ᠳᠡᠯᠭᠡᠷ ᠵᠤᠨ ᠤ᠋ ᠳᠤᠯᠤᠭᠠᠨ ᠰᠠᠷ᠎ᠠ ᠳ᠋ᠦ᠂ ᠤᠰᠤ ᠳᠠᠳᠠᠵᠦ ᠡᠨ᠋ᠸᠷᠬᠢ ᠨᠦᠭᠡᠴᠡᠯᠡᠬᠦ ᠴᠦᠬᠦᠷᠦᠮ ᠤ᠋ᠨ ᠤᠰᠤᠨ ᠳ᠋ᠦ ᠮᠢᠷᠠᠰ ᠮᠢᠷᠠᠰ ᠠᠷ ᠴᠡᠩᠬᠡᠷᠯᠡᠨ ᠳᠠᠳᠠᠵᠦ᠂ ᠤᠢᠷᠠᠬᠠᠨ ᠪᠠᠢᠭ᠎ᠠ 《ᠬᠦᠬᠡᠮᠳᠦᠭ ᠳᠠᠯᠠᠢ》 ᠬᠡᠮᠡᠭᠳᠡᠭᠰᠡᠨ ᠦᠷᠬᠦᠯᠵᠢᠯᠡᠭᠰᠡᠨ ᠭᠡᠷᠡᠯᠴᠢ ᠴᠡᠨᠡᠭ ᠤ᠋ᠨ ᠬᠠᠪᠳᠠᠰᠦ᠂ ᠰᠠᠯᠬᠢᠨ ᠤ᠋ ᠠᠶ᠎ᠠ ᠪᠡᠷ ᠡᠷᠬᠢᠯᠳᠦᠬᠦ ᠰᠠᠯᠬᠢᠨ ᠬᠦᠴᠦᠨ ᠤ᠋ ᠮᠠᠰᠢᠨ ᠲᠠᠢ ᠦᠩᠭᠡ ᠠᠪᠤᠯᠴᠠᠵᠦ᠂ ᠲᠠᠯ᠎ᠠ ᠨᠤᠳᠤᠭ ᠲᠣ᠌ ᠯᠠ ᠪᠠᠢᠳᠠᠭ ᠨᠢᠭᠡᠨ ᠭᠤᠴᠤ ᠦᠵᠡᠮᠵᠢ ᠵᠢ ᠪᠦᠷᠢᠯᠳᠦᠬᠦᠯᠵᠠᠢ —— ᠡᠨᠡ ᠨᠢ ᠮᠠᠨ ᠤ᠋ ᠤᠷᠤᠨ ᠤ᠋ ᠰᠢᠨ᠎ᠡ ᠡᠨ᠋ᠸᠷᠬᠢ ᠵᠢᠨ ᠬᠦᠭᠵᠢᠯᠳᠡ ᠵᠢᠨ ᠠᠮᠢᠳᠤᠯᠢᠭ ᠬᠤᠷᠢᠶᠠᠩᠭᠤᠢ ᠵᠢᠷᠤᠭᠯᠠᠯ ᠭᠡᠯᠳᠠᠢ᠃
《2024 ᠣᠨ ᠳ᠋ᠦ᠂ ᠮᠠᠨ ᠤ᠋ ᠤᠷᠤᠨ ᠱᠢᠨ᠎ᠡ ᠡᠨᠧᠷᠭᠢ ᠵᠢᠨ ᠲᠥᠷᠥᠯ ᠵᠦᠶ᠋ᠯ ᠤ᠋ᠨ ᠪᠥᠲᠥᠭᠡᠨ ᠪᠠᠢᠭᠤᠯᠤᠯᠲᠠ ᠵᠢ ᠱᠠᠯᠠᠪᠳᠠᠨ ᠠᠬᠢᠭᠤᠯᠵᠦ ᠂ ᠱᠢᠨ᠎ᠡ ᠡᠨᠧᠷᠭᠢ ᠵᠢᠨ ᠰᠢᠨ᠎ᠡ ᠪᠡᠷ ᠨᠡᠮᠡᠭᠳᠡᠭᠰᠡᠨ ᠮᠠᠰᠢᠨ ᠴᠤᠭᠴᠠᠯᠠᠪᠤᠷᠢ ᠵᠢᠨ ᠬᠡᠪᠴᠢᠶ᠎ᠡ 1028 ᠲᠦᠮᠡᠨ ᠺᠢᠯᠦᠸᠠᠲ ᠲᠣ᠌ ᠬᠦᠷᠴᠦ᠂ ᠶᠡᠷᠦᠩᠬᠡᠶ ᠮᠠᠱᠢᠨ ᠴᠣᠭ᠍ᠴᠠᠯᠠᠪᠤᠷᠢ ᠵᠢᠨ ᠬᠡᠪᠴᠢᠶᠡᠨᠢ 1.45 ᠳ᠋ᠦᠩᠱᠢᠭᠤᠷ ᠺᠢᠯᠦᠸᠠᠲ ᠢ᠋ ᠳᠠᠪᠠᠵᠤ᠂ ᠪᠥᠬᠥ᠌ ᠤᠯᠤᠰ ᠤ᠋ᠨ ᠲᠡᠷᠢᠭᠦᠨ ᠳ᠋ᠦ ᠵᠢᠭᠰᠠᠪᠠ》 ᠭᠡᠵᠦ ᠥᠪᠡᠷᠲᠡᠭᠡᠨ ᠵᠠᠰᠠᠬᠤ ᠣᠷᠣᠨ ᠤ᠋ ᠡᠨᠧᠷᠭᠢ ᠵᠢᠨ ᠲᠣᠪᠴᠢᠶ᠎ᠠ ᠵᠢᠨ ᠱᠢᠨ᠎ᠡ ᠡᠨᠧᠷᠭᠢ ᠪᠠ ᠳᠠᠬᠢᠨ ᠡᠭᠦᠰᠴᠦ᠍ ᠪᠣᠯᠬᠤ ᠡᠨᠧᠷᠭᠢ ᠵᠢᠨ ᠭᠠᠵᠠᠷ ᠤ᠋ᠨ ᠬᠠᠷᠢᠭᠤᠴᠠᠯᠭᠠᠳᠠᠨ ᠡᠨᠡ ᠵᠢᠯ ᠤ᠋ᠨ ᠠᠵᠢᠯ ᠤ᠋ᠨ ᠪᠦᠲᠦᠮᠵᠢ ᠪᠡᠨ ᠪᠠᠶᠠᠷᠳᠠᠢᠬᠠᠨ ᠲᠠᠨᠢᠯᠴᠠᠭᠤᠯᠤᠨ᠎ᠠ᠃ ᠡᠨᠡ ᠬᠦ᠌ ᠦᠷ᠎ᠡ ᠪᠦᠲᠦᠮᠵᠢ ᠨᠢ᠂ ᠮᠠᠨ ᠤ᠋ ᠤᠷᠤᠨ ᠱᠢᠨ᠎ᠡ ᠡᠨᠧᠷᠭᠢ ᠵᠢᠨ ᠲᠥᠷᠥᠯ ᠵᠦᠶ᠋ᠯ ᠢ᠋ ᠬᠢᠨᠠᠨ ᠵᠥᠪᠱᠢᠶᠡᠷᠡᠬᠦ᠌ ᠶᠠᠪᠤᠴᠠ ᠵᠢ ᠦᠷᠭᠦᠯᠵᠢᠯᠡᠨ ᠳᠥᠭᠥᠮᠴᠢᠯᠡᠵᠦ᠍᠂ 《ᠡᠯᠡᠰᠦ ᠴᠥᠯ ᠭᠤᠪᠢ》 ᠵᠢᠨ ᠲᠣᠮᠣ ᠰᠠᠭᠤᠷᠢᠨ᠂ ᠬᠡᠷᠡᠯᠴᠢ ᠴᠡᠨᠡᠭ ᠵᠢᠡᠷ ᠡᠯᠡᠰᠦ ᠵᠢ ᠵᠠᠰᠠᠬᠤ ᠵᠡᠷᠭᠡ ᠭᠤᠤᠯᠳᠠᠯᠭ᠎ᠠ ᠲᠠᠢ ᠲᠥᠷᠥᠯ ᠵᠦᠶ᠋ᠯ ᠢ᠋ ᠲᠦᠷᠭᠡᠳᠭᠡᠨ ᠨᠠᠢᠳᠠᠪᠤᠷᠢᠵᠢᠭᠤᠯᠤᠭᠰᠠᠨ ᠲᠦᠷᠦ ᠵᠢᠨ ᠪᠤᠳᠤᠯᠭ᠎ᠠ ᠵᠢᠨ ᠠᠬᠢᠭᠤᠯᠤᠯ ᠪᠤᠯᠬᠤ ᠠᠵᠢ᠃
ᠲᠦᠩᠯᠢᠶᠣᠤ ᠬᠣᠲᠠᠪᠠᠷ ᠵᠢᠱ᠌ᠢᠶᠡᠯᠡᠪᠡᠯ᠂ 2025 ᠣᠨ ᠤ᠋ ᠳᠡᠭᠡᠷ᠎ᠡ ᠬᠠᠭᠠᠰ ᠵᠢᠯ ᠳ᠋ᠦ ᠱᠢᠨ᠎ᠡ ᠡᠨᠧᠷᠭᠢ ᠵᠢᠨ ᠴᠠᠬᠢᠯᠭᠠᠨ ᠭᠠᠷᠭᠠᠭᠰᠠᠨ ᠬᠡᠮᠵᠢᠶ᠎ᠡ 157 ᠳ᠋ᠦᠩᠱᠢᠭᠤᠷ ᠺᠢᠯᠦᠸᠠᠲ ᠴᠠᠭ ᠲᠣ᠌ ᠬᠦᠷᠴᠦ᠍᠂ ᠪᠥᠬᠥ᠌ ᠨᠡᠢᠭᠡᠮ ᠤ᠋ᠨ ᠶᠡᠷᠦᠩᠬᠡᠶ ᠴᠠᠬᠢᠯᠭᠠᠨ ᠭᠠᠷᠭᠠᠭᠰᠠᠨ ᠬᠡᠮᠵᠢᠶ᠎ᠡ ᠵᠢᠨ 40% ᠵᠢ ᠡᠵᠡᠯᠡᠵᠦ᠍᠂ ᠬᠣᠷᠴᠢᠨ ᠤ᠋ ᠲᠠᠯ᠎ᠠ ᠨᠤᠲᠤᠭ ᠶᠠᠭ ᠥᠪᠥᠷ ᠮᠣᠩᠭᠣᠯ ᠤ᠋ᠨ ᠵᠡᠭᠦᠨ ᠬᠡᠰᠡᠭ ᠤ᠋ᠨ ᠭᠠᠵᠠᠷ ᠣᠷᠣᠨ ᠤ᠋ ᠴᠢᠬᠤᠯᠠ ᠪᠣᠬᠢᠷᠲᠤᠯ ᠥᠬᠡᠶ ᠴᠠᠬᠢᠯᠭᠠᠨ ᠬᠦᠴᠦᠨᠦ ᠬᠦᠶ᠋ᠰᠦ ᠪᠣᠯᠵᠣ ᠬᠦᠭᠵᠢᠭᠰᠡᠨ ᠪᠠᠢᠨ᠎ᠠ᠃ ᠲᠦᠩᠯᠢᠶᠣᠤ ᠬᠤᠳᠠ ᠵᠢᠨ ᠡᠨᠧᠷᠭᠢ ᠵᠢᠨ ᠲᠣᠪᠴᠢᠶᠠᠵᠢᠨ ᠳᠡᠳ᠋ ᠳᠠᠷᠤᠭ᠎ᠠ ᠭᠦᠸᠧ ᠵᠢᠩ ᠬᠤᠸᠠ᠄ 《ᠪᠣᠬᠢᠷᠲᠤᠯ ᠦᠬᠡᠢ ᠡᠨᠧᠷᠭᠢ ᠨᠢ ᠴᠡᠪᠡᠷ ᠬᠥᠳᠡᠯᠭᠡᠬᠦ᠌ ᠬᠦᠴᠦᠨᠦ ᠡᠬᠢ ᠪᠤᠯᠠᠭ ᠪᠣᠯᠬᠤᠪᠠᠷ ᠪᠠᠷᠠᠬᠤ ᠦᠬᠡᠢ᠂ ᠨᠡᠩ ᠴᠤ᠌ ᠠᠵᠤ ᠦᠢᠯᠡᠰ ᠤ᠋ᠨ ᠪᠦᠲᠦᠴᠡ ᠵᠢ ᠲᠠᠬᠢᠨ ᠴᠤᠭᠴᠠᠯᠠᠬᠤ᠂ ᠨᠡᠮᠡᠭ᠌ᠳᠡᠯ ᠤ᠋ᠨ ᠬᠥᠳᠡᠯᠭᠡᠬᠦ᠌ ᠡᠨ᠋ᠸᠷᠬᠢ ᠪᠡᠨ ᠬᠤᠪᠢᠷᠠᠭᠤᠯᠬᠤ ᠪᠠᠢᠯᠳᠤᠬᠤ ᠪᠤᠳᠤᠯᠭ᠎ᠠ ᠵᠢᠨ ᠲᠤᠯᠬᠤ ᠴᠡᠭ ᠪᠣᠯᠤᠨ᠎ᠠ》 ᠭᠡᠪᠡ᠃ ᠲᠥᠷᠥ ᠵᠢᠨ ᠪᠣᠳᠣᠯᠭ᠎ᠠ ᠵᠢᠨ ᠠᠬᠢᠭᠤᠯᠤᠯ ᠳᠤᠤᠷ᠎ᠠ᠂ ᠮᠠᠨ ᠤ᠋ ᠤᠷᠤᠨ ᠤ᠋ ᠱᠢᠨ᠎ᠡ ᠡᠨᠧᠷᠭᠢ ᠵᠢᠨ ᠮᠠᠱᠢᠨ ᠴᠣᠭ᠍ᠴᠠᠯᠠᠪᠤᠷᠢ ᠵᠢᠨ ᠬᠡᠪᠴᠢᠶ᠎ᠡ ᠦᠳᠲᠡᠷ ᠲᠦᠷᠭᠡᠨ ᠦᠷᠭᠡᠵᠢᠵᠦ᠂ ᠳᠡᠭᠡᠷ᠎ᠡ ᠬᠠᠭᠠᠰ ᠵᠢᠯ ᠳ᠋ᠦ᠂ ᠪᠥᠬᠥ᠌ ᠣᠷᠣᠨ ᠤ᠋ ᠱᠢᠨ᠎ᠡ ᠡᠨᠧᠷᠭᠢ ᠵᠢᠨ ᠴᠠᠬᠢᠯᠭᠠᠨ ᠭᠠᠷᠭᠠᠬᠤ ᠬᠡᠮᠵᠢᠶ᠎ᠡ ᠨᠠᠩ ᠴᠤ᠌ 1446 ᠳ᠋ᠦᠩᠱᠢᠭᠤᠷ ᠺᠢᠯᠦᠸᠠᠲ ᠴᠠᠭ ᠲᠣ᠌ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋ᠬᠢᠡᠴᠡ 36% ᠪᠠᠷ ᠨᠡᠮᠡᠭ᠌ᠳᠡᠨ᠂ ᠪᠦᠬᠦ ᠴᠠᠬᠢᠯᠭᠠᠨ ᠭᠠᠷᠭᠠᠬᠤ ᠬᠡᠮᠵᠢᠶ᠎ᠡ ᠵᠢᠨ 35% ᠵᠢ ᠡᠵᠡᠯᠡᠵᠦ᠍᠂ 3 ᠺᠢᠯᠦᠸᠠᠲ ᠴᠠᠭ ᠴᠠᠬᠢᠯᠭᠠᠨ ᠭᠠᠷᠭᠠᠬᠤ ᠪᠦᠷᠢ 1 ᠺᠢᠯᠦᠸᠠᠲ ᠴᠠᠭᠨᠢ ᠱᠢᠨ᠎ᠡ ᠡᠨᠧᠷᠭᠢᠡᠴᠡ ᠢᠷᠡᠭᠰᠡᠨ ᠲᠠᠢ ᠲᠡᠩᠴᠡᠵᠦ᠂ ᠠᠵᠤ ᠠᠬᠤᠶ ᠨᠡᠢᠭᠡᠮ ᠤ᠋ᠨ ᠬᠥᠭ᠌ᠵᠢᠯᠲᠡ ᠳ᠋ᠦ ᠬᠦᠴᠦᠷᠭᠡᠭ ᠶᠡᠬᠡ ᠪᠣᠬᠢᠷᠲᠤᠯ ᠥᠬᠡᠶ ᠬᠥᠳᠡᠯᠭᠡᠬᠦ᠌ ᠡᠨᠧᠷᠭᠢ ᠨᠡᠮᠡᠷᠢᠯᠡᠵᠠᠢ᠃
ᠱᠢᠨ᠎ᠡ ᠡᠨᠧᠷᠭᠢ ᠵᠢᠨ ᠬᠥᠭ᠌ᠵᠢᠯᠲᠡ ᠳ᠋ᠦ ᠪᠤᠬᠢᠷᠳᠦᠯ ᠦᠭᠡᠢ ᠴᠠᠬᠢᠯᠭᠠᠨ ᠢ᠋ ᠱᠢᠩᠭᠡᠭᠡᠨ ᠠᠪᠬᠤ ᠪᠣᠯ ᠵᠠᠩᠭᠢᠯᠠᠭ᠎ᠠ ᠵᠢᠨ ᠠᠰᠠᠭᠤᠳᠠᠯ ᠪᠢᠯᠡ᠃ ᠠᠯᠠᠱᠠ ᠵᠢᠨ ᠴᠠᠬᠢᠯᠭᠠᠨ ᠬᠠᠩᠭᠠᠬᠤ ᠺᠣᠮᠫᠠᠨᠢ ᠵᠢᠨ ᠡᠵᠡᠨ᠎ᠡ ᠵᠢᠨ 《ᠡᠨ᠋ᠸᠷᠬᠢ ᠲᠤᠤᠷ ᠳᠠᠭᠠᠭᠠᠴᠠ ᠨᠥᠭᠡᠴᠡ》 ᠵᠢᠨ ᠱᠢᠨ᠎ᠡ ᠬᠡᠯᠪᠡᠷᠢ ᠵᠢᠨ ᠴᠠᠬᠢᠯᠭᠠᠨ ᠬᠦᠴᠦᠨᠦ ᠱᠢᠰᠲ᠋ᠧᠮ ᠤ᠋ᠨ ᠪᠠᠢᠭᠤᠯᠤᠯᠲᠠ ᠵᠢᠨ ᠪᠦᠯᠬᠦᠮ ᠤ᠋ᠨ ᠬᠢᠨ ᠡᠭᠦᠨ ᠳ᠋ᠦ ᠬᠠᠨᠳᠤᠭᠤᠯᠤᠨ ᠱᠢᠶ᠋ᠳᠪᠦᠷᠢᠯᠡᠬᠦ᠌ ᠲᠥᠰᠦᠯ ᠭᠠᠷᠭᠠᠪᠠ᠃ ᠪᠦᠯᠬᠦᠮ ᠤ᠋ᠨ ᠭᠤᠤᠯ ᠪᠣᠯᠬᠤ ᠮᠡᠷᠭᠡᠵᠢᠯ ᠤ᠋ᠨ ᠬᠠᠷᠢᠭᠤᠴᠠᠯᠭᠠᠲᠠᠨ ᠵᠧᠩ ᠿᠢ ᠬᠣᠩ᠄ 《ᠠᠯᠠᠱᠠ ᠠᠢᠮᠠᠭ ᠤ᠋ᠨ ᠡᠵᠡᠨ᠎ᠡ ᠬᠣᠱᠢᠭᠤᠨ ᠤ᠋ ᠬᠢᠨ ᠵᠥᠪᠬᠡᠨ ᠨᠢᠭᠡ ᠪᠤᠴᠠᠯ ᠬᠡᠯᠬᠢᠶ᠎ᠡ ᠲᠠᠢ 220 ᠺᠢᠯᠤᠸᠣᠯᠲ ᠤ᠋ᠨ ᠵᠠᠮ ᠱᠤᠭᠤᠮ ᠵᠢᠡᠷ ᠭᠤᠤᠯ ᠲᠤᠤᠷ ᠲᠣ᠌ ᠵᠠᠯᠭᠠᠵᠤ ᠪᠠᠢᠵᠠᠢ᠂ ᠵᠠᠮ ᠱᠤᠭᠤᠮ ᠳ᠋ᠦ ᠭᠡᠮ ᠡᠭᠦᠰᠬᠦ ᠪᠤᠶᠤ ᠪᠠᠢᠴᠠᠭᠠᠨ ᠵᠠᠰᠠᠯᠲᠠᠬᠢᠬᠦ ᠦᠶᠡᠰ ᠲᠤᠬᠠᠢ ᠵᠢᠨ ᠭᠠᠵᠠᠷ ᠣᠷᠣᠨ ᠪᠦᠬᠦᠨ ᠵᠢᠡᠷ ᠵᠢᠡᠨ ᠴᠠᠬᠢᠯᠭᠠᠨ ᠵᠤᠭᠰᠤᠳᠠᠭ᠃ ᠡᠭᠦᠨᠦ ᠲᠦᠯᠦᠭᠡ᠂ ᠪᠢᠳᠠ ᠳᠡᠯᠡᠭᠡᠢ ᠳᠡᠭᠡᠷᠡᠬᠢ ᠠᠩᠬᠠᠳᠠᠭ᠍ᠴᠢ 11.46 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷ ᠢ᠋ ᠬᠠᠮᠤᠷᠤᠭ᠍ᠰᠠᠨ᠂ ᠲᠤᠤᠷ ᠲᠣ᠌ ᠨᠡᠢᠯᠡᠭᠦᠯᠵᠦ᠍ ᠪᠣᠯᠬᠤ / ᠲᠣᠣᠷ ᠡᠴᠡ ᠰᠠᠯᠵᠦ ᠥᠪᠡᠰᠦᠪᠡᠨ ᠵᠣᠬᠢᠴᠠᠨ ᠰᠣᠯᠢᠵᠦ ᠪᠤᠯᠬᠤ ᠵᠢᠴᠢ ᠲᠣᠣᠷ ᠡᠴᠡ ᠰᠠᠯᠬᠤ ᠦᠶᠡᠰ ᠤᠷᠳᠤ ᠦᠶᠡᠯᠡᠯ ᠤ᠋ᠨ ᠬᠤᠭᠤᠴᠠᠭᠠᠨ ᠳ᠋ᠦ ᠲᠣᠭ᠍ᠲᠠᠭᠤᠨ ᠵᠢᠡᠷ ᠠᠵᠢᠯᠯᠠᠵᠦ ᠪᠤᠯᠬᠤ ᠥᠷᠭᠡᠨ ᠬᠡᠪᠴᠢᠶᠡᠨᠦ ᠴᠡᠪᠡᠷ ᠱᠢᠨ᠎ᠡ ᠡᠨᠧᠷᠭᠢ ᠵᠢᠨ ᠴᠠᠬᠢᠯᠭᠠᠨ ᠬᠦᠴᠦᠨᠦ ᠱᠢᠰᠲ᠋ᠧᠮ ᠢ᠋ ᠪᠠᠢᠭᠤᠯᠪᠠ》ᠭᠡᠵᠦ ᠤᠴᠢᠷᠯᠠᠨ᠎ᠠ᠃ ᠣᠳᠣᠬᠠᠨ ᠳ᠋ᠦ᠂ ᠡᠵᠡᠨ᠎ᠡ ᠬᠣᠱᠢᠭᠤᠨ ᠤ᠋ 11.46 ᠲᠦᠮᠡᠨ ᠲᠡᠭ᠌ᠰᠢ ᠳᠥᠷᠪᠡᠯᠵᠢᠨ ᠺᠢᠯᠤᠮᠸᠲᠷ ᠤ᠋ᠨ ᠳᠣᠲᠣᠷᠠᠬᠢ 3 ᠲᠦᠮᠡ ᠭᠠᠷᠤᠢ ᠬᠡᠷᠡᠭ᠌ᠯᠡᠭ᠌ᠴᠢ ᠪᠡᠯᠡᠳᠭᠡᠯ ᠪᠤᠬᠢᠷᠳᠦᠯ ᠦᠭᠡᠢ ᠴᠠᠬᠢᠯᠭᠠᠨ ᠤ᠋ ᠪᠠᠲᠤᠯᠠᠭ᠎ᠠ ᠵᠢ ᠬᠦᠷᠳᠡᠵᠦ᠂ ᠪᠤᠬᠢᠷᠳᠦᠯ ᠦᠭᠡᠢ ᠴᠠᠬᠢᠯᠭᠠᠨ ᠢ᠋ ᠱᠢᠩᠭᠡᠭᠡᠬᠦ᠌ ᠪᠠ ᠴᠠᠬᠢᠯᠭᠠᠨ ᠬᠠᠩᠭᠠᠬᠤ ᠲᠣᠭ᠍ᠲᠠᠭᠤᠨ ᠴᠢᠨᠠᠷ ᠤ᠋ᠨ ᠠᠰᠠᠭᠤᠳᠠᠯ ᠢ᠋ ᠪᠦᠲᠦᠮᠵᠢᠲᠡᠢ ᠱᠢᠢᠳᠪᠦᠷᠢᠯᠡᠪᠡ᠃ ᠪᠥᠬᠥ᠌ ᠣᠷᠣᠨ ᠤ᠋ ᠪᠠᠢᠳᠠᠯ ᠡᠴᠡ ᠦᠵᠡᠪᠡᠯ᠂ ᠮᠠᠨ ᠤ᠋ ᠤᠷᠤᠨ ᠭᠠᠳᠠᠭ᠍ᠰᠢ ᠬᠦᠷᠭᠡᠬᠦ᠌ ᠪᠠ ᠲᠣᠰ ᠭᠠᠵᠠᠷ ᠲᠣ᠌ ᠪᠡᠨ ᠱᠢᠩᠭᠡᠭᠡᠨ ᠠᠪᠬᠤ ᠵᠢ ᠵᠡᠷᠭᠡᠪᠡᠷ ᠴᠢᠬᠤᠯᠠᠴᠢᠯᠠᠬᠤ ᠵᠢ ᠪᠠᠷᠢᠮᠲᠠᠯᠠᠵᠤ᠂ ᠳᠡᠭᠡᠷ᠎ᠡ ᠬᠠᠭᠠᠰ ᠵᠢᠯ ᠳ᠋ᠦ ᠪᠤᠬᠢᠷᠳᠦᠯ ᠦᠭᠡᠢ ᠴᠠᠬᠢᠯᠭᠠᠨ ᠢ᠋ ᠭᠠᠳᠠᠭ᠍ᠰᠢ ᠬᠦᠷᠭᠡᠭ᠌ᠰᠡᠨ ᠬᠡᠮᠵᠢᠶ᠎ᠡ 490 ᠳ᠋ᠦᠩᠱᠢᠭᠤᠷ ᠺᠢᠯᠦᠸᠠᠲ ᠴᠠᠭ ᠲᠣ᠌ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋ᠬᠢᠡᠴᠡ 55% ᠪᠠᠷ ᠨᠡᠮᠡᠭ᠌ᠳᠡᠨ᠂ ᠪᠥᠬᠥ᠌ ᠣᠷᠣᠨ ᠤ᠋ ᠳᠠᠬᠢᠨ ᠡᠭᠦᠰᠴᠦ᠍ ᠪᠣᠯᠬᠤ ᠡᠨᠧᠷᠭᠢ ᠵᠢᠨ ᠴᠠᠬᠢᠯᠭᠠᠨ ᠬᠦᠴᠦᠨᠢ᠋ ᠱᠢᠩᠭᠡᠭᠡᠨ ᠠᠪᠬᠤ ᠬᠠᠷᠢᠭᠤᠴᠠᠯᠭ᠎ᠠ ᠵᠢᠨ ᠬᠤᠪᠢ ᠵᠢᠨ ᠵᠢᠩ ᠨᠢ 36.7% ᠳ᠋ᠤ ᠬᠦᠷᠴᠦ᠍᠂ ᠤᠯᠤᠰ ᠤ᠋ᠨ ᠪᠠᠭᠤᠯᠭᠠᠭ᠍ᠰᠠᠨ ᠬᠠᠷᠠᠯᠲᠠ ᠬᠡᠮᠵᠢᠭ᠌ᠳᠡᠯᠡᠴᠡ ᠪᠠᠷᠤᠭ ᠵᠠᠭᠤᠨ ᠤ᠋ ᠬᠠᠷᠢᠴᠠᠯ ᠵᠢᠡᠷ 6 ᠬᠤᠪᠢ ᠥᠨᠳᠥᠷ ᠪᠣᠯᠵᠠᠶ᠃
ᠤᠯᠠᠭᠠᠨᠴᠠᠪ ᠤ᠋ᠨ ᠱᠢᠨ᠎ᠡ ᠬᠡᠯᠪᠡᠷᠢ ᠵᠢᠨ ᠡᠨᠧᠷᠭᠢ ᠨᠥᠭᠡᠴᠡᠯᠡᠬᠦ᠌ ᠴᠠᠬᠢᠯᠭᠠᠨ ᠥᠷᠲᠡᠭᠡ ᠳ᠋ᠦ᠂ ᠥᠪᠥᠷ ᠮᠣᠩᠭᠣᠯ ᠤ᠋ᠨ ᠴᠠᠬᠢᠯᠭᠠᠨ ᠬᠦᠴᠦᠨᠦ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠬᠦᠷᠢᠶᠡᠯᠡᠩ ᠤ᠋ᠨ ᠳᠡᠭᠡᠳᠦ ᠵᠡᠷᠭᠡ ᠵᠢᠨ ᠢᠨᠵᠧᠨᠧᠷ ᠬᠠᠨ ᠷᠦ ᠯᠸᠢ ᠳᠡᠯᠭᠡᠴᠡ ᠳᠡᠭᠡᠷᠡᠬᠢ ᠡᠨᠧᠷᠭᠢ ᠨᠥᠭᠡᠴᠡᠯᠡᠬᠦ᠌ ᠲᠣᠭ᠎ᠠ ᠪᠠᠷᠢᠮᠲᠠᠳᠤ ᠠᠡᠭᠬᠠᠷᠤᠯᠵᠢᠡᠨ ᠲᠦᠪᠯᠡᠷᠡᠬᠦᠯᠤᠨᠠ᠃ ᠲᠠᠷᠠ᠄ 《ᠡᠨᠧᠷᠭᠢ ᠨᠥᠭᠡᠴᠡᠯᠡᠬᠦ᠌ ᠪᠣᠯ ᠱᠢᠨ᠎ᠡ ᠡᠨᠧᠷᠭᠢ ᠵᠢᠨ ᠬᠥᠭ᠌ᠵᠢᠯᠲᠡ ᠵᠢᠨ ᠵᠠᠩᠭᠢᠯᠠᠭ᠎ᠠ ᠵᠢᠨ ᠲᠤᠯᠭᠠᠭᠤᠷᠢᠯᠠᠯ ᠮᠥᠨ᠂ ᠮᠠᠨ ᠤ᠋ ᠣᠲᠣ ᠨᠢᠭᠡᠨᠲᠡ ᠬᠢᠨᠠᠨ ᠵᠦᠪᠱᠢᠶᠡᠷᠡᠭᠰᠡᠨ ᠡᠨᠧᠷᠭᠢ ᠨᠥᠭᠡᠴᠡᠯᠡᠬᠦ᠌ ᠲᠥᠷᠥᠯ ᠵᠦᠶ᠋ᠯ ᠳ᠋ᠦ ᠯᠢᠲ᠋ᠢ ᠵᠢᠨ ᠳ᠋ᠢᠶᠠᠨ ᡂᠢ᠂ ᠱᠢᠩᠭᠡᠨ ᠪᠡᠶᠡᠳᠦ ᠳ᠋ᠢᠶᠠᠨ ᡂᠢ᠂ ᠡᠷᠴᠢᠯᠡᠭᠦᠷ ᠬᠦᠷᠳᠦ ᠪᠠ ᠠᠪᠴᠢᠮᠠᠯ ᠠᠭᠠᠷ ᠵᠡᠷᠭᠡ 6 ᠵᠦᠶ᠋ᠯ ᠤ᠋ᠨ ᠭᠤᠤᠯ ᠮᠡᠷᠭᠡᠵᠢᠯ ᠪᠠᠭ᠍ᠲᠠᠵᠦ ᠪᠠᠢᠨ᠎ᠠ᠂ ᠳᠡᠭᠡᠷ᠎ᠡ ᠬᠠᠭᠠᠰ ᠵᠢᠯ ᠳ᠋ᠦ ᠰᠢᠨ᠎ᠡ ᠪᠡᠷ ᠠᠵᠢᠯ ᠡᠬᠢᠯᠡᠬᠦᠯᠦᠭᠰᠡᠨ ᠱᠢᠨ᠎ᠡ ᠬᠡᠯᠪᠡᠷᠢ ᠵᠢᠨ ᠡᠨᠧᠷᠭᠢ ᠨᠥᠭᠡᠴᠡᠯᠡᠬᠦ᠌ ᠲᠥᠷᠥᠯ ᠵᠦᠶ᠋ᠯ 1480 ᠲᠦᠮᠡᠨ ᠺᠢᠯᠦᠸᠠᠲ ᠲᠣ᠌ ᠬᠦᠷᠴᠦ᠂ ᠣᠨ ᠤ᠋ ᠬᠠᠷᠠᠯᠲᠠᠪᠠᠨ ᠤᠷᠢᠳᠴᠢᠯᠠᠨ ᠪᠡᠶᠡᠯᠡᠭᠦᠯᠪᠡ; ᠱᠢᠨᠡᠪᠡᠷ ᠪᠠᠢᠭᠤᠯᠤᠭ᠍ᠰᠠᠨ ᠨᠥᠭᠡᠴᠡ ᠡᠨᠧᠷᠭᠢ ᠵᠢᠨ ᠬᠡᠮᠵᠢᠶ᠎ᠡ 70 ᠲᠦᠮᠡᠨ ᠺᠢᠯᠦᠸᠠᠲ ᠲᠣ᠌ ᠬᠦᠷᠴᠦ᠍᠂ ᠶᠡᠷᠦᠩᠬᠡᠢ ᠬᠡᠪᠴᠢᠶ᠎ᠡ ᠨᠢ 1102 ᠲᠦᠮᠡᠨ ᠺᠢᠯᠦᠸᠠᠲ ᠲᠣ᠌ ᠬᠦᠷᠴᠦ᠍᠂ ᠨᠢᠳᠤᠨᠤᠨ ᠤ᠋ ᠠᠳᠠᠯᠢ ᠬᠤᠭᠤᠴᠠᠭᠠᠨ ᠤ᠋ ᠬᠢᠡᠴᠡ 112% ᠵᠢᠡᠷ ᠨᠡᠮᠡᠭ᠌ᠳᠡᠵᠠᠢ》 ᠭᠡᠵᠦ ᠭᠡᠯᠡᠨ᠎ᠠ᠃ ᠱᠢᠨ᠎ᠡ ᠬᠡᠯᠪᠡᠷᠢ ᠵᠢᠨ ᠡᠨᠧᠷᠭᠢ ᠨᠦᠭᠡᠴᠡᠯᠡᠬᠦ ᠡᠴᠡ ᠭᠠᠳᠠᠨ᠎ᠠ᠂ ᠤᠰᠤ ᠲᠠᠲᠠᠵᠤ ᠡᠨᠧᠷᠭᠢ ᠨᠦᠭᠡᠴᠡᠯᠡᠬᠦ ᠪᠥᠲᠥᠭᠡᠨ ᠪᠠᠢᠭᠤᠯᠤᠯᠲᠠ ᠵᠢ ᠴᠣ᠌ ᠲᠦᠷᠭᠡᠳᠭᠡᠵᠦ᠂ ᠤᠯᠠᠭᠠᠨᠬᠠᠳᠠ ᠵᠢᠨ ᡁᠢ ᠷᠦᠢ ᠤᠰᠤ ᠲᠠᠲᠠᠵᠤ ᠡᠨᠧᠷᠭᠢ ᠨᠦᠭᠡᠴᠡᠯᠡᠬᠦ ᠴᠠᠬᠢᠯᠭᠠᠨ ᠥᠷᠲᠡᠭᠡ ᠨᠢᠭᠡᠨᠲᠡ ᠤᠰᠤ ᠨᠦᠭᠡᠴᠡᠯᠡᠬᠦ ᠵᠢ ᠱᠢᠯᠭᠠᠨ ᠠᠪᠬᠤ ᠵᠢ ᠪᠡᠶᠡᠯᠡᠭᠦᠯᠵᠦ᠍᠂ ᠪᠤᠭᠤᠲᠤ ᠵᠢᠨ ᠮᠠᠢᠳᠠᠷ ᠤ᠋ᠨ ᠲᠥᠷᠥᠯ ᠵᠦᠶ᠋ᠯ ᠢ᠋ ᠨᠢᠭᠡᠨᠲᠡ ᠠᠵᠢᠯ ᠡᠬᠢᠯᠡᠭᠦᠯᠵᠦ᠍᠂ ᠪᠠᠶᠠᠨᠨᠠᠭᠤᠷ ᠤ᠋ᠨ ᠨᠡᠷᠡᠨ ᠭᠤᠤᠯ ᠤ᠋ᠨ ᠲᠥᠷᠥᠯ ᠵᠦᠶ᠋ᠯ ᠢ᠋ ᠨᠢᠭᠡᠨᠲᠡ ᠬᠢᠨᠠᠨ ᠵᠥᠪᠱᠢᠶᠡᠷᠡᠭ᠌ᠰᠡᠨ ᠪᠥᠭᠡᠳ ᠡᠨᠡ ᠵᠢᠯ ᠠᠵᠢᠯ ᠡᠬᠢᠯᠡᠭᠦᠯᠬᠦ᠌ᠪᠡᠷ ᠲᠥᠯᠥᠪᠯᠡᠵᠦ᠍᠂ ᠣᠯᠠᠨ ᠡᠱᠢᠲᠦ ᠡᠨᠧᠷᠭᠢ ᠨᠦᠭᠡᠴᠡᠯᠡᠬᠦ ᠱᠢᠰᠲ᠋ᠧᠮᠨᠢ ᠪᠤᠬᠢᠷᠳᠦᠯ ᠦᠭᠡᠢ ᠴᠠᠬᠢᠯᠭᠠᠨ ᠢ᠋ ᠲᠣᠭ᠍ᠲᠠᠭᠤᠨ ᠪᠠᠢᠯᠭᠠᠬᠤ ᠳ᠋ᠦ ᠪᠠᠲᠤᠯᠠᠭ᠎ᠠ ᠬᠠᠩᠭᠠᠵᠠᠢ᠃
ᠪᠤᠬᠢᠷᠳᠦᠯ ᠦᠭᠡᠢ ᠤᠰᠤᠲᠥ᠋ᠷᠥᠭ᠌ᠴᠢ ᠵᠢ ᠨᠡᠭᠡᠭᠡᠨ ᠠᠱᠢᠭ᠍ᠯᠠᠬᠤ ᠬᠦᠷᠢᠶᠡᠨ ᠳ᠋ᠦ ᠴᠣ᠌ ᠢᠯᠡᠳᠳᠡ ᠦᠷ᠎ᠡ ᠪᠦᠲᠦᠮᠵᠢ ᠤᠯᠵᠠᠢ᠃《ᠮᠠᠨ ᠤ᠋ ᠤᠷᠤᠨ ᠪᠤᠬᠢᠷᠳᠦᠯ ᠦᠭᠡᠢ ᠤᠰᠤᠲᠥ᠋ᠷᠥᠭ᠌ᠴᠢ ᠵᠢᠨ ᠲᠥᠷᠥᠯ ᠵᠦᠶ᠋ᠯ ᠤ᠋ᠨ ᠴᠠᠬᠢᠯᠭᠠᠨ ᠭᠠᠷᠭᠠᠬᠤ ᠬᠡᠮᠵᠢᠶ᠎ᠡ ᠵᠢ 40% ᠵᠢᠨ ᠳᠣᠲᠣᠷ᠎ᠠ ᠲᠤᠤᠷ ᠲᠣ᠌ ᠨᠡᠢᠯᠡᠬᠦᠯᠬᠦ ᠲᠥᠷᠥ ᠵᠢᠨ ᠪᠣᠳᠣᠯᠭ᠎ᠠ ᠵᠢ 2027 ᠣᠨ ᠪᠣᠯᠲᠠᠯ᠎ᠠ ᠤᠷᠲᠤᠳᠭᠠᠬᠤᠪᠠᠷ ᠳᠠᠮᠵᠢᠭᠤᠯᠤᠨ᠂ ᠪᠤᠬᠢᠷᠳᠦᠯ ᠦᠭᠡᠢ ᠤᠰᠤᠲᠥ᠋ᠷᠥᠭ᠌ᠴᠢ ᠵᠢᠨ ᠲᠥᠷᠥᠯ ᠵᠦᠶ᠋ᠯ ᠤ᠋ᠨ ᠪᠥᠲᠥᠭᠡᠨ ᠪᠠᠢᠭᠤᠯᠤᠯᠲᠠ ᠵᠢ ᠲᠦᠷᠭᠡᠳᠭᠡᠬᠦ᠌ ᠪᠠ ᠱᠢᠩᠭᠡᠭᠡᠨ ᠠᠪᠬᠤ ᠵᠢ ᠠᠬᠢᠭᠤᠯᠬᠤ 9 ᠵᠦᠶ᠋ᠯ ᠤ᠋ᠨ ᠠᠷᠭ᠎ᠠ ᠬᠡᠮᠵᠢᠶ᠎ᠡ ᠵᠢ ᠨᠡᠢᠲᠡᠯᠡᠵᠦ᠍᠂ ᠪᠤᠬᠢᠷᠳᠦᠯ ᠦᠭᠡᠢ ᠤᠰᠤᠲᠥ᠋ᠷᠥᠭ᠌ᠴᠢ ᠵᠢᠨ ᠠᠵᠤ ᠦᠶ᠋ᠯᠡᠰ ᠤ᠋ᠨ ᠲᠦᠷᠭᠡᠨ ᠬᠥᠭ᠌ᠵᠢᠯᠲᠡ ᠵᠢ ᠠᠬᠢᠭᠤᠯᠪᠠ᠃ ᠣᠳᠣᠬᠠᠨ ᠳ᠋ᠦ ᠨᠣᠭᠣᠭᠠᠨ ᠱᠢᠪᠲᠦᠷ ᠤ᠋ᠨ ᠦᠢᠯᠡᠳᠪᠦᠷᠢᠯᠡᠯ ᠤ᠋ᠨ ᠴᠢᠳᠠᠪᠤᠷᠢ ᠨᠢᠭᠡᠨᠲᠡ 32 ᠲᠦᠮᠡᠨ ᠲᠣᠨ / ᠵᠢᠯ ᠳ᠋ᠦ ᠬᠦᠷᠴᠦ᠍᠂ ᠪᠦᠬᠦ᠌ ᠤᠯᠤᠰ ᠤ᠋ᠨ ᠡᠮᠦᠨ᠎ᠡ ᠡᠩᠨᠡᠭᠡᠨ ᠳ᠋ᠦ ᠵᠢᠭᠰᠠᠪᠠ;ᠳᠡᠭᠡᠷ᠎ᠡ ᠬᠠᠭᠠᠰ ᠵᠢᠯ ᠳ᠋ᠦ᠂ ᠪᠦᠬᠦ᠌ ᠣᠷᠣᠨ ᠤ᠋ ᠪᠤᠬᠢᠷᠳᠦᠯ ᠦᠭᠡᠢ ᠤᠰᠤᠲᠥ᠋ᠷᠥᠭ᠌ᠴᠢ ᠵᠢᠨ ᠭᠠᠷᠤᠯᠲᠠ 3659 ᠲᠣᠨ ᠳ᠋ᠦ ᠬᠦᠷᠴᠦ᠍᠂ ᠨᠢᠳᠤᠨᠤᠨ ᠤ᠋ ᠪᠦᠬᠦ᠌ ᠵᠢᠯ ᠤ᠋ᠨ ᠭᠠᠷᠤᠯᠲᠠ ᠡᠴᠡ ᠳᠠᠪᠠᠵᠠᠢ》 ᠭᠡᠵᠦ ᠬᠠᠨ ᠷᠦ ᠯᠸᠢ ᠨᠦᠬᠦᠪᠦᠷᠢᠯᠡᠨ ᠭᠡᠯᠡᠨ᠎ᠠ᠃
ᠲᠦᠷᠦ᠍ ᠵᠢᠨ ᠪᠤᠳᠤᠯᠭ᠎ᠠ ᠵᠢᠨ ᠠᠬᠢᠭᠤᠯᠤᠯ᠂ ᠮᠡᠷᠭᠡᠵᠢᠯ ᠤ᠋ᠨ ᠱᠢᠨ᠎ᠡ ᠡᠭᠦᠳᠦᠯᠲᠡ ᠪᠣᠯᠤᠨ ᠪᠦᠬᠦ᠌ ᠬᠡᠯᠬᠢᠶᠡᠨᠦ ᠪᠠᠢᠷᠢᠱᠢᠭᠤᠯᠤᠯᠲᠠ ᠳᠣᠣᠷ᠎ᠠ᠂ ᠮᠠᠨ ᠤ᠋ ᠤᠷᠤᠨ ᠤ᠋ ᠰᠢᠨ᠎ᠡ ᠡᠨ᠋ᠸᠷᠬᠢ ᠨᠢᠭᠡᠨᠳᠡ ᠭᠤᠤᠯᠯᠠᠬᠤ ᠠᠵᠦ ᠦᠢᠯᠡᠰ ᠪᠠ ᠪᠤᠬᠢᠷᠳᠦᠯ ᠦᠭᠡᠢ 《ᠨᠡᠷ᠎ᠡ ᠵᠢᠨ ᠬᠠᠭᠤᠳᠠᠰᠦ》 ᠪᠤᠯᠵᠦ᠂ ᠪᠦᠬᠦ᠌ ᠤᠯᠤᠰ ᠤ᠋ᠨ ᠱᠢᠨ᠎ᠡ ᠡᠨᠧᠷᠭᠢ ᠵᠢᠨ ᠬᠥᠭ᠌ᠵᠢᠯᠲᠡ ᠳ᠋ᠦ ᠲᠤᠯᠢ ᠪᠣᠯᠭᠠᠬᠤ 《ᠲᠠᠯ᠎ᠠ ᠨᠤᠲᠤᠭ ᠤ᠋ᠨ ᠵᠠᠭᠪᠤᠷ》 ᠢ᠋ ᠴᠤᠭᠴᠠᠯᠠᠨ᠎ᠠ᠃