ᠎ᠤᠨ ᠮᠡᠳᠡᠭᠡ ᠵᠠᠡᠭᠭᠢ ᠵᠢ ᠦᠨᠳᠦᠰᠦᠯᠡᠵᠦ᠍᠂ ᠵᠠᠭᠤ ᠭᠠᠷᠤᠢ ᠶᠠᠫᠣᠨ ᠴᠡᠷᠢᠭ᠎ᠢ ᠴᠤᠭ᠍ᠯᠠᠭᠤᠯᠤᠨ ᠠᠯᠤᠰ᠎ᠠᠴᠠ ᠳᠠᠭᠠᠷᠢᠨ ᠴᠣᠬᠢᠬᠤ ᠠᠩᠭᠢ ᠪᠠᠢᠭᠤᠯᠵᠤ᠂ 20 ᠎ᠤ᠋ ᠡᠳᠦᠷ᠎ᠦᠨ ᠦᠦᠷ ᠴᠠᠢᠬᠤ᠎ᠶ᠋ᠢᠨ ᠦᠶ᠎ᠡ᠎ᠪᠡᠷ ᠶᠢᠤ ᠢᠦᠢ ᠱᠢᠶᠠᠨ᠎ᠤ ᠶᠠᠫᠣᠨ ᠴᠡᠷᠢᠭ᠎ᠦᠨ ᠳᠠᠭᠠᠷᠢᠨ ᠴᠣᠬᠢᠬᠤ ᠠᠩᠭᠢ᠎ᠶ᠋ᠢᠨ ᠵᠠᠭᠤ ᠭᠠᠷᠤᠢ ᠬᠥᠮᠦᠨ ᠰᠢ ᠱᠤᠸᠠᠩ ᠱᠸ᠋ ᠲᠣᠰᠭᠣᠨ᠎ᠢ ᠪᠦᠰᠡᠯᠡᠪᠡ᠃ ᠴᠧᠨ ᠢ ᠬᠤᠸᠠ ᠳᠠᠷᠤᠢᠬᠠᠨ ᠫᠠᠷᠲ᠋ᠢᠽᠠᠨ ᠠᠩᠬᠢ ᠵᠣᠬᠢᠶᠠᠨ ᠪᠠᠢᠭᠤᠯᠵᠤ ᠬᠣᠶᠠᠷ ᠵᠠᠮ ᠬᠤᠪᠢᠶᠠᠨ ᠺᠠᠳ᠋ᠷ ᠤᠯᠠᠨ ᠲᠦᠮᠡᠨ ᠢ᠋ ᠬᠠᠮᠠᠭᠠᠯᠠᠵᠤ ᠪᠦᠰᠡᠯᠡᠯᠲᠡ᠎ᠶ᠋ᠢ ᠱᠢᠪᠲᠤᠯᠪᠠ᠃ ᠲᠡᠭᠦᠨ᠎ᠦ ᠵᠢᠯᠤᠭᠤᠳᠤᠯᠭ᠎ᠠ ᠪᠠ ᠬᠠᠮᠠᠭᠠᠯᠠᠯ ᠳᠣᠣᠷ᠎ᠠ ᠬᠤᠷᠠᠯ᠎ᠳᠤ ᠣᠷᠣᠯᠴᠠᠭ᠍ᠰᠠᠳ ᠪᠦᠬᠦᠨ᠎ᠢᠶᠡᠷ᠎ᠢᠶᠡᠨ ᠠᠶᠤᠯ᠎ᠠᠴᠠ ᠮᠤᠯᠲᠤᠷᠠᠪᠠ᠂ ᠭᠡᠲᠡᠯ᠎ᠡ ᠲᠡᠷᠡ ᠪᠠᠢᠯᠳᠤᠭᠠᠨ᠎ᠤ ᠳᠤᠮᠳᠠ ᠰᠤᠮᠤᠨ᠎ᠳᠤ ᠤᠨᠤᠬ᠍ᠳᠠᠵᠤ ᠪᠠᠭᠠᠲᠤᠷᠯᠢᠭ᠎ᠢᠶᠠᠷ ᠪᠡᠶ᠎ᠡ ᠦᠷᠡᠭ᠌ᠳᠡᠵᠦ᠂ ᠲᠤᠬᠠᠢ ᠵᠢᠨ ᠦᠶ᠎ᠠ ᠳ᠋ᠤ ᠰᠠᠶ᠍ᠢ  28  ᠨᠠᠰᠤᠲᠠᠢ ᠪᠠᠢᠯ᠎ᠠ᠃

ᠴᠧᠨ ᠢ ᠬᠤᠸᠠ ᠪᠡᠶ᠎ᠡ ᠦᠷᠡᠭ᠌ᠳᠡᠭ᠌ᠰᠡᠨ᠎ᠦ ᠳᠠᠷᠠᠭ᠎ᠠ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠱᠠᠨ ᠰᠢ ᠰᠦᠢᠶᠤᠸᠠᠨ᠎ᠤ ᠬᠢᠵᠠᠭᠠᠷ ᠣᠷᠣᠨ᠎ᠤ ᠨᠠᠮ᠎ᠤᠨ ᠬᠣᠷᠢᠢ᠎ᠠ᠎ᠠᠴᠠ ᠲᠡᠭᠦᠨ᠎ᠢ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷ᠎ᠢᠶᠠᠷ ᠵᠥᠪᠱᠢᠶᠡᠷᠡᠪᠡ᠃ ᠪᠦᠬᠦᠳᠠ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭ᠍ᠳᠠᠭ᠍ᠰᠠᠨ᠎ᠤ ᠲᠠᠷᠠᠭ᠎ᠠ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠎ᠤ ᠠᠷᠠᠳ᠎ᠤᠨ ᠵᠠᠰᠠᠭ᠎ᠤᠨ ᠣᠷᠳᠣᠨ ᠦᠷᠡᠭ᠌ᠳᠡᠭ᠌ᠰᠡᠨ ᠪᠠᠭᠠᠲᠤᠷ ᠴᠧᠨ ᠢ ᠬᠤᠸᠠ᠎ᠶ᠋ᠢᠨ ᠴᠢᠨᠳᠠᠷ᠎ᠢ ᠲᠠᠯᠠᠨ ᠬᠠᠷ᠎ᠠ ᠠᠭᠤᠯᠠ᠎ᠶ᠋ᠢᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠳᠦ ᠲᠠᠯᠪᠢᠪᠠ; ᠱᠠᠨ ᠰᠢ᠎ᠶ᠋ᠢᠨ ᠽᠦᠸᠧ ᠶᠦᠨ ᠪᠣᠯᠤᠨ ᠶᠢᠦ ᠢᠦᠢ ᠱᠢᠶᠠᠨ᠎ᠤ ᠠᠷᠠᠳ᠎ᠤᠨ ᠵᠠᠰᠠᠭ᠎ᠤᠨ ᠣᠷᠳᠣᠨ ᠪᠦᠷ ᠦᠷᠡᠭ᠌ᠳᠡᠭ᠌ᠰᠡᠨ ᠪᠠᠭᠠᠲᠤᠷ ᠴᠧᠨ ᠢ ᠬᠤᠸᠠ᠎ᠶ᠋ᠢᠨ ᠨᠡᠷ᠎ᠡ᠎ᠶ᠋ᠢ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠢ᠎ᠡ ᠳᠡᠭᠡᠷ᠎ᠡ ᠰᠡᠢᠯᠵᠡᠢ᠃

2015 ᠣᠨ᠎ᠤ 8 ᠰᠠᠷ᠎ᠠ᠎ᠶ᠋ᠢᠨ 24  ᠤ᠋ ᠡᠳᠦᠷ᠂ ᠨᠠᠮ᠎ᠤᠨ ᠲᠥᠪ ᠬᠣᠷᠢᠢ᠎ᠠ᠂ ᠲᠦᠷᠦ᠍᠎ᠶ᠋ᠢᠨ ᠶᠠᠪᠤᠳᠠᠯ᠎ᠤᠨ ᠬᠣᠷᠢᠶ᠎ᠠ ᠵᠢᠨ ᠵᠥᠪᠱᠢᠶᠡᠷᠡᠯ᠎ᠢᠶᠡᠷ᠂ ᠪᠦᠬᠦᠳᠠ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠠᠷᠠᠳ᠎ᠤᠨ ᠶᠠᠪᠤᠳᠠᠯ᠎ᠤᠨ ᠶᠠᠮᠤᠨ ᠶᠠᠫᠣᠨ᠎ᠢ ᠡᠰᠡᠷᠭᠦᠴᠡᠬᠦ᠌ ᠲᠠᠢ᠌ᠨ᠎ᠦ ᠳᠤᠮᠳᠠ ᠡᠷᠡᠯᠬᠡᠭ᠌ᠯᠡᠨ ᠲᠡᠮᠡᠴᠡᠵᠦ᠍᠂ ᠤᠯᠤᠰ᠎ᠤᠨ᠎ᠢᠶᠠᠨ ᠲᠥᠯᠥᠭᠡ ᠠᠮᠢ ᠪᠡᠶ᠎ᠡ᠎ᠪᠡᠨ ᠦᠷᠡᠭ᠌ᠳᠡᠭᠦᠯᠦᠭ᠌ᠰᠡᠨ 600 ᠨᠡᠷᠡᠰ ᠶᠠᠫᠣᠨ᠎ᠢ ᠡᠰᠡᠷᠭᠦᠴᠡᠭ᠌ᠰᠡᠨ ᠠᠯᠳᠠᠷᠲᠤ ᠪᠠᠭᠠᠲᠤᠷ ᠪᠣᠯᠤᠨ ᠪᠠᠭᠠᠲᠤᠷᠯᠢᠭ ᠪᠦᠯᠬᠦᠮ ᠨᠡᠢᠳᠡ ᠵᠢᠨ ᠨᠡᠷᠡᠰ᠎ᠢ ᠨᠡᠢᠲᠡᠯᠡᠵᠦ᠂ ᠴᠧᠨ ᠢ ᠬᠤᠸᠠ ᠡᠭᠦᠨ᠎ᠳᠦ ᠵᠢᠭ᠍ᠰᠠᠭᠠᠭ᠍ᠳᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号