8 ᠰᠠᠷ᠎ᠠ ᠵᠢᠨ 27 ᠤ᠋ ᠡᠳᠤᠷ᠂ 《ᠲᠡᠯᠡᠬᠡᠢ ᠵᠢᠨ ᠡᠯ᠎ᠡ ᠤᠯᠤᠰ ᠵᠢᠡᠷ ᠲᠤᠭᠤᠷᠢᠭᠰᠠᠨ ᠤ᠋ ᠭᠡᠷᠡᠭ ᠦᠭᠡᠢ᠂ ᠡᠨᠳᠡ ᠶᠠᠪᠤᠭᠳᠠᠵᠦ ᠪᠠᠢᠭ᠎ᠠ ᠲᠤᠮᠳᠠᠳᠤ ᠮᠤᠩᠭᠤᠯ ᠤ᠋ᠨ ᠦᠵᠡᠰᠭᠦᠯᠡᠩ ᠤ᠋ᠨ ᠴᠤᠭᠯᠠᠭᠠᠨ ᠵᠢᠡᠷ ᠲᠤᠭᠤᠷᠢᠪᠠᠯ ᠪᠠᠷᠤᠭ ᠬᠠᠭᠠᠰ ᠪᠦᠮᠪᠦᠷᠴᠡᠭ ᠤ᠋ᠨ ᠪᠠᠷᠠᠭ᠎ᠠ ᠵᠢ ᠤᠯᠤᠭᠠᠳ ᠰᠤᠨᠢᠷᠬᠠᠴᠢᠬᠠᠨᠠ》 ᠬᠡᠵᠤ ᠬᠦᠮᠦᠰ ᠬᠤᠭᠤᠷᠤ ᠬᠤᠭᠤᠷᠤᠨᠳᠤ ᠪᠠᠨ ᠬᠡᠯᠡᠯᠴᠡᠨ᠂ ᠬᠦᠬᠡᠬᠤᠲᠠ ᠢ᠋ᠢᠨ ᠴᠡᠯᠡᠭᠡᠷ ᠲᠠᠯ᠎ᠠ ᠤᠯᠠᠨ ᠤᠯᠤᠰ ᠤ᠋ᠨ ᠬᠤᠷᠠᠯ ᠦᠵᠡᠰᠬᠦᠯᠡᠡᠭ ᠤ᠋ᠨ ᠲᠦᠪ ᠲᠦ᠍ ᠤᠷᠤᠵᠠᠭᠠᠨ᠎ᠠ᠃
ᠤᠯᠠᠨ ᠢ᠋ ᠲᠠᠭᠠᠨ ᠠᠯᠭᠤᠷ ᠳᠤᠲᠤᠭᠰᠢᠯᠠᠪᠠᠯ ᠪᠷᠠᠽᠢᠯ ᠤ᠋ᠨ ᠠᠮᠲᠠᠲᠤ ᠺᠤᠹᠸ ᠢ᠋ᠢᠨ ᠦᠨᠦᠷ ᠰᠡᠩᠬᠢᠨᠡᠨ᠂ ᠤᠷᠠᠨ ᠭᠤᠢᠳᠠ ᠬᠡ ᠤᠭᠠᠯᠵᠠ᠂ ᠦᠪᠡᠷᠮᠢᠴᠠ ᠰᠤᠳᠤᠨ ᠥᠩᠭᠡ ᠪᠤᠳᠤᠭ ᠲᠠᠢ ᠢᠷᠡᠨ ᠤ᠋ ᠭᠠᠷ ᠨᠡᠬᠡᠮᠡᠯ ᠬᠡᠪᠢᠰ᠂ ᠸᠠᠭᠠᠷ ᠱᠠᠭᠠᠵᠠᠡᠭ ᠤ᠋ᠨ ᠪᠦᠲᠦᠭᠡᠭᠳᠡᠭᠦᠨ ᠬᠠᠷᠠᠭ᠎ᠠ ᠢ᠋ᠢ ᠪᠤᠯᠢᠶᠠᠵᠤ᠂ ᠺᠣᠷᠢᠶᠠ ᠵᠢᠨ ᠭᠤᠶᠤᠯᠠᠯ ᠪᠠ ᠵᠠᠰᠠᠯ ᠵᠢᠮᠰᠡᠭ ᠤ᠋ᠨ ᠪᠦᠲᠦᠭᠡᠭᠳᠡᠭᠦᠨ᠂ ᠣᠷᠣᠰ ᠤ᠋ᠨ ᠴᠠᠶ᠂ ᠠᠷᠢᠬᠢ᠂ ᠱᠢᠬᠢᠷ ᠴᠣᠺᠣᠯᠠᠳ᠋ ᠪᠠ ᠰᠤᠯᠠ ᠢᠳᠡᠭᠡᠨ᠂ ᠱᠢᠨ᠎ᠡ ᠽᠢᠯᠠᠨᠳ᠋ ᠤ᠋ᠨ ᠰᠦᠨ ᠲᠠᠯᠬ᠎ᠠ᠂ ᠰᠸᠷᠪᠢᠶᠠ ᠵᠢᠨ ᠤᠯᠠᠭᠠᠨ ᠠᠷᠢᠬᠢ᠂ ᠢᠲ᠋ᠠᠯᠢ ᠵᠢᠨ ᠦᠵᠦᠮ ᠤ᠋ᠨ ᠠᠷᠢᠬᠢ ᠵᠡᠷᠭᠡ ᠦᠵᠡᠭᠡᠳ ᠬᠠᠨᠤᠰᠢ ᠦᠭᠡᠢ ᠤᠯᠠᠨ ᠪᠠᠷᠠᠭ᠎ᠠ ᠨᠢᠳᠤ ᠬᠤᠵᠢᠷᠯᠠᠨ᠂ ᠶᠠᠭ ᠯᠡ ᠡᠶ᠎ᠡ ᠨᠠᠢᠷᠠᠮᠳᠠᠭᠤ ᠤᠯᠠᠨ ᠤᠯᠤᠰ ᠤ᠋ᠨ ᠠᠷᠠᠯᠵᠢᠶᠠᠨ ᠤ᠋ ᠵᠠᠬ᠎ᠠ ᠲᠡᠯᠭᠡᠭᠦᠷ ᠭᠡᠮᠡᠷ᠃
ᠲᠠᠪᠤᠳᠤᠭᠠᠷ ᠬᠤᠭᠤᠴᠠᠭᠠᠨ ᠤ᠋ ᠳᠤᠮᠳᠠᠳᠤ ᠮᠣᠩᠭᠣᠯ ᠤ᠋ᠨ ᠦᠵᠡᠰᠬᠦᠯᠡᠡᠭ ᠤ᠋ᠨ ᠴᠤᠭ᠍ᠯᠠᠭᠠᠨ ᠳ᠋ᠤ ᠮᠣᠩᠭᠣᠯ ᠤᠯᠤᠰ ᠵᠢᠴᠢ ᠤᠷᠤᠰ᠂ ᠪᠷᠠᠽᠢᠯ᠂ ᠢᠷᠡᠨ᠂ ᠭᠠᠨᠠ᠂ ᠢᠲ᠋ᠠᠯᠢ᠂ ᠫᠤᠯᠠᠨᠳ᠋᠂ ᠺᠤᠷᠢᠶᠠ᠂ ᠸᠢᠶ᠍ᠸᠲ᠋ᠨᠠᠮ᠂ ᠰᠢᠨ᠎ᠠ ᠽᠸᠯᠠᠨᠳ᠋᠂ ᠠᠦ᠋ᠰᠲᠷᠡᠯᠢᠶ᠎ᠠ᠂ ᠦᠷᠦ᠋ᠭᠤᠸᠠᠢ᠂ ᠺᠠᠽᠠᠬᠰᠲᠨᠨ᠂ ᠰᠸᠷᠪᠢᠶᠠ᠂ ᠲᠠᠢ ᠤᠯᠤᠰ᠂ ᠮᠠᠯᠠᠢᠰᠢᠶ᠎ᠠ᠂ ᠪᠸᠯᠦᠷᠦ᠋ᠰᠢᠶᠠ ᠵᠡᠷᠭᠡ 16 ᠤᠯᠤᠰ ᠤ᠋ᠨ ᠤᠬᠢ ᠰᠤᠳᠤᠨ ᠪᠠᠷᠠᠭ᠎ᠠ ᠪᠦᠲᠦᠭᠡᠭᠳᠡᠭᠦᠨ ᠳᠡᠯᠭᠡᠭᠳᠡᠵᠤ᠂ ᠲᠦᠷᠪᠡᠨ ᠵᠦᠭ ᠨᠠᠢ᠍ᠮᠠᠨ ᠵᠤᠪᠬᠢᠰ ᠡᠴᠡ ᠬᠦᠷᠦᠯᠴᠡᠨ ᠢᠷᠡᠭᠰᠡᠳ ᠲᠦ᠍ ᠳᠠᠯᠠᠬᠡᠢ ᠳ᠋ᠡᠬᠢᠨ ᠢ᠋ᠢᠡᠷ ᠠᠶᠠᠯᠠᠵᠤ ᠪᠠᠢᠭ᠎ᠠ ᠮᠡᠲᠤ ᠳᠡᠯᠭᠡᠷ ᠶᠡᠬᠡ ᠬᠠᠪᠤ ᠴᠡᠡᠭᠭᠡᠯ ᠢ᠋ ᠡᠳ᠋ᠯᠡᠭᠦᠯᠤᠨᠠ᠃
《ᠪᠢᠳᠡ ᠳᠤᠮᠳᠠᠳᠤ ᠮᠣᠩᠭᠣᠯ ᠤ᠋ᠨ ᠦᠵᠡᠰᠭᠦᠯᠡᠩ ᠤ᠋ᠨ ᠴᠤᠭ᠍ᠯᠠᠭᠠᠨ ᠳ᠋ᠤ ᠭᠤᠷᠪᠠᠳᠠᠬᠢ ᠤᠳᠠᠭ᠎ᠠ ᠪᠠᠨ ᠣᠷᠣᠯᠴᠠᠵᠤ ᠪᠠᠢᠨ᠎ᠠ᠃ ᠡᠨᠡ ᠤᠳᠠᠭ᠎ᠠ ᠠᠷᠠᠰᠤᠨ ᠡᠳ᠋ᠯᠡᠯ᠂ ᠬᠡᠡᠭᠭᠡᠷᠭᠡ᠂ ᠨᠢᠭᠤᠷ ᠤ᠋ᠨ ᠲᠤᠰᠤ ᠵᠡᠷᠭᠡ ᠤᠯᠠᠨ ᠲᠦᠷᠦᠯ ᠤ᠋ᠨ ᠪᠦᠲᠦᠭᠡᠭᠳᠡᠭᠦᠨ ᠢ᠋ ᠠᠪᠴᠢᠷᠠᠯ᠎ᠠ᠂ ᠮᠠᠨ ᠤ᠋ ᠪᠦᠲᠦᠭᠡᠭᠳᠡᠭᠦᠨ ᠳᠤᠮᠳᠠᠳᠤ ᠤᠯᠤᠰ ᠤ᠋ᠨ ᠬᠡᠷᠡᠭ᠌ᠯᠡᠭ᠌ᠴᠢᠳ ᠲᠤ᠌ ᠤᠯᠠᠮ ᠡᠴᠡ ᠤᠯᠠᠮ ᠮᠡᠳᠡᠷᠡᠭᠳᠡᠬᠦ ᠪᠤᠯᠵᠤ ᠪᠠᠢᠨ᠎ᠠ》 ᠭᠡᠵᠤ ᠭᠠᠨᠠ ᠢ᠋ᠢᠨ ᠠᠷᠠᠯᠵᠢᠶᠠᠴᠢᠨ ᠰᠠᠮᠠ ᠰᠤᠷᠪᠤᠯᠵᠢᠯᠠᠭᠴᠢ ᠳ᠋ᠤ ᠪᠠᠶᠠᠷᠲᠠᠢ ᠶᠠᠷᠢᠨ᠎ᠠ᠃
ᠮᠣᠩᠭᠣᠯ ᠤᠯᠤᠰ ᠤ᠋ᠨ ᠪᠠᠷᠠᠭ᠎ᠠ ᠲᠠᠸᠠᠷ ᠤ᠋ᠨ ᠦᠵᠡᠭᠦᠯᠭᠡ ᠢ᠋ᠢᠨ ᠲᠣᠭᠣᠷᠢᠭ ᠲᠦ᠍ ᠡᠯ᠎ᠠ ᠲᠦᠷᠦᠯ ᠤ᠋ᠨ ᠨᠤᠤᠰᠤ ᠨᠤᠤᠯᠤᠭᠤᠷ ᠤ᠋ᠨ ᠪᠦᠲᠦᠭᠡᠭᠳᠡᠭᠦᠨ ᠪᠠ ᠦᠨᠳᠦᠰᠦᠲᠡᠨ ᠤ᠋ ᠬᠤᠪᠴᠠᠰᠤ ᠵᠠᠰᠠᠯ ᠤᠯᠠᠨ ᠤ᠋ ᠪᠠᠬᠠᠷᠬᠠᠯ ᠢ᠋ ᠲᠠᠳᠠᠵᠤ᠂ 《ᠡᠨᠡ ᠡᠳ᠋ ᠭᠤᠶᠤ ᠪᠠᠢᠨ᠎ᠠ!》 ᠬᠡᠵᠤ ᠦᠪᠡᠷ ᠤ᠋ᠨ ᠡᠷᠬᠡ ᠦᠬᠡᠢ ᠱᠠᠭᠰᠢᠵᠠᠭᠠᠨᠠ᠃ ᠲᠤᠰ ᠬᠤᠭᠤᠴᠠᠭᠠᠨ ᠤ᠋ ᠦᠵᠡᠰᠭᠦᠯᠡᠩ ᠤ᠋ᠨ ᠴᠤᠭ᠍ᠯᠠᠭᠠᠨ ᠳ᠋ᠤ ᠮᠣᠩᠭᠣᠯ ᠤᠯᠤᠰ ᠤ᠋ᠨ 354 ᠠᠵᠤ ᠠᠬᠤᠢᠯᠠᠯ ᠤᠷᠤᠯᠴᠠᠵᠤ᠂ ᠮᠤᠡᠭᠭᠤᠯ ᠤᠯᠤᠰ ᠤ᠋ᠨ ᠢᠰᠡᠭᠡᠢ ᠤᠷᠠᠯᠠᠯ᠂ ᠭᠠᠷ ᠤᠷᠠᠯᠠᠯ᠂ ᠠᠷᠠᠰᠤᠨ ᠡᠳ᠋ᠯᠡᠯ᠂ ᠨᠤᠤᠰᠤ ᠨᠤᠤᠯᠤᠭᠤᠷ ᠵᠡᠷᠭᠡ 1000 ᠭᠠᠷᠤᠢ ᠵᠦᠢᠯ ᠤ᠋ᠨ ᠪᠠᠷᠠᠭ᠎ᠠ ᠪᠦᠳᠦᠬᠡᠭᠳᠡᠬᠦᠨ ᠢ᠋ ᠳᠡᠯᠭᠡᠨ ᠪᠤᠷᠤᠯᠠᠭᠤᠯᠵᠤ ᠪᠤᠢ᠃《ᠪᠢᠳᠡ ᠳᠤᠮᠳᠠᠳᠤ ᠮᠣᠩᠭᠣᠯ ᠤ᠋ᠨ ᠦᠵᠡᠰᠭᠦᠯᠡᠩ ᠤ᠋ᠨ ᠴᠤᠬᠯᠠᠭᠠᠨ ᠳ᠋ᠤ ᠬᠤᠶᠠᠳᠠᠬᠢ ᠤᠳᠠᠭ᠎ᠠ ᠪᠠᠨ ᠤᠷᠤᠯᠴᠠᠵᠤ ᠪᠠᠢᠨ᠎ᠠ᠃ ᠵᠠᠭᠪᠤᠷ ᠪᠠ ᠮᠠᠲᠸᠷᠢᠶᠠᠯ ᠳ᠋ᠠᠭᠠᠨ ᠮᠠᠰᠢ ᠶᠡᠬᠡ ᠠᠡᠭᠬᠠᠷᠤᠯ ᠲᠠᠯᠪᠢᠳᠠᠭ ᠤᠴᠢᠷ ᠡᠴᠡ ᠮᠠᠨ ᠤ᠋ ᠪᠦᠲᠦᠭᠡᠭᠳᠡᠭᠦᠨ ᠬᠦᠮᠦᠰ ᠲᠤ᠌ ᠲᠠᠭᠠᠯᠠᠭᠳᠠᠳᠠᠭ᠂ ᠪᠢᠳᠡ ᠪᠠᠷᠠᠭ᠎ᠠ ᠪᠦᠲᠦᠭᠡᠭᠳᠡᠭᠦᠨ ᠢ᠋ᠢᠡᠨ ᠳᠤᠮᠳᠠᠳᠤ ᠤᠯᠤᠰ ᠤ᠋ᠨ ᠵᠠᠬ᠎ᠠ ᠳᠡᠯᠭᠡᠭᠦᠷ ᠲᠤ᠌ ᠣᠷᠣᠭᠤᠯᠬᠤ ᠢ᠋ᠢᠨ ᠲᠥᠯᠥᠭᠡ ᠠᠵᠢᠯᠯᠠᠵᠤ ᠪᠠᠢᠭ᠎ᠠ》 ᠭᠡᠵᠤ ᠮᠤᠡᠭᠭᠤᠯ ᠤᠯᠤᠰ ᠤ᠋ᠨ《ᠨᠢᠳᠤᠨ》ᠲᠡᠮᠳᠡᠭᠲᠤ ᠢ᠋ᠢᠨ ᠵᠠᠭᠪᠤᠷ ᠵᠤᠬᠢᠶᠠᠨ ᠪᠦᠲᠦᠭᠡᠭᠴᠢ ᠤᠳᠬᠤᠠᠠᠤᠶᠤᠨ ᠲᠠᠨᠢᠯᠴᠠᠭᠤᠯᠤᠯ᠎ᠠ᠃
《ᠨᠡᠢᠰᠯᠠᠯ ᠤ᠋ᠨ ᠵᠢᠵᠢᠭ ᠳᠤᠮᠳᠠ ᠦᠢᠯᠡᠳᠪᠦᠷᠢᠯᠡᠯ ᠤ᠋ᠨ ᠦᠢᠯᠡᠴᠢᠯᠡᠬᠦ ᠲᠦᠪ ᠡᠴᠡ 9 ᠲᠡᠭᠦᠷᠭᠡ ᠢ᠋ᠢᠨ 150 ᠠᠵᠤ ᠠᠬᠤᠢᠯᠠᠯ ᠢ᠋ ᠵᠤᠬᠢᠶᠠᠨ ᠪᠠᠢᠭᠤᠯᠵᠤ ᠲᠤᠰ ᠬᠤᠭᠤᠴᠠᠭᠠᠨ ᠤ᠋ ᠦᠵᠡᠰᠬᠦᠯᠡᠡᠭ ᠤ᠋ᠨ ᠴᠤᠭᠯᠠᠭᠠᠨ ᠳ᠋ᠤ ᠤᠷᠤᠯᠴᠠᠭᠤᠯᠤᠭᠰᠠᠨ ᠶᠤᠮ᠃ ᠪᠢᠳᠡᠨ ᠤ᠋ ᠪᠤᠷᠤᠯᠠᠭᠤᠯᠭ᠎ᠠ ᠮᠠᠰᠢ ᠰᠠᠢᠨ ᠪᠠᠢᠨ᠎ᠠ》 ᠭᠡᠵᠤ ᠮᠤᠡᠭᠭᠤᠯ ᠤᠯᠤᠰ ᠤ᠋ᠨ ᠨᠡᠢᠰᠯᠠᠯ (ᠤᠯᠠᠭᠠᠨᠪᠠᠭᠠᠳᠤᠷ) ᠤ᠋ᠨ ᠵᠢᠵᠢᠭ ᠳᠤᠮᠳᠠ ᠦᠢᠯᠡᠳᠪᠦᠷᠢᠯᠡᠯ ᠤ᠋ᠨ ᠦᠢᠯᠡᠴᠢᠯᠡᠬᠦ ᠲᠦᠪ ᠤ᠋ᠨ ᠳᠠᠷᠤᠭ᠎ᠠ ᠤᠨᠳᠤᠷᠮ᠎ᠠ ᠤᠷᠮᠠᠲᠠᠢ ᠶᠠᠷᠢᠨ᠎ᠠ᠃
ᠲᠠᠪᠤᠳᠤᠭᠠᠷ ᠬᠤᠭᠤᠴᠠᠭᠠᠨ ᠤ᠋ ᠳᠤᠮᠳᠠᠳᠤ ᠮᠣᠩᠭᠣᠯ ᠤ᠋ᠨ ᠦᠵᠡᠰᠭᠦᠯᠡᠩ ᠤ᠋ᠨ ᠴᠤᠭ᠍ᠯᠠᠭᠠᠨ ᠡᠯ᠎ᠠ ᠤᠯᠤᠰ ᠤ᠋ᠨ ᠬᠤᠳᠠᠯᠳᠤᠭᠠᠴᠢᠨ ᠳ᠋ᠤ ᠠᠵᠤ ᠠᠬᠤᠶ ᠠᠷᠠᠯᠵᠢᠶᠠᠨ ᠤ᠋ ᠰᠣᠯᠢᠯᠴᠠᠭ᠎ᠠ ᠬᠢᠬᠦ ᠦᠷᠭᠡᠨ ᠳᠡᠯᠭᠡᠷ ᠲᠠᠪᠴᠠᠩ ᠬᠠᠩᠭᠠᠵᠤ᠂ ᠦᠷᠬᠡᠨ ᠤᠯᠠᠨ ᠬᠡᠷᠡᠭᠯᠡᠭᠴᠢᠳ ᠲᠦ᠍ ᠦᠨᠢᠷ ᠪᠠᠶᠠᠯᠢᠭ ᠵᠠᠬ᠎ᠠ ᠲᠠᠯᠬᠡᠬᠦᠷ ᠬᠠᠩᠭᠠᠭᠰᠠᠨ ᠨᠢ ᠢᠯᠡᠭᠡᠨ᠃