8 ᠰᠠᠷ᠎ᠠ ᠢ᠋ᠢᠨ 27 ᠤ᠋ ᠦᠷᠯᠦᠭᠡ᠂ ᠰᠠᠷ ᠰᠠᠷ ᠰᠠᠯᠬᠢ ᠦᠯᠢᠶᠡᠵᠤ ᠰᠢᠪᠡᠷ ᠰᠢᠪᠡᠷ ᠪᠤᠷᠤᠭᠠᠨ ᠵᠦᠰᠡᠷᠡᠨᠠ᠃ 《ᠪᠤᠷᠤᠭᠠᠨ ᠲᠠᠢ ᠪᠤᠯᠪᠠᠴᠤ ᠪᠤᠯᠵᠤᠭ᠎ᠠ ᠶᠤᠰᠤᠭᠠᠷ》 ᠳᠦᠷᠪᠡᠨ ᠵᠦᠭ ᠨᠠᠶ᠋ᠮᠠᠨ ᠵᠤᠪᠬᠢᠰ ᠤ᠋ᠨ ᠵᠣᠴᠢᠳ ᠬᠦᠬᠡᠬᠤᠲᠠ ᠢ᠋ᠢᠨ ᠴᠡᠯᠡᠭᠡᠷ ᠲᠠᠯ᠎ᠠ ᠤᠯᠠᠨ ᠤᠯᠤᠰ ᠤ᠋ᠨ ᠬᠤᠷᠠᠯ ᠦᠵᠡᠰᠬᠦᠯᠡᠡᠭ ᠤ᠋ᠨ ᠲᠦᠪ ᠢ᠋ ᠵᠤᠷᠢᠵᠤ᠂ ᠲᠠᠪᠤᠳᠤᠭᠠᠷ ᠬᠤᠭᠤᠴᠠᠭᠠᠨ ᠤ᠋ ᠲᠤᠮᠳᠠᠳᠤ ᠮᠤᠩᠭᠤᠯ ᠤ᠋ᠨ ᠦᠵᠡᠰᠭᠦᠯᠡᠩ ᠤ᠋ᠨ ᠴᠤᠭᠯᠠᠭᠠᠨ ᠳ᠋ᠤ ᠲᠡᠯᠭᠡᠨ ᠪᠤᠷᠤᠯᠠᠭᠤᠯᠵᠦ ᠪᠠᠢᠭ᠎ᠠ ᠪᠠᠷᠠᠭ᠎ᠠ ᠪᠦᠳᠦᠬᠡᠭᠳᠡᠬᠦᠨ ᠡᠴᠡ ᠲᠤᠭᠤᠵᠤ ᠪᠠᠬᠠᠷᠬᠠᠬᠰᠠᠨ ᠵᠢᠡᠨ ᠰᠤᠡᠭᠭᠤᠨ ᠠᠪᠴᠠᠭᠠᠨᠠ᠃ ᠲᠤᠰ ᠬᠤᠭᠤᠴᠠᠭᠠᠨ ᠤ᠋ ᠦᠵᠡᠰᠬᠦᠯᠡᠩ ᠤ᠋ᠨ ᠴᠤᠭᠯᠠᠭᠠᠨ ᠳ᠋ᠤ ᠮᠠᠨ ᠤ᠋ ᠤᠷᠤᠨ ᠤ᠋ 12 ᠠᠢᠮᠠᠬ ᠬᠤᠳᠠ ᠵᠢᠨ ᠤᠨᠴᠠᠯᠢᠬᠳᠤ ᠪᠠᠷᠠᠭ᠎ᠠ ᠲᠠᠸᠠᠷ ᠢ᠋ ᠲᠤᠰᠬᠠᠢ ᠲᠢᠩᠬᠢᠮ ᠵᠢᠡᠷ ᠲᠦᠪᠯᠡᠷᠡᠬᠦᠯᠦᠨ ᠲᠡᠯᠭᠡᠨ ᠪᠤᠷᠤᠯᠠᠭᠤᠯᠵᠦ ᠪᠤᠢ᠃
ᠦᠪᠡᠳᠡᠭᠰᠢ ᠴᠤᠭᠯᠠᠭᠠᠨ ᠤ᠋ ᠴᠢᠮᠡᠭ ᠪᠤᠯᠤᠭᠰᠠᠨ ᠦᠪᠦᠷ ᠮᠤᠡᠭᠭᠤᠯ ᠤ᠋ᠨ 12 ᠠᠢᠮᠠᠭ ᠬᠣᠲᠠ ᠢ᠋ᠢᠨ ᠦᠵᠡᠭᠦᠯᠭᠡ ᠢ᠋ᠢᠨ ᠲᠤᠭᠤᠷᠢᠭ ᠲᠤ᠌ ᠤᠷᠤᠪᠠᠯ᠂ ᠵᠦᠭᠡᠯᠡᠨ ᠲᠤᠷᠭᠠᠮᠰᠤᠭ ᠢᠮᠠᠭᠠᠨ ᠨᠣᠤᠯᠤᠭᠤᠷ ᠤ᠋ᠨ ᠪᠦᠲᠦᠭᠡᠭ᠌ᠳᠡᠬᠦᠨ《ᠳᠤᠯᠠᠭᠠᠨ ᠬᠤᠳᠠ — ᠤᠷᠳᠤᠰ》 ᠤ᠋ᠨ ᠭᠠᠢᠬᠠᠮᠱᠢᠭ ᠢ᠋ ᠬᠦᠤᠷᠨᠢᠵᠤ᠂ ᠬᠠᠮᠤᠭ ᠤ᠋ᠨ ᠲᠦᠷᠦᠭᠦᠨ ᠳ᠋ᠤ ᠬᠠᠷᠠᠭᠠᠨ ᠳ᠋ᠤ ᠲᠤᠰᠤᠨ᠎ᠠ᠃ ᠳᠤᠲᠤᠭᠰᠢᠯᠠᠪᠠᠯ ᠪᠠᠶᠠᠨᠨᠠᠭᠤᠷ ᠬᠤᠲᠠ ᠢ᠋ᠢᠨ ᠰᠢᠨ᠎ᠠ ᠰᠤᠷᠭᠤᠭ ᠭᠤᠸ᠎ᠠ ᠵᠢᠮᠢᠰ᠂ ᠢᠳᠡᠱᠢᠨ ᠨᠣᠭᠣᠭ᠎ᠠ ᠡᠯᠪᠡᠭ ᠬᠤᠷᠢᠶᠠᠯᠲᠠ ᠢ᠋ᠢᠨ ᠪᠠᠶᠠᠷ ᠪᠠᠬᠠᠳᠤᠯ ᠢ᠋ ᠮᠡᠳᠡᠭᠡᠯᠡᠨ 《ᠮᠦᠰᠢᠶᠡᠨ》 ᠤᠭᠲᠤᠨ᠎ᠠ᠃
ᠰᠢᠯᠢ ᠢ᠋ᠢᠨ ᠭᠤᠤᠯ ᠤ᠋ᠨ ᠴᠠᠭᠠᠨ ᠢᠳᠡᠭᠡᠨ ᠡᠴᠡ ᠦᠬᠠᠶ ᠢ᠋ᠢᠨ ᠦᠵᠦᠮ ᠤ᠋ᠨ ᠠᠷᠢᠬᠢ᠂ ᠲᠦᠩᠯᠢᠶᠣᠤ ᠢ᠋ᠢᠨ ᠡᠯᠡᠰᠦᠨ ᠦᠵᠦᠮ᠂ ᠬᠦᠯᠦᠨ ᠪᠤᠢᠷ ᠤ᠋ᠨ ᠦᠬᠡᠷ ᠬᠣᠨᠢᠨ ᠮᠢᠬ᠎ᠠ᠂ ᠤᠯᠠᠭᠠᠨᠴᠠᠪ ᠤ᠋ᠨ ᠬᠠᠭ᠍ᠰᠠᠭᠠᠮᠠᠯ ᠪᠤᠤᠪᠤ᠂ ᠬᠥᠬᠡᠬᠣᠲᠠ ᠢ᠋ᠢᠨ ᠣᠨᠴᠠᠯᠢᠭ᠍ᠲᠤ ᠢᠳᠡᠭᠡᠨ᠂ ᠤᠯᠠᠭᠠᠨᠬᠠᠳᠠ ᠢ᠋ᠢᠨ ᠬᠠᠰ ᠡᠳ᠋ᠯᠡᠯ᠂ ᠠᠯᠠᠱᠨ ᠢ᠋ᠢᠨ ᠬᠠᠴᠢᠨ ᠴᠢᠯᠠᠭᠤᠨ ᠤ᠋ ᠰᠤᠶᠤᠯ ᠤ᠋ᠨ ᠪᠦᠲᠦᠭᠡᠯᠴᠢ ᠦᠢᠯᠡᠳᠬᠦᠨ᠂ ᠬᠢᠩᠭᠠᠨ ᠠᠢᠮᠠᠬ ᠤ᠋ᠨ ᠰᠤᠶᠤᠯ ᠤ᠋ᠨ ᠪᠦᠲᠦᠭᠡᠯᠴᠢ ᠦᠢᠯᠡᠳᠬᠦᠨ ᠬᠦᠷᠳᠡᠯ᠎ᠡ ᠦᠡᠭ ᠦᠷᠭᠡᠨ ᠦᠪᠦᠷ ᠮᠤᠡᠭᠭᠤᠯ ᠤ᠋ᠨ 12 ᠠᠢᠮᠠᠬ ᠬᠤᠳᠠ ᠵᠢᠨ ᠦᠪᠡᠷᠮᠢᠴᠠ ᠰᠤᠳᠤᠨ ᠪᠠᠷᠠᠭ᠎ᠠ ᠪᠦᠲᠦᠭᠡᠭᠳᠡᠭᠦᠨ ᠡᠨᠳᠡ ᠡᠯᠪᠡᠭ ᠲᠡᠯᠪᠡᠭ ᠲᠡᠯᠭᠡᠭᠳᠡᠵᠦ ᠪᠤᠢ᠃
ᠰᠢᠯᠢ ᠢ᠋ᠢᠨ ᠭᠤᠤᠯ ᠠᠢᠮᠠᠭ ᠤ᠋ᠨ ᠦᠵᠡᠭᠦᠯᠭᠡ ᠢ᠋ᠢᠨ ᠲᠤᠭᠤᠷᠢᠭ ᠲᠤ᠌《〈ᠪᠤᠷᠵᠠᠡᠭ ᠬᠦᠯᠳᠡᠭᠦᠤ ᠱᠠᠯᠪᠢᠡᠭ〉 ᠢ᠋ᠢᠡᠨ ᠨᠡᠡᠭ ᠤᠯᠠᠨ ᠭᠦᠮᠤᠨ ᠳ᠋ᠤ ᠲᠠᠨᠢᠭᠤᠯᠬᠤ ᠪᠡᠷ ᠢᠷᠡᠯ᠎ᠠ》 ᠭᠡᠵᠤ ᠵᠠᠭᠦᠨ ᠦᠵᠦᠮᠦᠴᠢᠨ ᠬᠤᠰᠢᠭᠤᠨ ᠤ᠋ ᠰᠢᠨᠵᠢᠯᠡᠲᠤ ᠬᠦᠰᠡᠯ ᠵᠤᠷᠢᠯᠲᠠ ᠪᠡᠨ ᠲᠤᠪᠴᠢ ᠲᠤᠳᠤᠷᠬᠠᠢ ᠶᠠᠷᠢᠨ᠎ᠠ᠃ ᠬᠢᠡᠭᠭᠠᠨ ᠠᠢᠮᠠᠭ ᠤ᠋ᠨ ᠦᠵᠡᠭᠦᠯᠭᠡ ᠢ᠋ᠢᠨ ᠲᠤᠭᠤᠷᠢᠭ ᠲᠤ᠌ 《 ᠮᠠᠨ ᠤ᠋ 〈ᠦᠪᠦᠷ ᠮᠤᠡᠭᠭᠤᠯ ᠤ᠋ᠨ ᠪᠠᠲᠤᠴᠠᠭᠠᠨ ᠴᠠᠭᠠᠨ ᠢᠳᠡᠭᠡᠨ ᠤ᠋ ᠺᠤᠮᠫᠠᠨᠢ〉 ᠬᠤᠶᠠᠳᠠᠬᠢ ᠤᠳᠠᠭ᠎ᠠ ᠪᠠᠨ ᠳᠤᠮᠳᠠᠳᠤ ᠮᠤᠡᠭᠭᠤᠯ ᠤ᠋ᠨ ᠦᠵᠡᠰᠭᠦᠯᠡᠡᠭ ᠤ᠋ᠨ ᠴᠤᠭᠯᠠᠭᠠᠨ ᠳ᠋ᠤ ᠤᠷᠤᠯᠴᠠᠵᠤ ᠪᠠᠢᠨ᠎ᠠ᠃ ᠳᠡᠭᠡᠷ᠎ᠠ ᠤᠳᠠᠭ᠎ᠠ 12 ᠲᠦᠮᠡᠨ ᠲᠦᠬᠦᠷᠢᠭ ᠤ᠋ᠨ ᠤᠷᠤᠯᠭ᠎ᠠ ᠤᠯᠤᠬᠰᠠᠨ᠂ ᠡᠨᠡ ᠤᠳᠠᠭ᠎ᠠ ᠪᠢᠳᠡ ᠬᠤᠷᠤᠳ᠂ ᠠᠭᠠᠷᠤᠤᠯ᠂ ᠬᠠᠭᠰᠠᠭᠠᠬᠰᠠᠨ ᠦᠷᠦᠮ᠎ᠠ᠂ ᠰᠢᠷ᠎ᠠ ᠲᠤᠰᠤ ᠵᠡᠷᠭᠡ 10 ᠭᠠᠷᠤᠢ ᠲᠦᠷᠦᠯ ᠤ᠋ᠨ ᠴᠠᠭᠠᠨ ᠢᠳᠡᠭᠡᠨ ᠠᠪᠴᠢᠷᠠᠬᠰᠠᠨ ᠶᠤᠮ》 ᠭᠡᠵᠤ ᠮᠠᠯᠴᠢᠨ ᠡᠵᠡᠩᠨᠡᠭᠴᠢ ᠪᠠᠢ ᠬᠤᠸᠠᠷ ᠢᠲᠡᠭᠡᠯ ᠳᠦᠭᠦᠷᠡᠡᠭ ᠲᠠᠨᠢᠯᠴᠠᠭᠤᠯᠤᠨ᠎ᠠ᠃ ᠲᠤᠰ ᠬᠤᠭᠤᠴᠠᠭᠠᠨ ᠤ᠋ ᠦᠵᠡᠰᠭᠦᠯᠡᠡᠭ ᠤ᠋ᠨ ᠴᠤᠭᠯᠠᠭᠠᠨ ᠳ᠋ᠤ ᠬᠢᠩᠭᠠᠨ ᠠᠢᠮᠠᠭ ᠤ᠋ᠨ ᠬᠢᠨ ᠪᠣᠬᠢᠷᠲᠤᠯ ᠦᠭᠡᠢ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ᠂ ᠭᠠᠵᠠᠷ ᠵᠦᠶ ᠢ᠋ᠢᠨ ᠢᠯᠡᠷᠬᠡᠢᠯᠡᠯᠲᠤ ᠪᠦᠲᠦᠭᠡᠭ᠌ᠳᠡᠬᠦᠨ᠂ ᠦᠨᠳᠦᠰᠦᠲᠡᠨ ᠤ᠋ ᠬᠤᠪᠴᠠᠰᠤ ᠵᠠᠰᠠᠯ ᠵᠡᠷᠭᠡ 8 ᠲᠥᠷᠥᠯ ᠤ᠋ᠨ 200 ᠱᠢᠬᠠᠮ ᠪᠦᠲᠦᠭᠡᠭ᠌ᠳᠡᠬᠦᠨ ᠢ᠋ ᠭᠣᠣᠯᠳᠠᠯᠭ᠎ᠠ ᠲᠠᠶ ᠳᠡᠯᠭᠡᠨ ᠪᠤᠷᠤᠯᠠᠭᠤᠯᠵᠤ ᠪᠠᠢᠨ᠎ᠠ᠃
ᠲᠠᠪᠤᠳᠤᠭᠠᠷ ᠬᠤᠭᠤᠴᠠᠭᠠᠨ ᠤ᠋ ᠳᠤᠮᠳᠠᠳᠤ ᠮᠣᠩᠭᠣᠯ ᠤ᠋ᠨ ᠦᠵᠡᠰᠭᠦᠯᠡᠩ ᠤ᠋ᠨ ᠴᠤᠭ᠍ᠯᠠᠭᠠᠨ ᠨᠢ ᠮᠠᠨ ᠤ᠋ ᠤᠷᠤᠨ ᠤ᠋ 12 ᠠᠢᠮᠠᠬ ᠬᠤᠲᠠ ᠢ᠋ᠢᠨ ᠠᠵᠤ ᠠᠬᠤᠢᠯᠠᠯ ᠳ᠋ᠤ ᠪᠠᠷᠠᠭ᠎ᠠ ᠪᠦᠲᠦᠭᠡᠭᠳᠡᠭᠦᠨ ᠢ᠋ᠢᠡᠨ ᠳᠡᠯᠭᠡᠨ ᠲᠠᠨᠢᠭᠤᠯᠬᠤ᠂ ᠭᠠᠳᠠᠭᠠᠳᠤ ᠨᠡᠭᠡᠭᠡᠯᠳᠠ ᠪᠡᠨ ᠥᠷᠭᠡᠳᠭᠡᠬᠦ᠌᠂ ᠣᠷᠣᠨ ᠪᠦᠰᠡ ᠢ᠋ᠢᠨ ᠬᠠᠮᠲᠤᠷᠠᠯᠴᠠᠭ᠎ᠠ ᠪᠡᠨ ᠴᠢᠩᠭᠠᠳᠭᠠᠬᠤ ᠠᠵᠠ ᠲᠣᠬᠢᠶᠠᠯ ᠬᠠᠡᠭᠭᠠᠬᠰᠠᠨ ᠢ᠋ᠢᠡᠷ ᠦᠯᠤ ᠪᠠᠷᠠᠮ ᠥᠪᠥᠷ ᠮᠣᠩᠭᠣᠯ ᠤ᠋ᠨ ᠡᠯᠪᠡᠭ ᠲᠡᠯᠪᠡᠭ ᠡᠬᠢ ᠪᠠᠶᠠᠯᠢᠭ ᠪᠠ ᠣᠯᠠᠨ ᠡᠱᠢᠲᠦ ᠰᠣᠶᠣᠯ ᠢ᠋ ᠬᠦᠮᠦᠨ ᠤᠯᠡᠨ ᠳ᠋ᠤ ᠭᠦᠢᠴᠡᠳ ᠲᠠᠨᠢᠭᠤᠯᠵᠤ ᠪᠤᠢ᠃