8 ᠰᠠᠷᠠᠶ᠋ᠢᠨ 29 ᠤ᠋ ᠦᠳᠡᠶ᠋ᠢᠨ ᠡᠮᠤᠨ᠎ᠡ᠂ ᠦᠪᠡᠷᠲᠡᠭᠡᠨ ᠵᠠᠰᠠᠬᠤ
ᠤᠷᠤᠨ ᠤ᠋ ᠠᠷᠠᠳᠤᠨ ᠵᠠᠰᠠᠭ ᠤ᠋ᠨ ᠣᠷᠳᠣᠨ ᠤ᠋ ᠰᠤᠨᠢᠨ ᠮᠡᠳᠡᠭᠡᠨ ᠤ᠋ ᠠᠯᠪᠠᠨ ᠭᠡᠷᠠᠴᠠ ᠰᠤᠨᠢᠨ ᠮᠡᠳᠡᠭᠡ
ᠨᠡᠢᠲᠡᠯᠡᠬᠦ᠌ ᠬᠤᠷᠠᠯ ᠬᠢᠵᠤ᠂ ᠤᠯᠤᠰ ᠤ᠋ᠨ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶᠠᠶ᠋ᠢᠨ
ᠴᠦᠯᠯᠡᠷᠬᠡᠭ᠌ᠵᠢᠯ ᠢ᠋ ᠰᠡᠷᠭᠡᠢᠯᠡᠨ ᠵᠠᠰᠠᠬᠤ ᠵᠤᠷᠭᠠᠨ᠂ ᠦᠪᠡᠷᠲᠡᠭᠡᠨ ᠵᠠᠰᠠᠬᠤ ᠤᠷᠤᠨ ᠤ᠋ ᠠᠷᠠᠳ ᠤ᠋ᠨ
ᠵᠠᠰᠠᠭ ᠤ᠋ᠨ ᠤᠷᠳᠤᠨ᠂ ᠦᠪᠡᠷᠲᠡᠭᠡᠨ ᠵᠠᠰᠠᠬᠤ ᠤᠷᠤᠨ ᠤ᠋ ᠤᠢ ᠱᠢᠭᠤᠢ ᠪᠠ ᠨᠤᠲᠤᠭ ᠪᠡᠯᠴᠢᠭᠡᠷ ᠤ᠋ᠨ
ᠲᠣᠪᠴᠢᠶ᠎ᠠ ᠵᠢᠴᠢ ᠤᠷᠳᠤᠰ ᠬᠤᠲᠠᠶ᠋ᠢᠨ ᠠᠷᠠᠳ ᠤ᠋ᠨ ᠵᠠᠰᠠᠭ ᠤ᠋ᠨ ᠤᠷᠳᠤᠨ ᠤ᠋ ᠬᠠᠷᠢᠭᠤᠴᠠᠯᠭᠠᠲᠠᠨ ᠢ᠋
ᠤᠷᠢᠵᠤ᠂ 《ᠠᠷᠪᠠᠳᠤᠭᠠᠷ
ᠬᠤᠭᠤᠴᠠᠭᠠᠨ ᠤ᠋ ᠬᠦᠪᠴᠢᠶ᠋ᠢᠨ ᠤᠯᠠᠨ ᠤᠯᠤᠰ ᠤ᠋ᠨ ᠡᠯᠡᠰᠤᠨ ᠴᠦᠯ ᠤ᠋ᠨ ᠶᠠᠷᠢᠶᠠᠨ ᠤ᠋ ᠳᠠᠪᠴᠠᠩ》 ᠤ᠋ᠨ ᠬᠠᠮᠢᠶ᠎ᠠ ᠪᠦᠬᠦᠢ ᠪᠠᠢᠳᠠᠯ ᠢ᠋ ᠲᠠᠨᠢᠯᠴᠠᠭᠤᠯᠪᠠ᠃
ᠦᠪᠡᠷᠲᠡᠭᠡᠨ ᠵᠠᠰᠠᠬᠤ ᠤᠷᠤᠨ ᠤ᠋ ᠠᠷᠠᠳᠤᠨ ᠵᠠᠰᠠᠭ
ᠤ᠋ᠨ ᠤᠷᠳᠤᠨ᠂ ᠤᠯᠤᠰ ᠤ᠋ᠨ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶᠠᠠᠴᠠ ᠭᠤᠣᠯᠯᠠᠨ
ᠡᠷᠬᠢᠯᠡᠵᠤ᠂ ᠤᠯᠠᠨ ᠤᠯᠤᠰ ᠤ᠋ᠨ ᠬᠤᠯᠪᠤᠭᠠᠲᠤ ᠪᠠᠢᠭᠤᠯᠭᠠᠶ᠋ᠢᠨ ᠤᠷᠴᠢᠨ ᠲᠤᠭᠤᠷᠢᠨ ᠤ᠋
ᠲᠦᠯᠦᠪᠵᠢᠭᠦᠯᠭᠡᠶ᠋ᠢᠨ ᠵᠤᠷᠭᠠᠨ᠂ 《ᠤᠯᠠᠨ ᠤᠯᠤᠰ ᠤ᠋ᠨ ᠬᠤᠯᠪᠤᠭᠠᠲᠤ ᠪᠠᠢᠭᠤᠯᠭ᠎ᠠ ᠵᠢᠨ ᠴᠦᠯᠯᠡᠷᠬᠡᠭᠵᠢᠯ ᠢ᠋ ᠰᠡᠷᠭᠡᠢᠯᠡᠨ
ᠵᠠᠰᠠᠬᠤ ᠨᠡᠢᠲᠡ ᠵᠢᠨ ᠭᠡᠷ᠎ᠡ》 ᠵᠢᠨ ᠨᠠᠷᠢᠨ ᠪᠢᠴᠢᠭ ᠤ᠋ᠨ ᠭᠠᠵᠠᠷ
ᠢ᠋ ᠤᠷᠢᠵᠤ ᠬᠠᠮᠲᠤᠷᠠᠨ ᠭᠤᠤᠯᠯᠠᠨ ᠡᠷᠬᠢᠯᠡᠵᠤ᠂ ᠤᠷᠳᠤᠰ ᠬᠤᠲᠠ ᠵᠢᠨ ᠠᠷᠠᠳ ᠤ᠋ᠨ ᠵᠠᠰᠠᠭ ᠤ᠋ᠨ ᠤᠷᠳᠤᠨ᠂
ᠦᠪᠡᠷᠲᠡᠭᠡᠨ ᠵᠠᠰᠠᠬᠤ ᠤᠷᠤᠨ ᠤ᠋ ᠤᠢ ᠱᠢᠭᠤᠢ ᠪᠠ ᠨᠤᠲᠤᠭ ᠪᠡᠯᠴᠢᠭᠡᠷ ᠤ᠋ᠨ ᠲᠣᠪᠴᠢᠶ᠎ᠠ ᠡᠴᠡ
ᠳᠠᠭᠠᠭᠠᠴᠢᠯᠠᠨ ᠡᠷᠬᠢᠯᠡᠭᠰᠡᠨ ᠠᠷᠪᠠᠳᠤᠭᠠᠷ ᠬᠤᠭᠤᠴᠠᠭᠠᠨ ᠤ᠋ ᠬᠦᠪᠴᠢᠶ᠋ᠢᠨ ᠤᠯᠠᠨ ᠤᠯᠤᠰ ᠤ᠋ᠨ ᠡᠯᠡᠰᠤᠨ
ᠴᠦᠯ ᠤ᠋ᠨ ᠶᠠᠷᠢᠶᠠᠨ ᠤ᠋ ᠳᠠᠪᠴᠠᠩ 《ᠱᠢᠨᠵᠢᠯᠡᠬᠦ᠌ ᠤᠬᠠᠭᠠᠨᠴᠢᠪᠠᠷ
ᠡᠯᠡᠰᠤᠶ᠋ᠢ ᠵᠠᠰᠠᠵᠤ ᠪᠤᠬᠢᠷᠳᠤᠯ ᠦᠭᠡᠢ ᠪᠡᠷ ᠬᠦᠭᠵᠢᠬᠦᠯᠦᠶ᠎ᠡ》 ᠭᠡᠬᠦ
ᠭᠤᠤᠯ ᠰᠡᠳᠦᠪ ᠵᠢᠡᠷ 9
ᠰᠠᠷᠠᠶ᠋ᠢᠨ 16 ᠡᠴᠡ 17 ᠤ᠋ ᠡᠳᠤᠷ ᠪᠤᠯᠲᠠᠯ᠎ᠠ ᠤᠷᠳᠤᠰ ᠬᠤᠲᠠᠳᠤ
ᠶᠠᠪᠤᠭᠳᠠᠬᠤ ᠪᠤᠯᠤᠨ᠎ᠠ᠃
ᠲᠤᠰ ᠤᠳᠠᠭᠠᠨ ᠤ᠋ ᠶᠠᠷᠢᠶᠠᠨ ᠤ᠋ ᠳᠠᠪᠴᠠᠩ ᠨᠢ
ᠡᠬᠢᠯᠡᠯᠲᠡ ᠵᠢᠨ ᠶᠤᠰᠤᠯᠠᠯ᠂ ᠲᠡᠭᠦᠰᠬᠦ ᠶᠤᠰᠤᠯᠠᠯ᠂ ᠬᠤᠷᠠᠯ ᠤ᠋ᠨ ᠶᠠᠷᠢᠶᠠᠨ ᠤ᠋ ᠳᠠᠪᠴᠠᠩ᠂ ᠠᠺᠠᠳ᠋ᠸᠮᠢᠴᠢ
ᠵᠢᠨ ᠶᠠᠷᠢᠯᠴᠠᠭ᠎ᠠ᠂ ᠲᠤᠬᠠᠢ ᠵᠢᠨ ᠲᠠᠯᠠᠪᠠᠢ ᠳ᠋ᠤ ᠲᠤᠭᠤᠷᠢᠨ ᠦᠵᠡᠬᠦ ᠵᠡᠷᠭᠡ ᠰᠢᠷᠢᠰ ᠠᠵᠢᠯᠯᠠᠭ᠎ᠠ ᠶ᠋ᠢ
ᠲᠤᠬᠢᠷᠠᠭᠤᠯᠪᠡ᠃ ᠡᠭᠦᠨ ᠳ᠋ᠤ᠂ 《ᠴᠦᠯᠯᠡᠷᠬᠡᠭᠵᠢᠯ
ᠢ᠋ ᠰᠢᠨᠵᠢᠯᠡᠬᠦ ᠤᠬᠠᠭᠠᠴᠢ ᠪᠡᠷ ᠰᠡᠷᠭᠡᠢᠯᠡᠨ ᠵᠠᠰᠠᠬᠤ》1 ᠭᠤᠤᠯ ᠵᠤᠷᠢᠯᠲᠠᠲᠤ ᠶᠠᠷᠢᠶᠠᠨ ᠤ᠋ ᠳᠠᠪᠴᠠᠩ ᠵᠢᠴᠢ 《ᠨᠤᠲᠤᠭ ᠪᠡᠯᠴᠢᠭᠡᠷ ᠢ᠋ ᠬᠠᠮᠠᠭᠠᠯᠠᠬᠤ ᠪᠠ ᠦᠷᠭᠦᠯᠵᠢᠯᠡᠬᠦ ᠡᠵᠡᠩᠨᠡᠯᠲᠡ》᠂ 《ᠭᠠᠵᠠᠷ ᠰᠢᠷᠤᠢ ᠳ᠋ᠤ ᠭᠠᠮᠲᠠᠢ ᠬᠡᠯᠪᠡᠷᠢ
ᠵᠢᠨ ᠬᠤᠳᠠᠯᠳᠤᠭᠠᠨ ᠤ᠋ ᠬᠦᠭᠵᠢᠯᠲᠡ》 ᠭᠡᠬᠦ 2 ᠲᠤᠰᠬᠠᠢ ᠰᠡᠳᠦᠪᠲᠤ ᠶᠠᠷᠢᠶᠠᠨ ᠤ᠋ ᠳᠠᠪᠴᠠᠩ ᠢ᠋
ᠵᠤᠬᠢᠶᠠᠨ ᠪᠠᠢᠭᠤᠯᠵᠤ᠂《ᠰᠢᠨᠵᠢᠯᠡᠬᠦ ᠤᠬᠠᠭᠠᠨᠴᠢ ᠪᠡᠷ ᠬᠦᠴᠦᠨ
ᠨᠡᠮᠡᠷᠢᠯᠡᠬᠦ ᠶᠡᠷᠦᠩᠬᠡᠢᠯᠡᠭᠰᠡᠨ ᠵᠠᠰᠠᠯᠲᠠ》 ᠠᠺᠠᠳ᠋ᠸᠮᠢᠴᠢ ᠵᠢᠨ
ᠶᠠᠷᠢᠶᠠᠨ ᠤ᠋ ᠳᠠᠪᠴᠠᠩ ᠢ᠋ ᠰᠢᠨ᠎ᠡ ᠪᠡᠷ ᠨᠡᠮᠡᠵᠤ᠂ ᠡᠯ᠎ᠡ ᠲᠠᠯ᠎ᠠ ᠵᠢᠨ ᠬᠢᠨ ᠳ᠋ᠤ ᠬᠦᠨᠵᠡᠭᠡᠢ
ᠰᠤᠯᠢᠯᠴᠠᠬᠤ ᠳᠠᠪᠴᠠᠩ ᠢ᠋ ᠬᠠᠩᠭᠠᠨ᠂ ᠤᠯᠤᠰ ᠤ᠋ᠨ ᠳᠤᠲᠤᠭᠠᠳᠤ ᠭᠠᠳᠠᠭᠠᠳᠤ ᠵᠢᠨ 40 ᠭᠠᠷᠤᠢ ᠨᠡᠷᠡᠲᠤ ᠮᠡᠷᠭᠡᠵᠢᠯᠲᠡᠨ ᠪᠠ ᠰᠤᠳᠤᠯᠭᠠᠲᠠᠨ ᠢ᠋ ᠤᠷᠢᠪᠠ᠃ ᠡᠭᠦᠨ ᠡᠴᠡ ᠭᠠᠳᠠᠨ᠎ᠠ ᠲᠤᠰ
ᠤᠳᠠᠭᠠᠨ ᠤ᠋ ᠶᠠᠷᠢᠶᠠᠨ ᠤ᠋ ᠳᠠᠪᠴᠠᠩ ᠳ᠋ᠤ ᠪᠠᠰᠠ ᠬᠦᠪᠴᠢ ᠵᠢᠨ ᠡᠯᠡᠰᠤ ᠵᠢᠨ ᠰᠠᠯᠬᠢᠨ ᠬᠦᠴᠦᠨ ᠤ᠋
ᠴᠠᠬᠢᠯᠭᠠᠨ ᠭᠡᠷᠡᠯᠴᠢ ᠴᠡᠨᠡᠭ ᠢ᠋ ᠨᠢᠭᠡ ᠴᠤᠭᠴᠠᠵᠢᠭᠤᠯᠬᠤ ᠢᠨᠵᠸᠨ᠋ᠸᠷᠢᠩ ᠵᠢᠡᠷ ᠡᠯᠡᠰᠤ ᠶ᠋ᠢ ᠵᠠᠰᠠᠬᠤ᠂
ᠵᠠᠮ ᠵᠢᠡᠷ ᠡᠯᠡᠰᠤ ᠶ᠋ᠢ ᠵᠠᠰᠠᠬᠤ᠂ ᠡᠯᠡᠰᠤᠨ ᠴᠦᠯ ᠤ᠋ᠨ ᠬᠦᠪᠡᠭᠡ ᠵᠠᠬ᠎ᠠ ᠶ᠋ᠢ ᠴᠢᠳᠦᠷᠯᠡᠬᠦ ᠤᠢ ᠰᠢᠭᠤᠢ
ᠪᠠ ᠨᠤᠲᠤᠭ ᠪᠡᠯᠴᠢᠭᠡᠷ ᠤ᠋ᠨ ᠪᠦᠰᠡ ᠶ᠋ᠢ ᠪᠠᠢᠭᠤᠯᠬᠤ᠂ ᠭᠤᠤ ᠭᠠᠩᠭ᠎ᠠ ᠶ᠋ᠢ ᠵᠠᠰᠠᠬᠤ ᠵᠡᠷᠭᠡ ᠵᠠᠰᠠᠯᠲᠠ
ᠵᠢᠨ ᠵᠠᠭᠪᠤᠷ ᠢ᠋ ᠲᠤᠬᠠᠢ ᠵᠢᠨ ᠲᠠᠯᠠᠪᠠᠢ ᠳ᠋ᠤ ᠬᠦᠷᠴᠤ ᠲᠤᠭᠤᠷᠢᠨ ᠦᠵᠡᠬᠦ ᠶ᠋ᠢ ᠵᠤᠬᠢᠶᠠᠨ ᠪᠠᠢᠭᠤᠯᠵᠤ᠂
ᠤᠯᠠᠨ ᠨᠡᠢᠲᠡ ᠳ᠋ᠤ ᠳᠤᠮᠳᠠᠳᠤ ᠤᠯᠤᠰ ᠤ᠋ᠨ ᠴᠦᠯᠯᠡᠷᠬᠡᠭᠵᠢᠯ ᠢ᠋ ᠰᠡᠷᠭᠡᠢᠯᠡᠨ ᠵᠠᠰᠠᠬᠤ ᠰᠢᠨ᠎ᠡ ᠠᠷᠭ᠎ᠠ
ᠲᠤᠷᠰᠢᠯᠭ᠎ᠠ᠂ ᠰᠢᠨ᠎ᠡ ᠵᠠᠭᠪᠤᠷ᠂ ᠰᠢᠨ᠎ᠡ ᠦᠷ᠎ᠡ ᠪᠦᠲᠦᠮᠵᠢ ᠶ᠋ᠢ ᠪᠦᠬᠦ ᠲᠠᠯ᠎ᠠ ᠪᠡᠷ ᠬᠠᠷᠠᠭᠤᠯᠬᠤ
ᠪᠤᠯᠤᠨ᠎ᠠ᠃ ᠤᠳᠤᠬᠠᠨ ᠳ᠋ᠤ ᠶᠠᠷᠢᠶᠠᠨ ᠤ᠋ ᠳᠠᠪᠴᠠᠩ ᠤ᠋ᠨ ᠡᠯ᠎ᠡ ᠲᠦᠷᠦᠯ ᠤ᠋ᠨ ᠪᠡᠯᠡᠳᠭᠡᠯ ᠠᠵᠢᠯ ᠶᠠᠭ ᠡᠮᠬᠢ
ᠵᠢᠷᠤᠮ ᠲᠠᠢ ᠶᠠᠪᠤᠭᠳᠠᠵᠤ ᠪᠤᠢ᠃