ᠤᠷᠤᠢᠯᠠᠬᠰᠠᠨ ᠮᠡᠷᠭᠡᠵᠢᠯ ᠲᠡᠬᠦᠯᠳᠡᠷ ᠤᠨᠴᠠᠯᠢᠬᠳᠤ ᠪᠠᠷᠠᠭ᠎ᠠ ᠡᠯᠪᠡᠭ ᠤᠷᠠᠨ ᠲᠤᠭᠯᠠᠯᠳᠠ ᠪᠠᠬᠠᠷᠤᠮ᠎ᠠ
2025-08-29 16:18:38
ᠵᠣᠬᠢᠶᠠᠭ᠍ᠴᠢ᠄
ᠭᠤᠤ ᠬᠤᠡᠭ ᠯᠢᠶᠠᠨ ᠤᠷᠠᠨ᠎ᠠ
ᠣᠩᠱᠢᠭ᠍ᠰᠠᠨ ᠣᠳᠠᠭ᠎ᠠ᠄
★★★☆☆

—  ᠲᠠᠪᠤᠳᠤᠭᠠᠷ ᠬᠤᠭᠤᠴᠠᠭᠠᠨ ᠤ᠋ ᠳᠤᠮᠳᠠᠳᠤ ᠤᠯᠤᠰ — ᠮᠤᠨᠭᠭᠤᠯ ᠤᠯᠤᠰ ᠤ᠋ᠨ ᠦᠵᠡᠰᠭᠦᠯᠡᠩ ᠤ᠋ᠨ ᠴᠤᠬᠯᠠᠭᠠᠨ ᠤ᠋ ᠦᠵᠡᠭᠦᠯᠭᠡ ᠳᠡᠯᠭᠡᠨ ᠪᠤᠷᠤᠯᠠᠭᠤᠯᠭ᠎ᠠ ᠶ᠋ᠢᠨ ᠲᠤᠬᠠᠢ ᠲᠠᠲᠠᠯᠠᠭ᠎ᠠ

 

8 ᠰᠠᠷ᠎ᠠ ᠶ᠋ᠢᠨ 25 ᠤ᠋ ᠡᠳᠦᠷ ᠡᠬᠢᠯᠡᠭᠰᠡᠨ ᠲᠠᠪᠤᠳᠤᠭᠠᠷ ᠬᠤᠭᠤᠴᠠᠭᠠᠨ ᠤ᠋ ᠳᠤᠮᠳᠠᠳᠤ ᠮᠤᠨᠭᠭᠤᠯ ᠤ᠋ᠨ ᠦᠵᠡᠰᠭᠦᠯᠡᠩ ᠤ᠋ᠨ ᠴᠤᠬᠯᠠᠭᠠᠨ ᠤ᠋ ᠦᠵᠡᠭᠦᠯᠭᠡ ᠳᠡᠯᠭᠡᠨ ᠪᠤᠷᠤᠯᠠᠭᠤᠯᠭ᠎ᠠ ᠨᠢ  ᠦᠪᠤᠷ ᠮᠤᠡᠭᠭᠤᠯ᠎ᠤᠨ ᠲᠦᠷᠢ ᠲᠦᠷᠬᠦ ᠵᠢᠨ ᠤᠷᠳᠤᠨ᠂ ᠮᠤᠡᠭᠭᠤᠯ ᠤᠯᠤᠰ ᠵᠢᠴᠢ 16 ᠤᠯᠤᠰ ᠪᠠ ᠭᠠᠵᠠᠷ ᠤᠷᠤᠨ᠎ᠤ ᠶᠡᠷᠤᠡᠭᠭᠡᠢᠯᠡᠭᠰᠡᠨ ᠦᠵᠡᠬᠦᠯᠭᠡ᠂ 11 ᠮᠤᠵᠢ ᠶ᠋ᠢᠨ ᠦᠵᠡᠭᠦᠯᠭᠡ ᠂ ᠠᠵᠢᠯ ᠲᠥᠷᠥᠯ ᠤ᠋ᠨ ᠦᠵᠡᠭᠦᠯᠭᠡ ᠵᠢᠴᠢ ᠥᠪᠥᠷ ᠮᠣᠩᠭᠣᠯ ᠤ᠋ᠨ 12 ᠠᠢᠮᠠᠭ ᠬᠣᠲᠠ ᠶ᠋ᠢᠨ ᠲᠠᠸᠠᠷ ᠤ᠋ᠨ ᠦᠵᠡᠭᠦᠯᠭᠡ᠂ ᠴᠠᠭᠠᠨ ᠢᠳᠡᠭᠡᠨ᠎ᠤ ᠦᠶ᠋ᠯᠡᠰ ᠤ᠋ᠨ ᠦᠵᠡᠭᠦᠯᠭᠡ ᠶ᠋ᠢᠨ ᠲᠣᠭᠣᠷᠢᠭ᠂ ᠭᠠᠳᠠᠭᠠᠳᠤ ᠭᠠᠷᠭᠠᠯᠲᠠ ᠵᠢ ᠳᠣᠲᠣᠭᠠᠳᠤ ᠳ᠋ᠠᠭᠠᠨ ᠪᠣᠷᠣᠯᠠᠭᠤᠯᠬᠤ ᠦᠵᠡᠭᠦᠯᠭᠡ ᠶ᠋ᠢᠨ ᠲᠣᠭᠣᠷᠢᠭ᠂ ᠡᠯᠸᠺᠲᠷᠤᠨ ᠬᠤᠳᠠᠯᠳᠤᠭᠠᠨ᠎ᠤ ᠲᠡᠯᠭᠡᠨ ᠦᠵᠡᠬᠦᠯᠬᠦ ᠲᠤᠭᠤᠷᠢᠭ ᠵᠡᠷᠭᠡ ᠵᠢ ᠲᠤᠬᠢᠷᠠᠭᠤᠯᠤᠬᠰᠠᠨ ᠪᠠᠢᠨ᠎ᠠ᠃

ᠲᠤᠰ ᠤᠳᠠᠭᠠᠨ ᠤ᠋ ᠦᠵᠡᠰᠭᠦᠯᠡᠩ ᠤ᠋ᠨ ᠴᠤᠬᠯᠠᠭᠠᠨ᠎ᠢ ᠭᠤᠤᠯ ᠰᠡᠳᠤᠪᠳᠤ ᠦᠵᠡᠬᠦᠯᠭᠡ᠂ ᠲᠠᠸᠠᠷ᠎ᠤᠨ ᠦᠵᠡᠬᠦᠯᠭᠡ ᠬᠡᠵᠤ ᠬᠤᠶᠠᠷ ᠬᠤᠪᠢᠶᠠᠵᠤ᠂ ᠤᠯᠠᠨ ᠲᠡᠯᠭᠡᠨ ᠦᠵᠡᠬᠦᠯᠭᠡ ᠵᠢᠨ ᠲᠤᠭᠤᠷᠢᠭ ᠲᠤᠬᠢᠷᠠᠭᠤᠯᠪᠠ᠃ ᠶᠡᠷᠤᠡᠭᠭᠡᠢ ᠲᠠᠯᠠᠪᠠᠢ ᠨᠢ 43200 ᠳᠦᠷᠪᠡᠯᠵᠢᠨ ᠮᠸᠲᠷ ᠬᠦᠷᠴᠦ᠂ ᠦᠵᠡᠰᠬᠦᠯᠠᠡᠭ᠎ᠳᠤ ᠤᠷᠤᠯᠴᠠᠬᠰᠠᠨ ᠠᠵᠤ ᠠᠬᠤᠢᠯᠠᠯ 1500 ᠭᠠᠷᠤᠢ ᠪᠠᠢᠵᠤ᠂ ᠤᠯᠤᠰ ᠤ᠋ᠨ ᠳᠤᠲᠤᠭᠠᠲᠤ ᠭᠠᠳᠠᠭᠠᠳᠤ ᠶ᠋ᠢᠨ 6000 ᠰᠢᠬᠠᠮ ᠬᠦᠨᠳᠤᠳᠤ ᠵᠤᠴᠢᠨ᠎ᠤᠷᠤᠯᠴᠠᠵᠠᠢ᠃


ᠦᠪᠦᠷ ᠮᠤᠩᠭᠤᠯ ᠤᠷᠤᠢᠯᠠᠭᠰᠠᠨ ᠮᠡᠷᠭᠡᠵᠢᠯ ᠵᠢᠡᠷ ᠵᠢᠡᠨ ᠪᠠᠬᠠᠷᠬᠠᠯ᠎ᠠ

ᠦᠪᠤᠷ ᠮᠤᠡᠭᠭᠤᠯ᠎ᠤᠨ ᠲᠦᠷᠢ ᠲᠦᠷᠬᠦ ᠵᠢᠨ ᠤᠷᠳᠤᠨ᠎ᠤ ᠵᠢᠯᠣᠭᠣᠴᠢ ᠦᠭᠡᠢ ᠨᠢᠰᠬᠡᠯ᠂ ᠲᠠᠷᠢᠶᠠᠯᠠᠩ ᠤᠢ ᠰᠢᠭᠤᠢ ᠶ᠋ᠢᠨ ᠤᠷᠭᠤᠮᠠᠯ ᠤ᠋ᠨ ᠬᠠᠮᠠᠭᠠᠯᠠᠯᠲᠠ ᠶ᠋ᠢᠨ ᠠᠵᠢᠯ ᠤ᠋ᠨ ᠵᠢᠯᠤᠭᠤᠴᠢ ᠦᠭᠡᠢ ᠨᠢᠰᠭᠡᠯ᠂ ᠮᠠᠰᠢᠨ ᠨᠤᠬᠠᠢ᠂ ᠮᠠᠰᠢᠨ ᠬᠦᠮᠦᠨ ᠵᠡᠷᠭᠡ ᠦᠢᠯᠡᠳᠬᠦᠨ ᠤ᠋ ᠡᠮᠦᠨ᠎ᠡ ᠬᠡᠷᠡᠭᠯᠡᠭᠴᠢᠳ ᠠᠯᠢ ᠵᠢ ᠨᠢ ᠶᠠᠭᠠᠬᠢᠵᠤ ᠰᠤᠡᠭᠭᠤᠬᠤ ᠲᠤᠬᠠᠢ ᠪᠡᠨ ᠠᠵᠢᠯᠳᠠᠨ ᠡᠴᠡ ᠠᠰᠠᠭᠤᠨ ᠯᠠᠪᠯᠠᠵᠠᠭᠠᠨ᠎ᠠ᠃


QQ20250829-162023.png


ᠮᠤᠩᠭᠤᠯ ᠤᠯᠤᠰ᠎ᠤᠨ ᠮᠤᠳ᠋ᠸᠯᠴᠤᠳ᠎ᠤᠨ ᠵᠢᠪᠬᠤᠭ᠎ᠠ


《ᠲᠤᠰ ᠵᠢᠯᠤᠭᠤᠴᠢ ᠦᠭᠡᠢ ᠨᠢᠰᠭᠡᠯ ᠦᠨᠳᠦᠷ ᠲᠤᠬᠲᠠᠪᠤᠷᠢᠲᠤ ᠴᠢᠨᠠᠷ ᠪᠦᠬᠦᠢ ᠳᠡᠭᠳᠡᠨ ᠵᠤᠬᠰᠤᠬᠤ ᠴᠢᠳᠠᠮᠵᠢ ᠪᠠ ᠠᠮᠢᠳᠤᠯᠢᠭ ᠬᠦᠳᠡᠯᠦᠨᠭᠭᠦᠢ ᠴᠢᠳᠠᠮᠵᠢ ᠲᠠᠢ ᠃ ᠵᠢᠷᠭᠤᠭᠠᠨ ᠲᠡᠩᠭᠡᠯᠢᠭᠲᠦ ᠪᠡᠷ ᠲᠦᠰᠦᠪᠯᠡᠵᠦ ᠵᠤᠬᠢᠶᠠᠬᠰᠠᠨ ᠨᠢ ᠵᠢᠯᠣᠭᠣᠴᠢ ᠥᠬᠡᠶ ᠨᠢᠰᠬᠡᠯ ᠤ᠋ᠨ ᠨᠢᠰᠬᠦ ᠶᠠᠪᠤᠴᠠ ᠳ᠋ᠡᠬᠢ ᠲᠡᠩᠴᠡᠭᠦᠷᠢ ᠵᠢ ᠨᠠᠩ ᠰᠠᠢᠨ ᠪᠠᠲᠤᠯᠠᠵᠤ ᠳᠡᠢᠯᠦᠨ᠎ᠡ 》 ᠭᠡᠵᠦ ᠦᠪᠤᠷ ᠮᠤᠡᠭᠭᠤᠯ᠎ᠤᠨ ᠹᠸᠢ ᠢ ᠠᠭᠠᠷ ᠤ᠋ᠨ ᠠᠶᠠᠯᠠᠯ ᠤ᠋ᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤ᠋ᠨ ᠺᠤᠮᠫᠠᠨᠢ ᠶ᠋ᠢᠨ ᠠᠵᠢᠯᠲᠠᠨ ᠵᠢᠷᠭᠤᠭᠠᠨ ᠲᠡᠩᠭᠡᠯᠢᠭᠲᠦ ᠣᠯᠠᠨ ᠡᠷᠭᠢᠯᠳᠦᠭᠡ ᠳᠠᠯᠠᠪᠴᠢᠲᠤ ᠵᠢᠯᠣᠭᠣᠴᠢ ᠦᠭᠡᠢ ᠨᠢᠰᠬᠡᠯ ᠤ᠋ᠨ ᠤᠨᠴᠠᠯᠢᠭ ᠴᠢᠳᠠᠮᠵᠢ ᠶ᠋ᠢᠨ ᠲᠤᠬᠠᠢ ᠬᠡᠷᠡᠭᠡᠯᠡᠭᠴᠢᠳ ᠲᠸ᠋ ᠲᠠᠨᠢᠯᠴᠠᠭᠤᠯᠤᠨ᠎ᠠ᠃

ᠰᠠᠯᠬᠢᠨ ᠬᠦᠴᠤᠨ᠎ᠤ ᠴᠠᠬᠢᠯᠭᠠᠨ  ᠬᠡᠷᠡᠯᠴᠢ ᠴᠡᠨᠡᠭ᠎ᠢ ᠲᠤᠬᠢᠷᠠᠭᠤᠯᠤᠨ ᠬᠦᠷᠭᠡᠬᠦ ᠤᠶᠤᠨᠴᠢ ᠪᠤᠳᠤᠯᠭ᠎ᠠ ᠵᠢᠨ ᠲᠡᠷᠢᠬᠦᠨ᠎ᠤ ᠲᠦᠬᠦᠭᠡᠷᠤᠮᠵᠢ᠂ ᠬᠢᠯᠢ ᠠᠯᠤᠰᠯᠠᠬᠰᠠᠨ ᠴᠠᠬᠢᠯᠭᠠᠨ ᠬᠦᠴᠤᠨ᠎ᠤ ᠲᠠᠮᠵᠢᠭᠤᠯᠤᠨ ᠬᠦᠷᠭᠡᠬᠦ ᠲᠤᠭᠠᠴᠢᠯᠠᠬᠰᠠᠨ ᠲᠠᠪᠴᠠᠡᠭ ᠵᠢᠴᠢ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠵᠢᠡᠷ ᠡᠯᠡᠰᠤ ᠵᠢ ᠵᠠᠰᠠᠬᠤ ᠲᠦᠬᠦᠭᠡᠷᠤᠮᠵᠢ ᠴᠸ᠋ ᠦᠪᠤᠷ ᠮᠤᠡᠭᠭᠤᠯ᠎ᠤᠨ ᠰᠢᠨ᠎ᠠ ᠡᠬᠦᠳᠤᠯᠳᠡ ᠵᠢᠨ ᠦᠷ᠎ᠠ ᠪᠦᠳᠤᠭᠡᠯ ᠪᠤᠯᠤᠨ ᠬᠦᠭᠵᠢᠯᠳᠡ ᠬᠤᠪᠢᠷᠠᠯᠳᠠ ᠵᠢᠨ ᠪᠠᠢᠳᠠᠯ᠎ᠢ ᠬᠠᠷᠠᠭᠤᠯᠤᠨ᠎ᠠ᠃ 

ᠤᠯᠠᠨ ᠬᠦᠮᠦᠰ ᠠᠪᠠᠭᠠᠷᠠᠯᠳᠤᠵᠦ ᠪᠠᠢᠭ᠎ᠠ ᠵᠢ ᠤᠴᠢᠵᠦ ᠦᠵᠡᠪᠠᠯ᠂ ᠲᠡᠷᠯᠢᠭ ᠡᠮᠦᠰᠦᠭᠰᠡᠨ ᠬᠤᠶᠠᠷ ᠮᠠᠰᠢᠨ ᠬᠦᠮᠦᠨ ᠤᠯᠠᠨ ᠲᠠᠢ ᠭᠠᠷ ᠠᠳᠬᠤᠨ ᠮᠡᠨᠳᠦᠴᠢᠯᠡᠬᠦ᠂ ᠪᠦᠵᠢᠭ ᠪᠦᠵᠢᠭᠯᠡᠬᠦ᠂ ᠦᠪᠡᠷ᠎ᠤᠨ ᠪᠡᠶ᠎ᠠ ᠪᠠᠨ ᠲᠠᠨᠢᠯᠴᠠᠭᠤᠯᠬᠤ ᠵᠡᠷᠭᠡ ᠪᠡᠷ ᠬᠦᠮᠦᠰ ᠎ᠢ ᠪᠠᠶᠠᠰᠬᠠᠵᠦ ᠪᠠᠢᠯ᠎ᠠ᠃ ᠡᠷᠡᠭᠳᠡᠢ ᠵᠢᠨ ᠲᠡᠷᠯᠢᠭ ᠡᠮᠦᠰᠦᠭᠰᠡᠨ ᠨᠢ 《ᠪᠠᠭᠠᠳᠤᠷ》᠂ ᠡᠮᠡᠭᠳᠡᠢ ᠵᠢᠨ ᠲᠡᠷᠯᠢᠭ ᠡᠮᠦᠰᠦᠭᠰᠡᠨ ᠨᠢ 《 ᠭᠤᠸ᠎ᠠ 》 ᠭᠡᠬᠦ ᠨᠡᠷᠡᠳᠡᠢ ᠶᠤᠮ ᠭᠡᠨ᠎ᠡ᠃ 


QQ20250829-162035.png



QQ20250829-162044.png



QQ20250829-162122.png


ᠦᠵᠡᠭᠦᠯᠭᠡ ᠵᠢᠨ ᠲᠤᠭᠤᠷᠢᠭ ᠎ᠤᠨ ᠭᠡᠰᠡᠭ ᠦᠵᠡᠭᠳᠡᠯ ᠎ᠤᠳ


《ᠮᠠᠨ ᠎ᠤ ᠺᠤᠮᠫᠠᠨᠢ ᠲᠤᠰ ᠦᠵᠡᠰᠬᠦᠯᠡᠡᠭ᠎ᠳᠤ ᠭᠤᠷᠪᠡᠨ ᠮᠠᠰᠢᠨ ᠬᠦᠮᠤᠨ  ᠠᠪᠴᠢᠷᠠᠬᠰᠠᠨ᠂ ᠤᠯᠠᠨ ᠬᠡᠷᠡᠭᠯᠡᠭᠴᠢ ᠵᠢᠨ ᠰᠤᠨᠢᠷᠬᠠᠯ᠎ᠢ ᠲᠠᠳᠠᠯ᠎ᠠ᠃  ᠦᠵᠡᠰᠬᠦᠯᠡᠡᠭ ᠵᠢᠡᠷ ᠲᠠᠮᠵᠢᠨ ᠬᠦᠮᠤᠰ᠎ᠤᠨ ᠰᠢᠨᠵᠢᠯᠡᠭᠡ ᠮᠡᠷᠭᠡᠵᠢᠯ᠎ᠤᠨ ᠲᠤᠬᠠᠢ ᠦᠢᠯᠠᠭᠠᠯᠳᠠ ᠵᠢ ᠬᠦᠨᠵᠡᠭᠡᠢᠷᠡᠬᠦᠯᠵᠤ ᠂ ᠨᠡᠡᠭ ᠤᠯᠠᠨ ᠠᠵᠤ ᠠᠬᠤᠢᠯᠠᠯ  ᠪᠠ  ᠺᠤᠮᠫᠠᠨᠢ ᠲᠠᠢ  ᠬᠠᠮᠳᠤᠷᠠᠨ ᠠᠵᠢᠯᠯᠠᠬᠤ ᠬᠡᠷ᠎ᠠ ᠲᠤᠬᠳᠠᠬᠤ ᠵᠢ ᠬᠦᠰᠡᠵᠤ ᠪᠠᠢᠨ᠎ᠠ᠃ ᠡᠳᠡᠭᠡᠷ ᠮᠠᠰᠢᠨ ᠬᠦᠮᠤᠨ ᠡᠡᠭ᠎ᠤᠨ ᠴᠠᠭ ᠲᠸ᠋ ᠪᠠᠰᠠ ᠦᠭᠡᠷ᠎ᠠ ᠪᠤᠰᠤᠳ ᠬᠤᠳᠠᠯᠳᠤᠭᠠᠨ᠎ᠤ ᠶᠠᠪᠤᠳᠠᠯ᠎ᠤᠨ ᠠᠵᠢᠯᠯᠠᠭ᠎ᠠ ᠲᠤᠰᠳᠠᠭ᠂ ᠵᠢᠱ᠌ᠢᠶᠠᠯᠠᠪᠠᠯ ᠄  ᠶᠠᠮᠠᠷ ᠨᠢᠭᠡᠨ ᠺᠤᠮᠫᠠᠨᠢ ᠵᠢᠨ ᠤᠬᠠᠭᠤᠯᠭ᠎ᠠ ᠵᠢᠨ ᠠᠵᠢᠯᠯᠠᠭ᠎ᠠ᠎ᠳᠤ ᠤᠷᠤᠯᠴᠠᠬᠤ ᠵᠡᠷᠭᠡ  ᠁》 ᠬᠡᠵᠤ ᠦᠪᠤᠷ ᠮᠤᠡᠭᠭᠤᠯ᠎ᠤᠨ ᠯᠸ᠋᠎ᠤ᠋ᠤᠢ ᠰᠢᠨᠵᠢᠯᠡᠬᠦ ᠮᠡᠷᠭᠡᠵᠢᠯ᠎ᠤᠨ ᠺᠤᠮᠫᠠᠨᠢ ᠵᠢᠨ ᠡᠬᠦᠰᠭᠡᠨ ᠪᠠᠢᠭᠤᠯᠤᠬᠴᠢ ᠯᠸ᠋ ᠶᠦᠡᠭ ᡁᠢ  ᠶᠠᠷᠢᠨ᠎ᠠ᠃

ᠮᠤᠩᠭᠤᠯ ᠤᠯᠤᠰ᠎ᠤᠨ ᠪᠠᠷᠠᠭ᠎ᠠ ᠦᠵᠡᠰᠭᠦᠯᠡᠩ᠎ᠤᠨ ᠴᠤᠭᠯᠠᠭᠠᠨ ᠎ᠢ  ᠴᠢᠮᠡᠯ᠎ᠡ

ᠲᠤᠰ ᠤᠳᠠᠭᠠᠨ ᠎ᠤ  ᠦᠵᠡᠰᠭᠦᠯᠡᠩ ᠎ᠳᠤ ᠮᠤᠩᠭᠤᠯ ᠤᠯᠤᠰ ᠎ᠤᠨ 354  ᠠᠵᠦ ᠠᠬᠤᠢᠯᠠᠯ᠎ᠤᠨ 1000 ᠭᠠᠷᠤᠢ ᠲᠦᠷᠤᠯ ᠎ᠤᠨ   ᠪᠠᠷᠠᠭ᠎ᠠ ᠪᠦᠲᠦᠭᠡᠭᠳᠡᠬᠦᠨ ᠲᠡᠯᠭᠡᠨ ᠪᠤᠷᠤᠯᠠᠭᠤᠯᠤᠭᠳᠠᠵᠠᠢ᠃ ᠮᠤᠩᠭᠤᠯ ᠤᠯᠤᠰ᠎ᠤᠨ ᠦᠵᠡᠬᠦᠯᠭᠡ ᠵᠢᠨ ᠲᠤᠭᠤᠷᠢᠭ ᠲᠸ᠋ ᠬᠠᠶᠠᠭ᠎ᠠ ᠲᠦᠬᠦᠷᠡᠡᠭ ᠡᠯᠬᠦᠭᠡᠰᠤᠳᠠᠢ ᠡᠯᠳᠡᠪ ᠶᠠᠡᠭᠵᠤ ᠵᠢᠨ ᠱᠤᠭ ᠵᠢᠷᠤᠭ ᠤᠯᠠᠨ᠎ᠤ ᠠᠡᠭᠬᠠᠷᠤᠯ᠎ᠢ ᠲᠠᠳᠠᠵᠤ᠂ ᠵᠠᠷᠢᠮ ᠨᠢ ᠲᠤᠬᠠᠢ ᠵᠢᠨ ᠲᠠᠯᠠᠪᠠᠢ᠎ᠳᠤ ᠦᠪᠡᠷ᠎ᠢ ᠪᠡᠨ ᠵᠢᠷᠤᠭᠤᠯᠴᠢᠬᠠᠬᠰᠠᠨ ᠪᠠᠶᠠᠰᠤᠨ᠎ᠠ᠃ ᠡᠳᠡᠭᠡᠷ ᠱᠤᠭ ᠵᠢᠷᠤᠭ᠎ᠪᠤᠯ ᠮᠤᠡᠭᠭᠤᠯ ᠤᠯᠤᠰ᠎ᠤᠨ ᠨᠠᠷᠠᠳᠤ ᠱᠤᠭ ᠵᠢᠷᠤᠭᠠᠴᠢ ᠠ᠊·ᠪᠠᠳᠤᠡᠷᠳᠠᠨᠢ ᠵᠢᠨ ᠪᠦᠲᠦᠭᠡᠯ ᠪᠤᠯᠤᠨ᠎ᠠ᠃ ᠲᠡᠷᠡ ᠪᠡᠷ ᠬᠤᠶᠠᠳᠡᠬᠢ ᠤᠳᠠᠭ᠎ᠠ ᠪᠡᠨ ᠲᠤᠮᠳᠠᠳᠤ  ᠮᠤᠡᠭᠭᠤᠯ᠎ᠤᠨ ᠦᠵᠡᠰᠬᠦᠯᠡᠡᠭ᠎ᠤᠨ ᠴᠤᠬᠯᠠᠭᠠᠨ᠎ᠳᠤ ᠤᠷᠤᠯᠴᠠᠵᠤ ᠪᠤᠢ᠃《ᠮᠠᠨ᠎ᠤ ᠮᠤᠡᠭᠭᠤᠯ ᠤᠯᠤᠰ᠎ᠤᠨ ᠬᠤᠷᠢ ᠭᠠᠷᠤᠢ ᠱᠤᠭ ᠵᠢᠷᠤᠭᠠᠴᠢ ᠪᠦᠷ ᠦᠪᠡᠷ ᠦᠪᠡᠷ᠎ᠤᠨ ᠵᠢᠡᠨ ᠤᠨᠴᠠᠯᠢᠬ ᠲᠠᠢ᠃ ᠦᠪᠤᠷ ᠮᠤᠡᠭᠭᠤᠯ᠎ᠳᠤ  ᠪᠠ᠊· ᠪᠢᠯᠢᠭ ᠵᠡᠷᠭᠡ ᠲᠡᠯᠡᠬᠡᠢ᠎ᠳᠤ ᠠᠯᠳᠠᠷᠳᠠᠢ ᠱᠤᠭ ᠵᠢᠷᠤᠭᠠᠴᠢ ᠲᠠᠢ᠂ ᠪᠢ ᠲᠡᠬᠦᠨ᠎ᠢ ᠲᠤᠩ ᠪᠠᠬᠠᠷᠬᠠᠳᠠᠭ᠃ ᠪᠢ ᠴᠸ᠋ ᠡᠨᠡ ᠬᠦ᠌ ᠲᠤᠮᠤ ᠴᠤᠬᠯᠠᠭᠠᠨ᠎ᠳᠦ  ᠬᠦᠷ ᠨᠡᠮᠡᠢ᠎ᠠ ᠬᠡᠵᠤ ᠢᠷᠡᠭᠰᠡᠨ᠃  ᠮᠦᠨ ᠰᠠᠨᠠᠬᠰᠠᠨ᠎ᠳᠠᠭᠠᠨ ᠬᠦᠷᠦᠭᠰᠡᠨ ᠯᠡ᠎ᠳᠠ 》 ᠬᠡᠵᠤ ᠠ᠊·ᠪᠠᠳᠤᠡᠷᠳᠠᠨᠢ ᠰᠡᠳᠬᠢᠭᠳᠡᠯ ᠵᠢᠡᠨ ᠶᠠᠷᠢᠨ᠎ᠠ᠃

ᠲᠤᠰ ᠤᠳᠠᠭᠠᠨ ᠤ᠋ ᠦᠵᠡᠰᠭᠦᠯᠡᠩ ᠤ᠋ᠨ ᠴᠤᠭ᠍ᠯᠠᠭᠠᠨ ᠳ᠋ᠤ ᠲᠡᠯᠭᠡᠭᠳᠡᠭᠰᠡᠨ  ᠮᠤᠡᠭᠭᠤᠯ ᠤᠯᠤᠰ ᠤ᠋ᠨ ᠢᠰᠡᠭᠡᠢ ᠤᠷᠠᠯᠠᠯ᠂ ᠭᠠᠷ ᠤᠷᠠᠯᠠᠯ᠂ ᠠᠷᠠᠰᠤᠨ ᠡᠳ᠋ᠯᠡᠯ᠂ ᠨᠤᠤᠰᠤ ᠨᠤᠤᠯᠤᠭᠤᠷ ᠵᠡᠷᠭᠡ  ᠲᠠᠸᠠᠷ ᠨᠢ ᠬᠡᠷᠡᠭᠯᠡᠭᠴᠢᠳ᠎ᠤᠨ  ᠬᠠᠯᠠᠭᠤᠨ ᠬᠦᠷᠢᠶᠠᠯᠠᠯ᠎ᠢ ᠤᠯᠵᠤ ᠪᠢᠯᠡ᠃  《 ᠡᠨᠡ ᠤᠳᠠᠭ᠎ᠠ  ᠵᠢᠨ ᠦᠵᠡᠰᠬᠦᠯᠡᠡᠭ᠎ᠳᠤ ᠭᠤᠤᠯᠳᠠᠭᠤ ᠮᠤᠡᠭᠭᠤᠯ ᠭᠤᠳᠤᠯ ᠬᠢᠭᠡᠳ ᠠᠷᠴᠠ ᠵᠡᠷᠭᠡ ᠪᠦᠳᠤᠭᠡᠭᠳᠡᠬᠦᠨ ᠵᠢᠡᠨ ᠠᠪᠴᠢᠷᠠᠬᠰᠠᠨ ᠶᠤᠮ᠃ ᠮᠠᠨ᠎ᠤ ᠭᠤᠲᠤᠯ ᠪᠤᠯ ᠴᠡᠪᠡᠷ ᠠᠷᠠᠰᠤᠨ ᠤ᠋ ᠭᠠᠷ ᠤᠷᠠᠯᠠᠯ ᠤ᠋ᠨ ᠭᠤᠲᠤᠯ ᠪᠠᠢᠭ᠎ᠠ᠂ ᠡᠪᠦᠯ᠂ ᠨᠠᠭᠠᠳᠤᠮ᠂ ᠴᠠᠭᠠᠨ ᠰᠠᠷ᠎ᠠ ᠪᠠᠷ ᠪᠦᠷ ᠡᠮᠦᠰᠴᠦ ᠭᠤᠶᠤᠯᠠᠵᠤ ᠪᠤᠯᠤᠨ᠎ᠠ᠃  ᠮᠠᠨ᠎ᠤ ᠡᠨᠡ ᠠᠷᠴᠠ ᠵᠢ ᠤᠳᠬᠤᠨᠳ᠋ᠡᠭᠷᠢ ᠬᠠᠢᠷᠬᠠᠨ ᠡᠴᠡ  ᠲᠡᠭᠦᠭᠰᠡᠨ ᠶᠤᠮ᠂ ᠬᠡᠢᠮᠤᠷᠢ ᠵᠢ ᠰᠡᠷᠭᠦᠭᠡᠵᠦ᠂ ᠡᠷᠡᠭᠦᠯ ᠴᠢᠬᠢᠷᠠᠭ ᠲᠦ᠍ ᠲᠤᠰᠠᠲᠠᠢ 》 ᠭᠡᠵᠦ ᠮᠤᠨᠭᠭᠤᠯ ᠤᠯᠤᠰ ᠤ᠋ᠨ ᠬᠤᠳᠠᠯᠳᠤᠭᠠᠴᠢᠨ ᠪᠠᠲᠤᠳᠡᠯᠭᠡᠷ ᠰᠤᠷᠪᠤᠯᠵᠢᠯᠠᠭ᠎ᠠ ᠬᠦᠯᠢᠶᠡᠬᠦ᠎ᠳᠡᠭᠡᠨ ᠦᠨᠡᠷᠭᠡᠯ᠎ᠡ᠃

《ᠲᠤᠰ ᠤᠳᠠᠭᠠᠨ ᠤ᠋ ᠦᠵᠡᠰᠬᠦᠯᠡᠡᠭ ᠳ᠋ᠤ ᠨᠡᠢᠰᠯᠠᠯ᠎ᠤ᠋ᠨ ᠵᠢᠵᠢᠭ ᠳᠤᠮᠳᠠ ᠦᠢᠯᠡᠳᠪᠦᠷᠢᠯᠡᠯ ᠤ᠋ᠨ ᠦᠢᠯᠡᠴᠢᠯᠡᠬᠦ ᠲᠦᠪ ᠡᠴᠡ 9 ᠲᠡᠭᠦᠷᠭᠡ ᠢ᠋ᠢᠨ 150 ᠠᠵᠤ ᠠᠬᠤᠢᠯᠠᠯ ᠢ᠋ ᠵᠤᠬᠢᠶᠠᠨ ᠪᠠᠢᠭᠤᠯᠵᠤ ᠤᠷᠤᠯᠴᠠᠵᠤ  ᠪᠤᠢ᠂ ᠪᠤᠷᠤᠯᠠᠭᠤᠯᠭ᠎ᠠ ᠮᠠᠰᠢ ᠰᠠᠢᠨ ᠪᠠᠢᠨ᠎ᠠ 》 ᠭᠡᠵᠤ ᠮᠤᠡᠭᠭᠤᠯ ᠤᠯᠤᠰ ᠤ᠋ᠨ ᠨᠡᠢᠰᠯᠠᠯ (ᠤᠯᠠᠭᠠᠨᠪᠠᠭᠠᠳᠤᠷ)  ᠤ᠋ᠨ ᠵᠢᠵᠢᠭ ᠳᠤᠮᠳᠠ ᠦᠢᠯᠡᠳᠪᠦᠷᠢᠯᠡᠯ ᠤ᠋ᠨ ᠦᠢᠯᠡᠴᠢᠯᠡᠬᠦ ᠲᠦᠪ ᠤ᠋ᠨ ᠳᠠᠷᠤᠭ᠎ᠠ ᠤᠨᠳᠤᠷᠮ᠎ᠠ ᠤᠷᠮᠠᠲᠠᠢ ᠶᠠᠷᠢᠨ᠎ᠠ᠃

ᠮᠤᠩᠭᠤᠯ ᠤᠯᠤᠰ᠎ᠤᠨ ᠮᠦᠩᠬᠦᠨ ᠡᠳ᠋ᠯᠡᠯ᠂ ᠬᠤᠪᠴᠠᠰᠤ ᠵᠠᠰᠠᠯ᠂ ᠱ᠌ᠢᠷᠦ ᠰᠤᠪᠤᠳ᠂ ᠠᠷᠠᠰᠤᠨ ᠡᠳ᠋ᠯᠡᠯ᠂ᠬᠡᠪᠢᠰ ᠵᠡᠷᠭᠡ ᠪᠠᠷᠠᠭ᠎ᠠ ᠬᠦᠮᠦᠰ ᠲᠦ᠍ ᠲᠦᠢᠯ ᠵᠢᠡᠷ ᠲᠠᠭᠠᠰᠢᠶᠠᠭᠳᠠᠵᠦ᠂ ᠦᠵᠡᠰᠭᠦᠯᠡᠩ᠎ᠤᠨ ᠬᠤᠶᠠᠳᠤᠭᠠᠷ ᠡᠳᠦᠷ ᠲᠦ᠍ ᠵᠠᠷᠢᠮ ᠪᠠᠷᠠᠭ᠎ᠠ ᠨᠢ ᠪᠦᠷ ᠪᠠᠢᠬᠤ ᠦᠭᠡᠢ ᠪᠤᠯᠵᠠᠢ᠃


ᠰᠠᠢᠨ ᠲᠤᠷ᠎ᠠ ᠵᠢᠨ ᠦᠢᠯᠡᠴᠢᠯᠡᠭᠴᠢ ᠵᠢᠨ ᠬᠠᠯᠠᠭᠤᠮᠰᠤᠭ ᠦᠢᠯᠡᠴᠢᠯᠡᠭᠡ

12 ᠠᠢᠮᠠᠬ ᠬᠤᠳᠠ ᠦᠪᠡᠷ ᠦᠪᠡᠷ ᠎ᠤᠨ ᠬᠢ ᠪᠡᠷ  ᠵᠢᠡᠨ ᠭᠠᠩᠭᠠᠷᠠᠯ᠎ᠠ


《 ᠪᠢ ᠰᠠᠶ᠍ᠢᠬᠠᠨ ᠬᠢᠨᠭᠭᠠᠨ ᠠᠢᠮᠠᠭ᠎ᠤᠨ ᠦᠵᠡᠭᠦᠯᠭᠡ ᠶ᠋ᠢᠨ ᠲᠤᠭᠤᠷᠢᠭ ᠡᠴᠡ ᠴᠠᠭᠠᠨ ᠢᠳᠡᠭᠡᠨ ᠪᠠ ᠮᠦᠬᠦ ᠬᠤᠳᠠᠯᠳᠤᠵᠤ ᠠᠪᠤᠬᠰᠠᠨ᠂ ᠡᠨᠳᠡᠬᠢ ᠴᠠᠭᠠᠨ ᠢᠳᠡᠭᠡᠨ ᠢ᠋ ᠠᠮᠲᠠᠯᠠᠬᠰᠠᠨ ᠴᠢᠨᠢ ᠦᠨᠡᠭᠡᠷ ᠭᠤᠶᠤ ᠪᠠᠢᠨ᠎ᠠ᠂ ᠦᠨ᠎ᠠ ᠬᠠᠡᠭᠰᠢ ᠨᠢ ᠴᠸ᠋ ᠲᠤᠬᠢᠷᠠᠮᠵᠢᠳᠠᠢ᠂ ᠡᠡᠭ᠎ᠤᠨ ᠦᠶ᠎ᠠ᠎ᠳᠤ ᠡᠢᠮᠤ ᠪᠠᠢᠭᠠᠯᠢᠯᠢᠭ ᠪᠡᠷᠠᠭ᠎ᠠ ᠲᠠᠸᠠᠷ᠎ᠢ ᠠᠪᠤᠶ᠎ᠠ ᠬᠡᠳ ᠤᠯᠳᠠᠬᠤ ᠦᠬᠡᠢ 》 ᠭᠡᠵᠦ ᠬᠦᠬᠡᠬᠤᠲᠠ ᠶ᠋ᠢᠨ ᠰᠠᠭᠤᠭᠠᠯᠢ ᠠᠷᠠᠳ ᠹᠸᠩ ᠠᠪᠠᠬᠠᠢ ᠭᠡᠯᠡᠨ᠎ᠠ᠃


QQ20250829-162109.png


ᠰᠠᠢᠨ ᠲᠤᠷ᠎ᠠ ᠵᠢᠨ  ᠦᠢᠯᠡᠴᠢᠯᠡᠭᠴᠢ ᠵᠢᠨ ᠬᠠᠯᠠᠭᠤᠮᠰᠤᠭ ᠦᠢᠯᠡᠴᠢᠯᠡᠭᠡ  


ᠪᠢᠳᠡ ᠬᠢᠨᠭᠭᠠᠨ ᠠᠢᠮᠠᠭ᠎ᠤᠨ ᠦᠵᠡᠭᠦᠯᠭᠡ ᠶ᠋ᠢᠨ ᠲᠤᠭᠤᠷᠢᠭ ᠲᠸ᠋ ᠬᠦᠷᠪᠡᠯ ᠮᠤᠡᠭᠭᠤᠯ ᠵᠢᠡᠷ ᠵᠢᠡᠨ ᠭᠤᠶᠤᠯᠠᠬᠰᠠᠨ ᠨᠢᠭᠡᠨ ᠪᠦᠰᠡᠬᠦᠢ ᠦᠪᠡᠷ᠎ᠤᠨ ᠬᠢᠭᠰᠡᠨ ᠴᠠᠭᠠᠨ ᠢᠳᠡᠭᠡᠨ ᠵᠢᠡᠨ ᠬᠡᠷᠡᠭᠯᠡᠭᠴᠢᠳ ᠲᠸ᠋  ᠲᠠᠨᠢᠯᠴᠠᠭᠤᠯᠵᠤ ᠮᠤᠡᠭᠭᠠᠨᠢᠨ᠎ᠠ᠃ ᠡᠨᠡ ᠪᠦᠰᠡᠬᠦᠢ ᠵᠢ ᠪᠠᠢ ᠬᠤᠸᠠᠷ ᠬᠡᠳᠡᠭ᠂ ᠬᠢᠡᠭᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠲᠤᠮᠳᠠᠳᠤ ᠬᠤᠰᠢᠭᠤ ᠪᠡᠷ ᠨᠤᠳᠤᠬᠳᠠᠢ᠃ ᠲᠡᠷᠡ ᠪᠡᠷ 2014 ᠤᠨ᠎ᠳᠤ  《ᠦᠪᠦᠷ ᠮᠤᠨᠭᠭᠤᠯ ᠤ᠋ᠨ ᠪᠠᠲᠤᠴᠠᠭᠠᠨ ᠴᠠᠭᠠᠨ ᠢᠳᠡᠭᠡ ᠶ᠋ᠢᠨ ᠬᠢᠵᠠᠭᠠᠷᠲᠤ ᠺᠤᠮᠫᠠᠨᠢ》 ᠪᠡᠨ ᠡᠬᠦᠰᠭᠡᠨ ᠪᠠᠢᠭᠤᠯᠵᠤ ᠂ ᠤᠳᠤᠬᠠᠨ᠎ᠳᠤ 40 ᠰᠢᠬᠠᠮ ᠠᠵᠢᠯᠳᠠᠨ ᠲᠠᠢ ᠂ ᠵᠢᠯ᠎ᠤᠨ 300 ᠭᠠᠷᠤᠢ ᠲᠦᠮᠡᠨ ᠲᠦᠬᠦᠷᠢᠭ᠎ᠤᠨ ᠤᠷᠤᠯᠭ᠎ᠠ ᠡᠭᠦᠳᠴᠦ ᠪᠤᠢ᠃ ᠲᠡᠷᠡ ᠪᠡᠷ ᠲᠦᠷᠪᠡᠳᠤᠭᠡᠷ ᠬᠤᠭᠤᠴᠠᠭᠠᠨ᠎ᠤ ᠳᠤᠮᠳᠠᠳᠤ  ᠮᠤᠨᠭᠭᠤᠯ ᠤ᠋ᠨ ᠦᠵᠡᠰᠭᠦᠯᠡᠩ ᠤ᠋ᠨ ᠴᠤᠬᠯᠠᠭᠠᠨ ᠳ᠋ᠤ ᠤᠷᠤᠯᠴᠠᠭᠠᠳ 12 ᠲᠦᠮᠡᠨ ᠲᠦᠭᠦᠷᠢᠭ ᠤ᠋ᠨ ᠤᠷᠤᠯᠭ᠎ᠠ ᠡᠬᠦᠳᠦᠭᠰᠡᠨ ᠬᠡᠨ᠎ᠠ᠃ 《ᠲᠤᠰ ᠤᠳᠠᠭᠠᠨ᠎ᠤ ᠦᠵᠡᠰᠬᠦᠯᠡᠡᠭ᠎ᠤᠨ ᠴᠤᠭᠯᠠᠭᠠᠨ᠎ᠳᠤ ᠠᠷᠪᠠ ᠭᠠᠷᠤᠢ ᠲᠦᠷᠤᠯ᠎ᠤᠨ ᠴᠠᠭᠠᠨ ᠢᠳᠡᠭᠡᠨ ᠵᠢᠡᠨ ᠠᠪᠴᠢᠷᠠᠬᠰᠠᠨ ᠶᠤᠮ ᠃ᠮᠠᠨ᠎ᠤ ᠡᠨᠡ ᠴᠠᠭᠠᠨ ᠢᠳᠡᠭᠡᠨ ᠪᠤᠯ ᠴᠤᠯ ᠪᠠᠢᠭᠠᠯᠢᠯᠢᠭ ᠪᠦᠳᠤᠭᠡᠭᠳᠡᠬᠦᠨ ᠪᠤᠯᠬᠤᠷ ᠦᠨᠤᠷ ᠠᠮᠳᠠ ᠭᠤᠢᠳᠠ ᠰᠠᠢᠬᠠᠨ᠂ ᠬᠡᠷᠡᠭᠯᠡᠭᠴᠢᠳ᠎ᠤᠨ ᠬᠦᠷᠢᠶᠠᠯᠠᠯ᠎ᠢ ᠶᠡᠭᠡᠳᠡ ᠤᠯᠵᠤ ᠪᠠᠢᠨ᠎ᠠ 》 ᠭᠡᠵᠦ ᠪᠠᠶ ᠬᠤᠸᠠᠷ ᠤᠷᠮ᠎ᠠ ᠲᠠᠢ ᠬᠡᠯᠡᠨ᠎ᠠ᠃

ᠬᠢᠨᠭᠭᠠᠨ ᠠᠢᠮᠠᠭ᠎ᠤᠨ ᠦᠵᠡᠭᠦᠯᠭᠡ ᠶ᠋ᠢᠨ ᠲᠤᠭᠤᠷᠢᠭ ᠲᠦ᠍ ᠬᠢᠨᠭᠭᠠᠨ ᠠᠢᠮᠠᠭ ᠤ᠋ᠨ 30 ᠭᠠᠷᠤᠢ ᠠᠵᠤ ᠠᠬᠤᠢᠯᠠᠯ ᠤ᠋ᠨ ᠪᠤᠬᠢᠷᠲᠤᠯ ᠦᠭᠡᠢ ᠤᠷᠭᠠᠨᠢᠭ ᠢᠳᠡᠭᠡᠨ ᠤᠮᠳᠠᠭᠠᠨ᠂ ᠭᠠᠵᠠᠷ ᠵᠦᠢ ᠶ᠋ᠢᠨ ᠢᠯᠡᠷᠬᠡᠢᠯᠡᠯᠲᠦ ᠪᠦᠲᠦᠭᠡᠭᠳᠡᠬᠦᠨ᠂ ᠦᠨᠳᠦᠰᠦᠲᠡᠨ ᠤ᠋ ᠬᠤᠪᠴᠠᠰᠤ ᠵᠠᠰᠠᠯ ᠵᠢᠴᠢ ᠰᠤᠶᠤᠯ ᠵᠢᠭᠤᠯᠴᠢᠯᠠᠯ ᠵᠡᠷᠭᠡ 8 ᠶᠡᠬᠡ ᠲᠦᠷᠦᠯ ᠤ᠋ᠨ 200 ᠭᠠᠷᠤᠢ ᠵᠦᠢᠯ ᠤ᠋ᠨ ᠦᠢᠯᠡᠳᠬᠦᠨ ᠢ᠋ ᠳᠡᠯᠭᠡᠨ ᠦᠵᠡᠬᠦᠯᠪᠡ᠃

ᠬᠦᠯᠤᠨ ᠪᠤᠢᠷ᠎ᠤᠨ  ᠨᠠᠷᠠᠨ ᠬᠡᠤᠭᠡᠨ ᠵᠡᠷᠭᠡ ᠰᠤᠶᠤᠯ᠎ᠤᠨ ᠪᠦᠲᠦᠭᠡᠯᠴᠢ ᠪᠦᠲᠦᠭᠡᠭᠳᠡᠬᠦᠨ᠂ ᠲᠦᠩᠯᠢᠶᠤᠤ ᠵᠢᠨ  ᠪᠤᠳᠠᠭᠠᠨ ᠴᠢᠯᠠᠭᠤ  ᠪᠡᠷ ᠬᠢᠭᠰᠡᠡ ᠪᠦᠳᠦᠭᠡᠭᠳᠡᠬᠦᠨ᠂ ᠤᠯᠠᠭᠠᠨᠬᠠᠳᠠ ᠵᠢᠨ ᠴᠢᠴᠠᠷᠭᠠᠨ᠎ᠠ ᠵᠢᠨ ᠤᠮᠳᠠᠭᠠᠨ᠂ ᠤᠯᠠᠭᠠᠨᠴᠠᠪ᠎ᠤᠨ ᠰᠢᠷᠠᠭᠰᠠᠨ ᠲᠠᠬᠢᠶ᠎ᠠ᠂ ᠦᠬᠠᠢ ᠵᠢᠨ ᠦᠵᠦᠮ᠎ᠤᠨ ᠠᠷᠢᠬᠢ᠂ ᠰᠢᠯᠢ ᠵᠢᠨ  ᠭᠤᠤᠯ᠎ᠤᠨ ᠤᠯᠠᠮᠵᠢᠯᠠᠯᠳᠤ ᠴᠠᠭᠠᠨ ᠢᠳᠡᠭᠡ᠂ ᠬᠦᠬᠡᠬᠤᠳᠠ ᠵᠢᠨ ᠱᠤᠤᠮᠠᠢ᠂ ᠤᠷᠳᠤᠰ᠎ᠤᠨ ᠢᠮᠠᠭᠠᠨ ᠨᠤᠤᠯᠤᠭᠤᠷ᠎ᠤᠨ ᠪᠦᠲᠦᠭᠡᠭᠳᠡᠬᠦᠨ᠂ ᠪᠤᠭᠤᠳᠤ ᠵᠢᠨ ᠡᠯ᠎ᠡ ᠵᠦᠢᠯ᠎ᠤᠨ ᠠᠮᠳᠠᠳᠤ ᠢᠳᠡᠭᠡᠨ ᠡᠴᠡ ᠡᠬᠢᠯᠡᠭᠡᠳ ᠪᠠᠶᠠᠨᠨᠠᠭᠤᠷ᠎ᠤᠨ ᠵᠢᠷᠠ ᠲᠠᠯᠠᠨ ᠵᠢᠩ᠎ᠤᠨ ᠲᠤᠮᠤ ᠲᠠᠷᠪᠤᠰ᠂ ᠨᠠᠷᠠᠨ ᠬᠤᠸᠠᠷ᠎ᠤᠨ ᠦᠷ᠎ᠡ ᠵᠢᠴᠢ ᠠᠯᠠᠱᠠ ᠵᠢᠨ ᠢᠩᠭᠡᠨ ᠰᠦ ᠵᠢᠨ ᠪᠦᠲᠦᠭᠡᠭᠳᠡᠬᠦᠨ ᠦᠪᠡᠷ ᠦᠪᠡᠷ᠎ᠤᠨ ᠵᠢᠡᠨ ᠤᠨᠴᠠᠯᠢᠬ ᠵᠢᠡᠷ ᠵᠢᠡᠨ ᠭᠠᠩᠭᠠᠷᠠᠵᠦ᠂ ᠬᠤᠷᠠᠭᠰᠠᠨ ᠤᠯᠠᠨ᠎ᠤ ᠰᠢᠯᠦᠰᠦ ᠵᠢ ᠬᠤᠷᠠᠭᠤᠯᠵᠦ᠂ ᠴᠦᠩᠬᠦ ᠵᠢ ᠬᠤᠭᠤᠰᠤᠯᠠᠨ᠎ᠠ᠃


11 ᠮᠤᠵᠢ ᠬᠤᠳᠠ ᠵᠢᠨ ᠨᠡᠷ᠎ᠡ ᠵᠢᠨ ᠬᠠᠭᠤᠳᠠᠰᠤ ᠬᠢᠯᠠᠯᠵᠠᠯ᠎ᠠ


《 ᠰᠠᠷᠭᠠᠢ ᠴᠡᠴᠡᠭ᠎ᠤᠨ ᠠᠮᠳᠠᠳᠤ ᠪᠤᠭᠤᠷᠰᠤᠭ ᠡᠴᠡ ᠠᠮᠰᠠᠵᠤ ᠦᠵᠡᠭᠡᠷᠡᠢ 》 ᠭᠡᠵᠤ ᠶᠦᠨᠨᠠᠨ ᠤ᠋ ᠰᠠᠷᠭᠠᠢ ᠴᠡᠴᠡᠭ᠎ᠤᠨ ᠠᠮᠳᠠᠳᠤ ᠢᠳᠡᠭᠡᠨ ᠎ᠤ  ᠬᠢᠵᠠᠭᠠᠷᠲᠤ ᠺᠤᠮᠫᠠᠨᠢ ᠶ᠋ᠢᠨ ᠠᠵᠢᠯᠳᠠᠳ ᠬᠦᠷᠦᠯᠴᠠᠨ ᠢᠷᠡᠭᠰᠡᠳ᠎ᠵᠢᠡᠨ ᠢᠨᠢᠶᠡᠮᠰᠦᠭᠯᠡᠨ ᠤᠬᠳᠤᠨ᠎ᠠ᠃

《ᠶᠤᠰᠤᠳᠠᠢ ᠠᠮᠳᠠᠳᠠᠢ᠂  ᠭᠠᠳᠠᠷ ᠪᠤᠭᠤᠳᠠᠯ ᠪᠠᠬᠯᠠᠭ᠎ᠠ ᠨᠢ ᠴᠸ᠋ ᠭᠤᠶᠤ᠂  ᠭᠡᠳᠤᠨ ᠬᠠᠢᠷᠴᠠᠭ  ᠠᠪᠤᠶ᠎ᠠ 》 ᠬᠦᠮᠤᠰ ᠠᠮᠳᠠᠯᠠᠬᠤ᠎ᠵᠢᠨ ᠲᠠᠭᠠᠤ ᠬᠤᠳᠠᠯᠳᠤᠨ ᠠᠪᠴᠠᠭᠠᠨ᠎ᠠ ᠃


QQ20250829-162133.png


ᠤᠷᠠᠨ ᠰᠠᠢᠬᠠᠨ᠎ᠤ ᠲᠤᠭᠯᠠᠯᠳᠠ  ᠤᠯᠠᠨ᠎ᠤ ᠪᠠᠬᠠᠷᠬᠠᠯ᠎ᠢ ᠲᠠᠳᠠᠯ᠎ᠠ


《 ᠡᠢᠮᠤ ᠰᠠᠢᠬᠠᠨ ᠲᠠᠪᠴᠠᠡᠭ ᠵᠢᠡᠷ ᠲᠠᠮᠵᠢᠨ ᠪᠦᠳᠤᠭᠡᠭᠳᠡᠬᠦᠨ ᠵᠢᠡᠨ ᠪᠤᠰᠤᠳ ᠲᠸ᠋ ᠲᠠᠨᠢᠭᠤᠯᠬᠤ ᠵᠢᠨ ᠲᠠᠭᠠᠤ ᠤᠯᠠᠨ ᠤᠯᠤᠰ᠎ᠤᠨ ᠭᠤᠶᠤ ᠭᠤᠶᠤ ᠪᠦᠳᠤᠭᠡᠭᠳᠡᠬᠦᠨ᠎ᠢ ᠰᠤᠨᠢᠷᠬᠠᠭᠰᠠᠨ ᠨᠢ ᠶᠤᠰᠤᠳᠠᠢ ᠨᠢᠭᠡᠨ ᠠᠵᠠ ᠵᠠᠪᠰᠢᠶᠠᠨ ᠪᠤᠯᠤᠬᠰᠠᠨ ᠰᠢᠤ᠃ ᠠᠡᠭᠬ᠎ᠠ ᠤᠳᠠᠭ᠎ᠠ  ᠲᠤᠰ ᠦᠵᠡᠰᠬᠦᠯᠠᠡᠭ᠎ᠤᠨ ᠴᠤᠭᠯᠠᠭᠠᠨ᠎ᠳᠤ  ᠤᠷᠤᠯᠴᠠᠬᠰᠠᠨ᠎ᠳᠠᠭᠠᠨ ᠮᠠᠰᠢ ᠪᠠᠶᠠᠷᠳᠠᠢ ᠪᠠᠢᠨ᠎ᠠ᠃ ᠨᠡᠡᠭ ᠴᠢᠬᠤᠯᠠ ᠨᠢ ᠲᠤᠬᠠᠢ ᠶ᠋ᠢᠨ ᠭᠠᠵᠠᠷ ᠤ᠋ᠨ ᠬᠦᠮᠦᠰ ᠮᠠᠰᠢ ᠬᠠᠯᠠᠭᠤᠮᠰᠤᠭ ᠪᠦᠭᠡᠳ ᠪᠢᠳᠡᠨ ᠤ᠋ ᠪᠠᠷᠠᠭ᠎ᠠ ᠲᠠᠸᠠᠷ ᠤ᠋ᠨ ᠪᠤᠷᠤᠯᠠᠭᠤᠯᠭ᠎ᠠ ᠴᠦ᠍ ᠰᠠᠢᠨ᠂ ᠰᠠᠶᠢᠬᠠᠨ ᠪᠢᠳᠠ ᠪᠠᠰᠠ ᠬᠡᠳᠦᠨ ᠲᠤᠮᠤ ᠵᠠᠬᠢᠶᠠᠯᠠᠭ᠎ᠠ ᠵᠢ ᠲᠤᠰᠤᠬᠰᠠᠨ 》 ᠭᠡᠵᠦ ᠶᠦᠨᠨᠠᠨ ᠤ᠋ ᠰᠠᠷᠭᠠᠢ ᠴᠡᠴᠡᠭ᠎ᠤᠨ ᠠᠮᠳᠠᠳᠤ ᠢᠳᠡᠭᠡᠨ᠎ᠤ ᠬᠢᠵᠠᠭᠠᠷᠲᠤ ᠺᠤᠮᠫᠠᠨᠢ ᠶ᠋ᠢᠨ ᠬᠠᠷᠢᠭᠤᠴᠠᠯᠭᠠᠲᠠᠨ ᠶᠠᠩ ᠮᠸᠩ ᠴᠢ  ᠪᠠᠶᠠᠷᠯᠠᠬᠰᠠᠨ ᠰᠡᠳᠬᠢᠯ ᠵᠢᠡᠨ ᠲᠠᠷᠤᠵᠤ ᠶᠠᠳᠠᠨ ᠬᠡᠯᠡᠨ᠎ᠡ᠃ ᠶᠦᠨᠨᠠᠨ ᠤ᠋ ᠰᠠᠷᠭᠠᠢ ᠴᠡᠴᠡᠭ᠎ᠤᠨ ᠠᠮᠳᠠᠳᠤ ᠢᠳᠡᠭᠡᠨ᠎ᠤ ᠬᠢᠵᠠᠭᠠᠷᠲᠤ ᠺᠤᠮᠫᠠᠨᠢ  ᠪᠤᠯ ᠲᠠᠷᠢᠬᠤ᠂ ᠰᠤᠳᠤᠯᠤᠨ ᠨᠡᠭᠡᠭᠡᠬᠦ᠂ ᠡᠳ᠋ᠰᠢᠭᠦᠯᠦᠨ ᠪᠤᠯᠪᠠᠰᠤᠷᠠᠭᠤᠯᠬᠤ᠂ ᠪᠤᠷᠤᠯᠠᠭᠤᠯᠬᠤ ᠵᠢ ᠨᠢᠭᠡ ᠴᠤᠬᠴᠠᠵᠢᠭᠤᠯᠤᠬᠰᠠᠨ ᠰᠠᠷᠭᠠᠢ ᠴᠡᠴᠡᠭ᠎ᠤᠨ ᠠᠮᠢ ᠠᠬᠤᠢ ᠶ᠋ᠢᠨ ᠬᠠᠨᠭᠭᠠᠯᠭ᠎ᠠ ᠶ᠋ᠢᠨ ᠬᠡᠯᠬᠢᠶᠡᠨ ᠤ᠋ ᠠᠵᠤ ᠠᠬᠤᠢᠯᠠᠯ ᠪᠠᠢᠵᠤ᠂ ᠳᠤᠮᠳᠠᠳᠤ ᠮᠤᠨᠭᠭᠤᠯ  ᠤ᠋ᠨ ᠦᠵᠡᠰᠭᠦᠯᠡᠩ ᠤ᠋ᠨ ᠴᠤᠬᠯᠠᠭᠠᠨ ᠳ᠋ᠤ ᠠᠨᠭᠬ᠎ᠠ ᠤᠳᠠᠭ᠎ᠠ ᠤᠷᠤᠯᠴᠠᠵᠤ ᠪᠠᠢᠨ᠎ᠠ᠃

ᠲᠤᠰ ᠤᠳᠠᠭᠠᠨ ᠤ᠋ ᠦᠵᠡᠰᠭᠦᠯᠡᠩ ᠤ᠋ᠨ ᠴᠤᠬᠯᠠᠭᠠᠨ ᠳ᠋ᠤ ᠪᠠᠰᠠ ᠬᠠᠢᠨᠠᠨ᠎ᠤ ᠨᠠᠷᠬᠢᠯ ᠵᠢᠮᠢᠰ᠎ᠤᠨ ᠪᠦᠳᠤᠭᠡᠭᠳᠡᠬᠦᠨ᠂ ᠰᠠᠨ ᠱᠢ ᠶ᠋ᠢᠨ ᠼᠤᠤ᠂ ᠪᠡᠭᠡᠵᠢᠩ ᠤ᠋ᠨ ᠤᠶᠤᠨᠲᠦ ᠲᠤᠨᠤᠭ ᠲᠦᠬᠦᠭᠡᠷᠦᠮᠵᠢ᠂ ᠭᠢᠷᠢᠨ ᠮᠤᠵᠢ ᠶ᠋ᠢᠨ ᠠᠭᠤᠯᠠᠨ ᠤ᠋ ᠪᠠᠢᠭᠠᠯᠢᠯᠢᠭ ᠪᠦᠲᠦᠭᠡᠭᠳᠡᠬᠦᠨ᠂ ᠵᠸᠵᠢᠶᠠᠩ ᠤ᠋ᠨ ᠭᠡᠷ ᠤ᠋ᠨ ᠴᠠᠬᠢᠯᠭᠠᠨ ᠬᠡᠷᠡᠭᠰᠡᠯ ᠵᠡᠷᠭᠡ 11 ᠮᠤᠵᠢ ᠬᠤᠲᠠ ᠡᠴᠡ ᠢᠷᠡᠭᠰᠡᠨ ᠠᠮᠲᠠᠲᠤ ᠢᠳᠡᠭᠡᠨ᠂ ᠠᠮᠢᠳᠤᠷᠠᠯ ᠤ᠋ᠨ ᠬᠡᠷᠡᠭᠰᠡᠯ ᠭᠡᠬᠦ ᠮᠡᠳᠤ᠎ᠵᠢᠨ ᠤᠨᠴᠠᠯᠢᠬᠳᠤ ᠵᠦᠢᠯᠡᠰ ᠲᠠᠯᠭᠡᠨ ᠪᠤᠷᠤᠯᠠᠭᠤᠯᠤᠭᠳᠠᠵᠤ ᠪᠤᠢ᠃

16 ᠤᠯᠤᠰ ᠤᠷᠤᠨ ᠦᠪᠡᠷᠮᠢᠴᠡ ᠪᠦᠲᠦᠭᠡᠭᠳᠡᠬᠦᠨ ᠵᠢᠡᠨ ᠭᠠᠢᠬᠠᠭᠤᠯᠤᠯ᠎ᠠ

ᠤᠯᠠᠨ ᠤᠯᠤᠰ ᠤ᠋ᠨ ᠦᠵᠡᠭᠦᠯᠭᠡ ᠶ᠋ᠢᠨ ᠲᠤᠭᠤᠷᠢᠭ ᠲᠦ᠍ ᠂  ᠰᠢᠨ᠎ᠡ ᠽᠢᠯᠠᠨᠳ᠋ ᠤ᠋ᠨ ᠰᠦᠨ ᠲᠠᠯᠬ᠎ᠠ᠂ ᠢᠮᠠᠭᠠᠨ ᠨᠤᠤᠯᠤᠭᠤᠷ ᠤ᠋ᠨ ᠪᠦᠲᠦᠭᠡᠭᠳᠡᠬᠦᠨ᠂ ᠰᠸᠷᠪᠢᠶ᠎ᠡ ᠶ᠋ᠢᠨ ᠤᠯᠠᠭᠠᠨ ᠠᠷᠢᠬᠢ᠂ ᠠᠦ᠋ᠰᠲᠷᠡᠯᠢᠶ᠎ᠠ ᠶ᠋ᠢᠨ ᠴᠠᠭᠠᠨ ᠢᠳᠡᠭᠡ ᠪᠤᠯᠤᠨ ᠬᠠᠭᠤᠷᠠᠢ ᠵᠢᠮᠢᠰ᠂ ᠢᠲ᠋ᠠᠯᠢ ᠶ᠋ᠢᠨ ᠠᠷᠠᠰᠤᠨ  ᠬᠤᠪᠴᠠᠰᠤ᠂ ᠠᠷᠠᠰᠤᠨ ᠪᠤᠬᠴᠤ᠂  ᠺᠤᠷᠢᠶᠠ ᠶ᠋ᠢᠨ ᠭᠤᠶᠤᠯᠠᠯ᠎ᠤᠨ ᠪᠦᠳᠤᠭᠡᠭᠳᠡᠬᠦᠨ᠂  ᠢᠷᠠᠨ ᠤ᠋ ᠬᠡᠪᠢᠰ᠂ ᠭᠠᠨᠠ ᠶ᠋ᠢᠨ ᠺᠠᠺᠠᠤ᠋ ᠶ᠋ᠢᠨ ᠲᠤᠰᠤ᠂ ᠤᠯᠠᠮᠵᠢᠯᠠᠯᠳᠤ ᠭᠠᠷ ᠤᠷᠠᠯᠠᠯ᠎ᠤᠨ ᠪᠦᠳᠤᠭᠡᠭᠳᠡᠬᠦᠨ᠂ ᠤᠷᠤᠰ ᠤ᠋ᠨ ᠰᠢᠷᠠᠬᠰᠠᠨ ᠬᠢᠮ᠎ᠠ᠂ ᠯᠢᠶᠠᠪᠠ  ᠵᠡᠷᠭᠡ ᠰᠤᠯᠠ ᠢᠳᠡᠭᠡᠨ᠂ ᠦᠷᠦᠭᠤᠸᠠᠢ ᠶ᠋ᠢᠨ ᠬᠦᠷᠡᠩ ᠪᠤᠯᠤᠷ ᠭᠡᠳ ᠤᠯᠠᠨ ᠤᠯᠤᠰ ᠤ᠋ᠨ ᠰᠤᠨᠢᠨ ᠰᠠᠢᠬᠠᠨ ᠪᠠᠷᠠᠭ᠎ᠠ ᠲᠠᠸᠠᠷ ᠲᠠᠯᠭᠡᠭᠳᠡᠨ᠎ᠠ᠃

ᠢᠷᠡᠨ ᠤ᠋ ᠦᠵᠡᠭᠦᠯᠭᠡ ᠶ᠋ᠢᠨ ᠲᠤᠭᠤᠷᠢᠭ ᠤ᠋ᠨ ᠬᠡᠭᠡᠨᠴᠢᠷ ᠭᠤᠶᠤ ᠡᠯᠭᠦᠮᠡᠯ ᠬᠡᠪᠢᠰ ᠨᠢ ᠬᠡᠪᠢᠰ ᠤᠷᠠᠯᠠᠯ ᠤ᠋ᠨ ᠷᠢᠳᠢ ᠰᠢᠳᠢ ᠵᠢ ᠭᠠᠢᠬᠠᠭᠤᠯᠤᠨ᠂ ᠤᠯᠠᠨ ᠬᠡᠷᠡᠭᠯᠡᠭᠴᠢ ᠵᠢᠨ ᠬᠠᠷᠠᠴᠠ ᠵᠢ ᠪᠤᠯᠢᠶᠠᠨ᠎ᠠ᠃  ᠠᠩᠬ᠎ᠠ ᠤᠳᠠᠭ᠎ᠠ ᠳᠤᠮᠳᠠᠳᠤ ᠮᠣᠩᠭᠣᠯ ᠤ᠋ᠨ ᠦᠵᠡᠰᠭᠦᠯᠡᠩ ᠤ᠋ᠨ ᠴᠤᠭ᠍ᠯᠠᠭᠠᠨ ᠳ᠋ᠤ ᠣᠷᠣᠯᠴᠠᠵᠤ ᠪᠠᠢᠭ᠎ᠠ ᠢᠷᠠᠨ ᠎ᠤ ᠬᠢᠨ ᠲᠤᠰ ᠤᠳᠠᠭ᠎ᠠ ᠭᠠᠷ ᠡᠯᠭᠦᠮᠡᠯ ᠬᠡᠪᠢᠰ᠂ ᠱᠠᠭᠠᠵᠠᠩ ᠡᠳ᠋ᠯᠡᠯ ᠵᠡᠷᠭᠡ  ᠨᠠᠷᠠᠳᠤ ᠦᠢᠯᠡᠳᠬᠦᠨ ᠢ᠋ᠶ᠋ᠡᠨ ᠠᠪᠴᠢᠷᠠᠪᠠ᠃ 《 ᠲᠣᠰ ᠤᠳᠠᠭᠠᠨ ᠤ᠋ ᠦᠵᠡᠰᠭᠦᠯᠡᠩ ᠤ᠋ᠨ ᠴᠤᠬᠯᠠᠭᠠᠨ  ᠵᠢᠡᠷ ᠲᠠᠮᠵᠢᠵᠤ ᠦᠭᠡᠷ᠎ᠠ ᠪᠤᠰᠤᠳ ᠤᠯᠤᠰ ᠤ᠋ᠨ ᠨᠠᠢᠵᠠ ᠨᠠᠷ ᠲᠠᠢ ᠲᠠᠨᠢᠯᠴᠠᠵᠤ᠂ ᠠᠷᠠᠯᠵᠢᠶ᠎ᠠ ᠮᠠᠢᠮᠠᠢ ᠵᠢᠨ ᠬᠦᠷᠢᠶ᠎ᠠ ᠬᠡᠪᠴᠢᠶ᠎ᠠ ᠪᠡᠨ ᠦᠷᠭᠡᠳᠭᠡᠬᠦ ᠰᠠᠨᠠᠭ᠎ᠠ ᠲᠠᠢ᠃ ᠭᠠᠷ ᠡᠯᠭᠦᠮᠡᠯ ᠬᠡᠪᠢᠰ ᠵᠡᠷᠭᠡ ᠪᠦᠳᠤᠭᠡᠭᠳᠡᠬᠦᠨ ᠳᠤᠮᠳᠠᠳᠤ ᠤᠯᠤᠰ ᠤ᠋ᠨ ᠬᠡᠷᠡᠭ᠌ᠯᠡᠭ᠌ᠴᠢᠳ᠎ᠤᠨ ᠬᠦᠷᠢᠶᠠᠯᠠᠯ᠎ᠢ ᠶᠡᠭᠡᠳᠡ ᠤᠯᠵᠤ ᠪᠠᠢᠨ᠎ᠠ》 ᠭᠡᠵᠦ ᠳᠤᠮᠳᠠᠳᠤ ᠤᠯᠤᠰ ᠲᠦ᠍ ᠰᠠᠭᠤᠭ᠎ᠠ ᠢᠷᠠᠨ ᠳᠤᠮᠳᠠᠳᠤ ᠶ᠋ᠢᠨ ᠨᠥᠬᠥᠷᠯᠡᠯ ᠤ᠋ᠨ ᠨᠡᠢᠭᠡᠮᠯᠢᠭ ᠤ᠋ᠨ ᠲᠥᠯᠥᠭᠡᠯᠡᠭ᠌ᠴᠢ ᠾᠧ ᠹᠸᠢ ᠭᠡᠯᠡᠨ᠎ᠠ᠃

ᠲᠤᠰ ᠤᠳᠠᠭ᠎ᠠ ᠵᠢᠨ ᠦᠵᠡᠰᠬᠦᠯᠡᠡᠭ ᠤ᠋ᠨ ᠴᠤᠭ᠍ᠯᠠᠭᠠᠨ ᠳ᠋ᠤ ᠮᠣᠩᠭᠣᠯ ᠤᠯᠤᠰ ᠵᠢᠴᠢ ᠤᠷᠤᠰ᠂  ᠪᠷᠠᠽᠢᠯ᠂ ᠢᠷᠡᠨ᠂ ᠭᠠᠨᠠ᠂ ᠢᠲ᠋ᠠᠯᠢ᠂ ᠫᠤᠯᠠᠨᠳ᠋᠂ ᠺᠤᠷᠢᠶᠠ᠂  ᠸᠢᠶ᠍ᠸᠲ᠋ᠨᠠᠮ᠂ ᠰᠢᠨ᠎ᠠ ᠽᠢᠯᠠᠨᠳ᠋᠂ ᠠᠦ᠋ᠰᠲᠷᠡᠯᠢᠶ᠎ᠠ᠂ ᠦᠷᠦ᠋ᠭᠤᠸᠠᠢ᠂ ᠺᠠᠽᠠᠬᠰᠲᠨᠨ᠂ ᠰᠸᠷᠪᠢᠶ᠎ᠠ᠂ ᠲᠠᠢ ᠤᠯᠤᠰ᠂ ᠮᠠᠯᠠᠢᠰᠢᠶ᠎ᠠ᠂ ᠪᠸᠯᠦᠷᠦ᠋ᠰ ᠵᠡᠷᠭᠡ 16 ᠤᠯᠤᠰ ᠤ᠋ᠨ ᠤᠬᠢ ᠰᠤᠳᠤᠨ ᠪᠠᠷᠠᠭ᠎ᠠ ᠪᠦᠲᠦᠭᠡᠭᠳᠡᠭᠦᠨ ᠳᠡᠯᠭᠡᠭᠳᠡᠵᠠᠢ᠃


QQ20250829-162146.png


ᠠᠮᠳᠠᠳᠤ ᠢᠳᠡᠭᠡᠨ ᠠᠮᠲᠠᠯᠠᠨ᠎ᠠ 


ᠬᠦᠭᠵᠢᠶᠡᠨᠳᠤ ᠦᠵᠡᠰᠬᠦᠯᠡᠡᠭ᠎ᠤᠨ ᠵᠠᠢ ᠎ᠳᠤ ᠦᠡᠭᠭᠡᠳᠤ᠎ᠳ᠋ᠸᠡᠭ ᠰᠤᠯᠤᠡᠭᠭᠠᠷᠠᠵᠤ᠂  ᠠᠢᠵᠠᠮᠳᠤ ᠬᠦᠭᠵᠢᠮ᠎ᠤᠨ ᠠᠶᠠᠰ᠎ᠤᠨ ᠲᠤᠮᠳᠠ ᠮᠤᠡᠭᠭᠤᠯ ᠤᠯᠤᠰ ᠡᠴᠡ ᠬᠦᠷᠤᠯᠴᠡᠨ ᠢᠷᠡᠭᠰᠡᠨ ᠰᠤᠳᠤᠨ ᠮᠤᠳ᠋ᠸᠯ᠎ᠤᠳ ᠭᠤᠶᠤ ᠰᠠᠢᠬᠠᠨ ᠵᠠᠰᠠᠯ ᠵᠢᠡᠷ ᠭᠠᠡᠭᠭᠠᠷᠠᠨ T ᠲᠠᠢᠰᠠᠨ᠎ᠠ ᠢᠯᠡᠷᠡᠬᠦ ᠪᠡᠷ ᠠᠬᠤᠢ ᠲᠠᠯᠠᠪᠠᠢ ᠲᠡᠷᠠ ᠲᠤᠤᠷ᠎ᠠ ᠪᠡᠨ ᠬᠦᠷ ᠨᠠᠷᠬᠢᠶᠠᠨ ᠵᠢᠡᠷ ᠪᠢᠯᠬᠠᠨ᠎ᠠ; ᠮᠤᠷᠢᠨ ᠬᠤᠭᠤᠷ᠎ᠤᠨ ᠤᠶᠠᠡᠭᠭᠠᠳᠤ ᠡᠭᠡᠰᠢᠭ᠎ᠤᠨ ᠲᠤᠮᠳᠠ  6 ᠮᠠᠰᠢᠨ ᠬᠦᠮᠤᠨ ᠡᠳᠡᠭᠡᠳ ᠰᠠᠢᠬᠠᠨ ᠲᠤᠬᠯᠠᠯᠳᠠ ᠪᠡᠷ ᠵᠢᠡᠨ ᠦᠵᠡᠭᠴᠢᠳ᠎ᠤᠨ ᠬᠠᠯᠠᠭᠤᠨ ᠠᠯᠠᠭ᠎ᠠ ᠲᠠᠰᠢᠯᠳᠠ ᠵᠢ ᠬᠦᠷᠳᠡᠨ᠎ᠠ ᠁ ᠡᠨᠡ ᠮᠡᠳᠤ ᠪᠡᠷ ᠦᠵᠡᠰᠬᠦᠯᠡᠡᠭ᠎ᠤᠨ ᠠᠬᠤᠢ ᠲᠠᠯᠠᠪᠠᠢ᠎ᠳᠤ ᠡᠯ᠎ᠠ ᠭᠠᠵᠠᠷ ᠤᠷᠤᠨ᠎ᠤ ᠬᠢᠨᠢ ᠦᠪᠡᠷ ᠦᠪᠡᠷ᠎ᠤᠨ ᠵᠢᠡᠨ ᠤᠨᠴᠠᠯᠢᠬᠳᠤ ᠤᠷᠠᠨ ᠰᠠᠢᠬᠠᠨ᠎ᠤ ᠲᠤᠬᠯᠠᠯᠳᠠ ᠪᠡᠷ ᠵᠢᠡᠨ ᠦᠵᠡᠰᠬᠦᠯᠡᠡᠭ᠎ᠵᠢᠡᠷ ᠲᠤᠭᠤᠷᠢᠬᠴᠢᠳ ᠲᠸ᠋  ᠤᠷᠠᠯᠢᠭ᠎ᠤᠨ ᠷᠢᠳᠢ ᠰᠢᠳᠢ ᠵᠢ ᠭᠠᠢᠬᠠᠭᠤᠯᠤᠨ᠎ᠠ᠃

《 ᠰᠠᠶᠢᠬᠠᠨ ᠰᠸᠷᠪᠢᠶ᠎ᠠ ᠵᠢᠨ ᠬᠠᠷ᠎ᠠ ᠠᠷᠠᠰᠤᠳᠠᠨ ᠵᠠᠯᠠᠭᠤ ᠵᠢᠨ ᠬᠡᠡᠭᠭᠡᠷᠭᠡ ᠲᠡᠯᠡᠳᠬᠦ ᠵᠢ ᠦᠵᠡᠯ᠎ᠠ ᠂ ᠪᠡᠰᠠ ᠵᠸᠵᠢᠶᠠᠡᠭ᠎ᠤᠨ  ᠲᠤᠬᠯᠠᠬᠴᠢ ᠵᠢᠨ ᠶᠠᠳᠤᠭ᠎ᠠ ᠵᠢᠨ ᠲᠤᠬᠯᠠᠯᠳᠠ᠂ ᠮᠤᠡᠭᠭᠤᠯ ᠤᠯᠤᠰ᠎ᠤᠨ ᠲᠤᠬᠯᠠᠬᠴᠢᠳ᠎ᠤᠨ ᠤᠶᠠᠡᠭᠭ᠎ᠠ ᠲᠠᠭᠤᠤ᠂ ᠪᠦᠵᠢᠭ ᠡᠴᠡ ᠰᠤᠨᠢᠷᠬᠠᠯ᠎ᠠ ᠂ ᠦᠨᠡᠭᠡᠷ ᠰᠠᠢᠬᠠᠨ ᠪᠠᠢᠨ᠎ᠠ 》 ᠬᠡᠵᠤ ᠦᠵᠡᠰᠬᠦᠯᠡᠡᠭ ᠵᠢᠡᠷ ᠲᠤᠭᠤᠷᠢᠨ ᠵᠢᠭᠤᠯᠴᠢᠯᠠᠬᠴᠢ  ᠠᠭᠤᠳᠠᠮ  ᠭᠠᠷ ᠤᠳᠠᠰᠤ ᠪᠡᠷ ᠵᠢᠡᠨ ᠰᠡᠬᠦᠳᠡᠷᠯᠡᠭᠰᠡᠨ ᠰᠡᠬᠦᠳᠡᠷ ᠵᠢᠡᠨ ᠦᠵᠡᠬᠦᠯᠬᠦ ᠵᠢᠨ ᠲᠠᠭᠠᠤ ᠪᠠᠶᠠᠷᠳᠠᠢ ᠶᠠᠷᠢᠨ᠎ᠠ᠃

ᠲᠡᠢᠮᠤ ᠡ᠂ ᠲᠤᠮᠳᠠᠳᠤ ᠮᠤᠡᠭᠭᠤᠯ᠎ᠤᠨ ᠦᠵᠡᠰᠬᠦᠯᠠᠡᠭ᠎ᠤᠨ ᠴᠤᠬᠯᠠᠭᠠᠨ ᠨᠢ ᠠᠵᠤ ᠠᠬᠤᠢ ᠠᠷᠠᠯᠵᠢᠶ᠎ᠠ ᠬᠤᠳᠠᠯᠳᠤᠭ᠎ᠠ  ᠵᠢᠨ ᠬᠠᠮᠳᠤᠷᠠᠯᠴᠠᠭ᠎ᠠ ᠪᠤᠯᠬᠤ ᠪᠡᠷ ᠪᠠᠷᠠᠬᠤ ᠦᠬᠡᠢ᠂ ᠪᠠᠰᠠ ᠰᠤᠶᠤᠯ ᠤᠷᠠᠯᠢᠭ᠎ᠤᠨ ᠰᠤᠯᠢᠯᠴᠠᠭ᠎ᠠ ᠲᠤᠯᠢᠳᠠᠯ ᠪᠤᠯᠵᠤ᠂  ᠬᠠᠮᠢᠶ᠎ᠠ ᠪᠦᠬᠦᠢ ᠤᠯᠤᠰ᠎ᠪᠡ ᠡᠯ᠎ᠠ ᠡᠳᠡᠭᠡᠳ᠎ᠤᠨ ᠠᠨᠳᠠ ᠨᠦᠬᠦᠷᠯᠡᠯ᠎ᠢ ᠤᠯᠠᠮ ᠵᠤᠵᠠᠭᠠᠳᠬᠠᠬᠤ ᠰᠠᠢᠬᠠᠨ ᠲᠠᠪᠴᠠᠡᠭ ᠪᠤᠯᠤᠨ᠎ᠠ᠃

ᠲᠤᠰ ᠤᠳᠠᠭᠠᠨ᠎ᠤ  ᠦᠵᠡᠰᠭᠦᠯᠡᠩ ᠤ᠋ᠨ ᠴᠤᠭ᠍ᠯᠠᠭᠠᠨ ᠤ᠋ ᠦᠵᠡᠭᠦᠯᠭᠡ ᠳᠡᠯᠭᠡᠨ ᠪᠤᠷᠤᠯᠠᠭᠤᠯᠭ᠎ᠠ ᠶ᠋ᠢᠨ ᠠᠵᠢᠯᠯᠠᠭ᠎ᠠ ᠨᠢ ᠳᠡᠯᠡᠬᠡᠢᠵᠢᠯ ᠤ᠋ᠨ ᠬᠠᠷᠠᠭᠠᠰᠤ᠂ ᠲᠤᠰᠭᠠᠢᠵᠢᠭ᠍ᠰᠠᠨ ᠪᠠᠢᠷᠢᠱᠢᠭᠤᠯᠤᠯᠲᠠ᠂ ᠲᠣᠭᠠᠴᠢᠯᠠᠯᠲᠠ ᠶ᠋ᠢᠨ ᠴᠢᠳᠠᠪᠬᠢ ᠪᠣᠯᠤᠨ ᠲᠤᠳᠤᠨᠤ ᠦᠢᠯᠡᠴᠢᠯᠡᠭᠡ ᠪᠡᠷ 《ᠨᠢᠭᠡ ᠪᠦᠰᠡ ᠨᠢᠭᠡ ᠵᠠᠮ 》 ᠲᠠᠭᠠᠤ ᠵᠢᠨ ᠤᠯᠤᠰ᠎ᠤᠳ᠎ᠤᠨ ᠬᠤᠭᠤᠷᠤᠨᠳᠤᠬᠢ ᠦᠪᠡᠳᠡᠭ᠌ᠰᠢ ᠴᠤᠭ᠍ᠯᠠᠭᠠᠨ ᠢ᠋ ᠴᠣᠭ᠍ᠴᠠᠯᠠᠵᠤ ᠂ ᠳᠤᠮᠳᠠᠳᠤ ᠮᠣᠩᠭᠣᠯ ᠵᠢᠴᠢ ᠳᠡᠯᠡᠬᠡᠢ ᠶ᠋ᠢᠨ ᠡᠯ᠎ᠡ ᠤᠯᠤᠰ ᠤ᠋ᠨ ᠬᠠᠮᠲᠤᠷᠠᠯᠴᠠᠭ᠎ᠠ ᠵᠢ ᠭᠦᠨᠵᠡᠭᠡᠢᠷᠡᠭᠦᠯᠬᠦ᠌ ᠳ᠋ᠤ ᠬᠦᠴᠦᠷᠬᠡᠭ ᠶᠡᠬᠡ ᠬᠥᠳᠡᠯᠭᠡᠬᠦ᠌ ᠬᠦᠴᠦᠨ ᠨᠡᠮᠡᠷᠢᠯᠡᠭ᠌ᠰᠡᠨ ᠪᠥᠭᠡᠳ ᠳᠡᠯᠡᠬᠡᠢ ᠳ᠋ᠠᠬᠢᠨ ᠳ᠋ᠤ ᠳᠤᠮᠳᠠᠳᠤ ᠤᠯᠤᠰ ᠤ᠋ᠨ ᠤᠮᠠᠷᠠᠰᠢ ᠨᠡᠭᠡᠭᠡᠯᠳᠠ ᠬᠢᠬᠦ᠌ ᠡᠷᠡᠰ ᠪᠠᠲᠤ ᠵᠣᠷᠢᠭ ᠪᠣᠯᠤᠨ ᠥᠷᠭᠡᠨ ᠠᠭᠤᠳᠠᠮ ᠠᠯᠤᠰ ᠢᠷᠡᠭᠡᠳᠦᠢ ᠵᠢ ᠲᠤᠳᠤᠷᠠᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号