ᠸᠠᠩ ᠴᠥᠩ ᠱ᠌ᠢ᠄ ᠵᠠᠯᠠᠭᠤ ᠽᠠᠨᠳᠠᠨ ᠨᠠᠰᠤᠨ ᠳ᠋ᠠᠭᠠᠨ ᠤᠯᠤᠰ ᠵᠢᠡᠨ ᠬᠠᠢᠷᠠᠯᠠᠬᠤ ᠰᠡᠳᠬᠢᠯᠭᠡ ᠵᠢ ᠡᠪᠤᠷᠯᠡᠨ ᠬᠠᠯᠠᠭᠤᠨ ᠴᠢᠰᠤ᠎ᠪᠡᠷ ᠵᠢᠡᠨ ᠪᠠᠭᠠᠲᠤᠷᠯᠢᠭ ᠲᠤᠤᠯᠢᠰ ᠢ᠋ ᠪᠢᠴᠢᠭᠯᠡᠪᠠ
2025-08-22 11:01:20
ᠵᠣᠬᠢᠶᠠᠭ᠍ᠴᠢ᠄
​ᠶᠢᠨ ᠰᠧ ᠶᠤᠸᠠᠨ
ᠣᠩᠱᠢᠭ᠍ᠰᠠᠨ ᠣᠳᠠᠭ᠎ᠠ᠄
★★★☆☆

《ᠪᠢ ᠠᠮᠢ ᠪᠡᠶ᠎ᠡ᠎ᠪᠡᠨ ᠦᠷᠡᠭ᠌ᠳᠡᠭᠦᠯᠬᠦ᠌ ᠵᠣᠷᠢᠭ ᠰᠠᠨᠠᠭ᠎ᠠ᠎ᠪᠡᠨ ᠵᠤᠯᠢᠶᠠᠰᠤᠯᠠᠬᠤ ᠦᠭᠡᠢ》᠃ ᠡᠨᠡ ᠬᠦ᠌ ᠵᠠᠯᠠᠭᠤ ᠨᠠᠰᠤᠨ᠎ᠤ ᠴᠣᠭ ᠵᠢᠪᠬᠤᠭ᠎ᠠ ᠪᠠᠳᠠᠷᠠᠭ᠍ᠰᠠᠨ ᠱᠢᠯᠦᠭ᠎ᠢ 21 ᠨᠠᠰᠤᠲᠠᠶ ᠡᠪ ᠬᠠᠮᠲᠤ ᠨᠠᠮ᠎ᠤᠨ ᠭᠡᠱᠢᠭᠦᠨ ᠸᠠᠩ ᠴᠥᠩ ᠱ᠌ᠢ 1936 ᠣᠨ᠎ᠳᠤ ᠪᠢᠴᠢᠭ᠌ᠰᠡᠨ ᠶᠤᠮ᠂ ᠡᠨᠡ ᠪᠣᠯ ᠶᠠᠭ ᠸᠠᠩ ᠴᠥᠩ ᠱ᠌ᠢ᠎ᠶ᠋ᠢᠨ ᠤᠬᠤᠷᠬᠠᠨ ᠬᠥᠮᠦᠨ᠎ᠦ ᠠᠮᠢᠳᠤᠷᠠᠯ᠎ᠤᠨ ᠭᠡᠷᠡᠯ ᠰᠠᠴᠤᠷᠠᠩᠭᠤᠶ ᠵᠢᠷᠤᠭ᠍ᠯᠠᠯ ᠮᠥᠨ᠃

ᠸᠠᠩ ᠴᠥᠩ ᠱ᠌ᠢ᠂ 1915 ᠣᠨ᠎ᠳᠤ ᠵᠶ᠋ᠢ ᠱᠢᠶᠠᠨ᠎ᠤ ᠮᠸᠨ ᠵᠤᠸᠠᠩ ᠽᠢ (ᠤᠳᠤ᠎ᠶ᠋ᠢᠨ ᠲᠢᠶᠠᠨᠵᠢᠨ ᠬᠤᠳᠠ᠎ᠶ᠋ᠢᠨ ᠵᠶ᠋ᠢ ᠵᠧᠦ ᠲᠣᠭᠣᠷᠢᠭ᠎ᠤᠨ ᠭᠤᠸᠠᠨ ᠵᠤᠸᠠᠩ ᠪᠠᠯᠭᠠᠰᠤᠨ ᠤ᠋ ᠮᠸᠨ ᠵᠤᠸᠠᠩ ᠽᠢ ᠲᠣᠰᠭᠣᠨ) ᠵᠢᠨ ᠨᠢᠭᠡᠨ ᠪᠢᠴᠢᠭ᠎ᠦᠨ ᠰᠤᠷᠪᠤᠯᠵᠢᠲᠠᠨ᠎ᠤ ᠭᠡᠷ᠎ᠲᠦ ᠲᠦᠷᠦᠵᠡᠢ᠃ ᠲᠡᠭᠦᠨ᠎ᠦ ᠡᠴᠢᠭᠡ ᠸᠠᠩ ᠱᠢᠤ ᠳ᠋ᠦᠩ ᠨᠢ ᠲᠣᠰᠭᠣᠨ᠎ᠳᠤ ᠠᠯᠪᠠᠨ ᠵᠢᠷᠤᠮ᠎ᠤᠨ ᠰᠤᠷᠭᠠᠨ ᠬᠥᠮᠦᠵᠢᠯ ᠬᠢᠵᠦ᠍᠂ 《5·4》 ᠤ᠋ ᠬᠥᠳᠡᠯᠭᠡᠭᠡᠨ᠎ᠦ ᠱᠢᠨ᠎ᠡ ᠦᠵᠡᠯ ᠰᠠᠨᠠᠭᠠᠨ᠎ᠤ ᠨᠥᠯᠥᠭᠡ᠎ᠶ᠋ᠢ ᠭᠦᠨ ᠬᠦᠷᠳᠡᠵᠤ᠂ ᠰᠤᠷᠭᠠᠨ ᠬᠥᠮᠦᠵᠢᠯ᠎ᠢᠶᠡᠷ ᠤᠯᠤᠰ᠎ᠢᠶᠠᠨ ᠠᠪᠤᠷᠠᠬᠤ᠎ᠶ᠋ᠢ ᠵᠣᠷᠢᠭ᠍ᠰᠠᠨ ᠡᠭᠡ ᠣᠷᠣᠨᠴᠢ ᠬᠥᠮᠦᠨ ᠪᠣᠯᠤᠨ᠎ᠠ᠃ ᠲᠡᠬᠦᠨ ᠤ᠋ ᠨᠦᠯᠦᠭᠡᠯᠡᠯ ᠲᠤᠤᠷ᠎ᠠ᠂ ᠪᠠᠭ᠎ᠠ ᠨᠠᠰᠤᠨ᠎ᠤ ᠸᠠᠩ ᠴᠥᠩ ᠱ᠌ᠢ ᠠᠭᠠᠵᠢᠮ᠎ᠢᠶᠠᠷ ᠤᠯᠤᠰ ᠣᠷᠣᠨ ᠠᠷᠠᠳ ᠲᠦᠮᠡᠨ᠎ᠦ᠎ᠪᠡᠨ ᠲᠥᠯᠥᠭᠡ ᠰᠠᠨᠠᠭᠠᠱᠢᠷᠠᠬᠤ᠂ ᠦᠵᠡᠯ ᠰᠠᠨᠠᠭ᠎ᠠ ᠳᠠᠪᠱᠢᠩᠭᠤᠢ ᠬᠤᠪᠢᠰᠭᠠᠯᠲᠤ ᠵᠠᠯᠠᠭᠤᠴᠤᠳ ᠪᠣᠯᠤᠨ ᠪᠣᠢᠵᠢᠪᠠ᠃

ᠸᠠᠩ ᠴᠥᠩ ᠱ᠌ᠢ᠎ᠶ᠋ᠢᠨ ᠠᠴᠢ ᠬᠦᠦ ᠸᠠᠩ ᠱᠢᠨ ᠽᠸᠩ ᠤ᠋ᠨ ᠲᠠᠨᠢᠯᠴᠠᠭᠤᠯᠤᠭᠰᠠᠨ ᠵᠢᠡᠷ᠂ ᠸᠠᠩ ᠴᠥᠩ ᠱ᠌ᠢ ᠤᠳᠭ᠎ᠠ ᠵᠣᠬᠢᠶᠠᠯ᠎ᠳᠤ ᠤᠨᠴᠠᠭᠠᠢ ᠪᠠᠬ᠎ᠠ ᠲᠠᠢ᠂ ᠬᠤᠪᠢᠰᠭᠠᠯ᠎ᠤᠨ ᠨᠣᠮ ᠰᠡᠳᠬᠦᠯ ᠦᠵᠡᠬᠦ᠌ ᠳᠤᠷᠠᠲᠠᠶ᠂ ᠠᠷᠪᠠ ᠭᠠᠷᠤᠶ ᠨᠠᠰᠤᠨ᠎ᠡᠴᠡ᠎ᠪᠠᠨ ᠡᠬᠢᠯᠡᠨ ᠬᠡᠦᠬᠡᠳ᠎ᠦᠨ ᠥᠯᠢᠭᠡᠷ ᠪᠢᠴᠢᠵᠦ᠍᠂ ᠰᠡᠭᠦᠯᠡᠷ ᠨᠢ ᠪᠠᠰᠠ ᠥᠭᠦᠯᠡᠯᠭᠡ ᠪᠠ ᠱᠢᠯᠦᠭ ᠲᠤᠷᠰᠢᠨ ᠪᠢᠴᠢᠵᠠᠢ᠃ ᠲᠡᠭᠦᠨ᠎ᠦ ᠪᠢᠴᠢᠭ᠌ᠰᠡᠨ 《ᠪᠤᠭᠤᠳᠠᠢ᠎ᠶ᠋ᠢᠨ ᠲᠠᠷᠢᠶᠠᠨ᠎ᠳ᠋ᠡᠬᠢ ᠦᠢᠮᠡᠭᠡᠨ》 ᠭᠡᠬᠦ᠌ ᠨᠠᠢᠷᠠᠭᠤᠯᠤᠯ᠎ᠤᠨ ᠬᠡᠯᠪᠡᠷᠢ᠎ᠪᠡᠷ ᠪᠤᠭᠤᠳᠠᠢ᠎ᠶ᠋ᠢᠨ ᠲᠦᠷᠦᠭᠦᠦ ᠲᠡᠭᠦᠭ᠌ᠰᠡᠨ ᠶᠠᠳᠠᠭᠤ ᠬᠡᠦᠬᠡᠳ ᠪᠣᠯᠤᠨ ᠭᠠᠵᠠᠷ᠎ᠤᠨ ᠡᠵᠡᠨ᠎ᠦ ᠬᠦᠦ᠍᠎ᠶ᠋ᠢᠨ ᠲᠡᠮᠡᠴᠡᠯ᠎ᠦᠨ ᠦᠯᠢᠭᠡᠷ᠎ᠢ ᠳᠦᠷᠰᠦᠯᠡᠨ ᠪᠢᠴᠢᠭ᠌ᠰᠡᠨ ᠨᠢ ᠶᠠᠭ ᠲᠡᠭᠦᠨ᠎ᠦ ᠶᠠᠳᠠᠭᠤ ᠬᠡᠦᠬᠡᠳ᠎ᠢ ᠵᠣᠬᠢᠶᠠᠨ ᠪᠠᠢᠭᠤᠯᠵᠤ ᠪᠤᠭᠤᠳᠠᠢ ᠲᠡᠭᠦᠭ᠌ᠰᠡᠨ ᠪᠤᠳᠠᠳᠠᠢ ᠥᠩᠭᠡᠷᠡᠯᠲᠡ ᠪᠣᠯᠬᠤ ᠶᠤᠮ ᠭᠡᠪᠡ᠃

1931 ᠣᠨ᠎ᠤ 《9·18》 ᠤ᠋ ᠬᠡᠷᠡᠭ ᠬᠤᠪᠢᠰᠤᠯ᠎ᠤᠨ ᠳᠠᠷᠠᠭ᠎ᠠ᠂ ᠪᠸᠢ᠌ᠫᠢᠩ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠶ᠋ᠢᠨ ᠬᠠᠷᠢᠶᠠᠲᠤ ᠳᠤᠮᠳᠠᠳᠤ ᠰᠤᠷᠭᠠᠭᠤᠯᠢ᠎ᠳᠤ ᠪᠢᠴᠢᠭ ᠦᠵᠡᠵᠦ᠍ ᠪᠠᠢᠭ᠍ᠰᠠᠨ ᠸᠠᠩ ᠴᠥᠩ ᠱ᠌ᠢ ᠰᠤᠷᠤᠭ᠍ᠴᠢᠳ᠎ᠲᠠᠶ᠎ᠪᠠᠨ ᠬᠠᠮᠲᠤ ᠡᠵᠡᠷᠬᠡᠭ ᠳᠦᠷᠢᠮᠡᠬᠡᠢ᠌ᠳᠡᠨ᠎ᠢ ᠡᠰᠡᠷᠭᠦᠴᠡᠬᠦ᠌ ᠶᠡᠬᠡ ᠬᠣᠯᠪᠣᠭ᠎ᠠ᠎ᠳᠤ ᠣᠷᠣᠯᠴᠠᠪᠠ᠃ ᠲᠡᠷᠡ ᠰᠤᠷᠤᠭ᠍ᠴᠢᠳ᠎ᠢ ᠢᠳᠡᠪᠬᠢᠲᠡᠢ ᠵᠣᠬᠢᠶᠠᠨ ᠪᠠᠢᠭᠤᠯᠵᠤ ᠶᠠᠫᠣᠨ᠎ᠢ ᠡᠰᠡᠷᠭᠦᠴᠡᠬᠦ᠌ ᠠᠵᠢᠯᠯᠠᠭ᠎ᠠ᠎ᠳᠤ ᠣᠷᠣᠯᠴᠠᠭ᠍ᠰᠠᠨ᠎ᠡᠴᠡ ᠪᠤᠯᠵᠤ ᠰᠤᠷᠭᠠᠭᠤᠯᠢ᠎ᠡᠴᠡ ᠬᠥᠭᠡᠭᠡᠭ᠌ᠳᠡᠪᠡ᠃ ᠨᠤᠲᠤᠭ᠎ᠲᠠᠭᠠᠨ ᠪᠤᠴᠠᠭ᠍ᠰᠠᠨ ᠸᠠᠩ ᠴᠥᠩ ᠱ᠌ᠢ ᠬᠤᠪᠢᠰᠭᠠᠯᠲᠤ ᠠᠵᠢᠯᠯᠠᠭ᠎ᠠ᠎ᠳᠤ ᠣᠷᠣᠯᠴᠠᠬᠤ ᠠᠯᠬᠤᠮ᠎ᠢᠶᠠᠨ ᠵᠣᠭ᠍ᠰᠣᠭ᠍ᠰᠠᠨ ᠦᠭᠡᠢ᠂ ᠣᠷᠣᠨ ᠨᠤᠲᠤᠭ᠎ᠤᠨ ᠲᠡᠷᠰᠯᠡᠭᠦᠦ ᠵᠠᠰᠠᠭ᠎ᠤᠨ ᠪᠠᠷᠢᠪᠴᠢᠯᠠᠯᠲᠠ᠎ᠡᠴᠡ ᠵᠠᠢᠯᠠᠬᠤ᠎ᠶ᠋ᠢᠨ ᠲᠥᠯᠥᠭᠡ᠂ ᠲᠡᠷᠡ ᠲᠠᠩᠱᠠᠨ᠎ᠤ ᠵᠤᠤ ᠭᠸ ᠵᠤᠸᠠᠩ ᠨᠡᠭᠦᠷᠡᠰᠦᠨ ᠠᠭᠤᠷᠬᠠᠢ᠎ᠶ᠋ᠢᠨ ᠳᠤᠮᠳᠠᠳᠤ ᠰᠤᠷᠭᠠᠭᠤᠯᠢ᠎ᠳᠤ ᠱᠢᠯᠵᠢᠨ ᠰᠤᠷᠤᠯᠴᠠᠵᠤ᠂ ᠰᠤᠷᠭᠠᠭᠤᠯᠢ᠎ᠳᠤ ᠣᠷᠣᠬᠤ᠎ᠶ᠋ᠢᠨ ᠳᠠᠭᠠᠤ ᠬᠤᠪᠢᠰᠭᠠᠯ᠎ᠤᠨ ᠠᠵᠢᠯ ᠥᠷᠨᠢᠭᠦᠯᠵᠦ᠍᠂ 18 ᠨᠠᠰᠤᠲᠠᠢ᠎ᠳᠠᠭᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠣᠷᠣᠪᠠ᠃

ᠳᠡᠮᠡᠢ ᠤᠳᠠᠯ ᠦᠭᠡᠢ᠂ ᠸᠠᠩ ᠴᠥᠩ ᠱ᠌ᠢ ᠳᠠᠬᠢᠨᠲᠠ ᠰᠤᠷᠭᠠᠭᠤᠯᠢ᠎ᠡᠴᠡ᠎ᠪᠠᠨ ᠬᠥᠭᠡᠭᠡᠭ᠌ᠳᠡᠵᠦ᠍᠂ ᠨᠠᠮ᠎ᠤᠨ ᠵᠣᠬᠢᠶᠠᠨ ᠪᠠᠢᠭᠤᠯᠤᠯᠲᠠ᠎ᠡᠴᠡ ᠲᠡᠭᠦᠨ᠎ᠢ ᠯᠢᠨᠰᠢ᠂ ᠭᠦ᠋ ᠶᠧ ᠣᠷᠴᠢᠮ ᠲᠣᠮᠢᠯᠠᠨ ᠠᠵᠢᠯᠴᠢᠨ᠎ᠤ ᠬᠥᠳᠡᠯᠭᠡᠭᠡᠨ᠎ᠦ ᠠᠵᠢᠯ ᠬᠢᠯᠭᠡᠪᠡ᠃ ᠣᠷᠣᠯᠭ᠎ᠠ᠎ᠶ᠋ᠢᠨ ᠢᠷᠡᠯᠲᠡ ᠦᠭᠡᠢ ᠪᠣᠯᠬᠣᠷ᠂ ᠲᠡᠷᠡ ᠨᠡᠭᠦᠷᠡᠰᠦ ᠲᠡᠭᠦᠬᠦ᠌᠂ ᠬᠠᠷ᠎ᠠ ᠠᠵᠢᠯ ᠬᠢᠬᠦ᠌᠎ᠳ᠋ᠤ ᠲᠦᠰᠢᠭᠯᠡᠨ ᠠᠮᠢ ᠵᠢᠭᠤᠵᠤ ᠪᠠᠢᠪᠠ᠂ ᠡᠨᠡ ᠬᠦ᠌ ᠬᠤᠭᠤᠴᠠᠭᠠᠨ᠎ᠳᠤ᠂ ᠲᠡᠷᠡ ᠤᠯᠠᠨ ᠤᠳᠠᠭ᠎ᠠ ᠠᠵᠢᠯᠴᠢᠳ᠎ᠢ ᠵᠣᠬᠢᠶᠠᠨ ᠪᠠᠢᠭᠤᠯᠵᠤ ᠶᠠᠫᠣᠨ᠎ᠤ ᠲᠦᠷᠢᠮᠡᠬᠡᠢᠯᠡᠭ᠌ᠴᠢᠳ᠎ᠢ ᠡᠰᠡᠷᠭᠦᠴᠡᠬᠦ᠌ ᠠᠵᠢᠯ ᠬᠠᠶᠠᠯᠲᠠ᠎ᠶ᠋ᠢᠨ ᠠᠵᠢᠯᠯᠠᠭ᠎ᠠ ᠥᠷᠨᠢᠭᠦᠯᠵᠦ᠍᠂ ᠠᠵᠢᠯᠯᠠᠭ᠎ᠠ᠎ᠶ᠋ᠢᠨ ᠬᠡᠪᠴᠢᠶ᠎ᠡ᠎ᠪᠡᠨ ᠠᠭᠠᠵᠢᠮ᠎ᠢᠶᠠᠷ ᠥᠷᠭᠡᠳᠭᠡᠪᠡ᠃

1936 ᠣᠨ᠎ᠳᠤ᠂ ᠸᠠᠩ ᠴᠥᠩ ᠱ᠌ᠢ ᠵᠶ᠋ᠢ ᠱᠢᠶᠠᠨ᠎ᠤ ᠨᠤᠲᠤᠭ᠎ᠲᠠᠭᠠᠨ ᠪᠤᠴᠠᠵᠤ᠂ ᠤᠷᠢᠳ ᠬᠣᠵᠢᠳ ᠪᠢᠶ᠍ᠸ ᠱᠠᠨ ᠪᠠᠯᠭᠠᠰᠤ ᠪᠣᠯᠤᠨ ᠵᠦ᠍ ᠬᠤᠸᠠ ᠱᠠᠨ ᠲᠣᠰᠭᠣᠨ᠎ᠳᠤ ᠪᠢᠴᠢᠭ ᠵᠢᠭᠠᠬᠤ᠎ᠵᠢᠨ ᠲᠠᠭᠠᠤ ᠬᠤᠪᠢᠰᠭᠠᠯ᠎ᠤᠨ ᠨᠢᠭᠤᠴᠠ ᠠᠵᠢᠯᠯᠠᠭ᠎ᠠ ᠬᠢᠵᠦ᠍᠂ ᠦᠷᠭᠦᠯᠵᠢ ᠥᠪᠡᠷ᠎ᠢᠶᠡᠨ ᠵᠢᠭᠠᠬᠤ ᠮᠠᠲ᠋ᠧᠷᠢᠶᠠᠯ ᠨᠠᠢᠷᠠᠭᠤᠯᠤᠨ ᠬᠡᠦᠬᠡᠳ ᠪᠠᠭᠠᠴᠤᠳ᠎ᠲᠤ ᠰᠡᠬᠡᠭᠡᠷᠡᠭᠦᠯᠬᠦ᠌ ᠬᠥᠮᠦᠵᠢᠯ ᠬᠢᠵᠡᠢ᠃

ᠪᠦᠬᠦ᠌ ᠦᠨᠳᠦᠰᠦᠲᠡᠨ᠎ᠦ ᠶᠠᠫᠣᠨ᠎ᠢ ᠡᠰᠡᠷᠭᠦᠴᠡᠬᠦ᠌ ᠲᠠᠢ᠌ᠨ ᠡᠭᠦᠰᠦᠭ᠌ᠰᠡᠨ᠎ᠦ ᠲᠠᠷᠠᠭ᠎ᠠ᠂ ᠵᠶ᠋ᠢ ᠱᠢᠶᠠᠨ᠎ᠤ ᠨᠠᠮ᠎ᠤᠨ ᠬᠣᠷᠢᠶ᠎ᠠ ᠶᠡᠬᠡ ᠬᠡᠪᠴᠢᠶᠡᠨ᠎ᠦ ᠤᠯᠠᠨ ᠲᠦᠮᠡᠨ᠎ᠦ ᠶᠠᠫᠣᠨ᠎ᠢ ᠡᠰᠡᠷᠭᠦᠴᠡᠵᠦ᠍ ᠤᠯᠤᠰ᠎ᠢᠶᠠᠨ ᠠᠪᠤᠷᠠᠬᠤ ᠬᠥᠳᠡᠯᠭᠡᠭᠡᠨ᠎ᠢ ᠵᠣᠬᠢᠶᠠᠨ ᠪᠠᠢᠭᠤᠯᠵᠤ᠂ ᠸᠠᠩ ᠴᠥᠩ ᠱ᠌ᠢ ᠵᠶ᠋ᠢ ᠱᠢᠶᠠᠨ ᠳ᠋ᠤ ᠵᠡᠭᠦᠨ᠎ᠡᠴᠡ ᠪᠠᠷᠠᠭᠤᠨᠰᠢ ᠲᠠᠬᠢᠨ ᠡᠮᠦᠨᠡᠰᠢ ᠠᠵᠢᠯ ᠥᠷᠨᠢᠭᠦᠯᠵᠦ᠍᠂ ᠵᠶ᠋ᠢ ᠱᠢᠶᠠᠨ᠎ᠤ ᠬᠤᠳᠠ ᠬᠥᠳᠡᠭᠡ᠎ᠳᠦ ᠬᠦᠷᠴᠦ᠍᠂ ᠤᠯᠠᠨ ᠭᠠᠵᠠᠷ᠎ᠲᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢ ᠪᠠᠢᠭᠤᠯᠪᠠ᠃ ᠲᠡᠬᠦᠨ ᠤ᠋ ᠠᠵᠢᠯᠯᠠᠭ᠎ᠠ ᠬᠢᠬᠦ᠌ ᠴᠢᠳᠠᠪᠤᠷᠢ᠎ᠨᠢ ᠴᠢᠩᠭ᠎ᠠ᠂ ᠠᠵᠢᠯ᠎ᠳᠠᠭᠠᠨ ᠢᠳᠡᠪᠬᠢ ᠰᠠᠨᠠᠭᠠᠴᠢᠯᠠᠭ᠎ᠠ᠎ᠲᠠᠶ ᠪᠤᠯᠬᠤᠷ ᠠᠭᠠᠵᠢᠮ᠎ᠢᠶᠠᠷ ᠲᠤᠬᠠᠢ᠎ᠶ᠋ᠢᠨ ᠦᠶ᠎ᠡ᠎ᠶ᠋ᠢᠨ ᠾᠸᠪᠸᠢ ᠵᠢᠨ ᠵᠡᠭᠦᠨ ᠪᠠᠷᠠᠭᠤᠨ ᠬᠡᠰᠡᠭ᠎ᠦᠨ ᠨᠠᠮ᠎ᠤᠨ ᠭᠡᠱᠢᠭᠦᠨ᠎ᠦ ᠭᠣᠣᠯᠯᠠᠭ᠍ᠴᠢ ᠬᠦᠴᠦᠨ ᠪᠣᠯᠤᠭ᠍ᠰᠠᠨ ᠪᠠᠢᠨ᠎ᠠ᠃

1938 ᠣᠨ᠎ᠤ 4 ᠰᠠᠷ᠎ᠠ᠎ᠳᠤ᠂ ᠸᠠᠩ ᠴᠥᠩ ᠱ᠌ᠢ ᠵᠶ᠋ᠢ ᠱᠢᠶᠠᠨ᠎ᠤ ᠨᠠᠮ᠎ᠤᠨ ᠬᠣᠷᠢᠶ᠎ᠠ᠎ᠶ᠋ᠢᠨ ᠫᠠᠨᠱᠠᠨ᠎ᠤ ᠴᠢᠶᠠᠨ ᠱᠢᠶᠠᠩ ᠰᠧ ᠰᠦᠮ᠎ᠡ᠎ᠳᠦ ᠬᠤᠷᠠᠯᠳᠤᠭᠤᠯᠤᠭ᠍ᠰᠠᠨ ᠵᠡᠪᠰᠡᠭ᠌ᠲᠦ ᠪᠣᠰᠣᠯᠭ᠎ᠠ᠎ᠶ᠋ᠢᠨ ᠪᠡᠯᠡᠳᠭᠡᠯ ᠬᠤᠷᠠᠯ᠎ᠳᠤ ᠣᠷᠣᠯᠴᠠᠵᠤ᠂ ᠲᠤᠬᠠᠢ᠎ᠶ᠋ᠢᠨ ᠦᠶ᠎ᠡ᠎ᠳᠦ 23 ᠨᠠᠰᠤᠲᠠᠢ ᠪᠠᠢᠭ᠍ᠰᠠᠨ ᠸᠠᠩ ᠴᠥᠩ ᠱ᠌ᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠾᠸᠪᠸᠢ ᠮᠤᠵᠢ᠎ᠶ᠋ᠢᠨ ᠬᠣᠷᠢᠶ᠎ᠠ᠎ᠶ᠋ᠢᠨ ᠵᠶ᠋ᠢ ᠱᠢᠶᠠᠨ᠎ᠤ ᠬᠣᠷᠢᠶ᠎ᠠ᠎ᠶ᠋ᠢᠨ ᠱᠦᠵᠢ᠎ᠶ᠋ᠢᠨ ᠲᠤᠱᠢᠶᠠᠯ᠎ᠳᠤ ᠲᠣᠮᠢᠯᠠᠭ᠍ᠳᠠᠪᠠ᠃

ᠾᠸᠪᠸᠢ ᠵᠢᠨ ᠵᠡᠭᠦᠨ ᠬᠡᠰᠡᠭ᠎ᠦᠨ ᠶᠠᠫᠣᠨ᠎ᠢ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ ᠡᠬᠢᠯᠡᠭ᠌ᠰᠡᠨ᠎ᠦ ᠳᠠᠷᠠᠭ᠎ᠠ᠂ ᠸᠠᠩ ᠴᠥᠩ ᠱ᠌ᠢ ᠤᠯᠠᠨ ᠭᠣᠣᠯᠯᠠᠭ᠍ᠴᠢ ᠬᠦᠴᠦᠨ᠎ᠲᠡᠶ ᠬᠠᠮᠲᠤ᠎ᠪᠠᠷ ᠶᠠᠫᠣᠨ᠎ᠢ ᠡᠰᠡᠷᠭᠦᠴᠡᠬᠦ᠌ ᠬᠣᠯᠪᠣᠭᠠᠲᠤ ᠴᠡᠷᠢᠭ᠎ᠦᠨ ᠲᠠᠪᠤᠳᠤᠭᠠᠷ ᠶᠡᠷᠦᠩᠬᠡᠢ ᠠᠩᠬᠢ᠎ᠶ᠋ᠢ ᠵᠣᠬᠢᠶᠠᠨ ᠪᠠᠢᠭᠤᠯᠤᠭ᠍ᠰᠠᠨ ᠪᠥᠭᠡᠳ ᠤᠯᠤᠰ ᠲᠦᠷᠦ᠍᠎ᠶ᠋ᠢᠨ ᠡᠷᠬᠢᠯᠡᠭ᠌ᠴᠢ᠎ᠶ᠋ᠢᠨ ᠲᠤᠱᠢᠶᠠᠯ᠎ᠢ ᠡᠭᠦᠷᠭᠡᠯᠡᠪᠡ᠃ 7 ᠰᠠᠷ᠎ᠠ᠎ᠶ᠋ᠢᠨ ᠰᠡᠭᠦᠯᠴᠢ᠎ᠪᠡᠷ᠂ ᠸᠠᠩ ᠴᠥᠩ ᠱ᠌ᠢ ᠪᠣᠰᠣᠯᠭ᠎ᠠ᠎ᠶ᠋ᠢᠨ ᠴᠡᠷᠢᠭ ᠠᠩᠬᠢ᠎ᠶ᠋ᠢ ᠳᠠᠭᠠᠭᠤᠯᠤᠨ ᠨᠠᠢ᠍ᠮᠠᠳᠤᠭᠠᠷ ᠵᠠᠮ᠎ᠤᠨ ᠴᠡᠷᠢᠭ᠎ᠦᠨ ᠳᠥᠷᠪᠡᠳᠦᠭᠡᠷ ᠴᠤᠪᠤᠭ᠎ᠠ ᠠᠩᠬᠢ ᠪᠣᠯᠤᠨ ᠪᠤᠰᠤᠳ ᠶᠠᠫᠣᠨ᠎ᠢ ᠡᠰᠡᠷᠭᠦᠴᠡᠬᠦ᠌ ᠬᠣᠯᠪᠣᠭᠠᠲᠤ ᠴᠡᠷᠢᠭ᠎ᠲᠡᠶ ᠬᠠᠮᠵᠢᠯᠴᠠᠨ ᠵᠶ᠋ᠢ ᠱᠢᠶᠠᠨ ᠤ᠋ ᠬᠤᠳᠠ ᠵᠢ ᠳᠠᠭᠠᠷᠢᠨ ᠡᠵᠡᠯᠡᠪᠡ᠃ ᠪᠠᠢᠯᠳᠤᠭᠠᠨ᠎ᠤ ᠳᠤᠮᠳᠠ᠂ ᠲᠡᠷᠡ ᠬᠡᠵᠢᠶᠡᠳᠡ ᠡᠮᠦᠨ᠎ᠡ ᠨᠢ ᠭᠠᠪᠰᠢᠭᠠᠢᠯᠠᠳᠠᠭ᠃ ᠸᠠᠩ ᠴᠥᠩ ᠱ᠌ᠢ ᠱᠢᠨ᠎ᠡ ᠨᠠᠮ᠎ᠤᠨ ᠭᠡᠱᠢᠭᠦᠳ ᠲᠤ᠌᠄《ᠡᠪ ᠬᠠᠮᠲᠤ ᠨᠠᠮ᠎ᠤᠨ ᠭᠡᠱᠢᠭᠦᠨ ᠬᠤᠪᠢᠰᠭᠠᠯ᠎ᠤᠨ ᠲᠥᠯᠥᠭᠡ ᠵᠣᠪᠠᠬᠤ᠎ᠶ᠋ᠢᠨ ᠡᠮᠦᠨ᠎ᠡ ᠵᠣᠪᠠᠵᠤ ᠵᠢᠷᠭᠠᠬᠤ᠎ᠶ᠋ᠢᠨ ᠬᠣᠢᠨ᠎ᠠ ᠵᠢᠷᠭᠠᠬᠤ ᠶᠣᠰᠣᠲᠠᠢ᠂ ᠶᠠᠫᠣᠨ᠎ᠢ ᠡᠰᠡᠷᠭᠦᠴᠡᠬᠦ᠌᠎ᠳᠦ ᠦᠷᠡᠭ᠌ᠳᠡᠯ ᠰᠦᠢᠳᠦᠯ᠎ᠡᠴᠡ ᠠᠶᠤᠬᠤ ᠬᠡᠷᠡᠭ ᠦᠭᠡᠢ》ᠭᠡᠵᠤ ᠦᠷᠬᠦᠯᠵᠢ ᠬᠡᠯᠡᠳᠡᠭ ᠪᠠᠢᠯ᠎ᠠ᠃

1938 ᠣᠨ᠎ᠤ 8 ᠰᠠᠷ᠎ᠠ᠎ᠶ᠋ᠢᠨ 16 ᠤ᠋ ᠡᠳᠦᠷ᠂ ᠸᠠᠩ ᠴᠥᠩ ᠱ᠌ᠢ ᠪᠣᠰᠣᠯᠭ᠎ᠠ᠎ᠶ᠋ᠢᠨ ᠴᠡᠷᠢᠭ ᠠᠨᠭᠭᠢ᠎ᠪᠠᠨ ᠳᠠᠭᠠᠭᠤᠯᠤᠨ ᠾᠸᠪᠸᠢ ᠵᠢᠨ ᠵᠡᠭᠦᠨ ᠬᠡᠰᠡᠭ᠎ᠦᠨ ᠶᠠᠫᠣᠨ᠎ᠢ ᠡᠰᠡᠷᠭᠦᠴᠡᠬᠦ᠌ ᠬᠣᠯᠪᠣᠭᠠᠲᠤ ᠴᠡᠷᠢᠭ᠎ᠦᠨ ᠬᠣᠩ ᠯᠢᠨ ᠭᠸ ᠵᠢᠨ ᠴᠡᠷᠢᠭ ᠠᠨᠭᠭᠢ᠎ᠲᠠᠶ ᠬᠠᠮᠵᠢᠯᠴᠠᠨ ᠢᠦᠢ ᠲᠢᠶᠠᠨ ᠱᠢᠶᠠᠨ᠎ᠤ ᠬᠤᠳᠠ᠎ᠶ᠋ᠢ ᠲᠠᠭᠠᠷᠢᠨ ᠡᠵᠡᠯᠡᠵᠦ᠍᠂ ᠴᠡᠷᠢᠭ ᠠᠨᠭᠭᠢ᠎ᠪᠠᠨ ᠳᠠᠭᠠᠭᠤᠯᠤᠨ ᠵᠶ᠋ᠢ ᠰᠢᠶᠠᠨ ᠳ᠋ᠤ ᠪᠤᠴᠠᠬᠤ ᠵᠠᠮ ᠳ᠋ᠠᠭᠠᠨ᠂ ᠪᠢᠶᠸ ᠱᠠᠨ ᠪᠠᠯᠭᠠᠰᠤᠨ᠎ᠳᠤ ᠶᠠᠫᠣᠨ ᠴᠡᠷᠢᠭ᠎ᠲᠠᠶ ᠤᠴᠠᠷᠠᠵᠤ᠂ ᠬᠣᠶᠠᠷ ᠲᠠᠯ᠎ᠠ᠎ᠪᠠᠷ᠎ᠢᠶᠠᠨ ᠱᠢᠷᠦᠭᠦᠨ ᠪᠠᠢᠯᠳᠤᠭᠠᠨ ᠬᠢᠪᠡ᠃ ᠪᠦᠰᠡᠯᠡᠯᠲᠡ᠎ᠶ᠋ᠢ ᠱᠢᠪᠲᠤᠯᠬᠤ ᠳᠤᠮᠳᠠ᠂ ᠠᠱᠢᠭ᠍ᠲᠠᠢ ᠪᠠᠢᠷᠢ᠎ᠶ᠋ᠢ ᠡᠵᠡᠯᠡᠬᠦ᠌᠎ᠶ᠋ᠢᠨ ᠲᠥᠯᠥᠭᠡ᠂ ᠸᠠᠩ ᠴᠥᠩ ᠱ᠌ᠢ ᠪᠡᠶ᠎ᠡ᠎ᠪᠡᠷ᠎ᠢᠶᠡᠨ ᠬᠡᠪ ᠲᠦᠷᠢᠮ ᠪᠤᠯᠵᠤ᠂ ᠡᠷᠡᠯᠬᠡᠭ ᠪᠠᠭᠠᠲᠤᠷᠯᠢᠭ᠎ᠢᠶᠠᠷ ᠲᠠᠭᠠᠷᠢᠵᠤ᠂ ᠳᠠᠢᠰᠤᠨ᠎ᠤ ᠲᠠᠭᠠᠷᠢᠯᠳᠠ ᠵᠢᠨ ᠬᠦᠴᠦᠨ᠎ᠢ ᠲᠠᠲᠠᠵᠤ᠂ ᠪᠦᠰᠡᠯᠡᠭ᠌ᠳᠡᠭ᠌ᠰᠡᠨ ᠴᠡᠷᠢᠭ ᠠᠩᠬᠢ ᠵᠢ ᠠᠮᠵᠢᠯᠲᠠ᠎ᠲᠠᠶ᠎ᠪᠠᠷ ᠪᠦᠰᠡᠯᠡᠯᠲᠡ᠎ᠶ᠋ᠢ ᠱᠢᠪᠲᠤᠯᠤᠭᠤᠯᠵᠤ᠂ ᠸᠠᠩ ᠴᠥᠩ ᠱ᠌ᠢ ᠪᠠᠢᠯᠳᠤᠭᠠᠨ᠎ᠤ ᠳᠤᠮᠳᠠ ᠵᠣᠯ ᠪᠤᠰᠤ᠎ᠪᠠᠷ ᠰᠤᠮᠤᠨ᠎ᠳᠤ ᠤᠨᠤᠬ᠍ᠳᠠᠵᠤ ᠪᠡᠶ᠎ᠡ ᠦᠷᠡᠭ᠌ᠳᠡᠪᠡ᠃

2015 ᠣᠨ᠎ᠤ 8 ᠰᠠᠷ᠎ᠠ᠎ᠳᠤ᠂ ᠸᠠᠩ ᠴᠥᠩ ᠱ᠌ᠢ ᠠᠷᠠᠳ᠎ᠤᠨ ᠶᠠᠪᠤᠳᠠᠯ᠎ᠤᠨ ᠶᠠᠮᠤᠨ᠎ᠤ ᠨᠡᠢᠲᠡᠯᠡᠭ᠌ᠰᠡᠨ ᠬᠣᠶᠠᠳᠤᠭᠠᠷ ᠪᠦᠯᠦᠭ᠎ᠦᠨ ᠶᠠᠫᠣᠨ᠎ᠢ ᠡᠰᠡᠷᠭᠦᠴᠡᠭ᠌ᠰᠡᠨ 600 ᠠᠯᠳᠠᠷᠲᠤ ᠦᠷᠡᠭᠳᠡᠭᠰᠡᠨ ᠪᠠᠭᠠᠲᠤᠷ ᠪᠣᠯᠤᠨ ᠪᠠᠭᠠᠲᠤᠷᠴᠤᠳ᠎ᠤᠨ ᠨᠡᠷᠡᠰ᠎ᠲᠦ ᠵᠢᠭ᠍ᠰᠠᠭᠠᠭ᠍ᠳᠠᠪᠠ᠃

ᠡᠳᠦᠭᠡ᠂ ᠦᠷᠡᠭ᠌ᠳᠡᠭ᠌ᠰᠡᠨ ᠪᠠᠭᠠᠲᠤᠷ ᠸᠠᠩ ᠴᠥᠩ ᠱ᠌ᠢ᠎ᠶ᠋ᠢᠨ ᠪᠤᠩᠬᠤᠨ᠎ᠤ ᠬᠥᠱᠢᠢ᠎ᠡ ᠲᠢᠶᠠᠨᠵᠢᠨ᠎ᠤ ᠫᠠᠨᠱᠠᠨ᠎ᠤ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠦᠨ ᠨᠠᠷᠠᠰᠤ ᠮᠠᠢᠯᠠᠰᠤ᠎ᠶ᠋ᠢᠨ ᠳᠤᠮᠳᠠ ᠰᠦᠨᠳᠡᠷᠯᠡᠵᠦ᠍᠂ ᠱᠢᠷᠠᠯᠠᠵᠤ ᠬᠠᠭᠤᠴᠢᠷᠠᠬᠰᠡᠨ ᠬᠡᠷᠡᠯ ᠵᠢᠷᠤᠭ ᠪᠣᠯᠤᠨ ᠬᠤᠪᠢᠰᠭᠠᠯ᠎ᠤᠨ ᠦᠯᠡᠳᠡᠭ᠌ᠳᠡᠯ ᠪᠣᠳᠠᠰ᠎ᠢ ᠦᠵᠡᠭᠦᠯᠭᠡ᠎ᠶ᠋ᠢᠨ ᠲᠢᠩᠬᠢᠮ᠎ᠳᠦ ᠨᠠᠮ ᠵᠢᠮ ᠲᠡᠯᠭᠡᠨ ᠦᠵᠡᠬᠦᠯᠵᠤ ᠪᠤᠢ᠃ ᠬᠠᠩᠰᠢ ᠪᠣᠯᠬᠤ ᠪᠦᠷᠢ᠂ ᠪᠦᠬᠦ᠌ ᠤᠯᠤᠰ ᠤ᠋ᠨ ᠡᠯ᠎ᠡ ᠭᠠᠵᠠᠷ᠎ᠡᠴᠡ ᠢᠷᠡᠭ᠌ᠰᠡᠨ ᠵᠠᠯᠠᠭᠤᠴᠤᠳ ᠡᠨᠳᠡ ᠢᠷᠡᠵᠦ᠍ ᠪᠠᠷᠠᠳᠠᠳᠠᠭ᠃

《ᠦᠷᠡᠭ᠌ᠳᠡᠭ᠌ᠰᠡᠨ ᠪᠠᠭᠠᠲᠤᠷ ᠸᠠᠩ ᠴᠥᠩ ᠱ᠌ᠢ ᠣᠬᠣᠷᠬᠠᠨ 23 ᠵᠢᠯ᠎ᠦᠨ ᠠᠮᠢᠳᠤᠷᠠᠯ ᠤ᠋ᠨ ᠶᠠᠪᠤᠴᠠ᠎ᠳᠠᠭᠠᠨ ᠬᠤᠪᠢᠰᠭᠠᠯ᠎ᠤᠨ ᠢᠲᠡᠭᠡᠯ ᠪᠢᠱᠢᠷᠡᠯ᠎ᠵᠢᠡᠨ ᠦᠢᠯᠡᠳᠦᠯᠭᠡᠵᠢᠭᠦᠯᠵᠦ᠍᠂ 〈ᠬᠦᠰᠡᠯᠡᠩ᠎ᠦᠨ᠎ᠢᠶᠡᠨ ᠲᠥᠯᠥᠭᠡ ᠠᠮᠢ ᠪᠡᠶ᠎ᠡ᠎ᠪᠡᠨ ᠦᠯᠤ ᠬᠠᠢᠷᠠᠯᠠᠬᠤ〉ᠵᠢ ᠤᠯᠠᠮ ᠪᠣᠳᠠᠲᠠᠢᠵᠢᠭᠤᠯᠵᠠᠢ᠃ ᠲᠢᠶᠠᠨᠵᠢᠨ᠎ᠤ ᠫᠠᠨᠱᠠᠨ᠎ᠤ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠤ ᠬᠦᠷᠢᠶᠡᠯᠡᠩ᠎ᠦᠨ ᠲᠠᠢᠯᠪᠤᠷᠢᠯᠠᠭ᠍ᠴᠢ ᠯᠢᠦ ᠶᠠ ᠴᠢᠶᠠᠨ᠂ ᠦᠷᠡᠭ᠌ᠳᠡᠭ᠌ᠰᠡᠨ ᠪᠠᠭᠠᠲᠤᠷ ᠸᠠᠩ ᠴᠥᠩ ᠱ᠌ᠢ ᠪᠣᠳᠠᠲᠤ ᠠᠵᠢᠯᠯᠠᠭ᠎ᠠ᠎ᠪᠠᠷ᠎ᠢᠶᠠᠨ《ᠤᠯᠤᠰ ᠭᠡᠷ᠎ᠦᠨ ᠶᠡᠬᠡ ᠵᠢᠷᠤᠮ》 ᠪᠣᠯ ᠶᠡᠷᠦ᠍᠎ᠡᠴᠡ ᠬᠡᠢ ᠬᠣᠭᠣᠰᠣᠨ ᠤᠷᠢᠶ᠎ᠠ ᠪᠢᠰᠢ᠂ ᠬᠠᠷᠢᠨ ᠠᠶᠤᠯ ᠲᠦᠭ᠌ᠰᠢᠭᠦᠷᠢ᠎ᠲᠡᠶ ᠦᠶ᠎ᠡ᠎ᠳᠦ ᠴᠡᠭᠡᠵᠢ ᠲᠦᠷᠢᠨ ᠭᠠᠷᠬᠤ ᠬᠠᠷᠢᠭᠤᠴᠠᠯᠭ᠎ᠠ ᠡᠭᠦᠷᠭᠡᠯᠡᠯ ᠮᠥᠨ ᠭᠡᠳᠡᠭ᠎ᠢ ᠭᠡᠷᠡᠴᠢᠯᠡᠪᠡ᠃

《ᠪᠢ ᠦᠪᠡᠷ ᠤ᠋ᠨ ᠲᠠᠢᠯᠤᠮᠵᠢ᠎ᠪᠠᠷ ᠵᠢᠡᠨ ᠳᠠᠮᠵᠢᠨ᠂ ᠦᠷᠡᠭ᠌ᠳᠡᠭ᠌ᠰᠡᠨ ᠪᠠᠭᠠᠲᠤᠷ ᠸᠠᠩ ᠴᠥᠩ ᠱ᠌ᠢ᠎ᠶ᠋ᠢᠨ ᠪᠡᠶ᠎ᠡ ᠳᠡᠭᠡᠷᠡᠬᠢ ᠤᠯᠤᠰ ᠵᠢᠡᠨ ᠬᠠᠢᠷᠠᠯᠠᠬᠤ ᠬᠠᠢᠷ᠎ᠠ ᠰᠡᠳᠭᠢᠯᠭᠡ ᠪᠡᠷ ᠬᠡᠦᠬᠡᠳ᠎ᠦᠨ ᠦᠰᠦᠨ ᠪᠣᠢᠵᠢᠯᠲᠠ᠎ᠶ᠋ᠢᠨ ᠵᠠᠮ᠎ᠢ ᠤᠮᠳᠠᠯᠠᠬᠤ ᠵᠢ ᠬᠦᠰᠡᠵᠤ ᠪᠠᠢᠨ᠎ᠠ》 ᠭᠡᠵᠦ᠍ ᠯᠢᠦ ᠶᠠ ᠴᠢᠶᠠᠨ ᠬᠡᠯᠡᠪᠡ᠃

(ᠱᠢᠨᠬᠤᠸᠠ  ᠬᠣᠷᠢᠶ᠎ᠠ  ᠵᠢᠨ  ᠲᠢᠶᠠᠨᠵᠢᠨ ᠎ᠤ  ᠴᠠᠬᠢᠯᠭᠠᠨ  ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号