ᠰᠦᠷ ᠬᠦᠴᠦᠳᠦ 《ᠤᠯᠠᠭᠠᠨ ᠲᠤᠭ ᠤ᠋ᠨ ᠮᠠᠭ᠍ᠲᠠᠭᠠᠯ》 ᠴᠤᠤᠷᠢᠶᠠᠳᠤᠨ ᠬᠠᠩᠬᠢᠨᠠᠵᠦ ᠦᠵᠡᠭᠴᠢᠳ ᠤ᠋ᠨ ᠰᠡᠳᠬᠢᠯ ᠢ᠋ ᠬᠦᠪᠦᠯᠵᠡᠬᠦᠯᠦᠨᠠ᠃ ᠳᠤᠮᠳᠠᠳᠤ ᠤᠯᠤᠰ ᠤ᠋ᠨ ᠠᠷᠠᠳ ᠲᠦᠮᠡᠨ ᠤ᠋ ᠶᠠᠫᠣᠨ ᠢ᠋ ᠡᠰᠡᠷᠭᠦᠴᠡᠬᠦ᠌ ᠲᠠᠢ᠌ᠨ ᠵᠢᠴᠢ ᠳᠡᠯᠡᠬᠡᠢ ᠶ᠋ᠢᠨ ᠹᠠᠱ᠌ᠢᠰ ᠢ᠋ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ 80 ᠵᠢᠯ ᠤ᠋ᠨ ᠤᠢ ᠵᠢ ᠳᠤᠷᠠᠰᠬᠠᠬᠤ ᠪᠡᠷ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠨᠠᠢᠷᠠᠯ ᠬᠥᠭ᠌ᠵᠢᠮ ᠤ᠋ᠨ ᠪᠦᠯᠬᠦᠮ 8 ᠰᠠᠷ᠎ᠠ ᠶ᠋ᠢᠨ 27 ᠤ᠋ ᠤᠷᠤᠢ ᠥᠪᠥᠷ ᠮᠣᠩᠭᠣᠯ ᠤ᠋ᠨ ᠤᠯᠠᠭᠠᠨ ᠲᠢᠶᠠᠲ᠋ᠷ ᠲᠦ᠍ 《ᠬᠠᠳᠤᠨ ᠭᠣᠣᠯ》 ᠭᠣᠣᠯ ᠰᠡᠳᠦᠪᠲᠦ ᠨᠠᠢᠷᠠᠯ ᠬᠥᠭ᠌ᠵᠢᠮ ᠤ᠋ᠨ ᠦᠳᠡᠱᠢᠯᠡᠭᠡ ᠭᠠᠷᠭᠠᠵᠤ᠂ ᠶᠠᠫᠣᠨ ᠢ᠋ ᠡᠰᠡᠷᠭᠦᠴᠡᠬᠦ᠌ ᠲᠠᠢᠨ ᠤ᠋ ᠪᠡᠷᠬᠡ ᠬᠠᠲᠠᠭᠤᠵᠢᠯᠲᠠᠶ ᠲᠡᠥᠬᠡ ᠵᠢ ᠡᠷᠬᠢᠴᠡᠬᠦᠯᠤᠨ᠂ ᠶᠠᠫᠣᠨ ᠢ᠋ ᠡᠰᠡᠷᠭᠦᠴᠡᠬᠦ᠌ ᠲᠠᠢᠨ ᠤ᠋ ᠠᠭᠤᠤ ᠶᠡᠬᠡ ᠵᠣᠷᠢᠭ ᠰᠠᠨᠠᠭ᠎ᠠ ᠵᠢ ᠮᠠᠭ᠍ᠲᠠᠨ ᠳᠠᠭᠤᠯᠠᠵᠠᠢ᠃
ᠳᠠᠯᠠᠪᠠᠢ ᠲᠦᠬᠦᠷᠡᠩ ᠰᠠᠭᠤᠯᠴᠠᠭᠰᠠᠨ ᠴᠢᠯᠥᠭᠡᠯᠡᠬᠦ᠌ ᠴᠡᠷᠢᠭ ᠤ᠋ᠨ ᠳᠠᠷᠤᠭ᠎ᠠ ᠪᠠᠢᠯᠳᠤᠭ᠍ᠴᠢ᠂ ᠭᠠᠯ ᠤᠨᠲᠠᠷᠠᠭᠠᠬᠤ ᠠᠩᠭᠢ᠂ ᠳᠣᠲᠣᠭᠠᠳᠤ ᠵᠢ ᠬᠠᠮᠠᠭᠠᠯᠠᠬᠤ ᠺᠠᠳ᠋ᠷ ᠴᠠᠭ᠍ᠳᠠᠭᠠ᠂ ᠶᠡᠬᠡ ᠳᠡᠭᠡᠳᠦ ᠰᠤᠷᠭᠠᠭᠤᠯᠢ ᠶ᠋ᠢᠨ ᠪᠠᠭ᠍ᠰᠢ ᠰᠤᠷᠤᠭ᠍ᠴᠢᠳ ᠰᠡᠳᠬᠢᠯ ᠵᠢᠡᠨ ᠲᠦᠪᠯᠡᠷᠡᠬᠦᠯᠤᠨ ᠦᠳᠡᠰᠢᠯᠡᠬᠡ ᠵᠢ ᠰᠤᠨᠢᠷᠬᠠᠨ᠎ᠠ᠃ 《ᠢ ᠮᠸᠩ ᠱᠠᠨ》 ᠣᠷᠣᠱᠢᠯ ᠬᠥᠭ᠌ᠵᠢᠮ ᠴᠤᠤᠷᠢᠶᠠᠲᠤᠨ᠂ ᠪᠥᠵᠢᠭ᠌ᠲᠦ ᠵᠦᠴᠦᠭᠡ 《ᠡᠮᠡᠭ᠌ᠲᠡᠢ ᠤᠯᠠᠭᠠᠨ ᠴᠡᠷᠢᠭ》 ᠤ᠋ᠨ ᠰᠣᠩᠭᠣᠮᠠᠯ ᠬᠡᠰᠡᠭ᠂ 《ᠫᠢᠫᠠ ᠬᠦᠭᠵᠢᠮ ᠢ᠋ᠶ᠋ᠡᠨ ᠬᠥᠭ᠌ᠵᠢᠮᠳᠡᠵᠦ ᠤᠶᠠᠩᠭᠠᠳᠦ ᠳᠠᠭᠤᠤ ᠪᠠᠨ ᠡᠷᠬᠦᠶ᠎ᠠ》 ᠭᠡᠬᠦ᠌ ᠠᠶᠠᠰ ᠨᠢ ᠬᠥᠮᠦᠰ ᠤ᠋ᠨ ᠰᠡᠳᠭᠢᠯ ᠢ᠋ ᠳᠣᠭ᠍ᠳᠣᠯᠤᠭᠤᠯᠤᠨᠠ᠃ 《ᠬᠢᠯᠢ ᠶ᠋ᠢᠨ ᠬᠠᠮᠠᠭᠠᠯᠠᠯᠲᠠ ᠶ᠋ᠢᠨ ᠮᠣᠷᠢᠲᠤ ᠴᠡᠷᠢᠭ ᠤ᠋ᠨ ᠤᠷᠤᠭ᠍ᠰᠢᠯᠠᠯᠲᠠ ᠶ᠋ᠢᠨ ᠬᠥᠭ᠌ᠵᠢᠮ》 ᠤ᠋ᠨ ᠠᠢᠵᠠᠮ ᠨᠢ ᠢᠳᠡᠷᠡᠭᠦᠨ ᠵᠢᠪᠬᠤᠭᠠᠯᠢᠭ ᠪᠠᠢᠵᠤ᠂ ᠡᠷᠡᠯᠬᠡᠭ ᠪᠠᠭᠠᠲᠤᠷᠯᠢᠭ ᠲᠠᠢ᠌ᠴᠢᠨ ᠵᠣᠷᠢᠭ ᠰᠠᠨᠠᠭ᠎ᠠ ᠵᠢ ᠢᠯᠡᠷᠡᠭᠦᠯᠦᠨ᠎ᠠ᠃ 《ᠶᠢᠩ ᠱᠠᠨ ᠬᠣᠩ》 ᠳ᠋ᠤ ᠬᠤᠪᠢᠰᠭᠠᠯᠲᠤ ᠬᠦᠰᠡᠬᠦᠢᠴᠢ ᠦᠵᠡᠯ ᠤ᠋ᠨ ᠬᠠᠢᠷ᠎ᠠ ᠰᠡᠳᠭᠢᠯᠭᠡ ᠵᠢ ᠬᠦᠭᠵᠢᠮᠳᠡᠵᠦ᠂ 《ᠠᠷᠠᠳ ᠲᠦᠮᠡᠨ ᠤ᠋ ᠢᠯᠠᠯᠲᠠ》 ᠳ᠋ᠤ ᠢᠯᠠᠯᠲᠠ ᠶ᠋ᠢᠨ ᠳᠠᠭᠤᠯᠠᠯ ᠢ᠋ ᠪᠢᠴᠢᠭ᠌ᠯᠡᠪᠡ᠃ ᠲᠡᠭᠦᠯᠳᠡᠷ ᠬᠤᠭᠤᠷ ᠤ᠋ᠨ ᠲᠣᠳᠣᠷᠠᠭᠤᠯᠤᠯᠲᠠ ᠬᠥᠭ᠌ᠵᠢᠮ 《ᠬᠠᠳᠤᠨ ᠭᠣᠣᠯ》 ᠨᠢ ᠦᠳᠡᠰᠢᠯᠡᠬᠡᠶᠢᠨ ᠤᠷᠬᠢᠯ ᠪᠤᠯᠵᠦ᠂ ᠬᠠᠳᠤᠨ ᠭᠣᠣᠯ ᠤ᠋ᠨ ᠰᠦᠷ ᠵᠢᠪᠬᠤᠭ᠎ᠠ ᠪᠣᠯᠤᠨ ᠳᠤᠮᠳᠠᠳᠤ ᠶ᠋ᠢᠨ ᠦᠨᠳᠦᠰᠦᠲᠡᠨ ᠤ᠋ ᠨᠤᠭᠤᠷᠠᠰᠢ ᠦᠭᠡᠢ ᠵᠣᠷᠢᠭ ᠰᠠᠨᠠᠭ᠎ᠠ ᠵᠢᠨ ᠬᠦᠴᠦᠨ ᠴᠢᠳᠠᠯ ᠢ᠋ ᠢᠯᠡᠷᠡᠭᠦᠯᠵᠠᠢ᠃ 《ᠬᠠᠳᠤᠨ ᠭᠣᠣᠯ ᠪᠣᠯ ᠮᠠᠨ ᠤ᠋ ᠳᠤᠮᠳᠠᠳᠤ ᠶ᠋ᠢᠨ ᠦᠨᠳᠦᠰᠦᠲᠡᠨ ᠤ᠋ ᠡᠵᠢ ᠭᠣᠣᠯ ᠮᠦᠨ᠂ ᠲᠤᠰ ᠦᠳᠡᠱᠢᠯᠡᠭᠡ ᠳ᠋ᠤ ᠬᠠᠳᠤᠨ ᠭᠣᠣᠯ ᠢ᠋ᠶ᠋ᠠᠷ ᠭᠣᠣᠯ ᠰᠡᠳᠦᠪ ᠪᠣᠯᠭᠠᠨ᠂ ᠳᠤᠮᠳᠠᠳᠤ ᠤᠯᠤᠰ ᠤ᠋ᠨ ᠰᠣᠩᠭᠣᠳᠠᠭ ᠪᠦᠲᠦᠭᠡᠯ ᠢ᠋ ᠰᠣᠩᠭᠣᠨ ᠬᠦᠭᠵᠢᠮᠳᠡᠭᠰᠡᠨ ᠨᠢ ᠦᠩᠬᠡᠷᠡᠭᠰᠡᠨ ᠲᠡᠦᠬᠡ ᠪᠠᠨ ᠢᠮᠠᠭ᠍ᠲᠠ ᠪᠠᠲᠤ ᠴᠡᠭᠡᠵᠢᠯᠡᠵᠦ᠍᠂ ᠪᠦᠬᠦᠳᠡ ᠤᠯᠠᠨ ᠢ᠋ ᠵᠣᠷᠢᠭ᠍ᠵᠢᠭᠤᠯᠤᠨ ᠵᠣᠷᠢᠭ᠍ᠲᠠᠢ ᠪᠡᠷ ᠤᠷᠤᠭ᠍ᠰᠢᠯᠠᠬᠤ ᠵᠢ ᠵᠤᠷᠢᠭᠰᠠᠨ ᠶᠤᠮ》 ᠭᠡᠵᠦ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠨᠠᠢᠷᠠᠯ ᠬᠥᠭ᠌ᠵᠢᠮ ᠤ᠋ᠨ ᠪᠦᠯᠬᠦᠮ ᠤ᠋ᠨ ᠪᠠᠢᠩᠭᠤ ᠶ᠋ᠢᠨ ᠤᠳᠤᠷᠢᠳᠤᠭᠠᠴᠢ ᠴᠠᠢ ᠬᠤᠤ ᠹᠦ᠋ ᠬᠡᠯᠡᠨ᠎ᠠ᠃
ᠦᠳᠡᠰᠢᠯᠡᠬᠡᠶᠢᠨ ᠲᠡᠬᠦᠰᠬᠡᠯ ᠳ᠋ᠦ ᠨᠠᠢᠷᠠᠯ ᠲᠠᠭᠤᠤ ᠦᠷᠬᠦᠯᠵᠢᠯᠡᠵᠤ᠂ 《ᠳᠠᠮ ᠢᠯᠳᠦ᠍ ᠶ᠋ᠢᠨ ᠤᠷᠤᠭ᠍ᠰᠢᠯᠠᠯᠲᠠ ᠶ᠋ᠢᠨ ᠬᠥᠭ᠌ᠵᠢᠮ》 ᠵᠢᠡᠷ ᠲᠠᠮᠵᠢᠨ ᠳᠡᠯᠡᠬᠡᠢ ᠵᠢ ᠲᠤᠩᠰᠤᠯᠭᠠᠬᠤ ᠰᠦᠷ ᠬᠦᠴᠦᠨ ᠢ᠋ᠶ᠋ᠡᠷ ᠳᠤᠮᠳᠠᠳᠤ ᠶ᠋ᠢᠨ ᠬᠥᠪᠡᠭᠦᠳ ᠥᠬᠢᠳ ᠤ᠋ᠨ ᠡᠬᠡ ᠤᠯᠤᠰ ᠢ᠋ᠶ᠋ᠠᠨ ᠬᠠᠮᠠᠭᠠᠯᠠᠬᠤ ᠣᠮᠣᠭ ᠵᠣᠷᠢᠭ ᠢ᠋ ᠳᠠᠭᠤᠯᠠᠵᠦ᠂ 《ᠲᠠᠢ ᠬᠠᠩ ᠱᠠᠨ ᠠᠭᠤᠯᠠᠨᠳᠤ》 ᠭᠡᠬᠦ ᠲᠠᠭᠤᠤ ᠪᠡᠷ ᠲᠠᠮᠵᠢᠨ ᠭᠦᠨ ᠵᠤᠵᠠᠭᠠᠨ ᠬᠠᠢᠷ᠎ᠠ ᠰᠡᠳᠭᠢᠯᠭᠡ ᠪᠡᠷ ᠪᠠᠭᠠᠲᠤᠷᠴᠤᠳ ᠢ᠋ ᠭᠦᠨ ᠳᠤᠷᠠᠰᠤᠨ ᠰᠠᠨᠠᠭᠠᠯᠵᠠᠵᠤ᠂ 《ᠰᠡᠷᠭᠦᠨ ᠮᠠᠨᠳᠤᠯᠲᠠ ᠵᠦᠭ ᠤᠷᠤᠭ᠍ᠰᠢᠯᠠᠶᠠ》 ᠬᠡᠬᠦ ᠲᠠᠭᠤᠤ ᠪᠡᠷ ᠲᠠᠮᠵᠢᠨ ᠣᠮᠣᠭ ᠲᠡᠭᠦᠯᠳᠡᠷ ᠱᠢᠨ᠎ᠡ ᠴᠠᠭ ᠦᠶ᠎ᠡ ᠶ᠋ᠢᠨ ᠤᠷᠤᠭ᠍ᠰᠢᠯᠠᠯᠲᠠ ᠶ᠋ᠢᠨ ᠪᠦᠷᠢᠶ᠎ᠡ ᠵᠢ ᠬᠠᠩᠭᠢᠨᠠᠭᠤᠯᠪᠠ᠃ ᠬᠠᠮᠤᠭ ᠤ᠋ᠨ ᠰᠡᠬᠦᠯ ᠳ᠋ᠤ ᠪᠦᠬᠦᠳᠡᠭᠡᠷ ᠵᠢᠡᠨ 《ᠡᠭᠡ ᠤᠯᠤᠰ ᠢ᠋ᠶ᠋ᠠᠨ ᠮᠠᠭ᠍ᠲᠠᠨ ᠳᠠᠭᠤᠯᠠᠶ᠎ᠠ》 ᠭᠡᠬᠦ᠌ ᠳᠠᠭᠤᠤ ᠵᠢ ᠬᠠᠮᠲᠤ ᠪᠠᠷ ᠳᠠᠭᠤᠯᠠᠵᠤ᠂ ᠡᠬᠡ ᠤᠷᠤᠨᠴᠢ ᠰᠡᠳᠬᠢᠯᠬᠡ ᠪᠠᠨ ᠢᠯᠡᠳᠭᠡᠪᠡ᠃ ᠦᠳᠡᠱᠢᠯᠡᠭᠡ ᠨᠢ ᠨᠠᠢᠷᠠᠯ ᠬᠥᠭ᠌ᠵᠢᠮ᠂ ᠲᠡᠭᠦᠯᠳᠡᠷ ᠬᠤᠭᠤᠷ ᠤ᠋ᠨ ᠲᠣᠳᠣᠷᠠᠭᠤᠯᠤᠯᠲᠠ ᠬᠥᠭ᠌ᠵᠢᠮ᠂ ᠨᠠᠢᠷᠠᠯ ᠳᠠᠭᠤᠤ ᠵᠢ ᠠᠭᠤᠰᠤᠯᠴᠠᠭᠤᠯᠵᠤ᠂ ᠦᠩᠬᠡᠷᠡᠭᠰᠡᠨ ᠲᠡᠦᠬᠡ ᠪᠠᠨ ᠭᠦᠨ ᠰᠡᠳᠭᠢᠯᠭᠡ ᠲᠡᠶ ᠪᠡᠷ ᠡᠷᠭᠢᠴᠡᠭᠦᠯᠦᠭ᠌ᠰᠡᠨ ᠢ᠋ᠶ᠋ᠡᠷ ᠪᠠᠷᠠᠬᠤ ᠥᠬᠡᠶ ᠪᠠᠰᠠ ᠢᠷᠡᠭᠡᠳᠦᠶ ᠳ᠋ᠦ ᠬᠠᠨᠳᠤᠭᠤᠯᠤᠭ᠍ᠰᠠᠨ ᠴᠢᠩᠭ᠎ᠠ ᠬᠦᠴᠦᠲᠡᠶ ᠲᠤᠩᠬᠠᠭ ᠲᠠᠯᠪᠢᠵᠤ᠂ ᠦᠵᠡᠭ᠌ᠴᠢᠳ ᠢ᠋ ᠬᠦᠳᠦᠯᠦᠨ ᠳᠠᠭᠤᠤ ᠬᠥᠭ᠌ᠵᠢᠮ ᠢ᠋ᠶ᠋ᠡᠷ ᠦᠨᠳᠦᠰᠦᠲᠡᠨ ᠤ᠋ ᠰᠡᠷᠬᠦᠨ ᠮᠠᠨᠳᠤᠯᠳᠠᠶᠢᠨ ᠲᠡᠥᠬᠡ ᠵᠢ ᠡᠷᠭᠢᠴᠡᠭᠦᠯᠵᠦ᠍᠂ ᠤᠯᠤᠰ ᠢ᠋ᠶ᠋ᠠᠨ ᠬᠠᠢᠷᠠᠯᠠᠬᠤ ᠰᠡᠳᠭᠢᠯᠭᠡ ᠵᠢ ᠨᠢᠭ᠍ᠲᠠᠷᠠᠭᠤᠯᠵᠤ᠂ ᠤᠷᠤᠭᠰᠢᠯᠠᠯᠳᠠᠶᠢᠨ ᠬᠦᠴᠦᠨ ᠢ᠋ ᠮᠡᠳᠡᠷᠡᠭᠦᠯᠪᠡ᠃ ᠲᠣᠰ ᠨᠠᠢᠷᠠᠯ ᠬᠥᠭ᠌ᠵᠢᠮ ᠤ᠋ᠨ ᠦᠳᠡᠱᠢᠯᠡᠭᠡ ᠪᠣᠯ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶ᠎ᠠ ᠵᠢᠨ ᠤᠬᠠᠭᠤᠯᠬᠤ ᠬᠡᠯᠲᠡᠰ ᠪᠣᠯᠤᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ ᠤ᠋ᠨ ᠬᠠᠮᠲᠤᠷᠠᠨ ᠵᠣᠬᠢᠶᠠᠨ ᠪᠠᠢᠭᠤᠯᠤᠭ᠍ᠰᠠᠨ 《ᠬᠠᠲᠤᠨ ᠭᠤᠤᠯ》 ᠭᠤᠤᠯ ᠰᠡᠳᠦᠪᠲᠦ ᠣᠯᠠᠨ ᠲᠦᠮᠡᠨᠴᠢ ᠰᠣᠶᠣᠯ ᠤ᠋ᠨ ᠠᠵᠢᠯᠯᠠᠭ᠎ᠠ ᠶ᠋ᠢᠨ ᠭᠤᠤᠯᠳᠠᠯᠭ᠎ᠠ ᠲᠠᠶ ᠠᠭᠤᠯᠭ᠎ᠠ ᠪᠣᠯᠤᠨ᠎ᠠ᠃