ᠬᠥᠯᠥᠨ ᠪᠤᠢ᠌ᠷ ᠬᠤᠳᠠ ᠶ᠋ᠢᠨ ᠮᠤᠷᠢᠨᠳᠠᠪᠠᠭ᠎ᠠ ᠵᠢᠨ ᠳᠠᠭᠤᠷ ᠦᠨᠳᠦᠰᠦᠲᠡᠨᠦ ᠥᠪᠡᠷᠲᠡᠭᠡᠨ ᠵᠠᠰᠠᠬᠤ ᠬᠣᠱᠢᠭᠤᠨ ᠤ᠋ ᠳ᠋ᠸᠩ ᠲᠸ ᠺᠸ ᠪᠠᠯᠭᠠᠰᠤᠨ ᠤ᠋ ᠭᠤᠨᠢ ᠲᠣᠰᠭᠣᠨ ᠪᠣᠯ ᠨᠤᠨ ᠮᠥᠷᠡᠨᠦ ᠪᠠᠷᠠᠭᠤᠨ ᠬᠥᠪᠡᠭᠡᠨ ᠳ᠋ᠡᠬᠢ ᠵᠢᠵᠢᠭ ᠠᠭᠤᠯᠠᠨ ᠲᠣᠰᠭᠣᠨ ᠪᠠᠢᠵᠤ᠂ ᠬᠥᠬᠡᠮᠳᠦᠭ ᠠᠭᠤᠯᠠᠰ ᠢ᠋ᠶ᠋ᠡᠷ ᠬᠦᠷᠢᠶᠡᠯᠡᠭ᠌ᠳᠡᠨ᠂ ᠦᠷᠭᠡᠨ ᠮᠦᠷᠡᠨ ᠤᠷᠤᠰᠤᠨ ᠦᠨᠭᠭᠡᠷᠡᠵᠦ ᠪᠠᠢᠳᠠᠭ᠃
84 ᠵᠢᠯᠦᠨ ᠡᠮᠦᠨ᠎ᠡ ᠡᠭᠦᠰᠦᠭ᠌ᠰᠡᠨ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠳᠠᠷᠤᠭ᠎ᠠ ᠪᠠᠢᠯᠳᠤᠭ᠍ᠴᠢᠳ ᠪᠣᠯᠤᠨ ᠶᠠᠫᠣᠨ ᠤ᠋ ᠲᠦᠷᠢᠮᠡᠬᠡᠢᠯᠡᠭ᠌ᠴᠢᠳᠦᠨ ᠬᠣᠭᠣᠷᠣᠨᠳᠣᠬᠢ 《ᠭᠤᠨᠢ ᠶ᠋ᠢᠨ ᠪᠠᠢᠯᠳᠤᠭᠠᠨ》 ᠨᠢ ᠡᠨᠡ ᠬᠦ᠌ ᠵᠢᠵᠢᠭ ᠠᠭᠤᠯᠠᠨ ᠲᠣᠰᠭᠣᠨᠳᠤ ᠬᠤᠪᠢᠰᠬᠠᠯ ᠤ᠋ᠨ ᠭᠦᠨ ᠢᠮ ᠲᠠᠮᠠᠭ᠎ᠠ ᠳᠠᠷᠤᠭ᠍ᠰᠠᠨ ᠪᠠᠢᠨ᠎ᠠ᠃ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠭᠤᠷᠪᠠᠳᠤᠭᠠᠷ ᠵᠠᠮ ᠤ᠋ᠨ ᠴᠡᠷᠢᠭᠦᠨ ᠶᠢᠰᠦᠳᠦᠭᠡᠷ ᠰᠠᠯᠪᠤᠷᠢ ᠠᠩᠬᠢ ᠶ᠋ᠢᠨ ᠺᠣᠮᠢᠰᠰᠠᠷ ᠭᠦᠸᠧ ᠲᠢᠶ᠍ᠸ ᠵᠢᠶᠠᠨ ᠵᠡᠷᠭᠡ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠳᠠᠷᠤᠭ᠎ᠠ ᠪᠠᠢᠯᠳᠤᠭ᠍ᠴᠢᠳ ᠬᠠᠯᠠᠭᠤᠨ ᠴᠢᠰᠤ ᠪᠠᠨ ᠡᠨᠡ ᠬᠦ᠌ ᠬᠠᠷ᠎ᠠ ᠬᠥᠷᠥᠰᠥᠨ ᠳ᠋ᠤ ᠤᠷᠤᠰᠭᠠᠪᠠ᠃
ᠭᠤᠨᠢ ᠲᠣᠰᠭᠣᠨ ᠳ᠋ᠤ᠂ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠭᠠᠢᠬᠠᠮᠱᠢᠭ᠍ᠲᠤ ᠣᠨ ᠰᠠᠷ᠎ᠠ ᠵᠢ ᠳᠡᠯᠭᠡᠨ ᠦᠵᠡᠭᠦᠯᠦᠭ᠌ᠰᠡᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠠᠭᠤᠳᠠᠮ ᠲᠠᠯᠠᠪᠠᠢ᠂ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠳᠠᠷᠤᠭ᠎ᠠ ᠪᠠᠢᠯᠳᠤᠭ᠍ᠴᠢᠳ ᠤ᠋ᠨ ᠪᠠᠭᠠᠲᠤᠷᠯᠢᠭ ᠦᠢᠯᠡ ᠶᠠᠪᠤᠳᠠᠯ ᠢ᠋ ᠢᠯᠡᠷᠡᠭᠦᠯᠦᠭ᠌ᠰᠡᠨ ᠭᠤᠨᠢ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠳᠤᠷᠠᠰᠭᠠᠯ ᠤ᠋ᠨ ᠣᠷᠳᠣᠨ ᠢ᠋ ᠪᠠᠢᠭᠤᠯᠪᠠ ; ᠭᠣᠨᠢ ᠲᠣᠰᠭᠣᠨ ᠤ᠋ ᠵᠡᠭᠦᠨ ᠠᠭᠤᠯᠠᠨ ᠳᠡᠭᠡᠷ᠎ᠡ᠂ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠬᠤᠪᠢᠰᠭᠠᠯ ᠤ᠋ᠨ ᠦᠷᠡᠭ᠌ᠳᠡᠭ᠌ᠰᠡᠨ ᠪᠠᠭᠠᠲᠤᠷᠴᠤᠳ ᠤ᠋ᠨ ᠳᠤᠷᠠᠰᠭᠠᠯ ᠤ᠋ᠨ ᠬᠥᠱᠢᠢᠡ ᠲᠥᠪ ᠬᠢᠴᠢᠶᠡᠩᠭᠦᠢ ᠰᠦᠨᠳᠡᠷᠯᠡᠨ᠎ᠡ᠃
ᠲᠡᠦᠬᠡᠨ ᠮᠠᠲ᠋ᠧᠷᠢᠶᠠᠯ ᠳ᠋ᠤ ᠲᠡᠮᠳᠡᠭ᠌ᠯᠡᠭ᠌ᠰᠡᠨ ᠢ᠋ᠶ᠋ᠡᠷ ᠂ ᠭᠦᠸᠸ ᠲᠢᠶᠸ ᠵᠢᠶᠠᠨ᠂ 1911 ᠣᠨ ᠤ᠋ 4 ᠰᠠᠷ᠎ᠠ ᠳ᠋ᠤ ᠬᠠᠷᠠᠮᠥ᠋ᠷᠡᠨ ᠮᠤᠵᠢ ᠶ᠋ᠢᠨ ᠢ ᠯᠠᠨ ᠱᠢᠶᠠᠨ ᠤ᠋ ᠳ᠋ᠢᠶᠤᠤᠯᠢᠩ ᠪᠠᠯᠭᠠᠰᠤᠨ ᠤ᠋ ᠨᠢᠭᠡᠨ ᠶᠠᠳᠠᠭᠤ ᠲᠠᠷᠢᠶᠠᠴᠢᠨ ᠤ᠋ ᠭᠡᠷ ᠲᠦ᠍ ᠲᠦᠷᠦᠵᠡᠢ᠃ ᠭᠦᠸᠧ ᠲᠢᠶᠧ ᠵᠢᠶᠠᠨ ᠤᠷᠢᠳ ᠬᠣᠵᠢᠳ ᠳ᠋ᠢᠶᠤᠤᠯᠢᠩ ᠪᠠᠭ᠎ᠠ ᠰᠤᠷᠭᠠᠭᠤᠯᠢ᠂ ᠢ ᠯᠠᠨ ᠱᠢᠶᠠᠨ ᠤ᠋ ᠳᠤᠮᠳᠠᠳᠤ ᠰᠤᠷᠭᠠᠭᠤᠯᠢ ᠳ᠋ᠤ ᠰᠤᠷᠤᠯᠴᠠᠵᠤ᠂ ᠲᠡᠭᠦᠰᠦᠭ᠌ᠰᠡᠨ ᠤ᠋ ᠪᠠᠨ ᠳᠠᠷᠠᠭ᠎ᠠ ᠨᠤᠲᠤᠭᠲᠠᠭᠠᠨ ᠪᠤᠴᠠᠵᠤ ᠰᠤᠷᠭᠠᠭᠤᠯᠢ ᠡᠷᠬᠢᠯᠡᠨ᠂ ᠮᠡᠳᠡᠯᠭᠡ ᠤᠯᠠᠮᠵᠢᠯᠠᠵᠤ ᠂ ᠤᠯᠤᠰ ᠢ᠋ᠶ᠋ᠡᠨ ᠬᠠᠢᠷᠠᠯᠠᠬᠤ ᠦᠵᠡᠯ ᠰᠠᠨᠠᠭ᠎ᠠ ᠵᠢ ᠤᠬᠠᠭᠤᠯᠪᠠ᠃ 1935 ᠣᠨ ᠳ᠋ᠤ ᠭᠦᠸᠧ ᠲᠢᠶ᠍ᠸ ᠵᠢᠶᠠᠨ ᠳᠤᠮᠳᠠᠳᠤ ᠤᠯᠤᠰ ᠤ᠋ᠨ ᠡᠪ ᠬᠠᠮᠲᠤ ᠨᠠᠮ ᠳ᠋ᠤ ᠡᠯᠰᠡᠭᠳᠡᠵᠤ᠂ 1936 ᠣᠨ ᠤ᠋ ᠬᠠᠪᠤᠷ᠂ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠶᠢᠰᠦᠳᠦᠭᠡᠷ ᠠᠷᠮᠢ ᠶ᠋ᠢᠨ ᠨᠢᠭᠡᠳᠦᠭᠡᠷ ᠬᠣᠷᠢᠶ᠎ᠠ ᠶ᠋ᠢᠨ ᠫᠠᠷᠲ᠋ᠢᠽᠠᠨ ᠰᠤᠮᠤ ᠶ᠋ᠢᠨ ᠵᠢᠭᠠᠨ ᠵᠢᠯᠤᠭᠤᠳᠤᠬ᠍ᠴᠢ ᠶ᠋ᠢᠨ ᠲᠤᠱᠢᠶᠠᠯ ᠢ᠋ ᠬᠠᠷᠢᠭᠤᠴᠠᠵᠤ᠂ ᠰᠡᠭᠦᠯᠡᠷ ᠨᠢ ᠶᠢᠰᠦᠳᠦᠭᠡᠷ ᠠᠷᠮᠢ ᠶ᠋ᠢᠨ ᠨᠢᠭᠡᠳᠦᠭᠡᠷ ᠳ᠋ᠢᠸᠢᠽᠢ ᠶ᠋ᠢᠨ ᠤᠯᠤᠰ ᠲᠦᠷᠦ᠍ ᠶ᠋ᠢᠨ ᠬᠡᠯᠲᠡᠰᠦᠨ ᠡᠷᠬᠢᠯᠡᠭ᠌ᠴᠢ ᠪᠥᠭᠡᠳ ᠠᠷᠮᠢ ᠶ᠋ᠢᠨ ᠵᠠᠬᠢᠷᠭ᠎ᠠ ᠶ᠋ᠢᠨ ᠪᠣᠯᠪᠠᠰᠤᠷᠠᠯ ᠤ᠋ᠨ ᠠᠩᠬᠢ ᠶ᠋ᠢᠨ ᠰᠤᠷᠭᠠᠭ᠍ᠴᠢ ᠶ᠋ᠢᠨ ᠲᠤᠱᠢᠶᠠᠯ ᠢ᠋ ᠬᠠᠷᠢᠭᠤᠴᠠᠪᠠ᠃
ᠭᠦᠸᠧ ᠲᠢᠶ᠍ᠸ ᠵᠢᠶᠠᠨ ᠦᠪᠡᠷᠤᠨ ᠪᠦᠰᠡᠬᠦᠢ᠂ ᠶᠡᠬᠡ ᠠᠬ᠎ᠠ ᠪᠣᠯᠤᠨ ᠬᠣᠶᠠᠷ ᠳᠡᠭᠦᠦ᠍ ᠪᠠᠨ ᠳᠠᠢ᠌ᠴᠢᠯᠠᠨ ᠶᠠᠫᠣᠨ ᠢ᠋ ᠡᠰᠡᠷᠭᠦᠴᠡᠬᠦ᠌ ᠴᠡᠷᠢᠭ ᠠᠩᠬᠢ ᠳ᠋ᠤ ᠣᠷᠣᠯᠴᠠᠭᠤᠯᠵᠤ᠂ ᠪᠠᠭ᠎ᠠ ᠳᠡᠭᠦᠦ ᠭᠦᠸᠧ ᠴᠧᠩ ᠵᠠᠩ ᠨᠢ ᠪᠠᠢᠯᠳᠤᠭᠠᠨ ᠤ᠋ ᠳᠤᠮᠳᠠ ᠠᠮᠢ ᠨᠠᠰᠤ ᠪᠠᠨ ᠦᠷᠡᠭᠳᠡᠭᠦᠯᠪᠡ᠃ ᠭᠦᠸᠧ ᠲᠢᠶᠧ ᠵᠢᠶᠠᠨ ᠤ᠋ ᠨᠢᠯᠬ᠎ᠠ ᠬᠦᠦ ᠨᠢ ᠬᠦᠮᠦᠨ ᠤ᠋ ᠬᠡᠷ ᠲᠦ᠍ ᠡᠷᠭᠦᠨ ᠲᠡᠵᠢᠭᠡᠯᠭᠡᠵᠦ ᠪᠠᠢᠬᠤ ᠦᠶ᠎ᠡ ᠳ᠋ᠤ ᠶᠠᠫᠣᠨ ᠤ᠋ ᠲᠦᠷᠢᠮᠡᠬᠡᠢᠯᠡᠭ᠌ᠴᠢᠳ ᠲᠦ᠍ ᠨᠡᠩᠵᠢᠭ᠌ᠳᠡᠨ ᠭᠠᠷᠭᠠᠬᠳᠠᠵᠤ ᠬᠠᠷᠠᠰᠠᠯᠲᠠᠢ ᠪᠡᠷ ᠬᠣᠣᠷᠯᠠᠭ᠍ᠳᠠᠪᠠ᠃ ᠭᠦᠸᠧ ᠲᠢᠶ᠍ᠸ ᠵᠢᠶᠠᠨ ᠤ᠋ ᠤᠷᠢᠶᠠᠯᠠᠭ᠎ᠠ ᠳᠣᠣᠷ᠎ᠠ᠂ ᠳ᠋ᠢᠶᠤᠤᠯᠢᠩ ᠪᠠᠭ᠎ᠠ ᠰᠤᠷᠭᠠᠭᠤᠯᠢ ᠶ᠋ᠢᠨ 30 ᠭᠠᠷᠤᠢ ᠰᠤᠷᠤᠭ᠍ᠴᠢ ᠶᠠᠫᠣᠨ ᠢ᠋ ᠡᠰᠡᠷᠭᠦᠴᠡᠬᠦ᠌ ᠡᠩᠨᠡᠭᠡ ᠳ᠋ᠤ ᠣᠷᠣᠪᠠ᠃
1939 ᠣᠨ ᠤ᠋ 5 ᠰᠠᠷ᠎ᠠ ᠳ᠋ᠤ᠂ ᠭᠦᠸᠧ ᠲᠢᠶ᠍ᠸ ᠵᠢᠶᠠᠨ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠭᠤᠷᠪᠠᠳᠤᠭᠠᠷ ᠵᠠᠮ ᠤ᠋ᠨ ᠴᠡᠷᠢᠭᠦᠨ ᠶᠢᠰᠦᠳᠦᠭᠡᠷ ᠰᠠᠯᠪᠤᠷᠢ ᠠᠩᠬᠢ ᠶ᠋ᠢᠨ ᠺᠣᠮᠢᠰᠰᠠᠷ ᠤ᠋ᠨ ᠲᠤᠱᠢᠶᠠᠯ ᠢ᠋ ᠬᠠᠷᠢᠭᠤᠴᠠᠪᠠ᠃ 1941 ᠣᠨ ᠤ᠋ 9 ᠰᠠᠷ᠎ᠠ ᠳ᠋ᠤ᠂ ᠭᠤᠷᠪᠠᠳᠤᠭᠠᠷ ᠰᠠᠯᠪᠤᠷᠢ ᠠᠩᠬᠢ ᠶ᠋ᠢᠨ ᠬᠥᠯᠥᠨ ᠪᠤᠢ᠌ᠷ ᠲᠦ᠍ ᠫᠠᠷᠲ᠋ᠢᠽᠠᠨ ᠲᠠᠢ᠌ᠨ ᠥᠷᠨᠢᠭᠦᠯᠬᠦ᠌ ᠳ᠋ᠤ ᠬᠠᠮᠵᠢᠯᠴᠠᠬᠤ ᠶ᠋ᠢᠨ ᠲᠥᠯᠥᠭᠡ᠂ ᠭᠦᠸᠧ ᠲᠢᠶᠧ ᠵᠢᠶᠠᠨ ᠶᠢᠰᠦᠳᠦᠭᠡᠷ ᠰᠠᠯᠪᠤᠷᠢ ᠠᠩᠬᠢ ᠵᠢ ᠳᠠᠭᠠᠭᠤᠯᠤᠨ ᠬᠥᠯᠥᠨ ᠪᠤᠢ᠌ᠷ ᠲᠦ᠍ ᠣᠷᠣᠪᠠ᠃
ᠭᠤᠨᠢ ᠲᠣᠰᠭᠣᠨ ᠤ᠋ ᠨᠠᠮ ᠤ᠋ᠨ ᠡᠭᠦᠷᠦᠨ ᠳᠡᠳ᠋ ᠱᠦᠵᠢ ᠯᠢ ᠶᠢᠩ ᠮᠢᠩ ᠤ᠋ᠨ ᠲᠠᠨᠢᠯᠴᠠᠭᠤᠯᠭ᠎ᠠ ᠪᠠᠷ ᠭᠦᠸᠧ ᠲᠢᠶ᠍ᠸ ᠵᠢᠶᠠᠨ ᠵᠡᠷᠭᠡ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠳᠠᠷᠤᠭ᠎ᠠ ᠪᠠᠢᠯᠳᠤᠭ᠍ᠴᠢᠳ ᠴᠢᠰᠤᠨ ᠪᠠᠢᠯᠳᠤᠭᠠᠨ ᠬᠢᠵᠦ᠍᠂ ᠪᠠᠭᠠᠲᠤᠷᠯᠢᠭ ᠢ᠋ᠶ᠋ᠡᠷ ᠪᠡᠶ᠎ᠡ ᠦᠷᠡᠭ᠌ᠳᠡᠭ᠌ᠰᠡᠨ ᠥᠩᠭᠡᠷᠡᠯᠲᠡ ᠵᠢ ᠨᠢᠳᠦᠨ ᠦᠵᠡᠭᠳᠡᠮ᠎ᠡ ᠲᠤᠳᠤᠷᠬᠠᠢ ᠪᠤᠯᠤᠯ᠎ᠠ᠃
1941 ᠣᠨ ᠤ᠋ 9 ᠰᠠᠷ᠎ᠠ ᠳ᠋ᠤ᠂ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠭᠤᠷᠪᠠᠳᠤᠭᠠᠷ ᠵᠠᠮ ᠤ᠋ᠨ ᠴᠡᠷᠢᠭᠦᠨ ᠶᠢᠰᠦᠳᠦᠭᠡᠷ ᠰᠠᠯᠪᠤᠷᠢ ᠠᠩᠬᠢ ᠶ᠋ᠢᠨ ᠺᠣᠮᠢᠰᠰᠠᠷ ᠭᠦᠸᠧ ᠲᠢᠶ᠍ᠸ ᠵᠢᠶᠠᠨ᠂ ᠱᠲ᠋ᠠᠪ ᠤ᠋ᠨ ᠳᠠᠷᠤᠭ᠎ᠠ ᠼᠤᠤ ᠢᠦᠢ ᠺᠦᠢ ᠴᠡᠷᠢᠭ ᠠᠩᠬᠢ ᠪᠠᠨ ᠳᠠᠭᠠᠭᠤᠯᠤᠨ ᠮᠥᠷᠡᠨᠦ ᠬᠥᠪᠡᠭᠡᠨ ᠳ᠋ᠡᠬᠢ ᠣᠯᠣᠮ ᠡᠴᠡ ᠤᠳᠤ ᠶ᠋ᠢᠨ ᠮᠤᠷᠢᠨᠳᠠᠪᠠᠭ᠎ᠠ ᠵᠢᠨ ᠳᠠᠭᠤᠷ ᠦᠨᠳᠦᠰᠦᠲᠡᠨᠦ ᠥᠪᠡᠷᠲᠡᠭᠡᠨ ᠵᠠᠰᠠᠬᠤ ᠬᠣᠱᠢᠭᠤᠨ ᠤ᠋ ᠬᠣᠢᠲᠤ ᠬᠡᠰᠡᠭᠦᠨ ᠳ᠋ᠸᠩ ᠲᠸ ᠺᠸ ᠪᠠᠯᠭᠠᠰᠤᠨ ᠤ᠋ ᠭᠤᠨᠢ ᠲᠣᠰᠭᠣᠨᠳᠤ ᠬᠦᠷᠦᠬᠦᠯᠠᠷ᠂ ᠲᠤᠬᠠᠢ ᠶ᠋ᠢᠨ ᠭᠠᠵᠠᠷ ᠤ᠋ᠨ ᠤᠯᠠᠨ ᠲᠦᠮᠡᠨᠦ ᠬᠠᠯᠠᠭᠤᠨ ᠬᠦᠷᠢᠶᠡᠯᠡᠯ ᠢ᠋ ᠤᠯᠪᠠ᠃
9 ᠰᠠᠷ᠎ᠠ ᠶ᠋ᠢᠨ 20 ᠤ᠋ ᠡᠳᠦᠷ᠂ ᠭᠦᠸᠧ ᠲᠢᠶ᠍ᠸ ᠵᠢᠶᠠᠨ ᠤ᠋ ᠴᠡᠷᠢᠭ ᠶᠠᠫᠣᠨ ᠴᠡᠷᠢᠭ ᠲᠦ᠍ ᠪᠦᠰᠡᠯᠡᠭ᠌ᠳᠡᠪᠡ ᠃ ᠶᠠᠫᠣᠨ ᠴᠡᠷᠢᠭᠦᠨ 40 ᠭᠠᠷᠤᠢ ᠬᠥᠮᠦᠨ 4 ᠫᠦᠯᠸᠮᠶᠤᠲ ᠠᠪᠴᠤ᠌᠂ ᠬᠣᠶᠠᠷ ᠵᠠᠮ ᠬᠤᠪᠢᠶᠠᠨ ᠭᠤᠨᠢ ᠲᠣᠰᠭᠣᠨ ᠢ᠋ ᠪᠦᠰᠡᠯᠡᠪᠡ᠃ ᠦᠳᠡ ᠶ᠋ᠢᠨ ᠬᠤᠢᠨ᠎ᠠ ᠪᠠᠢᠯᠳᠤᠭᠠᠨ ᠡᠬᠢᠯᠡᠪᠡ᠃ ᠶᠠᠫᠣᠨ ᠴᠡᠷᠢᠭ ᠵᠡᠭᠦᠨ ᠬᠣᠢᠲᠤ᠂ ᠠᠰ ᠬᠣᠢᠲᠤ᠂ ᠪᠠᠷᠠᠭᠤᠨ ᠲᠠᠯ᠎ᠠ ᠶ᠋ᠢᠨ ᠠᠭᠤᠯᠠᠨ ᠳᠡᠭᠡᠷ᠎ᠡ ᠡᠴᠡ ᠲᠣᠰᠭᠣᠨ ᠵᠦᠭ ᠱᠢᠷᠦᠭᠦᠨ ᠭᠠᠯᠯᠠᠪᠠ᠃ ᠤᠯᠠᠨ ᠲᠦᠮᠡᠨ ᠢ᠋ ᠬᠠᠮᠠᠭᠠᠯᠠᠬᠤ ᠶ᠋ᠢᠨ ᠲᠥᠯᠥᠭᠡ᠂ ᠭᠦᠸᠧ ᠲᠢᠶ᠍ᠸ ᠵᠢᠶᠠᠨ᠂ ᠼᠤᠤ ᠢᠦᠢ ᠺᠦᠢ ᠡᠷᠡᠰ ᠱᠢᠭᠤᠷᠬᠠᠢ ᠪᠡᠷ ᠪᠦᠰᠡᠯᠡᠯᠲᠡ ᠵᠢ ᠱᠢᠪᠲᠤᠯᠬᠤ ᠲᠣᠭ᠍ᠲᠠᠭᠠᠯ ᠭᠠᠷᠭᠠᠵᠤ᠂ ᠭᠠᠯ ᠤ᠋ᠨ ᠬᠦᠴᠦᠨ ᠢ᠋ᠶ᠋ᠡᠨ ᠲᠥᠪᠯᠡᠷᠡᠭᠦᠯᠦᠨ ᠪᠠᠷᠠᠭᠤᠨ ᠬᠣᠢᠲᠤ ᠶ᠋ᠢᠨ ᠠᠭᠤᠯᠠᠨ ᠤᠷᠤᠢ ᠳ᠋ᠡᠬᠢ ᠠᠱᠢᠭ᠍ᠲᠠᠢ ᠪᠠᠢᠷᠢ ᠲᠡᠢᠰᠢ ᠱᠢᠷᠦᠭᠦᠨ ᠭᠠᠯᠯᠠᠪᠠ᠃ ᠠᠭᠤᠯᠠᠨ ᠪᠠᠯ ᠳ᠋ᠤ ᠳᠠᠭᠠᠷᠢᠨ ᠬᠦᠷᠬᠦ᠌ ᠦᠶ᠎ᠡ ᠳ᠋ᠤ᠂ ᠭᠦᠸᠧ ᠲᠢᠶ᠍ᠸ ᠵᠢᠶᠠᠨ ᠤ᠋ ᠬᠣᠶᠠᠷ ᠬᠥᠯ ᠨᠢ ᠱᠢᠷᠬᠠᠲᠤᠭᠠᠳ ᠠᠯᠬᠤᠵᠤ ᠳᠡᠢᠯᠬᠦ᠌ ᠦᠭᠡᠢ ᠪᠣᠯᠵᠠᠢ᠃ ᠲᠡᠷᠡ ᠬᠠᠮᠤᠭ ᠡᠴᠦᠰᠦᠨ ᠭᠠᠷᠨᠠᠲᠠ ᠪᠠᠨ ᠳᠠᠢᠰᠤᠨ ᠤ᠋ ᠵᠦᠭ ᠱᠢᠳᠡᠬᠦ᠌ ᠦᠶ᠎ᠡ ᠳ᠋ᠤ ᠲᠣᠯᠣᠭᠠᠢ ᠨᠢ ᠰᠤᠮᠤᠨ ᠳ᠋ᠤ ᠤᠨᠤᠬ᠍ᠳᠠᠵᠤ ᠂ ᠪᠠᠭᠠᠲᠤᠷᠯᠢᠭ ᠢ᠋ᠶ᠋ᠡᠷ ᠪᠡᠶ᠎ᠡ ᠦᠷᠡᠭ᠌ᠳᠡᠪᠡ᠃ ᠭᠤᠨᠢ ᠲᠣᠰᠭᠣᠨ ᠤ᠋ ᠪᠠᠢᠯᠳᠤᠭᠠᠨ ᠳ᠋ᠤ᠂ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠳᠠᠷᠤᠭ᠎ᠠ ᠪᠠᠢᠯᠳᠤᠭ᠍ᠴᠢᠳ ᠳᠠᠢᠰᠤᠨ ᠢ᠋ ᠬᠠᠭᠠᠰ ᠢᠯᠡᠭᠦᠦ ᠰᠥᠨᠥᠭᠡᠵᠦ᠍ ᠂ ᠶᠢᠰᠦᠳᠦᠭᠡᠷ ᠰᠠᠯᠪᠤᠷᠢ ᠠᠩᠬᠢ ᠶ᠋ᠢᠨ ᠺᠣᠮᠢᠰᠰᠠᠷ ᠭᠦᠸᠧ ᠲᠢᠶ᠍ᠸ ᠵᠢᠶᠠᠨ᠂ ᠱᠲ᠋ᠠᠪ ᠤ᠋ᠨ ᠳᠠᠷᠤᠭ᠎ᠠ ᠼᠤᠤ ᠢᠦᠢ ᠺᠦᠢ ᠵᠡᠷᠭᠡ 17 ᠪᠠᠢᠯᠳᠤᠭ᠍ᠴᠢ ᠪᠠᠭᠠᠲᠤᠷᠯᠢᠭ ᠢ᠋ᠶ᠋ᠡᠷ ᠪᠡᠶ᠎ᠡ ᠦᠷᠡᠭ᠌ᠳᠡᠪᠡ᠃
ᠤᠯᠠᠨ ᠵᠢᠯᠦᠨ ᠲᠤᠷᠰᠢ᠂ ᠮᠤᠷᠢᠨᠳᠠᠪᠠᠭ᠎ᠠ ᠵᠢᠨ ᠳᠠᠭᠤᠷ ᠦᠨᠳᠦᠰᠦᠲᠡᠨᠦ ᠥᠪᠡᠷᠲᠡᠭᠡᠨ ᠵᠠᠰᠠᠬᠤ ᠬᠣᠱᠢᠭᠤ ᠭᠤᠨᠢ ᠲᠣᠰᠭᠣᠨ ᠤ᠋ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭ ᠤ᠋ᠨ ᠲᠡᠦᠬᠡ ᠵᠢ ᠬᠤᠪᠢᠰᠭᠠᠯ ᠤ᠋ᠨ ᠬᠥᠮᠦᠵᠢᠯᠦᠨ ᠠᠮᠢᠳᠤᠯᠢᠭ ᠵᠢᠭᠠᠬᠤ ᠮᠠᠲ᠋ᠧᠷᠢᠶᠠᠯ ᠪᠣᠯᠭᠠᠨ ᠬᠤᠪᠢᠷᠠᠭᠤᠯᠵᠤ᠂ ᠬᠤᠪᠢᠰᠭᠠᠯ ᠤ᠋ᠨ ᠤᠳᠤᠮᠱᠢᠯ ᠢ᠋ ᠵᠠᠯᠭᠠᠮᠵᠢᠯᠠᠨ ᠬᠤᠪᠢᠰᠭᠠᠯ ᠤ᠋ᠨ ᠰᠤᠳᠠᠰᠤ ᠵᠢ ᠵᠠᠯᠭᠠᠮᠵᠢᠯᠠᠵᠤ᠂ ᠥᠷᠭᠡᠨ ᠤᠯᠠᠨ ᠺᠠᠳ᠋ᠷ ᠤᠯᠠᠨ ᠲᠦᠮᠡᠨ ᠳ᠋ᠤ ᠬᠤᠪᠢᠰᠭᠠᠯ ᠤ᠋ᠨ ᠠᠬᠠᠮᠠᠳ ᠬᠥᠮᠦᠰᠦᠨ ᠪᠠᠭᠠᠲᠤᠷᠯᠢᠭ ᠦᠢᠯᠡ ᠠᠵᠢᠯᠯᠠᠭ᠎ᠠ ᠵᠢ ᠰᠤᠷᠤᠯᠴᠠᠭᠤᠯᠵᠤ᠂ ᠬᠤᠪᠢᠰᠭᠠᠯ ᠤ᠋ᠨ ᠰᠣᠶᠣᠯ ᠤ᠋ᠨ ᠨᠥᠯᠥᠭᠡ ᠵᠢ ᠬᠦᠷᠲᠡᠭᠡᠵᠦ᠍᠂ ᠬᠤᠪᠢᠰᠭᠠᠯ ᠤ᠋ᠨ ᠳᠤᠷᠠᠰᠤᠮᠵᠢ ᠡᠴᠡ ᠬᠦᠴᠦᠨ ᠴᠢᠳᠠᠯ ᠣᠯᠭᠤᠬᠰᠠᠨ ᠪᠠᠢᠨ᠎ᠠ᠃
ᠭᠤᠨᠢ ᠲᠤᠰᠬᠤᠨ ᠤ᠋ ᠴᠢᠰᠤᠲᠤ ᠪᠠᠢᠯᠳᠤᠭᠠᠨ ᠤ᠋ ᠳᠤᠮᠲᠠ ᠪᠠᠭᠠᠲᠤᠷᠯᠢᠭ ᠢ᠋ᠶ᠋ᠡᠷ ᠦᠷᠡᠭ᠌ᠳᠡᠭ᠌ᠰᠡᠨ ᠪᠠᠭᠠᠲᠤᠷ ᠭᠦᠸᠧ ᠲᠢᠶᠧ ᠵᠢᠶᠠᠨ ᠢ᠋ ᠳᠤᠷᠠᠰᠭᠠᠬᠤ ᠶ᠋ᠢᠨ ᠲᠥᠯᠥᠭᠡ᠂ 2016 ᠣᠨ ᠳ᠋ᠤ᠂ ᠤᠤᠯ ᠤ᠋ᠨ ᠳ᠋ᠸᠩ ᠲᠸ ᠺᠸ ᠪᠠᠯᠭᠠᠰᠤᠨ ᠤ᠋ ᠭᠣᠣᠯ ᠰᠤᠷᠭᠠᠭᠤᠯᠢ ᠶ᠋ᠢᠨ ᠨᠡᠷ᠎ᠡ ᠵᠢ ᠮᠤᠷᠢᠨᠳᠠᠪᠠᠭ᠎ᠠ ᠶ᠋ᠢᠨ ᠳᠠᠭᠤᠷ ᠦᠨᠳᠦᠰᠦᠲᠡᠨᠦ ᠥᠪᠡᠷᠲᠡᠭᠡᠨ ᠵᠠᠰᠠᠬᠤ ᠬᠣᠱᠢᠭᠤᠨ ᠤ᠋ ᠲᠢᠶᠧ ᠵᠢᠶᠠᠨ ᠭᠣᠣᠯ ᠰᠤᠷᠭᠠᠭᠤᠯᠢ ᠭᠡᠵᠦ᠍ ᠦᠭᠡᠷᠡᠴᠢᠯᠡᠪᠡ᠃ ᠲᠢᠶᠸ ᠵᠢᠶᠠᠨ ᠭᠤᠤᠯ ᠰᠤᠷᠭᠠᠭᠤᠯᠢ ᠶ᠋ᠢᠨ 《ᠤᠯᠠᠭᠠᠨ ᠪᠥᠴᠡᠲᠡᠨ ᠲᠠᠢᠯᠪᠤᠷᠢᠯᠠᠭ᠍ᠴᠢ》 ᠶ᠋ᠢᠨ ᠨᠡᠢᠭᠡᠮᠯᠢᠭ ᠬᠢᠴᠢᠶᠡᠯᠦᠨ ᠭᠠᠳᠠᠨᠠᠬᠢ ᠴᠠᠭ ᠢ᠋ᠶ᠋ᠡᠨ ᠠᠱᠢᠭ᠍ᠯᠠᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠲᠡᠦᠬᠡ ᠵᠢ ᠰᠤᠷᠤᠯᠴᠠᠵᠤ᠂ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠪᠠᠭᠠᠲᠤᠷᠯᠢᠭ ᠥᠯᠢᠭᠡᠷ ᠢ᠋ ᠶᠠᠷᠢᠵᠤ ᠪᠠᠢᠨ᠎ᠠ᠃ ᠰᠤᠷᠭᠠᠭᠤᠯᠢ ᠡᠴᠡ ᠣᠷᠣᠨ ᠨᠤᠲᠤᠭ ᠤ᠋ᠨ ᠬᠤᠪᠢᠰᠭᠠᠯ ᠤ᠋ᠨ ᠵᠢᠭᠠᠬᠤ ᠮᠠᠲ᠋ᠧᠷᠢᠶᠠᠯ ᠢ᠋ ᠨᠠᠢᠷᠠᠭᠤᠯᠤᠨ ᠪᠢᠴᠢᠵᠦ᠍᠂ ᠬᠤᠪᠢᠰᠭᠠᠯ ᠤ᠋ᠨ ᠰᠣᠶᠣᠯ ᠢ᠋ ᠵᠢᠭᠠᠨ ᠰᠤᠷᠭᠠᠯᠲᠠ ᠳ᠋ᠤ ᠠᠭᠤᠰᠤᠯᠴᠠᠭᠤᠯᠵᠤ᠂ ᠬᠡᠦᠬᠡᠳᠦᠨ ᠴᠡᠴᠡᠷᠯᠢᠭ᠂ ᠪᠠᠭ᠎ᠠ ᠰᠤᠷᠭᠠᠭᠤᠯᠢ᠂ ᠠᠩᠬ᠎ᠠ ᠵᠡᠷᠭᠡ ᠶ᠋ᠢᠨ ᠳᠤᠮᠳᠠᠳᠤ ᠰᠤᠷᠭᠠᠭᠤᠯᠢ ᠵᠢ ᠨᠢᠭᠡ ᠴᠣᠭ᠍ᠴᠠᠵᠢᠭᠤᠯᠤᠭ᠍ᠰᠠᠨ ᠬᠤᠪᠢᠰᠭᠠᠯ ᠤ᠋ᠨ ᠰᠤᠷᠭᠠᠨ ᠬᠥᠮᠦᠵᠢᠯᠦᠨ ᠱᠢᠰᠲ᠋ᠧᠮ ᠢ᠋ ᠪᠠᠢᠭᠤᠯᠵᠤ᠂ ᠰᠤᠷᠤᠭ᠍ᠴᠢᠳ ᠠᠳᠠᠯᠢ ᠪᠤᠰᠤ ᠦᠰᠦᠨ ᠪᠣᠢᠵᠢᠬᠤ ᠱᠠᠲᠤᠨ ᠳ᠋ᠤ ᠭᠦᠶᠦᠭᠡᠨ ᠡᠴᠡ ᠭᠦᠨ ᠲᠡᠢᠰᠢ᠂ ᠠᠯᠬᠤᠮ ᠠᠯᠬᠤᠮ ᠢ᠋ᠶ᠋ᠡᠷ ᠬᠤᠪᠢᠰᠭᠠᠯ ᠤ᠋ᠨ ᠰᠣᠶᠣᠯ ᠤ᠋ᠨ ᠨᠥᠯᠥᠭᠡ ᠵᠢ ᠭᠥᠷᠳᠡᠵᠦ ᠪᠤᠢ᠃
ᠲᠢᠶ᠍ᠸ ᠵᠢᠶᠠᠨ ᠭᠤᠤᠯ ᠰᠤᠷᠭᠠᠭᠤᠯᠢ ᠶ᠋ᠢᠨ ᠦᠵᠡᠯ ᠰᠠᠨᠠᠭ᠎ᠠ ᠤᠯᠤᠰ ᠲᠥᠷᠥ᠍ ᠶ᠋ᠢᠨ ᠬᠥᠮᠦᠵᠢᠯᠦᠨ ᠭᠠᠵᠠᠷ ᠤ᠋ᠨ ᠡᠷᠬᠢᠯᠡᠭ᠌ᠴᠢ ᠸᠠᠩ ᠢᠦᠶ ᠢᠦᠶ ᠶ᠋ᠢᠨ ᠲᠠᠨᠢᠯᠴᠠᠭᠤᠯᠤᠬᠰᠠᠨ ᠢ᠋ᠶ᠋ᠡᠷ᠂ ᠰᠤᠷᠭᠠᠭᠤᠯᠢ ᠬᠤᠪᠢᠰᠭᠠᠯ ᠤ᠋ᠨ ᠬᠥᠮᠦᠵᠢᠯᠦᠨ ᠲᠣᠭᠣᠷᠢᠨ ᠳ᠋ᠤ ᠪᠠᠶᠠᠯᠢᠭ ᠰᠠᠢᠬᠠᠨ ᠠᠵᠢᠯᠯᠠᠭ᠎ᠠ ᠥᠷᠨᠢᠭᠦᠯᠵᠦ ᠪᠠᠢᠨ᠎ᠠ᠃ ᠵᠢᠯ ᠪᠦᠷᠢ ᠶ᠋ᠢᠨ ᠬᠠᠩᠰᠢ ᠶ᠋ᠢᠨ ᠡᠳᠦᠷ᠂ ᠪᠦᠬᠦ᠌ ᠪᠠᠭ᠍ᠰᠢ ᠰᠤᠷᠤᠭ᠍ᠴᠢ ᠴᠥᠮ ᠭᠤᠨᠢ ᠲᠣᠰᠭᠣᠨ ᠤ᠋ ᠬᠤᠪᠢᠰᠭᠠᠯ ᠤ᠋ᠨ ᠬᠥᠮᠦᠵᠢᠯᠦᠨ ᠰᠠᠭᠤᠷᠢᠨ ᠳ᠋ᠤ ᠬᠦᠷᠴᠦ᠍᠂ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠬᠤᠪᠢᠰᠭᠠᠯ ᠤ᠋ᠨ ᠦᠷᠡᠭ᠌ᠳᠡᠭ᠌ᠰᠡᠨ ᠪᠠᠭᠠᠲᠤᠷᠴᠤᠳ ᠤ᠋ᠨ ᠳᠤᠷᠠᠰᠭᠠᠯ ᠤ᠋ᠨ ᠬᠥᠱᠢᠢᠡ ᠶ᠋ᠢᠨ ᠡᠮᠦᠨ᠎ᠡ ᠴᠡᠴᠡᠭ᠌ᠲᠦ ᠰᠠᠭ᠍ᠰᠤ ᠬᠦᠷᠭᠡᠵᠦ᠍᠂ ᠲᠦᠪ ᠡᠷᠬᠢᠮᠰᠦᠭ ᠢ᠋ᠶ᠋ᠡᠷ ᠲᠠᠨᠭᠭᠠᠷᠢᠬᠯᠠᠵᠤ᠂ ᠦᠷᠡᠭ᠌ᠳᠡᠭ᠌ᠰᠡᠨ ᠪᠠᠭᠠᠲᠤᠷᠴᠤᠳ ᠢ᠋ᠶ᠋ᠡᠨ ᠳᠤᠷᠠᠰᠤᠨ ᠰᠠᠨᠠᠭᠠᠯᠵᠠᠳᠠᠭ᠃ ᠰᠤᠷᠭᠠᠭᠤᠯᠢ ᠡᠴᠡ ᠬᠤᠭᠤᠴᠠᠭ᠎ᠠ ᠪᠦᠯᠦᠭ ᠬᠤᠪᠢᠶᠠᠨ ᠬᠤᠪᠢᠰᠭᠠᠯ ᠤ᠋ᠨ ᠰᠤᠳᠤᠯᠤᠨ ᠰᠤᠷᠤᠯᠴᠠᠬᠤ ᠦᠢᠯᠡᠳᠦᠯᠭᠡ ᠶ᠋ᠢᠨ ᠠᠵᠢᠯᠯᠠᠭ᠎ᠠ ᠥᠷᠨᠢᠭᠦᠯᠵᠦ᠍᠂ ᠪᠠᠭ᠍ᠰᠢ ᠰᠤᠷᠤᠭ᠍ᠴᠢᠳ ᠢ᠋ ᠵᠣᠬᠢᠶᠠᠨ ᠪᠠᠢᠭᠤᠯᠤᠨ ᠵᠡᠭᠦᠨ ᠬᠣᠢᠲᠤ ᠶ᠋ᠢᠨ ᠶᠠᠫᠣᠨ ᠢ᠋ ᠡᠰᠡᠷᠭᠦᠴᠡᠬᠦ᠌ ᠬᠣᠯᠪᠣᠭᠠᠲᠤ ᠴᠡᠷᠢᠭᠦᠨ ᠦᠵᠡᠭᠦᠯᠭᠡ ᠶ᠋ᠢᠨ ᠣᠷᠳᠣᠨ ᠳ᠋ᠤ ᠬᠦᠷᠴᠦ᠍᠂ ᠥᠨᠥᠳᠦᠷᠦᠨ ᠵᠣᠯ ᠵᠢᠷᠭᠠᠯᠲᠤ ᠠᠮᠢᠳᠤᠷᠠᠯ ᠤ᠋ᠨ ᠬᠢᠯᠪᠠᠷ ᠪᠤᠰᠤ ᠪᠡᠷ ᠢᠷᠡᠭ᠌ᠰᠡᠨ ᠢ᠋ ᠣᠢᠯᠠᠭᠠᠭᠤᠯᠵᠤ᠂ ᠲᠡᠳᠡᠨᠦ ᠬᠤᠪᠢᠰᠭᠠᠯ ᠤ᠋ᠨ ᠵᠣᠷᠢᠭ ᠰᠠᠨᠠᠭ᠎ᠠ ᠵᠢ ᠤᠯᠠᠮᠵᠢᠯᠠᠨ ᠵᠠᠯᠭᠠᠮᠵᠢᠯᠠᠬᠤ ᠡᠷᠴᠢ ᠵᠣᠷᠢᠭ ᠢ᠋ ᠬᠥᠪᠴᠢᠯᠡᠨᠠ᠃