ᠪᠠᠶᠠᠠᠬᠤᠰᠢᠭᠤ ᠰᠤᠮᠤ ᠵᠢᠨ ᠮᠠᠯᠴᠢᠳ ᠺᠤᠮᠫᠠᠨᠢ ᠪᠠᠢᠭᠤᠯᠵᠤ ᠦᠬᠡᠷ ᠨᠢᠭᠡᠪᠦᠷᠢ ᠡᠴᠡ ᠤᠯᠬᠤ ᠤᠷᠤᠯᠭ᠎ᠠ ᠎ᠶᠢ 3000 ᠭᠠᠷᠤᠢ ᠲᠦᠬᠦᠷᠢᠭ ᠨᠡᠮᠡᠭᠲᠡᠬᠥᠯᠪᠡ
2025-08-28 09:24:39
ᠵᠣᠬᠢᠶᠠᠭ᠍ᠴᠢ᠄
ᠴᠤᠭᠵᠢᠯᠮ᠎ᠠ ᠠᠷᠤᠤᠬᠠᠨ
ᠣᠩᠱᠢᠭ᠍ᠰᠠᠨ ᠣᠳᠠᠭ᠎ᠠ᠄
★★★☆☆

ᠤᠢᠷ᠎ᠠ ᠵᠢᠨ ᠬᠤᠶᠠᠷ ᠵᠢᠯ ᠳ᠋ᠤ ᠮᠠᠯ ᠤ᠋ᠨ ᠦᠨ᠎ᠡ ᠬᠠᠩᠰᠢ ᠠᠨᠠᠢ ᠪᠠᠢᠭ᠎ᠠ ᠵᠠᠬ᠎ᠠ ᠲᠠᠯᠬᠡᠬᠦᠷ ᠤ᠋ᠨ ᠨᠥᠬᠥᠴᠡᠯ ᠪᠠᠢᠳᠠᠯ ᠳᠣᠣᠷ᠎ᠠ ᠪᠠᠶᠠᠠᠬᠤᠰᠢᠭᠤ ᠰᠤᠮᠤ ᠵᠢᠨ ᠮᠠᠯᠴᠢᠳ  ᠰᠣᠳᠣᠨ ᠮᠠᠯ ᠠᠵᠤ ᠠᠬᠤᠢ ᠵᠢᠨ ᠬᠤᠪᠢ ᠤᠷᠤᠭᠤᠯᠤᠭᠰᠠᠨ ᠬᠢᠵᠠᠭᠠᠷᠳᠤ ᠺᠤᠮᠫᠠᠨᠢ ᠵᠢ ᠪᠠᠢᠭᠤᠯᠵᠤ᠂ ᠮᠠᠯ ᠤ᠋ᠨ ᠠᠰᠢᠭ ᠰᠢᠮ᠎ᠠ ᠪᠠᠨ ᠰᠠᠢᠨ ᠦᠨ᠎ᠠ ᠳ᠋ᠤ ᠬᠦᠷᠬᠡᠨ᠂ ᠦᠬᠡᠷ ᠨᠢᠬᠡᠪᠤᠷᠢ ᠡᠴᠡ  ᠤᠯᠬᠤ ᠤᠷᠤᠯᠭ᠎ᠠ ᠎ᠶᠢ 3000 ᠭᠠᠷᠤᠢ ᠲᠦᠬᠦᠷᠢᠭ ᠨᠡᠮᠡᠭᠲᠡᠬᠥᠯᠵᠥ  ᠪᠠᠢᠨ᠎ᠠ ᠬᠡᠬᠦ ᠬᠠᠯᠠᠭᠤᠨ ᠴᠢᠮᠡᠬᠡ ᠪᠡᠷ ᠪᠢᠳᠡ 8 ᠰᠠᠷ᠎ᠠ ᠵᠢᠨ ᠡᠬᠢ ᠪᠡᠷ ᠲᠤᠬᠠᠢ ᠵᠢᠨ ᠭᠠᠵᠠᠷ ᠲᠦ᠍ᠨᠢ ᠬᠦᠷᠴᠦ ᠰᠤᠷᠪᠤᠯᠵᠢᠯᠠᠭᠰᠠᠨ ᠶᠤᠮ᠃


QQ20250828-092354.png


ᠰᠢᠯᠢ ᠵᠢᠨ ᠭᠤᠤᠯ ᠠᠢᠮᠠᠭ ᠤ᠋ᠨ ᠪᠠᠷᠠᠭᠤᠨ ᠦᠵᠦᠮᠦᠴᠢᠨ ᠬᠣᠰᠢᠭᠤᠨ ᠤ᠋ ᠰᠣᠳᠣᠨ ᠮᠠᠯ ᠠᠵᠤ ᠠᠬᠤᠢ ᠵᠢᠨ ᠬᠤᠪᠢ ᠤᠷᠤᠭᠤᠯᠤᠭᠰᠠᠨ ᠬᠢᠵᠠᠭᠠᠷᠳᠤ ᠺᠣᠮᠫᠠᠨᠢ ᠪᠤᠯ ᠪᠠᠶᠠᠨᠬᠣᠰᠢᠭᠤ ᠰᠤᠮᠤ ᠵᠢᠨ ᠨᠠᠮ ᠤ᠋ᠨ ᠬᠤᠷᠢᠶ᠎ᠠ᠂ ᠵᠠᠰᠠᠭ ᠤ᠋ᠨ ᠤᠷᠳᠤᠨ ᠤ᠋ ᠲᠠᠭᠠᠭᠤᠯᠭ᠎ᠠ ᠲᠠᠮᠵᠢᠯᠬᠡ ᠲᠤᠤᠷ᠎ᠠ ᠪᠦᠬᠦ ᠰᠤᠮᠤ ᠵᠢᠨ 14 ᠭᠠᠴᠠᠭᠠᠨ ᠤ᠋ ᠮᠠᠯᠴᠢᠳ ᠤ᠋ᠨ ᠲᠤᠰᠬᠠᠢ ᠬᠤᠷᠰᠢᠶ᠎ᠠ ᠵᠢᠨ ᠬᠤᠪᠢ ᠤᠷᠤᠭᠤᠯᠤᠯᠳᠠ ᠪᠠᠷ 2024 ᠣᠨ ᠤ᠋ 4 ᠰᠠᠷ᠎ᠠ ᠳ᠋ᠤ ᠪᠠᠢᠭᠤᠯᠤᠭᠳᠠᠭᠰᠠᠨ᠂ ᠪᠦᠬᠦ ᠬᠤᠰᠢᠭᠤᠨ ᠤ᠋ ᠭᠡᠪᠴᠢᠶᠠᠨ ᠳ᠋ᠤ ᠤᠳᠤ ᠦᠶ᠎ᠡ ᠵᠢᠨ ᠮᠠᠯ ᠠᠵᠤ ᠠᠬᠤᠢ ᠵᠢᠨ ᠦᠢᠯᠡᠴᠢᠯᠡᠭᠡ ᠬᠠᠩᠭᠠᠬᠤ᠂ ᠳᠤᠳᠤᠷᠠᠭᠤᠯᠵᠦ ᠭᠡᠯᠡᠪᠡᠯ ᠮᠠᠯᠴᠢᠳ ᠲᠦ᠍ ᠰᠢᠮ᠎ᠠ ᠰᠠᠢᠲᠠᠢ ᠬᠢᠮᠳᠠ ᠦᠨ᠎ᠠ ᠵᠢᠨ ᠮᠠᠯ ᠤ᠋ᠨ ᠲᠡᠵᠢᠭᠡᠯ ᠪᠤᠷᠳᠤᠭ᠎ᠠ ᠤᠢᠯᠡᠳᠪᠤᠷᠢᠯᠡᠵᠤ ᠦᠭᠬᠦ᠂ ᠮᠠᠯ ᠠᠵᠤ ᠠᠬᠤᠢ ᠵᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠲᠠᠮᠵᠢᠯᠬᠡ ᠦᠵᠡᠬᠦᠯᠬᠦ᠂ ᠠᠮᠢᠳᠤ ᠮᠠᠯ ᠪᠠ ᠮᠠᠯ ᠤ᠋ᠨ ᠠᠰᠢᠭ ᠰᠢᠮ᠎ᠠ ᠵᠢ ᠪᠣᠷᠣᠯᠠᠭᠤᠯᠬᠤ ᠵᠡᠷᠭᠡ ᠦᠢᠯᠡᠴᠢᠯᠡᠭᠡ ᠬᠠᠩᠭᠠᠵᠤ ᠪᠠᠢᠭ᠎ᠠ ᠺᠣᠮᠫᠠᠨᠢ ᠪᠣᠯᠤᠨ᠎ᠠ᠃《ᠪᠢᠳᠡᠨ ᠤ᠋ ᠺᠤᠮᠫᠠᠨᠢ ᠪᠠᠢᠭᠤᠯᠤᠭᠰᠠᠨ ᠵᠣᠷᠢᠯᠭ᠎ᠠ ᠭᠠᠭᠴᠠᠬᠠᠨ᠂ ᠳᠠᠷᠤᠢ ᠮᠠᠯᠴᠢᠳ ᠤ᠋ᠨ ᠣᠷᠣᠯᠭ᠎ᠠ ᠵᠢ ᠨᠡᠮᠡᠭᠳᠡᠭᠦᠯᠵᠤ ᠠᠮᠢᠳᠤᠷᠠᠯ ᠢ᠋ ᠨᠢ ᠰᠠᠢᠵᠢᠷᠠᠭᠤᠯᠬᠤ ᠶᠠᠪᠤᠳᠠᠯ ᠪᠣᠯᠤᠨ᠎ᠠ᠃ ᠪᠢᠳᠡᠨ ᠤ᠋ ᠺᠣᠮᠫᠠᠨᠢ ᠪᠠᠢᠭᠤᠯᠤᠭᠳᠠᠭᠰᠠᠨ ᠡᠴᠡ ᠣᠳᠣ ᠪᠣᠯᠲᠠᠯ᠎ᠠ 5 ᠲᠠᠯ᠎ᠠ ᠵᠢᠨ ᠠᠵᠢᠯ ᠢ᠋ ᠭᠤᠤᠯᠳᠠᠢ ᠬᠢᠭᠰᠡᠨ ᠤ᠋ ᠳᠤᠳᠤᠷ᠎ᠠ ᠬᠠᠮᠤᠭ ᠡᠴᠡ ᠢᠯᠡᠬᠦᠦ ᠮᠠᠯᠴᠢᠳ ᠤ᠋ᠨ ᠰᠡᠳᠬᠢᠯ ᠳ᠋ᠤ ᠬᠦᠷᠦᠭᠰᠡᠨ ᠠᠵᠢᠯ ᠪᠣᠯ ᠮᠠᠯ ᠤ᠋ᠨ ᠦᠨ᠎ᠡ ᠬᠠᠩᠰᠢ ᠠᠨᠠᠢ ᠪᠠᠢᠭ᠎ᠠ ᠪᠠᠢᠳᠠᠯ ᠲᠤᠤᠷ᠎ᠠ ᠮᠠᠯᠴᠢᠳ ᠤ᠋ᠨ ᠮᠠᠯ ᠤᠨᠤᠭ᠎ᠠ ᠵᠢ ᠵᠦᠬᠡᠷ ᠰᠠᠢᠨ ᠦᠨ᠎ᠡ ᠬᠠᠩᠰᠢ ᠳ᠋ᠤ ᠬᠦᠷᠭᠡᠵᠦ ᠴᠢᠳᠠᠭᠰᠠᠨ ᠶᠠᠪᠤᠳᠠᠯ ᠪᠤᠯᠬᠤ ᠶᠤᠮ》 ᠭᠡᠵᠦ ᠰᠢᠯᠢ ᠵᠢᠨ ᠭᠣᠣᠯ ᠠᠢᠮᠠᠭ ᠤ᠋ᠨ ᠪᠠᠷᠠᠭᠤᠨ ᠦᠵᠦᠮᠦᠴᠢᠨ ᠬᠣᠰᠢᠭᠤᠨ ᠤ᠋ ᠪᠠᠶᠠᠨᠬᠣᠰᠢᠭᠤ ᠰᠤᠮᠤ ᠵᠢᠨ ᠨᠠᠮ ᠤ᠋ᠨ ᠬᠤᠷᠢᠶ᠎ᠠ ᠵᠢᠨ ᠳᠡᠳ᠋ ᠱᠦᠵᠢ᠂ ᠰᠤᠮᠤᠨ ᠳᠠᠷᠤᠭ᠎ᠠ ᠴᠡᠩᠭᠡᠯᠲᠦ ᠰᠤᠷᠪᠤᠯᠵᠢᠯᠠᠭ᠎ᠠ ᠬᠦᠯᠢᠶᠠᠬᠦ ᠳ᠋ᠡᠬᠡᠨ ᠶᠠᠷᠢᠨ᠎ᠠ᠃

ᠰᠣᠳᠣᠨ ᠮᠠᠯ ᠠᠵᠤ ᠠᠬᠤᠢ ᠵᠢᠨ ᠬᠤᠪᠢ ᠤᠷᠤᠭᠤᠯᠤᠭᠰᠠᠨ ᠬᠢᠵᠠᠭᠠᠷᠳᠤ ᠺᠣᠮᠫᠠᠨᠢ ᠪᠤᠬᠢᠷᠳᠤᠯ ᠦᠬᠡᠢ ᠮᠠᠯ ᠤ᠋ᠨ ᠠᠰᠢᠭ ᠰᠢᠮ᠎ᠠ ᠵᠢ ᠪᠤᠷᠤᠯᠠᠭᠤᠯᠬᠤ᠂ ᠤᠳᠤ ᠦᠶ᠎ᠠ ᠵᠢᠨ ᠮᠠᠯ ᠠᠵᠦ ᠠᠬᠤᠢ ᠵᠢ ᠪᠡᠬᠢᠵᠢᠭᠦᠯᠤᠨ ᠬᠦᠭᠵᠢᠬᠦᠯᠬᠦ ᠵᠣᠷᠢᠯᠭ᠎ᠠ ᠪᠠᠷ 2024 ᠣᠨ ᠳ᠋ᠤ《ᠪᠣᠷᠳᠤᠬᠤ + ᠪᠣᠷᠣᠯᠠᠭᠤᠯᠬᠤ》 ᠵᠠᠭᠪᠤᠷ ᠪᠦᠬᠦᠢ ᠦᠵᠦᠮᠦᠴᠢᠨ ᠴᠠᠭᠠᠨ ᠦᠬᠡᠷ ᠤ᠋ᠨ ᠤᠢᠯᠡᠰ ᠢ᠋ ᠬᠥᠭᠵᠢᠭᠦᠯᠬᠦ ᠨᠠᠢᠭᠡᠮᠯᠢᠭ ᠢ᠋ ᠠᠩᠬᠠᠯᠠᠨ ᠪᠠᠢᠭᠤᠯᠬᠤ ᠵᠢᠨ ᠵᠡᠷᠭᠡ ᠪᠡᠷ ᠪᠠᠷᠠᠭᠤᠨ ᠦᠵᠦᠮᠦᠴᠢᠨ ᠬᠣᠰᠢᠭᠤᠨ ᠤ᠋ ᠵᠢᠦᠢ ᠪᠤᠤ ᠶᠤᠸᠠᠨ ᠮᠢᠬᠠᠨ ᠤ᠋ ᠦᠢᠯᠡᠰ ᠤ᠋ᠨ ᠬᠢᠵᠠᠭᠠᠷᠳᠤ ᠺᠤᠮᠫᠠᠨᠢ᠂ ᠥᠪᠥᠷ ᠮᠣᠩᠭᠣᠯ ᠤ᠋ᠨ ᠹᠸᠩ ᠵᠢᠩ ᠮᠠᠨ ᠶᠤᠸᠠᠨ ᠮᠠᠯ ᠠᠵᠤ ᠠᠬᠤᠢ ᠵᠢᠨ ᠬᠢᠵᠠᠭᠠᠷᠳᠤ ᠺᠤᠮᠫᠠᠨᠢ ᠵᠡᠷᠭᠡ ᠲᠠᠢ ᠤᠷᠲᠤ ᠬᠤᠭᠤᠴᠠᠭᠠᠨ ᠤ᠋ ᠭᠡᠷ᠎ᠡ ᠲᠤᠭᠳᠠᠵᠤ ᠠᠵᠢᠯ ᠦᠢᠯᠡᠰ ᠵᠢᠡᠨ ᠡᠬᠢᠯᠡᠬᠦᠯᠦᠭᠰᠡᠨ ᠶᠤᠮ᠃ ᠲᠡᠬᠦᠨ ᠤ᠋ ᠲᠠᠷᠠᠭ᠎ᠠ ᠪᠠᠰᠠ ᠪᠡᠭᠡᠵᠢᠩ ᠤ᠋ᠨ ᠱᠠᠨ ᠳ᠋ᠢᠩ ᠵᠢᠶᠠᠨ ᠬᠢᠵᠠᠭᠠᠷᠳᠤ ᠺᠣᠮᠫᠠᠨᠢ ᠲᠠᠢ ᠬᠠᠮᠲᠤᠷᠠᠨ《ᠱᠠᠨ ᠳ᠋ᠢᠩ ᠵᠢᠶᠠᠨ ᠮᠣᠩᠭᠣᠯ ᠮᠠᠶᠢᠭ ᠤ᠋ᠨ ᠬᠠᠯᠠᠭᠤᠨ ᠲᠣᠭᠣᠭ᠎ᠠ》 (ᠰᠦᠩ ᠵᠤᠸᠠᠩ) ᠬᠤᠭᠤᠯᠠᠨ ᠭᠡᠷ ᠲᠦ᠍ ᠪᠡᠯᠡ ᠣᠷᠣᠭᠤᠯᠤᠨ᠂ ᠮᠤᠩᠭᠤᠯ ᠮᠠᠶᠢᠭ ᠤ᠋ᠨ ᠬᠠᠯᠠᠭᠤᠨ ᠳᠤᠭᠤᠭᠠᠨ ᠤ᠋ ᠬᠤᠭᠤᠯᠠᠨ ᠭᠡᠷ ᠢ᠋ ᠬᠠᠮᠲᠤᠷᠠᠨ ᠪᠠᠢᠭᠤᠯᠵᠤ᠂ ᠨᠡᠢᠳᠠ ᠲᠦᠮᠡ ᠭᠠᠷᠤᠢ ᠦᠵᠦᠮᠦᠴᠢᠨ ᠬᠤᠨᠢ ᠪᠤᠯᠤᠨ 150 ᠭᠠᠷᠤᠢ ᠦᠵᠦᠮᠦᠴᠢᠨ ᠴᠠᠭᠠᠨ ᠦᠭᠡᠷ ᠤ᠋ᠨ ᠮᠢᠬ᠎ᠠ ᠵᠢ ᠪᠣᠯᠪᠠᠰᠤᠷᠠᠭᠤᠯᠵᠤ᠂ ᠦᠵᠦᠮᠦᠴᠢᠨ ᠨᠤᠳᠤᠭ ᠤ᠋ᠨ ᠦᠭᠡᠷ ᠬᠤᠨᠢ ᠵᠢᠨ ᠮᠢᠬ᠎ᠠ ᠵᠢ ᠰᠢᠭᠤᠳ ᠨᠡᠢᠰᠯᠡᠯ ᠪᠡᠬᠡᠵᠢᠩ ᠤ᠋ᠨ ᠬᠣᠭᠣᠯᠠᠨ ᠰᠢᠷᠡᠭᠡᠨ ᠳ᠋ᠤ ᠭᠠᠷᠭᠠᠵᠠᠢ᠃ ᠮᠥᠨ ᠱᠠᠩᠬᠠᠢ ᠵᠢᠨ ᠭᠠᠳᠠᠭᠠᠳᠤ ᠠᠷᠠᠯᠵᠢᠶ᠎ᠠ ᠬᠤᠳᠠᠯᠳᠤᠭᠠᠨ ᠤ᠋ ᠠᠵᠦ ᠠᠬᠤᠢ ᠵᠢᠨ ᠬᠢᠵᠠᠭᠠᠷᠳᠤ ᠺᠤᠮᠫᠠᠨᠢ ᠵᠡᠷᠭᠡ ᠱᠠᠩᠬᠠᠢ ᠬᠤᠳᠠ ᠵᠢᠨ 4 ᠺᠣᠮᠫᠠᠨᠢ ᠲᠠᠢ 1000 ᠳᠦᠮᠡᠨ ᠳᠦᠬᠦᠷᠢᠭ ᠤ᠋ᠨ ᠪᠠᠢᠯᠳᠤᠬᠤ ᠪᠤᠳᠤᠯᠭ᠎ᠠ ᠵᠢᠨ ᠭᠡᠷ᠎ᠡ ᠲᠤᠭᠳᠠᠵᠤ ᠬᠠᠮᠲᠤᠷᠠᠨ ᠠᠵᠢᠯᠯᠠᠭᠰᠠᠨ ᠪᠠᠢᠨ᠎ᠠ᠃

ᠪᠠᠶᠠᠨᠬᠣᠰᠢᠭᠤ ᠰᠤᠮᠤ ᠵᠢᠨ 14 ᠭᠠᠴᠠᠭᠠᠨ ᠤ᠋ ᠨᠢᠭᠡ ᠪᠣᠯᠬᠤ ᠬᠠᠷᠠᠭᠠᠲᠤ ᠭᠠᠴᠠᠭᠠᠨ ᠤ᠋ ᠨᠠᠮ ᠤ᠋ᠨ ᠡᠬᠦᠷ ᠤ᠋ᠨ ᠱᠦᠵᠢ᠂ ᠭᠠᠴᠠᠭᠠᠨ ᠳᠠᠷᠤᠭ᠎ᠠ ᠪᠦᠷᠢᠨᠳᠡᠭᠰᠢ ᠰᠤᠷᠪᠤᠯᠵᠢᠯᠠᠭᠴᠢ ᠳ᠋ᠤ᠄《ᠮᠠᠨ ᠤ᠋ ᠭᠠᠴᠠᠭᠠᠨ ᠤ᠋ 80% ᠵᠢᠨ ᠡᠷᠦᠬᠡ ᠪᠦᠷ ᠴᠠᠭᠠᠨ ᠦᠬᠡᠷ ᠮᠠᠯᠵᠢᠵᠤ ᠪᠤᠢ᠃ ᠲᠤᠭᠤᠯ ᠵᠢᠡᠨ ᠰᠤᠳᠤᠨ ᠺᠣᠮᠫᠠᠨᠢ ᠳ᠋ᠤ ᠬᠦᠷᠬᠡᠨ ᠣᠷᠭᠠᠨᠢᠭ ᠪᠣᠷᠳᠣᠭ᠎ᠠ ᠪᠠᠷ ᠪᠣᠷᠳᠣᠨ ᠦᠰᠬᠡᠵᠤ ᠵᠠᠬ᠎ᠠ ᠲᠠᠯᠬᠡᠬᠦᠷ ᠤ᠋ᠨ ᠦᠨ᠎ᠡ ᠬᠠᠩᠰᠢ ᠡᠴᠡ ᠮᠠᠰᠢ ᠥᠨᠳᠥᠷ ᠦᠨ᠎ᠠ ᠪᠡᠷ ᠪᠤᠷᠤᠯᠠᠭᠤᠯᠵᠤ ᠴᠢᠳᠠᠭᠰᠠᠨ ᠪᠣᠯᠬᠣᠷ ᠮᠠᠯᠴᠢᠳ ᠮᠠᠩᠨᠠᠢ ᠲᠡᠨᠢᠢᠵᠦ ᠶᠠᠪᠤᠨ᠎ᠠ᠃ ᠪᠢᠳᠡ ᠮᠠᠯᠴᠢᠳ ᠤ᠋ᠨ ᠦᠬᠡᠷ ᠨᠢᠬᠡᠪᠤᠷᠢ ᠵᠢ ᠲᠤᠮᠳᠠᠴᠢ ᠪᠡᠷ ᠵᠠᠬ᠎ᠠ ᠲᠠᠯᠬᠡᠬᠦᠷ ᠤ᠋ᠨ ᠦᠨ᠎ᠡ ᠬᠠᠩᠰᠢ ᠡᠴᠡ 3000 ᠭᠠᠷᠤᠢ ᠳᠦᠬᠦᠷᠢᠭ ᠦᠨᠡᠳᠠᠢ ᠪᠡᠷ ᠪᠤᠷᠤᠯᠠᠭᠤᠯᠤᠭᠰᠠᠨ ᠨᠢ ᠮᠠᠯᠴᠢᠳ ᠤ᠋ᠨ ᠴᠡᠪᠡᠷ ᠣᠷᠣᠯᠭ᠎ᠠ ᠵᠢ ᠶᠡᠬᠡᠬᠡᠨ ᠨᠡᠮᠡᠭᠳᠡᠬᠦᠯᠵᠠᠢ᠃ ᠰᠤᠳᠤᠨ ᠺᠣᠮᠫᠠᠨᠢ ᠪᠠᠰᠠ ᠮᠠᠯ ᠤ᠋ᠨ ᠠᠰᠢᠭ ᠰᠢᠮ᠎ᠠ ᠵᠢ ᠪᠦᠲᠦᠭᠡᠭᠳᠡᠬᠦᠨ ᠪᠤᠯᠭᠠᠨ ᠵᠠᠷᠤᠬᠤ ᠳᠡᠭᠡᠷ᠎ᠡ ᠮᠠᠰᠢ ᠶᠡᠬᠡ ᠬᠦᠴᠦ ᠬᠥᠳᠡᠯᠮᠦᠷᠢ ᠵᠠᠷᠤᠴᠠᠭᠤᠯᠵᠤ᠂ ᠣᠳᠣ ᠪᠢᠳᠡᠨ ᠤ᠋ ᠮᠠᠯ ᠤ᠋ᠨ ᠠᠰᠢᠭ ᠰᠢᠮ᠎ᠠ᠂ ᠮᠢᠬ᠎ᠠ ᠰᠦ ᠵᠢᠨ ᠪᠦᠲᠦᠭᠡᠭᠳᠡᠬᠦᠨ ᠳ᠋ᠤ ᠵᠠᠬᠢᠶᠠᠯᠠᠭ᠎ᠠ ᠥᠭᠳᠡᠭ ᠲᠣᠭᠲᠠᠭᠰᠠᠨ ᠵᠠᠬ᠎ᠠ ᠲᠠᠯᠬᠡᠬᠦᠷ ᠲᠡᠢ ᠪᠣᠯᠤᠭᠰᠠᠨ ᠡᠴᠡ ᠮᠠᠯᠴᠢᠳ ᠤ᠋ᠨ ᠣᠷᠣᠯᠭ᠎ᠠ ᠵᠢ ᠤᠯᠠᠮ ᠨᠡᠮᠡᠭᠳᠡᠭᠦᠯᠵᠤ ᠪᠠᠢᠨ᠎ᠠ》 ᠭᠡᠵᠤ ᠤᠷᠮᠠᠳᠠᠢ ᠶᠠᠷᠢᠨ᠎ᠠ᠃

ᠰᠣᠳᠣᠨ ᠮᠠᠯ ᠠᠵᠤ ᠠᠬᠤᠢ ᠵᠢᠨ ᠬᠤᠪᠢ ᠤᠷᠤᠭᠤᠯᠤᠭᠰᠠᠨ ᠬᠢᠵᠠᠭᠠᠷᠳᠤ ᠺᠣᠮᠫᠠᠨᠢ 14 ᠭᠠᠴᠠᠭᠠᠨ ᠤ᠋ ᠮᠠᠯᠴᠢᠳ ᠲᠠᠭᠠᠨ ᠭᠤᠤᠯᠳᠠᠭᠤ ᠲᠤᠤᠷᠠᠬᠢ 5 ᠲᠠᠯ᠎ᠠ ᠵᠢᠨ ᠦᠢᠯᠡᠴᠢᠯᠡᠭᠡ ᠬᠠᠩᠭᠠᠵᠠᠢ᠃ ᠨᠢᠬᠡ ᠳ᠋ᠤ᠂ ᠬᠣᠯᠢᠮᠠᠭ ᠲᠠᠵᠢᠬᠡᠯ ᠪᠤᠷᠳᠤᠭ᠎ᠠ ᠵᠢᠨ ᠦᠢᠯᠡᠳᠪᠦᠷᠢ ᠪᠠᠢᠭᠤᠯᠵᠤ᠂ ᠡᠨᠡ ᠬᠠᠪᠤᠷ ᠤ᠋ᠨ ᠪᠡᠯᠴᠢᠭᠡᠷ ᠰᠡᠷᠭᠦᠭᠡᠬᠦ ᠬᠤᠭᠤᠴᠠᠭᠠᠨ ᠳ᠋ᠤ ᠮᠠᠯᠴᠢᠳ ᠲᠠᠭᠠᠨ ᠰᠢᠮ᠎ᠠ ᠰᠠᠢᠳᠠᠢ ᠪᠦᠬᠡᠳ ᠬᠢᠮᠳᠠ ᠦᠨ᠎ᠠ ᠵᠢᠨ ᠲᠠᠵᠢᠬᠡᠯ ᠪᠣᠷᠳᠣᠭ᠎ᠠ ᠬᠠᠩᠭᠠᠵᠤ᠂ ᠬᠠᠪᠤᠷ ᠤ᠋ᠨ ᠭᠠᠴᠢᠭ ᠴᠠᠭ ᠢ᠋ ᠠᠵᠢᠭ ᠦᠭᠡᠢ ᠥᠩᠭᠡᠷᠡᠭᠦᠯᠦᠭᠰᠡᠨ ᠪᠠᠢᠨ᠎ᠠ᠃ ᠡᠨᠡ ᠨᠢ ᠮᠠᠯᠴᠢᠳ ᠲᠦ᠍ 40 ᠭᠠᠷᠤᠢ ᠲᠦᠮᠠᠡ ᠲᠦᠬᠦᠷᠢᠭ ᠤ᠋ᠨ ᠲᠠᠵᠢᠬᠡᠯ ᠪᠤᠷᠳᠤᠭᠠᠨ ᠤ᠋ ᠵᠠᠷᠤᠳᠠᠯ ᠰᠤᠢᠳᠬᠡᠯ ᠢ᠋ ᠠᠷᠪᠢᠯᠠᠵᠤ ᠦᠭᠴᠠᠢ᠃ ᠬᠣᠶᠠᠷ ᠲᠦ᠍᠂ ᠪᠣᠷᠳᠣᠨ ᠲᠡᠵᠢᠭᠡᠬᠦ ᠰᠠᠭᠤᠷᠢᠨ ᠪᠠᠢᠭᠤᠯᠵᠤ᠂ ᠮᠠᠯᠴᠢᠳ ᠤ᠋ᠨ ᠴᠠᠭᠠᠨ ᠦᠬᠡᠷ ᠢ᠋ ᠪᠤᠷᠳᠤᠨ ᠳᠡᠵᠢᠭᠡᠬᠦ ᠰᠠᠭᠤᠷᠢᠨ ᠳ᠋ᠤ ᠰᠢᠯᠵᠢᠭᠦᠯᠦᠨ ᠰᠢᠨᠵᠢᠯᠡᠬᠦ ᠤᠬᠠᠭᠠᠨᠴᠢ ᠪᠠᠷ ᠪᠣᠷᠳᠣᠨ ᠲᠠᠷᠭᠤᠯᠠᠭᠤᠯᠵᠤ᠂ ᠪᠠᠶ᠎ᠠ ᠵᠢᠨ ᠬᠦᠨᠳᠤ ᠨᠢ 600 ᠺᠢᠯᠦᠭᠷᠡᠮ ᠳ᠋ᠤ ᠬᠦᠷᠦᠭᠰᠡᠨ ᠴᠠᠭᠠᠨ ᠦᠬᠡᠷ ᠢ᠋ ᠰᠢᠭᠤᠳ ᠵᠠᠬ᠎ᠠ ᠲᠠᠯᠬᠡᠬᠦᠷ ᠲᠦ᠍ ᠪᠤᠷᠤᠯᠠᠭᠤᠯᠵᠤ ᠪᠠᠢᠨ᠎ᠠ᠃ ᠭᠤᠷᠪᠠ ᠳ᠋ᠤ᠂ ᠦᠵᠦᠮᠦᠴᠢᠨ ᠴᠠᠭᠠᠨ ᠦᠬᠡᠷ ᠤ᠋ᠨ ᠨᠡᠢᠭᠡᠮᠯᠢᠭ ᠪᠠᠢᠭᠤᠯᠵᠤ᠂ ᠴᠠᠭᠠᠨ ᠦᠬᠡᠷ ᠤ᠋ᠨ ᠡᠬᠦᠯᠳᠡᠷ ᠢ᠋ ᠰᠤᠷᠲᠠᠯᠴᠢᠯᠠᠨ ᠲᠠᠨᠢᠯᠴᠠᠭᠤᠯᠤᠭᠰᠠᠨ ᠵᠢᠡᠷ ᠣᠳᠣ ᠪᠡᠭᠡᠵᠢᠩ᠂ ᠱᠠᠩᠬᠠᠢ᠂ ᠱᠸᠠᠵᠸᠨ ᠵᠡᠷᠭᠡ ᠲᠣᠮᠣ ᠬᠣᠲᠠ ᠳ᠋ᠤ ᠥᠪᠡᠷ ᠤ᠋ᠨ ᠬᠡᠰᠡᠨ ᠵᠠᠬ᠎ᠠ ᠲᠠᠯᠬᠡᠬᠦᠷ ᠲᠠᠢ ᠪᠤᠯᠪᠠ᠃ ᠳᠥᠷᠪᠡ ᠳ᠋ᠤ᠂ ᠪᠡᠭᠡᠵᠢᠩ ᠤ᠋ᠨ ᠬᠠᠯᠠᠭᠤᠨ ᠲᠤᠭᠤᠭ᠎ᠠ ᠵᠢᠨ ᠬᠣᠭᠣᠯᠠᠨ ᠤ᠋ ᠭᠠᠵᠠᠷ ᠲᠠᠢ ᠬᠠᠮᠲᠤᠷᠠᠨ ᠠᠵᠢᠯᠯᠠᠵᠤ᠂ ᠦᠵᠦᠮᠦᠴᠢᠨ ᠬᠣᠨᠢ ᠪᠣᠯᠤᠨ ᠴᠠᠭᠠᠨ ᠦᠬᠡᠷ ᠤ᠋ᠨ ᠮᠢᠬ᠎ᠠ ᠪᠠᠨ ᠪᠡᠭᠡᠵᠢᠩ ᠳ᠋ᠤ ᠵᠠᠬᠢᠶᠠᠯᠠᠭ᠎ᠠ ᠪᠡᠷ ᠥᠭᠴᠦ ᠪᠣᠷᠣᠯᠠᠭᠤᠯᠬᠤ ᠪᠣᠯᠵᠠᠢ᠃ ᠲᠠᠪᠤ ᠳ᠋ᠤ᠂ ᠮᠠᠯᠴᠢᠳ ᠤ᠋ᠨ ᠭᠠᠷ ᠤᠷᠠᠯᠠᠯ ᠤ᠋ᠨ ᠪᠦᠳᠦᠬᠡᠭᠳᠡᠬᠦᠨ᠂ ᠠᠶᠠᠯᠠᠯ ᠵᠢᠭᠤᠯᠴᠢᠯᠠᠯ ᠤ᠋ᠨ ᠵᠢᠵᠢᠭ ᠪᠠᠷᠠᠭ᠎ᠠ ᠲᠠᠸᠠᠷ ᠢ᠋ ᠪᠤᠷᠤᠯᠠᠭᠤᠯᠬᠤ ᠪᠤᠶᠤ ᠮᠠᠯᠴᠢᠳ ᠲᠦ᠍ ᠠᠵᠢᠯ ᠣᠯᠭᠣᠬᠤ ᠲᠠᠯ᠎ᠠ ᠪᠠᠷ ᠣᠯᠠᠨ ᠲᠥᠷᠥᠯ ᠤ᠋ᠨ ᠪᠤᠯᠪᠠᠰᠤᠷᠠᠯ ᠢ᠋ ᠵᠣᠬᠢᠶᠠᠨ ᠪᠠᠢᠭᠤᠯᠵᠦ ᠦᠷᠨᠢᠬᠦᠯᠦᠬᠡᠳ ᠢᠯᠡᠷᠬᠡᠢ ᠠᠮᠵᠢᠯᠳᠠ ᠤᠯᠪᠠ᠃

《ᠮᠠᠯᠴᠢᠳ ᠤ᠋ᠨ ᠦᠪᠡᠰᠤᠪᠠᠨ ᠪᠠᠢᠭᠤᠯᠤᠭᠰᠠᠨ ᠺᠣᠮᠫᠠᠨᠢ ᠪᠠᠷ ᠳᠠᠮᠵᠢᠨ ᠪᠦᠬᠦ ᠰᠤᠮᠤ ᠵᠢᠨ 2500 ᠭᠠᠷᠤᠢ ᠮᠠᠯᠵᠢᠬᠤ ᠡᠷᠦᠭᠡ ᠪᠦᠷ ᠵᠤᠬᠢᠬᠤ ᠭᠡᠮᠵᠢᠶ᠎ᠠ ᠪᠠᠷ ᠠᠰᠢᠭ ᠤᠷᠤᠯᠭ᠎ᠠ ᠪᠠᠨ ᠨᠡᠮᠡᠭᠳᠡᠬᠦᠯᠪᠠ᠃ ᠰᠣᠳᠣᠨ ᠮᠠᠯ ᠠᠵᠤ ᠠᠬᠤᠢ ᠵᠢᠨ ᠬᠤᠪᠢ ᠤᠷᠤᠭᠤᠯᠤᠭᠰᠠᠨ ᠬᠢᠵᠠᠭᠠᠷᠳᠤ ᠺᠤᠮᠫᠠᠨᠢ ᠡᠨᠡ ᠵᠢᠯ 800 ᠴᠠᠭᠠᠨ ᠦᠬᠡᠷ᠂ 1.5 ᠲᠦᠮᠡᠨ ᠦᠵᠦᠮᠦᠴᠢᠨ ᠬᠣᠨᠢ᠂ 10 ᠲᠣᠨ ᠴᠢᠨᠠᠷ ᠰᠠᠢᠲᠠᠢ ᠴᠠᠭᠠᠨ ᠢᠳᠡᠭᠡᠨ ᠪᠣᠷᠣᠯᠠᠭᠤᠯᠬᠤ ᠪᠠᠷ ᠲᠥᠯᠥᠪᠯᠡᠵᠦ ᠪᠠᠢᠭ᠎ᠠ ᠪᠥᠭᠡᠳ ᠵᠢᠯ ᠤ᠋ᠨ 300 ᠭᠠᠷᠤᠢ ᠳᠦᠮᠡᠨ ᠳᠦᠬᠦᠷᠢᠭ ᠤ᠋ᠨ ᠤᠷᠤᠯᠭ᠎ᠠ ᠡᠬᠦᠳᠬᠦ ᠪᠠᠷ ᠴᠢᠷᠮᠠᠢᠵᠤ ᠪᠠᠢᠨ᠎ᠠ 》 ᠬᠡᠵᠤ ᠴᠡᠩᠭᠡᠯᠲᠦ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号