ᠠᠯᠠᠱᠠ ᠠᠢᠮᠠᠬ ᠤ᠋ᠨ ᠲᠡᠦᠬᠡ ᠵᠢᠨ ᠲᠣᠷᠠᠰᠬᠠᠯᠲᠣ ᠵᠦᠢᠯᠡᠰ ᠢ᠋ ᠬᠠᠮᠠᠭᠠᠯᠠᠬᠣ ᠰᠣᠲᠣᠯᠭᠠᠨ ᠤ᠋ ᠲᠦᠪ ᠡᠴᠡ ᠣᠢᠯᠠᠭᠠᠬᠰᠠᠨ ᠶ᠋ᠢᠡᠷ᠂ ᠵᠢᠣᠢ ᠶᠠᠨ ᠤ᠋ ᠪᠠᠭᠣᠷᠢ ᠵᠢᠨ ᠣᠯᠠᠨ ᠰᠢᠨᠵᠢᠯᠡᠭᠡᠨ ᠤ᠋ ᠶᠡᠷᠦᠩᠬᠡᠢᠯᠡᠭᠰᠡᠨ ᠬᠠᠭᠣᠴᠢ ᠰᠣᠲᠣᠯᠭᠠᠨ ᠤ᠋ ᠪᠠᠢᠴᠠᠭᠠᠯᠲᠠ ᠵᠢᠨ ᠲᠦᠷᠦᠯ ᠵᠦᠢᠯ ᠤ᠋ᠨ ᠲᠣᠭᠣᠢᠯᠠᠩ ᠤ᠋ᠨ ᠬᠢᠨ ᠣᠢᠷ᠎ᠠ ᠳ᠋ᠦ ᠵᠢᠣᠢ ᠶᠠᠨ ᠤ᠋ ᠪᠠᠭᠣᠷᠢ ᠵᠢᠨ ᠲᠦᠪ ᠣᠷᠣᠨ ᠡᠴᠡ ᠬᠦᠷᠡᠯ ᠵᠡᠪᠰᠡᠭ ᠤ᠋ᠨ ᠪᠠᠭᠣᠷᠢ ᠵᠢ ᠢᠯᠡᠷᠡᠬᠦᠯᠪᠠ᠃ ᠲᠣᠰ ᠪᠠᠭᠣᠷᠢ ᠵᠢᠨ ᠲᠠᠯᠠᠪᠠᠢ ᠨᠢ ᠪᠠᠷᠣᠬ 20 ᠲᠡᠭᠰᠢ ᠲᠦᠷᠪᠡᠯᠵᠢᠨ ᠺᠢᠯᠣᠮᠸᠲᠷ ᠪᠠᠢᠵᠦ᠂ ᠲᠡᠬᠦᠨ ᠡᠴᠡ ᠸᠠᠭᠠᠷ ᠰᠠᠪᠠ᠂ ᠴᠢᠯᠠᠭᠣᠨ ᠪᠠᠭᠠᠵᠢ ᠵᠢᠴᠢ ᠮᠠᠨᠣ ᠵᠢᠨ ᠬᠡᠮᠬᠡᠳᠡᠭ ᠵᠡᠷᠭᠡ ᠦᠯᠡᠲᠡᠭᠲᠡᠯ ᠢ᠋ ᠮᠠᠯᠲᠠᠵᠦ ᠭᠠᠷᠭᠠᠬᠰᠠᠨ ᠨᠢ ᠵᠢᠣᠢ ᠶᠠᠨ ᠣᠷᠣᠨ ᠤ᠋ ᠪᠠᠯᠠᠷ ᠡᠷᠳᠡᠨ ᠤ᠋ ᠰᠣᠶᠣᠯ ᠤ᠋ᠨ ᠦᠷᠦᠨ᠎ᠡ ᠲᠣᠷᠣᠨ᠎ᠠ ᠵᠢᠨ ᠰᠣᠯᠢᠯᠴᠠᠭ᠎ᠠ ᠵᠢᠴᠢ ᠲᠡᠬᠦᠨ ᠤ᠋ ᠣᠯᠠᠨ ᠶᠠᠩᠵᠣᠲᠦ ᠴᠢᠨᠠᠷ ᠢ᠋ ᠰᠣᠲᠣᠯᠬᠣ ᠳ᠋ᠦ ᠰᠦᠪᠡᠭᠴᠢ ᠪᠣᠯᠣᠨ ᠭᠡᠷᠡᠴᠢ ᠬᠠᠩᠭᠠᠵᠠᠢ᠃
ᠣᠢᠯᠠᠭᠠᠬᠰᠠᠨ ᠶ᠋ᠢᠡᠷ ᠵᠢᠣᠢ ᠶᠠᠨ ᠤ᠋ ᠪᠠᠭᠣᠷᠢ ᠪᠣᠯ ᠠᠯᠠᠱᠠ ᠠᠢᠮᠠᠬ ᠤ᠋ᠨ ᠡᠵᠡᠨ᠎ᠡ ᠬᠣᠰᠢᠭᠣ ᠪᠣᠯᠣᠨ ᠭᠠᠨᠰᠣ ᠮᠣᠵᠢ ᠵᠢᠨ ᠵᠢᠨ ᠲᠠ ᠰᠢᠶᠠᠨ ᠤ᠋ ᠬᠢᠯᠢ ᠳ᠋ᠦ ᠣᠷᠣᠰᠢᠵᠦ᠂ ᠬᠤᠢᠨ᠎ᠠ ᠡᠴᠡ ᠡᠵᠡᠨ᠎ᠡ ᠬᠣᠰᠢᠭᠣᠨ ᠤ᠋ ᠬᠢᠯᠢ ᠲᠣᠲᠣᠷᠠᠬᠢ K676 ᠬᠠᠯᠬᠠᠪᠴᠢ ᠭᠠᠵᠠᠷ ᠡᠴᠡ ᠡᠬᠢᠯᠡᠨ ᠡᠮᠦᠨᠡᠰᠢ ᠪᠠᠨ ᠭᠠᠨᠰᠣ ᠮᠣᠵᠢ ᠵᠢᠨ ᠵᠢᠨ ᠲᠠ ᠰᠢᠶᠠᠨ ᠤ᠋ ᠳ᠋ᠢᠩ ᠰᠢᠨ ᠪᠠᠯᠭᠠᠰᠣ ᠵᠢᠨ ᠬᠠᠷᠢᠶᠠᠨ ᠳ᠋ᠡᠬᠢ T191 ᠲᠣᠬᠢᠶᠠᠨ ᠤ᠋ ᠭᠠᠯ ᠣᠷᠴᠢᠮ ᠳ᠋ᠦ ᠬᠦᠷᠴᠦ᠂ ᠪᠦᠬᠦ ᠣᠷᠲᠣ ᠨᠢ ᠪᠠᠷᠣᠬ 260 ᠺᠢᠯᠦᠮᠸᠲᠷ ᠪᠤᠢ᠃ ᠡᠬᠦᠨ ᠳ᠋ᠦ ᠠᠯᠠᠱᠠ ᠠᠢᠮᠠᠬ ᠤ᠋ᠨ ᠬᠢᠯᠢ ᠲᠣᠲᠣᠷᠠᠬᠢ ᠣᠷᠲᠣ ᠨᠢ ᠪᠠᠷᠣᠬ 220 ᠺᠢᠯᠦᠮᠸᠲᠷ ᠪᠣᠢ᠃ ᠵᠢᠣᠢ ᠶᠠᠨ ᠤ᠋ ᠪᠠᠭᠣᠷᠢ ᠪᠣᠯ ᠮᠦᠷ ᠣᠯᠪᠠᠭ᠎ᠠ ᠨᠢ ᠲᠣᠲᠣᠷᠬᠠᠢ᠂ ᠲᠠᠰᠣᠷᠠᠯᠲᠠ ᠦᠭᠡᠢ ᠦᠷᠬᠦᠯᠵᠢᠯᠡᠭᠰᠡᠨ᠂ ᠡᠳ᠋ ᠦᠯᠦᠭ ᠵᠢᠡᠷ ᠡᠯᠪᠡᠭ᠂ ᠣᠨᠴᠠᠯᠢᠬ ᠰᠢᠨᠵᠢ ᠪᠡᠷ ᠢᠯᠠ ᠲᠣᠲᠣ᠂ ᠠᠴᠢ ᠦᠷᠲᠡᠭ ᠵᠢᠡᠷ ᠬᠦᠨᠵᠡᠭᠡᠢ᠂ ᠦᠷ᠎ᠡ ᠨᠦᠯᠦᠭᠡ ᠪᠡᠷ ᠠᠯᠣᠰ ᠬᠡᠳᠦ ᠵᠢᠨ ᠪᠦᠬᠦᠢ ᠣᠷᠣᠨ ᠪᠦᠰᠡ ᠵᠢᠨ ᠲᠡᠦᠬᠡ ᠰᠣᠶᠣᠯ ᠤ᠋ᠨ ᠶᠡᠷᠦᠩᠬᠡᠢᠯᠡᠭᠰᠡᠨ ᠴᠣᠬᠴᠠ ᠪᠤᠯᠤᠨ᠎ᠠ᠃ ᠲᠡᠬᠦᠨ ᠤ᠋ ᠰᠣᠶᠣᠯ ᠤ᠋ᠨ ᠬᠠᠷᠢᠶᠠᠲᠣ ᠴᠢᠨᠠᠷ ᠪᠣᠯᠣᠨ ᠠᠭᠣᠯᠬᠣᠨ ᠨᠢ ᠨᠢᠭᠡᠨᠲᠡ ᠬᠠᠨ ᠣᠯᠣᠰ ᠤ᠋ᠨ ᠬᠢᠯᠢ ᠵᠢᠨ ᠴᠠᠢᠵᠠ ᠪᠣᠭᠣᠮᠲᠠ ᠵᠢᠨ ᠦᠯᠡᠲᠡᠭᠲᠡᠯ ᠤ᠋ᠨ ᠬᠦᠷᠢᠶ᠎ᠡ ᠴᠠᠷᠠᠭ᠎ᠠ ᠡᠴᠡ ᠬᠠᠯᠢᠨ ᠲᠠᠪᠠᠵᠦ᠂ ᠰᠢᠨ᠎ᠡ ᠴᠢᠯᠠᠭᠣᠨ ᠵᠡᠪᠰᠡᠭ ᠤ᠋ᠨ ᠰᠡᠬᠦᠯᠴᠢ ᠦᠶ᠎ᠡ ᠡᠴᠡ ᠣᠢᠷ᠎ᠠ ᠣᠲᠣ ᠦᠶ᠎ᠡ ᠵᠢᠨ ᠠᠲᠠᠯᠢ ᠪᠣᠰᠣ ᠴᠠᠬ ᠦᠶ᠎ᠡ ᠵᠢᠨ ᠦᠯᠡᠲᠡᠭᠲᠡᠯ ᠢ᠋ ᠬᠠᠮᠣᠷᠣᠨ ᠪᠠᠬᠲᠠᠭᠠᠵᠦ᠂ ᠣᠯᠣᠰ ᠤ᠋ᠨ ᠭᠣᠣᠯᠲᠠᠯᠭᠠ ᠲᠠᠢ ᠲᠡᠦᠬᠡ ᠵᠢᠨ ᠲᠣᠷᠠᠰᠬᠠᠯᠲᠣ ᠵᠦᠢᠯᠡᠰ ᠢ᠋ ᠬᠠᠮᠠᠭᠠᠯᠠᠬᠣ ᠨᠢᠭᠡᠴᠢ ᠪᠠᠢᠵᠦ᠂ ᠮᠠᠨ ᠤ᠋ ᠣᠯᠣᠰ ᠤ᠋ᠨ ᠬᠠᠮᠣᠬ ᠤ᠋ᠨ ᠲᠣᠮᠣ ᠬᠡᠪᠴᠢᠶᠠᠨ ᠤ᠋ ᠡᠷᠳᠡᠨ ᠤ᠋ ᠪᠠᠭᠣᠷᠢ ᠵᠢᠨ ᠨᠢᠭᠡ ᠪᠣᠯᠬᠣ ᠶᠣᠮ᠃
2024 ᠤᠨ ᠳ᠋ᠦ ᠵᠢᠣᠢ ᠶᠠᠨ ᠤ᠋ ᠪᠠᠭᠣᠷᠢ ᠵᠢᠨ ᠬᠠᠭᠣᠴᠢ ᠰᠣᠲᠣᠯᠣᠯ ᠢ᠋ ᠢᠯᠡᠷᠡᠬᠦᠯᠦᠭᠰᠡᠨ ᠵᠠᠭᠣᠨ ᠵᠢᠯ ᠤ᠋ᠨ ᠲᠠᠰᠢᠷᠠᠮ ᠳ᠋ᠦ ᠦᠪᠡᠷᠲᠡᠭᠡᠨ ᠵᠠᠰᠠᠬᠣ ᠣᠷᠣᠨ ᠤ᠋ ᠲᠡᠦᠬᠡ ᠵᠢᠨ ᠲᠣᠷᠠᠰᠬᠠᠯᠲᠣ ᠵᠦᠢᠯᠡᠰ ᠤ᠋ᠨ ᠬᠠᠭᠣᠴᠢ ᠰᠣᠲᠣᠯᠭᠠᠨ ᠤ᠋ ᠬᠦᠷᠢᠶᠡᠯᠡᠩ ᠤ᠋ᠨ ᠬᠢᠨ ᠵᠢᠣᠢ ᠶᠠᠨ ᠤ᠋ ᠪᠠᠭᠣᠷᠢ ᠵᠢᠨ ᠬᠠᠭᠣᠴᠢ ᠰᠣᠲᠣᠯᠭᠠᠨ ᠤ᠋ ᠪᠠᠢᠴᠠᠭᠠᠯᠲᠠ ᠵᠢ ᠲᠠᠬᠢᠨ ᠡᠬᠢᠯᠡᠬᠦᠯᠵᠦ᠂ ᠠᠯᠠᠱᠠ ᠠᠢᠮᠠᠬ ᠤ᠋ᠨ ᠲᠡᠦᠬᠡ ᠵᠢᠨ ᠲᠣᠷᠠᠰᠬᠠᠯᠲᠣ ᠵᠦᠢᠯᠡᠰ ᠢ᠋ ᠬᠠᠮᠠᠭᠠᠯᠠᠬᠣ ᠰᠣᠲᠣᠯᠭᠠᠠ ᠤ᠋ ᠲᠦᠪ᠂ ᠡᠵᠡᠨ᠎ᠡ ᠬᠣᠰᠢᠭᠣᠨ ᠤ᠋ ᠲᠡᠦᠬᠡ ᠵᠢᠨ ᠲᠣᠷᠠᠰᠬᠠᠯᠲᠣ ᠵᠦᠢᠯᠡᠰ ᠢ᠋ ᠬᠠᠮᠠᠭᠠᠯᠠᠬᠣ ᠲᠦᠪ ᠲᠠᠢ ᠬᠠᠮᠲᠣᠷᠠᠨ ᠵᠢᠣᠢ ᠶᠠᠨ ᠤ᠋ ᠪᠠᠭᠣᠷᠢ ᠵᠢᠨ ᠣᠯᠠᠨ ᠰᠢᠨᠵᠢᠯᠡᠭᠡᠨ ᠤ᠋ ᠶᠡᠷᠦᠩᠬᠡᠢᠯᠡᠭᠰᠡᠨ ᠬᠠᠭᠣᠴᠢ ᠰᠣᠲᠣᠯᠭᠠᠨ ᠤ᠋ ᠪᠠᠢᠴᠠᠭᠠᠯᠲᠠ ᠵᠢᠨ ᠲᠦᠷᠦᠯ ᠵᠦᠢᠯ ᠤ᠋ᠨ ᠲᠣᠭᠣᠢᠯᠠᠩ ᠢ᠋ ᠪᠠᠢᠭᠣᠯᠪᠠ᠃ ᠨᠢᠭᠡ ᠵᠢᠯ ᠤ᠋ᠨ ᠲᠣᠷᠰᠢ ᠲᠦᠷᠦᠯ ᠵᠦᠢᠯ ᠤ᠋ᠨ ᠲᠣᠭᠣᠢᠯᠠᠩ ᠤ᠋ᠨ ᠬᠢᠨ ᠵᠢᠣᠢ ᠶᠠᠨ ᠤ᠋ ᠪᠠᠭᠣᠷᠢ ᠵᠢᠨ ᠲᠦᠪ ᠪᠣᠯᠬᠣ ᠬᠠᠷ᠎ᠠ ᠬᠣᠲᠠ ᠵᠢᠨ ᠪᠠᠭᠣᠷᠢ ᠵᠢᠨ ᠡᠷᠬᠢᠨ ᠲᠣᠭᠣᠷᠢᠨ᠂ ᠦᠨᠳᠡᠭᠡᠨ ᠪᠦᠭᠡᠷᠡᠭ ᠤ᠋ᠨ ᠡᠷᠬᠢᠨ ᠲᠣᠭᠣᠷᠢᠨ ᠪᠣᠯᠣᠨ ᠡᠷᠬᠢᠬᠦᠦ ᠬᠠᠷ᠎ᠠ ᠵᠢᠨ ᠬᠠᠪᠢ ᠲᠠᠭᠠᠣ ᠨᠠᠷᠢᠯᠢᠬ ᠪᠠᠢᠴᠠᠭᠠᠯᠲᠠ ᠬᠢᠵᠦ᠂ 70 ᠭᠠᠷᠣᠢ ᠭᠡᠷ ᠪᠠᠢᠰᠢᠩ ᠪᠠ 1 ᠰᠦᠮ᠎ᠡ ᠵᠢᠨ ᠪᠠᠭᠣᠷᠢ ᠵᠢ ᠰᠢᠨ᠎ᠡ ᠪᠡᠷ ᠲᠠᠩᠰᠠᠯᠠᠨ ᠲᠡᠮᠲᠡᠭᠯᠡᠵᠦ᠂ 100 ᠭᠠᠷᠣᠢ ᠪᠠᠭᠣᠷᠢ ᠵᠢ ᠲᠠᠬᠢᠨ ᠪᠠᠢᠴᠠᠭᠠᠵᠦ᠂ ᠦᠯᠡᠲᠡᠭᠲᠡᠯ ᠪᠣᠲᠠᠰ ᠲᠠᠢ ᠪᠠᠭᠣᠷᠢ ᠦᠭᠡᠢ 300 ᠭᠠᠷᠣᠢ ᠭᠠᠵᠠᠷ ᠢ᠋ ᠪᠠᠢᠴᠠᠭᠠᠬᠰᠠᠨ ᠪᠠᠢᠨ᠎ᠠ᠃
ᠪᠠᠢᠴᠠᠭᠠᠯᠲᠠ ᠵᠢᠨ ᠬᠣᠭᠣᠴᠠᠭᠠᠨ ᠳ᠋ᠡᠬᠢ ᠬᠠᠮᠣᠬ ᠤ᠋ᠨ ᠰᠢᠨ᠎ᠡ ᠢᠯᠡᠷᠡᠬᠦᠯᠦᠯᠲᠡ ᠭᠡᠪᠡᠯ ᠡᠷᠳᠡᠨ ᠤ᠋ ᠭᠣᠣᠯ ᠤ᠋ᠨ ᠭᠣᠯᠲᠣᠷᠢᠯ ᠲᠠᠭᠠᠣ ᠪᠠᠷᠣᠬ 20 ᠲᠡᠭᠰᠢ ᠲᠦᠷᠪᠡᠯᠵᠢᠨ ᠺᠢᠯᠦᠮᠸᠲ᠋ᠷ ᠤ᠋ᠨ ᠭᠠᠵᠠᠷ ᠲᠦ᠍ ᠬᠦᠷᠡᠯ ᠵᠡᠪᠰᠡᠭ ᠤ᠋ᠨ ᠦᠶ᠎ᠡ ᠵᠢᠨ ᠪᠠᠭᠣᠷᠢ ᠲᠠᠷᠬᠠᠵᠦ ᠪᠠᠢᠵᠠᠢ᠃ ᠲᠡᠬᠦᠨ ᠤ᠋ ᠰᠣᠶᠣᠯ ᠤ᠋ᠨ ᠲᠦᠷᠰᠦ ᠪᠠᠢᠲᠠᠯ ᠨᠢ ᠭᠠᠨᠰᠣ ᠵᠢᠨ ᠵᠢᠣᠴᠢᠣᠸᠠᠨ ᠤ᠋ ᠭᠠᠨ ᠬᠦ ᠶᠠ ᠵᠢᠨ ᠪᠠᠭᠣᠷᠢ ᠲᠠᠢ ᠲᠦᠰᠦᠭᠡᠲᠡᠢ ᠪᠣᠯᠪᠠᠴᠣ ᠦᠪᠡᠷ ᠤ᠋ᠨ ᠶ᠋ᠢᠡᠨ ᠣᠨᠴᠠᠯᠢᠬ ᠲᠠᠢ ᠶᠤᠮ᠃ ᠸᠠᠭᠠᠷ ᠰᠠᠪᠠ ᠨᠢ ᠡᠯᠡᠰᠦ ᠬᠠᠪᠴᠢᠭᠣᠯᠣᠬᠰᠠᠨ ᠣᠯᠠᠭᠠᠨ ᠸᠠᠭᠠᠷ ᠶ᠋ᠢᠡᠷ ᠭᠣᠣᠯᠯᠠᠵᠦ᠂ ᠬᠠᠶᠠ ᠵᠠᠷᠢᠮ ᠴᠠᠢᠪᠣᠷ ᠸᠠᠭᠠᠷ ᠣᠯᠲᠠᠵᠠᠢ᠃ ᠪᠠᠭᠠᠵᠢ ᠬᠡᠷᠡᠭᠰᠡᠯ ᠳ᠋ᠦ ᠪᠣᠷᠲᠣᠭᠣ᠂ ᠭᠠᠲᠣᠷᠠ᠂ ᠪᠠᠬᠪᠣᠷ᠂ ᠬᠣᠨᠲᠠᠭᠠ ᠵᠡᠷᠭᠡ ᠪᠣᠢ᠃ ᠬᠣᠶᠠᠷ ᠴᠢᠬᠢᠲᠦ ᠰᠠᠪᠠ ᠣᠯᠠᠨ ᠬᠠᠷᠠᠬᠲᠠᠬᠣ ᠪᠦᠭᠡᠳ ᠪᠠᠰᠠ ᠶᠡᠬᠡ ᠬᠡᠮᠵᠢᠶᠡᠨ ᠤ᠋ ᠮᠠᠨᠣ ᠵᠢᠨ ᠬᠡᠮᠬᠡᠲᠡᠭ ᠣᠯᠲᠠᠵᠠᠢ᠃ ᠴᠢᠯᠠᠭᠣᠨ ᠪᠠᠭᠠᠵᠢ ᠨᠢ ᠦᠷᠦᠵᠦ ᠱᠦᠷᠬᠦᠭᠡᠭᠰᠡᠨ ᠲᠠᠪᠠᠬ ᠬᠡᠯᠪᠡᠷᠢ ᠲᠠᠢ ᠴᠠᠪᠴᠢᠵᠦ ᠬᠠᠭᠠᠯᠬᠣ ᠪᠠᠭᠠᠵᠢ ᠪᠣᠯᠣᠨ ᠴᠢᠯᠠᠭᠣᠨ ᠲᠡᠭᠡᠷᠮ᠎ᠡ ᠪᠡᠷ ᠭᠣᠣᠯᠯᠠᠵᠦ᠂ ᠨᠠᠷᠢᠯᠢᠬ ᠴᠢᠯᠠᠭᠣᠨ ᠪᠠᠭᠠᠵᠢ ᠬᠠᠷᠠᠭᠲᠠᠬᠰᠠᠨ ᠦᠭᠡᠢ ᠶᠤᠮ᠃
《ᠲᠦᠷᠦᠯ ᠵᠦᠢᠯ ᠤ᠋ᠨ ᠲᠣᠭᠣᠢᠯᠠᠩ ᠤ᠋ᠨ ᠬᠢᠨ ᠲᠠᠷᠠᠭᠠᠴᠢ ᠪᠡᠷ ᠪᠠᠷᠠᠭᠣᠨ ᠰᠢᠶᠠ ᠣᠯᠣᠰ ᠶᠣᠸᠠᠨ ᠣᠯᠣᠰ ᠤ᠋ᠨ ᠦᠶ᠎ᠡ ᠵᠢᠨ ᠠᠢᠯ ᠲᠣᠰᠬᠣᠨ ᠤ᠋ ᠪᠠᠭᠣᠷᠢ ᠵᠢᠨ ᠦᠯᠡᠲᠡᠭᠲᠡᠯ ᠪᠣᠯᠣᠨ ᠵᠢᠣᠢ ᠶᠠᠨ ᠤ᠋ ᠭᠠᠵᠠᠷ ᠣᠷᠣᠨ ᠤ᠋ ᠡᠯ᠎ᠡ ᠴᠠᠬ ᠦᠶ᠎ᠡ ᠵᠢᠨ ᠣᠷᠣᠰᠢᠭᠣᠯᠭ᠎ᠠ ᠵᠢᠨ ᠪᠠᠭᠣᠷᠢ ᠵᠢ ᠬᠦᠨᠵᠡᠭᠡᠢ ᠪᠠᠢᠴᠠᠭᠠᠵᠦ᠂ ᠣᠯᠠᠨ ᠰᠢᠨᠵᠢᠯᠡᠭᠡᠨ ᠰᠣᠯᠪᠢᠴᠠᠵᠦ ᠠᠯᠣᠰᠯᠠᠬᠰᠠᠨ ᠰᠣᠲᠣᠯᠭᠠᠨ ᠢ᠋ ᠦᠷᠬᠦᠯᠵᠢᠯᠡᠬᠦᠯᠥᠨ᠂ ᠵᠢᠣᠢ ᠶᠠᠨ ᠤ᠋ ᠪᠠᠭᠣᠷᠢ ᠵᠢᠨ ᠣᠯᠠᠨ ᠰᠢᠨᠵᠢᠯᠡᠭᠡᠨ ᠤ᠋ ᠶᠡᠷᠦᠩᠬᠡᠢᠯᠡᠭᠰᠡᠨ ᠴᠢᠨᠠᠷᠲᠠᠢ ᠬᠠᠭᠣᠴᠢ ᠰᠣᠲᠣᠯᠭᠠᠨ ᠤ᠋ ᠪᠠᠢᠴᠠᠭᠠᠯᠲᠠ ᠵᠢᠨ ᠠᠵᠢᠯ ᠦᠷᠨᠢᠬᠦᠯᠵᠦ᠂ ᠵᠢᠣᠢ ᠶᠠᠨ ᠤ᠋ ᠪᠠᠭᠣᠷᠢ ᠵᠢᠨ ᠲᠡᠦᠬᠡ ᠰᠣᠶᠣᠯ ᠤ᠋ᠨ ᠮᠦᠷ ᠣᠯᠪᠠᠭ᠎ᠠ ᠵᠢ ᠪᠦᠬᠦ ᠲᠠᠯ᠎ᠠ ᠪᠡᠷ ᠠᠭᠣᠲᠠᠯᠣᠨ ᠢᠯᠡᠷᠡᠬᠦᠯᠵᠦ᠂ ᠣᠮᠠᠷᠠᠲᠣ ᠬᠢᠯᠢ ᠵᠢᠨ ᠰᠣᠶᠣᠯ ᠤ᠋ᠨ ᠠᠭᠣᠯᠬᠣᠨ ᠢ᠋ ᠪᠠᠶᠠᠯᠢᠬᠵᠢᠭᠣᠯᠤᠨ᠂ ᠰᠣᠶᠣᠯ ᠤ᠋ᠨ ᠦᠪ ᠢ᠋ ᠬᠠᠮᠠᠭᠠᠯᠠᠬᠣ ᠪᠠ ᠵᠠᠯᠭᠠᠮᠵᠢᠯᠠᠬᠣ ᠳ᠋ᠦ ᠬᠦᠴᠦᠨ ᠨᠡᠮᠡᠷᠢᠯᠡᠨ᠎ᠡ》 ᠭᠡᠵᠦ ᠠᠯᠠᠱᠠ ᠠᠢᠮᠠᠬ ᠤ᠋ᠨ ᠲᠡᠦᠬᠡ ᠵᠢᠨ ᠲᠣᠷᠠᠰᠬᠠᠯᠲᠣ ᠵᠦᠢᠯᠡᠰ ᠤ᠋ᠨ ᠰᠣᠲᠣᠯᠭᠠᠨ ᠤ᠋ ᠲᠦᠪ ᠤ᠋ᠨ ᠡᠷᠬᠢᠯᠡᠭᠴᠢ ᠶᠠᠩ ᠹᠸᠩ ᠶᠠᠷᠢᠵᠦ ᠪᠠᠢᠯ᠎ᠠ᠃