ᠱᠢᠨ᠎ᠡ ᠭᠡᠷ᠎ᠲᠡᠭᠡᠨ ᠨᠡᠬᠦᠵᠦ᠍ ᠤᠷᠤᠬᠤ ᠪᠤᠯᠵᠦ᠍᠂ ᠬᠤᠷᠢᠶᠠᠵᠦ᠍ ᠪᠠᠢᠬ᠍ᠰᠠᠨ ᠨᠤᠮ᠎ᠤᠳ᠎ᠢᠶᠠᠨ ᠲᠢᠭᠯᠡᠬᠦ ᠵᠠᠭᠤᠷ᠎ᠠ ᠰᠠᠨᠠᠭᠠᠨ᠎ᠳᠤ ᠦᠭᠡᠢ᠎ᠪᠠᠷ ᠠᠩᠬ᠎ᠠ ᠲᠤᠮᠳᠠᠳᠦ᠍ᠶ᠋ᠢᠨ ᠦᠶ᠎ᠡ᠎ᠶ᠋ᠢᠨ ᠪᠢᠴᠢᠭ᠌ᠰᠡᠨ 《ᠪᠠᠷᠠᠭ᠎ᠠ ᠬᠤᠳᠠᠯᠳᠤᠬ᠍ᠴᠢ》 ᠭᠡᠳᠡᠭ ᠵᠤᠬᠢᠶᠠᠯᠢᠤᠯᠤᠭᠠᠳ ᠦᠵᠡᠴᠢᠭᠡᠪᠡ᠃ ᠡᠬᠦᠨ᠎ᠢ ᠠᠪᠤ ᠮᠢᠨᠢ ᠬᠡᠴᠢᠨᠡᠨ ᠵᠢᠯ ᠬᠣᠷᠢᠶᠠᠨ ᠬᠠᠳᠠᠭᠠᠯᠠᠵᠦ᠍᠂ ᠡᠮᠦᠨ᠎ᠡ ᠬᠡᠳᠦᠨ ᠵᠢᠯ ᠰᠠᠶᠢ ᠨᠠᠳᠠ᠎ᠳᠤ ᠦᠭ᠌ᠭᠦᠭ᠌ᠰᠡᠨ ᠪᠢᠯᠡ᠃ ᠡᠨᠡ ᠵᠤᠬᠢᠶᠠᠯ ᠪᠤᠯ ᠪᠠᠷᠤᠭ ᠮᠢᠨᠤ ᠠᠩᠬ᠎ᠠ ᠪᠢᠴᠢᠭ᠌ᠰᠡᠨ ᠲᠡᠮᠳᠡᠭ᠌ᠯᠡᠨ ᠲᠤᠭᠠᠴᠢᠬ᠍ᠰᠠᠨ ᠵᠤᠬᠢᠶᠠᠯ ᠪᠤᠯᠤᠨ᠎ᠠ᠃ ᠵᠤᠬᠢᠶᠠᠯ᠎ᠢ ᠮᠢᠨᠤ ᠠᠩᠬ᠎ᠠ ᠲᠤᠮᠳᠠᠳᠦ᠍ᠶ᠋ᠢᠨ ᠦᠶ᠎ᠡ᠎ᠶ᠋ᠢᠨ ᠮᠤᠩᠭᠤᠯ ᠬᠡᠯᠡᠨ᠎ᠤ ᠪᠠᠭ᠍ᠰᠢ᠂ ᠮᠦᠨ ᠠᠩᠬᠢ᠎ᠶ᠋ᠢᠨ ᠡᠷᠬᠢᠯᠡᠭᠴᠢ ᠴᠧᠩ ᠢᠤᠢ ᠪᠠᠭ᠍ᠰᠢ᠂ ᠤᠯᠠᠭᠠᠨ ᠪᠢᠷ᠎ᠢᠶᠠᠷ ᠴᠤᠬᠤᠮ ᠬᠠᠭᠤᠳᠠᠰᠦ ᠲᠦᠬᠦᠷᠡᠩ ᠤᠯᠠᠢᠲᠠᠯ᠎ᠠ ᠵᠠᠰᠠᠬ᠍ᠰᠠᠨ ᠪᠠᠢᠯ᠎ᠠ᠃ ᠬᠤᠯᠪᠤᠬᠤ ᠡᠭᠡᠱᠢᠭ᠎ᠤᠨ ᠲᠦᠷᠢᠮ᠎ᠠᠴᠠ ᠵᠦᠷᠢᠴᠡᠭ᠌ᠰᠡᠨ ᠬᠡᠳᠦᠨ ᠪᠤᠷᠤᠭᠤ ᠦᠰᠦᠭ᠎ᠢ ᠵᠦᠪ᠎ᠢᠶᠠᠷ ᠵᠠᠯᠠᠷᠠᠭᠤᠯᠤᠨ ᠪᠢᠴᠢᠵᠦ᠍ ᠦᠭ᠌ᠭᠦᠭᠡᠳ᠂ ᠨᠤᠷᠱᠢᠭᠤ ᠰᠤᠨᠵᠢᠷᠠᠭᠤ ᠬᠡᠰᠡᠭ᠎ᠢ ᠬᠡᠳᠦᠨ ᠭᠠᠵᠠᠷ ᠪᠦᠬᠦᠯᠢ ᠤᠯᠠᠭᠠᠨ ᠮᠦᠷ᠎ᠢᠶᠠᠷ᠎ᠨᠢ ᠬᠠᠰᠦᠵᠦ᠍᠂ ᠠᠮᠢᠳᠤᠯᠢᠭ ᠰᠠᠢᠬᠠᠨ ᠲᠦᠷᠰᠦᠯᠡᠭ᠌ᠰᠡᠨ ᠬᠡᠰᠡᠭ᠎ᠲᠤᠨᠢ ᠵᠢᠷᠤᠭᠠᠰᠦᠯᠠᠵᠦ᠍ ᠪᠠᠢᠭᠠᠳ ᠴᠤᠬᠤᠯᠲᠠ ᠪᠢᠴᠢᠵᠦ᠍᠂ ᠵᠤᠬᠢᠶᠠᠯ᠎ᠤᠨ ᠠᠷᠣ᠎ᠳᠤᠨᠢ ᠤᠨᠤᠵᠦ ᠠᠯᠳᠠᠬ᠍ᠰᠠᠨ ᠭᠠᠵᠠᠷ᠎ᠢ ᠳ᠋ᠦᠩᠨᠡᠭ᠌ᠰᠡᠨ ᠮᠠᠶᠢᠭ᠎ᠢᠶᠠᠷ ᠶᠡᠷᠦᠩᠬᠡᠢ ᠴᠤᠬᠤᠯᠲᠠ ᠪᠢᠴᠢᠭ᠌ᠰᠡᠨ ᠪᠠᠢᠨ᠎ᠠ᠃
ᠴᠧᠩ ᠢᠤᠢ ᠪᠠᠭ᠍ᠰᠢ ᠦᠨᠳᠦᠷ ᠪᠢᠷᠠᠯᠢᠭ ᠪᠡᠶ᠎ᠡ᠎ᠲᠠᠢ᠂ ᠲᠦᠬᠦᠷᠢᠭ᠌ ᠴᠢᠷᠠᠢ᠎ᠲᠠᠢ᠂ ᠢᠨᠢᠶᠡᠪᠡᠯ ᠵᠠᠪᠠᠵᠢᠶ᠋ᠢᠨᠢ ᠲᠠᠭᠠᠭᠠᠳ ᠤᠯᠠᠨ ᠬᠤᠨᠢᠶᠠᠰᠦ ᠭᠠᠷᠴᠦ᠍᠂ ᠠᠭᠤᠷᠯᠠᠪᠠᠯ ᠨᠢᠳᠦ᠍᠎ᠨᠢ ᠬᠤᠨᠳᠠᠭᠠᠨ ᠴᠢᠨᠡᠬᠡᠨ ᠪᠤᠯᠤᠭᠠᠳ ᠴᠤᠬᠤᠮ ᠰᠦᠷᠲᠡᠢ ᠬᠠᠷᠠᠬ᠍ᠳᠠᠳᠠᠭ ᠪᠠᠢᠬ᠍ᠰᠠᠨ᠃ ᠲᠠᠮᠠᠬᠢ ᠲᠠᠳᠠᠳᠠᠭ ᠪᠤᠯᠬᠤᠷ ᠱᠢᠳᠦ᠍ᠨᠢ ᠱᠢᠷᠠᠪᠲᠦᠷ᠃ ᠪᠢ ᠮᠤᠩᠭᠤᠯ ᠬᠡᠯᠡᠨ᠎ᠤ ᠬᠢᠴᠢᠶᠡᠯ᠎ᠤᠨ ᠲᠦᠯᠦᠭᠡᠯᠡᠭ᠌ᠴᠢ ᠪᠤᠯᠬᠤᠷ ᠲᠠᠰᠭᠠᠯ ᠵᠦᠭᠡᠭᠡᠵᠦ᠍᠂ ᠪᠠᠭ᠍ᠰᠢ᠎ᠶ᠋ᠢᠨ ᠠᠯᠪᠠᠨ ᠭᠡᠷ᠎ᠲᠤ ᠪᠠᠢᠩᠭᠤ ᠤᠴᠢᠳᠠᠭ᠃ ᠵᠠᠪᠰᠠᠷᠯᠠᠭ᠎ᠠ᠎ᠶᠢᠨ ᠲᠠᠮᠢᠷ᠎ᠤᠨ ᠴᠠᠭ᠎ᠲᠤ ᠬᠠᠷᠭᠤᠪᠠᠯ ᠪᠠᠭᠰᠢ ᠨᠠᠮᠠᠶ᠋ᠢ ᠬᠤᠷᠱᠢᠶᠠᠨ᠎ᠳᠤ ᠵᠠᠷᠤᠵᠦ᠍ ᠲᠠᠮᠠᠬᠢ ᠠᠪᠴᠢᠷᠠᠭᠤᠯᠳᠠᠭ᠃ 《ᠮᠦᠸᠧ ᠵᠢᠤᠢ》 ᠭᠡᠳᠡᠭ ᠲᠠᠮᠠᠬᠢ᠂ ᠪᠠᠷᠤᠭ ᠲᠠᠪᠢ ᠵᠢᠷᠠᠨ ᠮᠦᠩᠬᠦ᠌᠎ᠶ᠋ᠢᠨ᠎ᠬᠢ᠃
ᠬᠤᠷᠱᠢᠶᠠᠨ᠎ᠳᠤ ᠬᠦᠶᠦᠳᠡᠭ ᠦᠭᠡᠢ ᠵᠠᠪᠰᠠᠷᠯᠠᠭ᠎ᠠ᠎ᠶᠢᠨ ᠲᠠᠮᠢᠷ᠎ᠲᠤ ᠪᠤᠯ ᠪᠢ ᠪᠦᠬᠦ᠌ ᠰᠤᠷᠤᠬ᠍ᠴᠢ᠎ᠶ᠋ᠢᠨ ᠡᠮᠦᠨ᠎ᠡ ᠭᠠᠷᠴᠦ᠍ ᠵᠤᠬ᠍ᠰᠤᠭᠠᠳ ᠲᠠᠮᠢᠷ ᠲᠠᠭᠠᠭᠤᠯᠤᠨ ᠬᠢᠳᠡᠭ᠃ ᠡᠬᠦᠨ᠎ᠢ ᠮᠦᠨ ᠴᠧᠩ ᠪᠠᠭ᠍ᠰᠢ᠂ ᠲᠠᠮᠢᠷ᠎ᠤᠨ ᠪᠠᠭ᠍ᠰᠢ᠎ᠳᠤ ᠬᠡᠯᠡᠵᠦ᠍ ᠪᠠᠢᠭᠠᠳ ᠲᠤᠬᠢᠷᠠᠭᠤᠯᠤᠬ᠍ᠰᠠᠨ ᠶᠤᠮ᠃ ᠪᠢ ᠪᠦᠬᠦ᠌ ᠬᠦᠴᠦ᠍᠎ᠪᠠᠨ ᠱᠢᠪᠬᠠᠵᠦ᠍᠂ ᠵᠠᠪᠰᠠᠷᠯᠠᠭ᠎ᠠ᠎ᠶᠢᠨ ᠲᠠᠮᠢᠷ᠎ᠢ ᠲᠦᠷᠢᠮᠵᠢᠬᠦᠨ ᠰᠠᠢᠬᠠᠨ ᠬᠢᠳᠡᠭ᠃ ᠪᠦᠬᠦᠳᠡ᠎ᠶ᠋ᠢᠨ ᠡᠮᠦᠨ᠎ᠡ ᠲᠠᠭᠠᠭᠤᠯᠤᠬ᠍ᠴᠢ ᠪᠤᠯᠤᠨ᠎ᠠ ᠭᠡᠳᠡᠭ ᠬᠡᠴᠢᠨᠡᠨ ᠵᠢᠷᠭᠠᠯ᠎ᠲᠠᠢ ᠠᠵᠦ᠍ ᠪᠤᠢ ᠳ᠋ᠠ᠃ ᠮᠤᠩᠭᠤᠯ ᠬᠡᠯᠡᠨ᠎ᠤ ᠬᠢᠴᠢᠶᠡᠯ ᠲᠡᠭᠡᠷ᠎ᠡ ᠬᠡᠨ ᠬᠢᠴᠢᠶᠡᠯ ᠤᠩᠱᠢᠬᠤ ᠪᠤᠢ? ᠬᠡᠨ ᠦᠬᠦᠯᠡᠪᠦᠷᠢ ᠵᠤᠬᠢᠶᠠᠬᠤ ᠪᠤᠢ? ᠭᠡᠭ᠌ᠰᠡᠭᠡᠷ ᠪᠢ ᠬᠠᠮᠤᠭ᠎ᠤᠨ ᠲᠦᠷᠦᠬᠦᠨ᠎ᠳᠤ ᠬᠠᠮᠤᠭ᠎ᠤᠨ ᠦᠨᠳᠦᠷ ᠬᠢᠷᠢ᠎ᠪᠠᠷ ᠭᠠᠷ ᠡᠷᠬᠦᠳᠡᠭ᠃ ᠪᠢ ᠤᠳᠤᠢ ᠵᠢᠭᠠᠬᠠᠨ ᠪᠡᠶ᠎ᠡ᠎ᠲᠠᠢ ᠪᠤᠯᠬᠤᠷ ᠤᠯᠵᠦ᠍ ᠬᠠᠷᠠᠬᠤ ᠦᠭᠡᠢ᠎ᠠᠴᠠ᠎ᠨᠢ ᠠᠶᠤᠭᠠᠳ ᠲᠡᠭᠡᠳᠡᠭ ᠪᠢᠵᠠ᠃ 《ᠵᠠ᠂ ᠪᠠᠢ ᠯᠦᠩ ᠶᠡᠭᠡ ᠰᠠᠢᠬᠠᠨ ᠤᠩᠱᠢᠯᠠ》᠂ 《ᠡᠨᠡ ᠦᠬᠦᠯᠡᠪᠦᠷᠢ᠎ᠶ᠋ᠢ ᠮᠠᠰᠢ ᠭᠤᠢᠳᠠ ᠰᠠᠢᠬᠠᠨ ᠵᠤᠬᠢᠶᠠᠵᠠᠢ》 ᠭᠡᠪᠡᠯ ᠴᠤᠬᠤᠮ ᠪᠠᠯ ᠪᠤᠷᠠᠮ ᠬᠦᠯᠬᠦᠭ᠌ᠰᠡᠨᠠᠴᠠ ᠠᠮᠲᠠᠲᠠᠢ᠃ ᠨᠢᠭᠡ ᠡᠳᠦᠷ ᠮᠢᠨᠤ ᠪᠢᠴᠢᠭ᠌ᠰᠡᠨ 《ᠪᠠᠷᠠᠭ᠎ᠠ ᠬᠤᠳᠠᠯᠳᠦᠬ᠍ᠴᠢ》 ᠭᠡᠳᠡᠭ ᠵᠤᠬᠢᠶᠠᠯ᠎ᠢ ᠴᠧᠩ ᠪᠠᠭ᠍ᠰᠢ ᠤᠯᠠᠨ᠎ᠤ ᠡᠮᠦᠨ᠎ᠡ ᠤᠩᠱᠢᠵᠦ᠍ ᠦᠭᠴᠡᠢ᠃ ᠮᠢᠨᠤ ᠴᠢᠷᠠᠢ ᠤᠪ ᠤᠯᠠᠭᠠᠨ ᠪᠠᠢᠬ᠍ᠰᠠᠨ᠎ᠠᠴᠠ᠎ᠪᠠᠨ ᠪᠠᠭ᠍ᠠᠨ ᠴᠠᠢᠵᠦ᠍᠂ ᠡᠴᠦᠰ᠎ᠲᠡᠭᠡᠨ ᠪᠤᠷᠤᠪᠳᠦᠷ ᠦᠩᠭᠡ᠎ᠲᠠᠢ ᠪᠤᠯᠤᠭᠠᠳ ᠵᠤᠬ᠍ᠰᠤᠬ᠍ᠰᠠᠨ ᠪᠠᠢᠭ᠎ᠠ ᠶᠤᠮ᠃ ᠵᠢᠷᠦᠬᠡ ᠪᠤᠯᠬᠢᠯᠠᠨ ᠲᠦᠭ᠌ᠰᠢᠵᠦ᠍᠂ ᠲᠤᠭᠤᠵᠦ᠍ ᠪᠠᠢᠬ᠍ᠰᠠᠨ ᠲᠡᠷᠡ ᠨᠢᠭᠡ ᠦᠬᠢᠨ᠎ᠢ᠎ᠪᠠᠨ ᠱᠢᠷᠪᠢᠮᠡᠷ ᠱᠢᠷᠪᠢᠮᠡᠷ ᠰᠠᠨᠠᠬ᠍ᠳᠠᠭᠠᠳ ᠪᠤᠯᠳᠠᠭ ᠦᠭᠡᠢ᠂ ᠪᠦᠵᠦᠩ ᠲᠠᠤᠯᠠᠢ ᠡᠪᠦᠷᠯᠡᠭ᠌ᠰᠡᠨ ᠱᠢᠭ᠂ ᠵᠦᠷᠵᠢ᠎ᠶ᠋ᠢᠨ ᠱᠢᠬᠢᠷ ᠡᠮᠬᠦᠭ᠌ᠰᠡᠨ ᠮᠡᠲᠦ᠍᠃ ᠴᠧᠩ ᠪᠠᠭ᠍ᠰᠢ ᠴᠤᠬᠤᠯᠲᠠᠪᠠᠨ ᠤᠩᠱᠢᠵᠦ᠍ ᠲᠠᠭᠤᠰᠤᠬ᠍ᠰᠠᠨ ᠪᠠᠢᠳᠠᠯ᠎ᠠ ᠮᠢᠨᠤ ᠴᠢᠬᠢ ᠱᠤᠤᠭᠢᠭᠠᠳ ᠪᠠᠢᠮᠠᠷ ᠰᠠᠨᠠᠬ᠍ᠳᠠᠬ᠍ᠰᠠᠨ ᠶᠤᠮ᠂ ᠬᠠᠮᠲᠦ ᠨᠦᠬᠦᠳ᠎ᠤᠨ ᠠᠯᠠᠭ᠎ᠠ ᠲᠠᠱᠢᠯᠲᠠ᠂ ᠬᠠᠮᠠᠷ᠎ᠢ ᠬᠠᠪᠴᠢᠭᠤᠯᠤᠭᠠᠳ ᠰᠤᠪᠤᠳ᠎ᠤᠨ ᠬᠡᠯᠬᠢᠶ᠎ᠡ ᠲᠠᠰᠤᠷᠠᠭᠤᠯᠵᠠᠢ᠃ ᠪᠠᠭ᠍ᠰᠢ᠎ᠶ᠋ᠢᠨ ᠴᠤᠬᠤᠯᠲᠠ ᠲᠤᠳᠤᠷ᠎ᠠ᠎ᠠᠴᠠ 《ᠠᠮᠢᠳᠤᠷᠠᠯ᠎ᠤᠨ ᠦᠨᠡᠨ᠎ᠠᠴᠠ ᠤᠷᠠᠯᠢᠭ᠎ᠤᠨ ᠦᠨᠡᠨ ᠢᠷᠡᠨ᠎ᠡ》 ᠭᠡᠳᠡᠭ ᠦᠭᠡ᠎ᠶ᠋ᠢ ᠪᠢ ᠲᠠᠰᠤ ᠴᠡᠬᠡᠵᠢᠯᠡᠵᠠᠢ᠃ ᠮᠢᠨᠤ ᠨᠠᠰᠦ᠎ᠪᠠᠷ᠎ᠢᠶᠠᠨ ᠪᠠᠷᠢᠮᠳᠠᠯᠠᠵᠦ᠍ ᠢᠷᠡᠭ᠌ᠰᠡᠨ ᠵᠤᠬᠢᠶᠠᠨ ᠪᠦᠳᠦᠭᠡᠯᠭᠡ᠎ᠶ᠋ᠢᠨ ᠬᠡᠪ ᠨᠠᠮᠪᠠ ᠴᠤ᠌ ᠡᠨᠡ ᠬᠦ᠌ ᠦᠭᠡᠨ᠎ᠠᠴᠠ ᠡᠱᠢ᠎ᠲᠠᠢ ᠪᠢᠯᠡ᠃
ᠴᠧᠩ ᠪᠠᠭ᠍ᠰᠢ ᠬᠡᠯᠡᠨ ᠵᠦᠢ᠎ᠶ᠋ᠢ ᠮᠠᠰᠢ ᠴᠢᠬᠤᠯᠠᠴᠢᠯᠠᠳᠠᠭ ᠪᠠᠢᠯ᠎ᠠ᠃ 《ᠡᠭᠡᠱᠢᠭ ᠵᠤᠬᠢᠴᠠᠬᠤ ᠶᠤᠰᠤ》᠂ 《ᠭᠡᠢᠬᠦᠯᠦᠭ᠌ᠴᠢ ᠵᠤᠬᠢᠴᠠᠬᠤ ᠶᠤᠰᠤ》᠂ 《ᠬᠤᠯᠪᠤᠬᠤ ᠡᠭᠡᠱᠢᠭ᠎ᠤᠨ ᠲᠦᠷᠢᠮ》 ᠁ ᠭᠡᠳ ᠲᠤᠰᠭᠠᠢᠯᠠᠨ ᠬᠡᠯᠡᠨ ᠵᠦᠢ᠎ᠶ᠋ᠢᠨ ᠬᠢᠴᠢᠶᠡᠯ᠎ᠤᠨ ᠴᠠᠭ ᠭᠠᠷᠭᠠᠵᠦ᠍ ᠪᠠᠢᠭᠠᠳ ᠮᠠᠰᠢ ᠨᠠᠷᠢᠯᠢᠭ᠂ ᠴᠢᠩᠭ᠎ᠠ ᠤᠪᠤᠷ᠎ᠢᠶᠠᠷ ᠵᠢᠭᠠᠳᠠᠭ᠃ ᠬᠢᠴᠢᠶᠡᠯ᠎ᠤᠨ ᠪᠢᠴᠢᠭ᠂ ᠬᠡᠯᠡᠨ ᠵᠦᠢ᠂ ᠵᠤᠬᠢᠶᠠᠨ ᠪᠢᠴᠢᠯᠭᠡ ᠭᠡᠵᠦ᠍ ᠭᠤᠷᠪᠠᠨ ᠰᠠᠯᠪᠤᠷᠢ᠎ᠪᠠᠷ ᠰᠠᠯᠭᠠᠨ ᠵᠢᠭᠠᠳᠠᠭ ᠪᠠᠢᠬ᠍ᠰᠠᠨ᠃ ᠬᠡᠷᠪᠡ ᠬᠡᠳᠦ ᠤᠳᠠᠭ᠎ᠠ ᠭᠡᠯᠡᠵᠦ᠍ ᠦᠭ᠌ᠭᠦᠭ᠌ᠰᠡᠨ ᠪᠠᠢᠳᠠᠯ᠎ᠠ ᠤᠢᠯᠠᠭᠠᠵᠦ᠍ ᠴᠡᠭᠡᠵᠢᠯᠡᠬᠦ᠌ ᠦᠭᠡᠢ᠂ ᠪᠤᠷᠤᠭᠤ ᠦᠰᠦᠭ ᠪᠢᠴᠢᠭᠡᠳ ᠪᠠᠢᠪᠠᠯ᠂ ᠲᠠᠰᠭᠠᠯᠢ ᠴᠢᠨᠢ ᠪᠦᠬᠦᠳᠡ᠎ᠶ᠋ᠢᠨ ᠡᠮᠦᠨ᠎ᠡ ᠲᠡᠯᠭᠡᠵᠦ᠍ ᠪᠠᠢᠭᠠᠳ ᠮᠠᠰᠢ ᠴᠢᠩᠭ᠎ᠠ ᠱᠢᠷᠦᠬᠦᠨ ᠱᠢᠬᠦᠮᠵᠢᠯᠡᠳᠡᠭ᠃ ᠴᠢᠩᠭ᠎ᠠ ᠪᠠᠭ᠍ᠰᠢ᠎ᠠᠴᠠ ᠱᠢᠯᠢᠳᠡᠭ ᠰᠤᠷᠤᠬ᠍ᠴᠢ ᠭᠠᠷᠤᠨ᠎ᠠ ᠭᠡᠳᠡᠭ ᠨᠡᠬᠡᠷᠡᠨ ᠶᠤᠰᠤᠲᠠᠢ ᠦᠭᠡ᠃ ᠴᠧᠩ ᠪᠠᠭ᠍ᠰᠢ ᠬᠡᠯᠡᠨ ᠵᠦᠢ᠎ᠶ᠋ᠢ ᠢᠩᠬᠢᠵᠦ᠍ ᠴᠢᠩᠭ᠎ᠠ ᠲᠦᠷᠢᠮᠵᠢᠬᠦᠨ ᠵᠢᠭᠠᠬ᠍ᠰᠠᠨᠠᠴᠠ᠂ ᠮᠠᠨ᠎ᠤ ᠬᠠᠮᠲᠦ ᠰᠤᠷᠤᠬ᠍ᠴᠢ ᠨᠠᠷ ᠪᠠᠷᠤᠭ ᠪᠤᠷᠤᠭᠤ ᠦᠰᠦᠭ ᠪᠢᠴᠢᠳᠡᠭ ᠦᠭᠡᠢ᠃
ᠭᠠᠭ᠍ᠴᠠᠬᠠᠨ ᠬᠠᠢᠷᠴᠠᠭ᠎ᠢᠶᠠᠷ ᠲᠠᠮᠠᠬᠢ ᠠᠪᠳᠠᠭ ᠪᠠᠢᠬ᠍ᠰᠠᠨ ᠴᠧᠩ ᠪᠠᠭ᠍ᠰᠢ ᠮᠢᠨᠢ ᠭᠠᠴᠢᠬ᠍ᠳᠠᠵᠦ᠍ ᠲᠦᠪᠡᠭ᠌ᠳᠡᠭ᠌ᠰᠡᠨ ᠰᠤᠷᠤᠬ᠍ᠴᠢᠳ᠎ᠢᠶᠠᠨ ᠦᠪᠡᠷ᠎ᠤᠨ ᠬᠡᠤᠭᠡᠳ ᠲᠡᠭᠦᠤᠨᠡᠷ ᠮᠡᠳᠦ ᠡᠨᠡᠷᠢᠨ ᠬᠠᠢᠷᠠᠯᠠᠳᠠᠭ᠃ ᠰᠤᠷᠭᠠᠭᠤᠯᠢ᠎ᠶ᠋ᠢᠨ ᠪᠠᠢᠷᠢ᠎ᠳᠤ ᠰᠠᠭᠤᠳᠠᠭ ᠰᠤᠷᠤᠬ᠍ᠴᠢᠳ ᠬᠤᠭᠤᠯᠠᠨ ᠵᠤᠭᠤᠰ᠎ᠢᠶᠠᠨ ᠲᠤᠱᠢᠶᠠᠵᠦ᠍ ᠲᠡᠢᠯᠬᠦ᠌ ᠦᠭᠡᠢ ᠪᠤᠯ ᠴᠧᠩ ᠪᠠᠭ᠍ᠰᠢ ᠤᠷᠤᠯᠠᠨ ᠲᠤᠱᠢᠶᠠᠵᠦ᠍ ᠦᠭ᠌ᠳᠡᠭ᠃ ᠦᠪᠡᠷ᠎ᠤᠨ ᠭᠡᠷ᠎ᠠᠴᠠ᠎ᠪᠠᠨ ᠬᠤᠷᠢ ᠭᠤᠴᠢᠨ ᠵᠢᠩ ᠡᠷᠳᠡᠨᠢ ᠱᠢᠰᠢ᠎ᠶᠢ ᠲᠤᠭᠤᠢ᠎ᠳᠠᠭᠠᠨ ᠠᠴᠢᠵᠦ᠍ ᠢᠷᠡᠭᠡᠳ ᠬᠤᠭᠤᠯᠠᠨ ᠭᠡᠷ᠎ᠲᠤ ᠰᠤᠷᠤᠬ᠍ᠴᠢ᠎ᠪᠠᠨ ᠤᠷᠤᠯᠠᠨ ᠲᠤᠱᠢᠶᠠᠳᠠᠭ ᠴᠤ᠌ ᠪᠠᠢᠯ᠎ᠠ᠃ ᠰᠤᠷᠤᠬ᠍ᠴᠢᠳ᠎ᠤᠨ᠎ᠢᠶᠠᠨ ᠲᠠᠪᠠᠭᠤᠯᠢᠭ ᠲᠠᠯ᠎ᠠ᠎ᠶ᠋ᠢ ᠤᠢᠯᠠᠭᠠᠨ ᠮᠡᠳᠡᠵᠦ᠍᠂ ᠪᠠᠢᠩᠭᠤ ᠤᠷᠮᠠᠱᠢᠭᠤᠯᠤᠨ ᠬᠦᠬᠢᠬᠦᠯᠳᠡᠭ᠃ ᠮᠠᠨ᠎ᠤ ᠠᠩᠬᠢ᠎ᠶ᠋ᠢᠨ ᠵᠢᠨᠪᠤᠤ ᠲᠷᠠᠺᠲ᠋ᠤᠷ ᠵᠢᠯᠤᠭᠤᠳᠴᠦ᠍ ᠴᠢᠳᠠᠳᠠᠭᠢ ᠮᠡᠳᠡᠭᠡᠳ᠂ ᠰᠤᠷᠭᠠᠭᠤᠯᠢ᠎ᠶ᠋ᠢᠨ ᠲᠠᠷᠢᠶ᠎ᠠ ᠲᠠᠩᠨᠠᠬᠤ ᠪᠤᠯᠬᠤ᠎ᠳᠤ ᠵᠢᠨᠪᠤᠤ᠎ᠪᠠᠷ ᠵᠢᠯᠤᠭᠤᠳᠤᠭᠤᠯᠵᠦ᠍ ᠦᠵᠡᠪᠡ᠃ ᠲᠡᠷᠡ ᠵᠢᠨᠪᠤᠤ ᠤᠳᠤ ᠮᠠᠱᠢᠨ ᠬᠤᠳᠠᠯᠳᠦᠵᠦ᠍ ᠵᠠᠰᠠᠳᠠᠭ ᠪᠤᠵᠠᠭᠠᠢ ᠺᠤᠮᠫᠠᠨᠢ᠎ᠶ᠋ᠢᠨ ᠵᠠᠬᠢᠷᠤᠯ ᠪᠤᠯᠤᠭᠠᠳ ᠭᠠᠴᠠᠭᠠᠨ᠎ᠠᠴᠠ᠎ᠨᠢ ᠭᠠᠷᠤᠬ᠍ᠰᠠᠨ ᠤᠶᠤᠳᠠᠨ᠎ᠳᠤ ᠬᠡᠳᠦᠢ ᠬᠡᠳᠦᠢ ᠵᠤᠭᠤᠰ ᠲᠤᠰᠠᠯᠠᠯ᠎ᠠ ᠭᠡᠵᠦ᠍ ᠠᠯᠳᠠᠷᠱᠢᠵᠦ᠍ ᠶᠠᠪᠤᠭ᠎ᠠ ᠶᠤᠮ᠃
ᠪᠢ ᠲᠤᠭᠠᠨ᠎ᠤ ᠤᠬᠠᠭᠠᠨ᠂ ᠹᠢᠽᠢᠺ ᠬᠤᠶᠠᠷ ᠲᠦᠷᠦᠯ᠎ᠤᠨ ᠬᠢᠴᠢᠶᠡᠯ᠎ᠳᠡᠭᠡᠨ ᠠᠨᠠᠢ ᠪᠠᠢᠬ᠍ᠰᠠᠨ᠎ᠢᠶᠠᠷ ᠬᠤᠶᠠᠷ ᠵᠢᠯ ᠲᠠᠪᠳᠠᠵᠦ᠍ ᠪᠠᠢᠮᠠᠨ ᠰᠠᠶᠢ ᠦᠨᠳᠦᠷ ᠲᠤᠮᠳᠠᠳᠦ᠍ᠳᠤ ᠱᠢᠯᠭᠠᠵᠦ᠍ ᠤᠷᠤᠬ᠍ᠰᠠᠨ ᠶᠤᠮ᠃ ᠲᠠᠪᠳᠠᠵᠦ᠍ ᠪᠠᠢᠬᠤ ᠬᠤᠭᠤᠴᠠᠭᠠᠨ᠎ᠳᠤ᠂ ᠨᠢᠭᠡ ᠤᠳᠠᠭ᠎ᠠ ᠰᠤᠷᠭᠠᠭᠤᠯᠢ᠎ᠶ᠋ᠢᠨ ᠬᠠᠨ᠎ᠠ᠎ᠶ᠋ᠢᠨ ᠰᠤᠨᠢᠨ ᠭᠠᠷᠭᠠᠬᠤ ᠪᠤᠯᠬᠤ᠎ᠳᠤ ᠴᠧᠩ ᠪᠠᠭ᠍ᠰᠢ ᠨᠠᠮᠠᠶ᠋ᠢ ᠲᠠᠭᠤᠳᠠᠵᠦ᠍᠂ 《ᠮᠢᠨᠤ ᠬᠦᠰᠡᠯᠡᠩ》 ᠭᠡᠳᠡᠭ ᠱᠢᠯᠦᠭ ᠪᠢᠴᠢᠬᠦᠯᠵᠦ᠍᠂ ᠨᠠᠷᠢᠨ ᠰᠠᠢᠬᠠᠨ ᠵᠠᠰᠠᠵᠦ᠍ ᠪᠠᠢᠭᠠᠳ ᠰᠤᠷᠭᠠᠭᠤᠯᠢ᠎ᠶ᠋ᠢᠨ ᠬᠠᠨ᠎ᠠ᠎ᠶ᠋ᠢᠨ ᠰᠤᠨᠢᠨ᠎ᠳᠤ ᠨᠡᠢᠳᠡᠯᠡᠪᠡ᠃ ᠠᠷᠤᠳᠤᠨᠢ ᠲᠠᠭᠠᠭᠤᠯᠤᠬ᠍ᠰᠠᠨ ᠴᠤᠬᠤᠯᠲᠠ ᠲᠤᠳᠤᠷ᠎ᠠ᠎ᠪᠠᠨ 《᠁ ᠪᠠᠢ ᠯᠦᠩ᠎ᠤᠨ ᠵᠤᠬᠢᠶᠠᠨ ᠪᠢᠴᠢᠯᠭᠡ᠂ ᠴᠢᠨᠠᠬ᠍ᠰᠢᠯᠠᠨ ᠮᠤᠩᠭᠤᠯ ᠬᠡᠯᠡᠨ᠎ᠤ ᠬᠢᠷᠢ ᠬᠡᠮᠵᠢᠶ᠎ᠡ᠎ᠨᠢ ᠨᠢᠭᠡᠨᠳᠡ ᠠᠩᠬ᠎ᠠ ᠲᠤᠮᠳᠠᠳᠦ᠍ᠶ᠋ᠢᠨ ᠬᠡᠪᠴᠢᠶ᠎ᠡ᠎ᠠᠴᠠ ᠬᠤᠯᠠ ᠲᠠᠪᠠᠭ᠍ᠰᠠᠨ ᠁》 ᠭᠡᠵᠦ᠍ ᠵᠤᠷᠢᠬ᠍ᠵᠢᠭᠤᠯᠵᠠᠢ᠃ ᠡᠢᠮᠤ ᠰᠠᠢᠨ ᠪᠠᠭ᠍ᠰᠢ ᠪᠠᠢᠬ᠍ᠰᠠᠨ᠎ᠠᠴᠠ ᠪᠢ ᠠᠷᠪᠠᠨ ᠬᠡᠳᠦᠨ ᠵᠢᠯ ᠮᠤᠩᠭᠤᠯ ᠭᠡᠯᠡᠨ᠎ᠤ ᠬᠢᠴᠢᠶᠡᠯ᠎ᠤᠨ ᠲᠦᠯᠦᠭᠡᠯᠡᠭ᠌ᠴᠢ ᠶᠠᠪᠤᠵᠦ᠍᠂ ᠲᠤᠭ᠎ᠠ᠂ ᠹᠢᠽᠢᠺ᠎ᠤᠨ ᠬᠢᠴᠢᠶᠡᠯ ᠲᠡᠭᠡᠷ᠎ᠡ ᠨᠢᠭᠤᠵᠦ᠍ ᠪᠠᠢᠭᠠᠳ ᠤᠯᠠᠨ ᠨᠤᠮ ᠤᠩᠱᠢᠵᠦ᠍᠂ ᠦᠪᠦᠷ ᠮᠤᠩᠭᠤᠯ᠎ᠤᠨ ᠪᠠᠭ᠍ᠰᠢ᠎ᠶ᠋ᠢᠨ ᠶᠡᠭᠡ ᠰᠤᠷᠭᠠᠭᠤᠯᠢ᠎ᠶ᠋ᠢᠨ ᠮᠤᠩᠭᠤᠯ ᠬᠡᠯᠡᠨ᠎ᠤ ᠰᠠᠯᠪᠤᠷᠢ᠎ᠳᠤ ᠱᠢᠯᠭᠠᠨ ᠤᠷᠤᠵᠦ᠍᠂ ᠮᠤᠩᠭᠤᠯ ᠬᠡᠯᠡᠨ᠎ᠤ ᠪᠠᠭ᠍ᠰᠢ᠎ᠪᠠᠷ ᠠᠷᠪᠠᠨ ᠬᠤᠶᠠᠷ ᠵᠢᠯ ᠠᠵᠢᠯᠯᠠᠵᠦ᠍᠂ ᠤᠳᠭ᠎ᠠ ᠤᠷᠠᠯᠢᠭ᠎ᠤᠨ ᠬᠤᠯᠪᠤᠭᠠᠨ᠎ᠳᠤ ᠮᠤᠩᠭᠤᠯ ᠰᠡᠳᠭᠦᠯ ᠵᠢᠷᠭᠤᠭᠠᠨ ᠵᠢᠯ ᠨᠠᠢᠷᠠᠭᠤᠯᠵᠦ᠍᠂ ᠮᠤᠩᠭᠤᠯ᠎ᠢᠶᠠᠷ᠎ᠢᠶᠠᠨ ᠶᠢᠰᠦᠨ ᠨᠤᠮ ᠪᠢᠴᠢᠵᠦ᠍᠂ ᠵᠢᠷᠭᠤᠭᠠᠨ ᠨᠤᠮ ᠤᠷᠴᠢᠭᠤᠯᠵᠦ᠍᠂ ᠬᠤᠶᠠᠷ ᠨᠤᠮ ᠭᠤᠤᠯᠯᠠᠨ ᠨᠠᠢᠷᠠᠭᠤᠯᠵᠠᠢ᠃
ᠪᠢ ᠶᠡᠭᠡ ᠰᠤᠷᠭᠠᠭᠤᠯᠢ᠎ᠪᠠᠨ ᠲᠡᠬᠦᠰᠦᠭᠡᠳ ᠬᠠᠷᠢ ᠬᠤᠱᠢᠭᠤᠨ᠎ᠳᠤ ᠪᠠᠭ᠍ᠰᠢ᠎ᠶ᠋ᠢᠨ ᠠᠯᠪᠠ ᠠᠪᠴᠤ᠌᠂ ᠮᠤᠩᠭᠤᠯ ᠬᠡᠯᠡ ᠵᠢᠭᠠᠵᠦ ᠪᠠᠢᠬᠤ᠎ᠳᠠᠭᠠᠨ ᠨᠢᠭᠡ ᠤᠳᠠᠭ᠎ᠠ ᠴᠧᠩ ᠪᠠᠭ᠍ᠰᠢ᠎ᠶ᠋ᠢᠨ ᠤᠳᠠᠰᠦ᠎ᠶ᠋ᠢ ᠲᠤᠰᠤᠬ᠍ᠰᠠᠨ ᠪᠢᠯᠡ᠃ ᠪᠠᠭ᠍ᠰᠢ᠎ᠶ᠋ᠢᠨ ᠪᠠᠭ᠎ᠠ ᠬᠦᠤ ᠪᠠᠶᠠᠰᠤᠯ᠎ᠨᠢ ᠦᠨᠳᠦᠷ ᠲᠤᠮᠳᠠᠳᠦ᠍ᠪᠠᠨ ᠲᠡᠬᠦᠰᠦᠭᠡᠳ ᠶᠡᠭᠡ ᠰᠤᠷᠭᠠᠭᠤᠯᠢ᠎ᠳᠤ ᠱᠢᠯᠭᠠᠨ ᠤᠷᠤᠵᠦ᠍ ᠲᠡᠢᠯᠦᠭ᠌ᠰᠡᠨ ᠦᠭᠡᠢ ᠪᠤᠯᠬᠤᠷ ᠮᠠᠨ᠎ᠤ ᠰᠤᠷᠭᠠᠭᠤᠯᠢ ᠳ᠋ᠦ ᠲᠠᠪᠳᠠᠨ ᠦᠵᠡᠬᠦ᠌ ᠰᠠᠨᠠᠭ᠎ᠠ᠎ᠲᠠᠢ ᠨᠠᠮᠠᠶ᠋ᠢ ᠡᠷᠢᠭ᠌ᠰᠡᠨ ᠪᠠᠢᠵᠠᠢ᠃ ᠪᠢ ᠲᠡᠷᠡ ᠲᠤᠤᠷ᠎ᠠ᠎ᠨᠢ ᠵᠠᠬᠢᠷᠤᠯ ᠶ᠋ᠢᠡᠨ ᠤᠴᠢᠵᠦ᠍ ᠡᠷᠢᠭᠰᠡᠨ᠎ᠳᠤ᠄ 《ᠮᠠᠨ᠎ᠤ ᠰᠤᠷᠤᠬ᠍ᠴᠢ ᠲᠤᠳᠠᠵᠦ᠍ ᠪᠠᠢᠬᠤ᠎ᠳᠤ ᠴᠢ ᠮᠡᠳᠡᠬᠦ᠌ ᠦᠭᠡᠢ ᠶᠤᠮ ᠤᠤ? ᠪᠠᠭ᠍ᠰᠢ᠎ᠲᠠᠢ᠎ᠪᠠᠨ ᠰᠠᠢᠬᠠᠨ ᠬᠡᠯᠡᠯᠴᠡ᠂ ᠬᠡᠳᠦᠢ ᠠᠷᠪᠢᠨ ᠢᠷᠡᠪᠡᠯ ᠲᠡᠳᠦᠢ ᠰᠠᠢᠨ》 ᠭᠡᠪᠡ᠃ ᠲᠡᠭᠡᠭᠡᠳ ᠲᠡᠷᠡ ᠵᠢᠯ᠎ᠨᠢ ᠮᠢᠨᠤ ᠲᠦᠷᠦᠭ᠌ᠰᠡᠨ ᠨᠤᠳᠤᠭ ᠪᠠᠵᠢᠯᠠᠭ᠎ᠠ᠎ᠠᠴᠠ ᠲᠤᠯᠤᠭᠠᠨ ᠰᠤᠷᠤᠬ᠍ᠴᠢ ᠢᠨᠳᠡᠷ ᠬᠤᠶᠠᠳᠤᠭᠠᠷ ᠲᠤᠮᠳᠠᠳᠦ ᠰᠤᠷᠭᠠᠭᠤᠯᠢ᠎ᠳᠤ ᠲᠠᠪᠳᠠᠵᠦ᠍ ᠦᠵᠡᠭᠡᠳ᠂ ᠲᠤᠯᠤᠭᠤᠯᠠ᠎ᠪᠠᠨ ᠪᠦᠷ ᠶᠡᠭᠡ ᠰᠤᠷᠭᠠᠭᠤᠯᠢ᠎ᠶ᠋ᠢᠨ ᠵᠢᠩᠬᠢᠨᠢ ᠠᠩᠬᠢ᠎ᠳᠤ ᠱᠢᠯᠭᠠᠨ ᠤᠷᠤᠪᠠ᠃ ᠪᠢ ᠦᠪᠡᠷ᠎ᠤᠨ ᠲᠦᠷᠦᠭ᠌ᠰᠡᠨ ᠨᠤᠲᠤᠭ᠎ᠲᠠᠭᠠᠨ ᠬᠢᠭ᠌ᠰᠡᠨ ᠬᠠᠮᠤᠭ ᠤᠮᠤᠬ᠍ᠰᠢᠯᠲᠠᠢ ᠤᠴᠢᠷ᠎ᠤᠨ ᠨᠢᠭᠡ᠎ᠨᠢ ᠡᠨᠡ ᠪᠢᠯᠡ᠃ ᠶᠠᠭ ᠲᠡᠷᠡ ᠵᠤᠨ᠎ᠨᠢ ᠪᠢ ᠠᠷᠤ ᠭᠡᠷ᠎ᠲᠡᠭᠡᠨ ᠬᠠᠷᠢᠭᠠᠳ ᠴᠧᠩ ᠪᠠᠭ᠍ᠰᠢ᠎ᠲᠠᠢ᠎ᠪᠠᠨ ᠠᠱᠢ᠎ᠲᠠᠢ ᠰᠠᠢᠬᠠᠨ ᠠᠭᠤᠯᠵᠠᠪᠠ᠃ ᠪᠢ ᠬᠠᠱᠢᠶᠠᠨ᠎ᠳᠠᠭᠠᠨ ᠠᠵᠢᠯ ᠬᠢᠵᠦ᠍ ᠪᠠᠢᠬᠤ᠎ᠳᠤ ᠴᠧᠩ ᠪᠠᠭ᠍ᠰᠢ ᠬᠦᠷᠢᠶᠡᠨ᠎ᠠᠴᠠ᠎ᠪᠠᠨ ᠤᠯᠵᠦ᠍ ᠦᠵᠡᠭᠡᠳ ᠨᠠᠮᠠᠶ᠋ᠢ ᠲᠠᠯᠠᠯᠤᠨ ᠲᠠᠭᠤᠳᠠᠪᠠ᠃ ᠬᠡᠷᠡᠮ ᠦᠰᠦᠷᠦᠭᠡᠳ ᠲᠠᠯᠪᠢᠭᠠᠳ ᠤᠴᠢᠬ᠍ᠰᠠᠨ ᠴᠢᠨᠢ ᠪᠠᠭ᠍ᠰᠢ ᠡᠵᠢ ᠲᠦᠷᠬᠦᠮ᠎ᠳᠡᠭᠡᠨ ᠶᠠᠪᠤᠬ᠍ᠰᠠᠨ ᠪᠠᠢᠵᠦ᠍᠂ ᠴᠧᠩ ᠪᠠᠭ᠍ᠰᠢ ᠭᠡᠷ᠎ᠲᠡᠭᠡᠨ ᠭᠠᠭ᠍ᠴᠠᠭᠠᠷ ᠪᠠᠢᠬ᠍ᠰᠠᠨ ᠠᠵᠢ᠃ ᠴᠧᠩ ᠪᠠᠭ᠍ᠰᠢ᠄ 《ᠬᠦᠢ᠂ ᠪᠠᠢ ᠯᠦᠩ ᠡ᠂ ᠴᠢᠨᠤ ᠰᠠᠢᠨ᠎ᠢᠶᠠᠷ ᠮᠢᠨᠤ ᠪᠠᠶᠠᠰᠦᠯ ᠪᠠᠰᠠ ᠶᠡᠭᠡ ᠰᠤᠷᠭᠠᠭᠤᠯᠢ᠎ᠶ᠋ᠢᠨ ᠵᠢᠩᠬᠢᠨᠢ ᠠᠩᠬᠢ᠎ᠳᠤ ᠤᠷᠤᠴᠢᠬᠠᠯ᠎ᠠ᠂ ᠪᠠᠭ᠍ᠰᠢ᠎ᠨᠢ ᠴᠢᠮᠠᠶ᠋ᠢ ᠬᠤᠭᠤᠯᠠᠨ ᠭᠡᠷ᠎ᠲᠤ ᠵᠠᠯᠠᠬᠤ᠎ᠳᠠᠭᠠᠨ ᠲᠠᠭᠠᠷᠠᠨ᠎ᠠ᠂ ᠭᠡᠶ᠎ᠡ᠂ ᠭᠡᠷ᠎ᠲᠤ ᠮᠢᠬ᠎ᠠ ᠨᠤᠭᠤᠭ᠎ᠠ ᠪᠦᠷ ᠪᠡᠯᠡᠨ ᠪᠠᠢᠬᠤ ᠶᠤᠮ ᠴᠢᠨᠢ ᠬᠤᠶᠠᠭᠤᠯᠠᠭᠡᠷᠲᠤ ᠰᠡᠯᠡᠬᠦᠬᠡᠨ ᠰᠠᠭᠤᠵᠦ᠍ ᠵᠤᠭᠤᠬ᠍ᠳᠠᠴᠢᠬᠠᠶᠠ᠂ ᠪᠤᠯᠬᠤ ᠤᠤ?》 ᠭᠡᠨ᠎ᠡ᠃ ᠪᠢ ᠪᠠᠰᠠ ᠡᠷᠡᠭᠡᠯᠡᠭᠰᠡᠨ ᠦᠭᠡᠢ᠂ ᠲᠡᠭᠡᠭᠡᠳ ᠠᠩᠬᠢ᠎ᠶ᠋ᠢᠨ ᠪᠠᠭ᠍ᠰᠢ᠎ᠲᠠᠢ᠎ᠪᠠᠨ ᠬᠠᠨᠵᠦᠨ ᠭᠤᠤᠯ᠎ᠳᠤ ᠱᠢᠷᠡᠭᠡ ᠬᠠᠪᠴᠢᠨ ᠰᠠᠭᠤᠵᠦ᠍ ᠪᠠᠢᠭᠠᠳ ᠠᠱᠢᠬᠦᠢ ᠵᠤᠭᠤᠬ᠍ᠳᠠᠵᠦ᠍᠂ ᠬᠠᠷ᠎ᠠ ᠠᠷᠢᠬᠢᠠᠴᠠᠨᠢ ᠬᠠᠯᠠᠰᠲᠠᠯᠠ ᠠᠪᠴᠠᠢ᠃ 《ᠠᠢ᠂ ᠲᠡᠷᠡ ᠦᠶ᠎ᠡ᠎ᠳᠤ ᠦᠨᠳᠦᠷ ᠲᠤᠮᠳᠠᠳᠦ᠍ᠳᠤ ᠰᠤᠷᠤᠬ᠍ᠴᠢ ᠢᠯᠡᠬᠦᠤ ᠤᠷᠤᠭᠤᠯᠬᠤ᠎ᠳᠤ ᠰᠤᠷᠭᠠᠭᠤᠯᠢ᠎ᠠᠴᠠ ᠵᠦᠪᠱᠢᠶᠡᠷᠡᠳᠡᠭ ᠦᠭᠡᠢ᠂ ᠰᠠᠢᠨ ᠰᠤᠷᠤᠬ᠍ᠴᠢ᠎ᠶ᠋ᠢ ᠵᠠᠪᠠᠯ ᠪᠠᠭ᠍ᠰᠢ᠎ᠶ᠋ᠢᠨ ᠰᠤᠷᠭᠠᠭᠤᠯᠢ᠎ᠳᠤ ᠱᠢᠯᠭᠠᠭᠤᠯᠤᠨᠠ᠂ ᠶᠠᠷᠢᠶᠠᠨ ᠦᠭᠡᠢ ᠠᠩᠬᠢ᠎ᠶ᠋ᠢᠨ ᠪᠠᠭ᠍ᠰᠢ ᠪᠤᠯᠤᠬ᠍ᠰᠠᠨ ᠮᠢᠨᠤ ᠬᠠᠷᠢᠭᠤᠴᠠᠯᠭ᠎ᠠ ᠪᠠᠰᠠ ᠪᠠᠢᠨ᠎ᠠ᠃ ᠪᠢ ᠶᠡᠷᠦ᠎ᠨᠢ ᠠᠮᠢᠨᠠ ᠮᠡᠲᠦ᠍᠎ᠶ᠋ᠢᠨ ᠬᠡᠳᠦᠬᠦᠯᠡ᠎ᠶ᠋ᠢ ᠪᠦᠷ ᠦᠨᠳᠦᠷ ᠲᠤᠮᠳᠠᠳᠦ᠍ᠳᠤ ᠶᠠᠪᠤᠭᠤᠯᠤᠬ᠍ᠰᠠᠨ ᠪᠤᠯ ᠲᠠᠭᠠᠷᠠᠬᠤ ᠪᠠᠢᠵᠠᠢ᠃ ᠲᠡᠭᠡᠭ᠌ᠰᠡᠨ ᠪᠤᠯ ᠦᠪᠦᠷ ᠮᠤᠩᠭᠤᠯ᠎ᠤᠨ ᠶᠡᠭᠡ ᠰᠤᠷᠭᠠᠭᠤᠯᠢ᠎ᠳᠤ ᠴᠤ᠌ ᠪᠠᠲᠤᠲᠠᠢ ᠱᠢᠯᠭᠠᠭᠠᠳ ᠤᠷᠤᠴᠢᠬᠠᠨ᠎ᠠ ᠱᠢᠤ᠂ ᠡᠨᠡᠬᠦ᠌ ᠤᠴᠢᠷ᠎ᠲᠤ ᠪᠢ ᠶᠡᠬᠡᠬᠡᠨ ᠭᠡᠮᠱᠢᠳᠡᠭ ᠶᠤᠮ ᠡ᠂ ᠨᠢᠭᠡ ᠰᠠᠢᠨ᠎ᠨᠢ ᠮᠢᠨᠤ ᠪᠠᠢ ᠯᠦᠩ ᠮᠤᠩᠭᠤᠯ ᠬᠡᠯᠡ᠎ᠪᠠᠨ ᠰᠠᠢᠨ ᠰᠤᠷᠴᠦ᠍᠂ ᠵᠤᠬᠢᠶᠠᠯᠴᠢ ᠪᠤᠯᠴᠢᠬᠠᠵᠠᠢ᠃ ᠪᠢ ᠮᠠᠰᠢ ᠤᠮᠤᠬ᠍ᠰᠢᠳᠠᠭ ᠱᠢᠤ ᠁》 ᠭᠡᠵᠦ᠍ ᠬᠡᠯᠡᠵᠦ᠍ ᠪᠠᠢᠬ᠍ᠰᠠᠨ᠎ᠢ᠎ᠨᠢ ᠴᠡᠭᠡᠵᠢᠯᠡᠵᠦ᠍ ᠪᠠᠢᠨ᠎ᠠ᠃ ᠲᠡᠮᠡᠢ ᠤᠳᠠᠯ ᠦᠭᠡᠢ ᠮᠢᠨᠤ ᠠᠪᠤ ᠡᠵᠢ ᠪᠦᠷ ᠬᠤᠱᠢᠭᠤᠨ ᠲᠦᠪ᠎ᠲᠤ ᠨᠡᠬᠦᠵᠦ᠍ ᠶᠠᠪᠤᠬ᠍ᠰᠠᠨᠪᠤᠯᠬᠤᠷ ᠴᠧᠩ ᠪᠠᠭ᠍ᠰᠢ᠎ᠲᠠᠢ ᠠᠭᠤᠯᠵᠠᠬᠤ ᠲᠤᠬᠢᠶᠠᠯ ᠬᠤᠪᠤᠷ ᠪᠤᠯᠵᠠᠢ᠃
ᠡᠨᠡ ᠵᠢᠯ ᠬᠢᠩᠭᠠᠨ ᠠᠢᠮᠠᠭ ᠪᠤᠷᠤᠭᠠᠨ ᠬᠤᠷ᠎ᠠ ᠲᠡᠭ᠌ᠰᠢ᠂ ᠵᠢᠯ᠎ᠤᠨ ᠦᠩᠭᠡ ᠮᠦᠨ ᠰᠠᠢᠨ᠃ ᠪᠢ ᠲᠤᠰᠭᠠᠢᠯᠠᠨ ᠲᠦᠷᠦᠭ᠌ᠰᠡᠨ ᠨᠤᠳᠤᠭ ᠪᠠᠵᠢᠯᠠᠭ᠎ᠠ᠎ᠳᠠᠭᠠᠨ ᠬᠠᠷᠢᠵᠦ᠍᠂ ᠠᠩᠬ᠎ᠠ ᠲᠤᠮᠳᠠᠳᠦ᠍ᠶ᠋ᠢᠨ ᠬᠠᠮᠳᠦ ᠰᠤᠷᠤᠬ᠍ᠴᠢᠳ᠎ᠢᠶᠠᠨ ᠴᠤᠬ᠍ᠯᠠᠭᠣᠯᠵᠦ ᠪᠠᠢᠮᠠᠨ ᠬᠠᠨᠳᠠᠯ᠎ᠠ ᠬᠡᠳᠦᠨ ᠡᠳᠦᠷ ᠨᠠᠢᠷᠠᠯᠳᠤᠪᠠ᠃ ᠨᠠᠢᠷ᠎ᠤᠨ ᠰᠠᠢᠬᠠᠨ᠎ᠳᠤ ᠵᠢᠷᠭᠠᠵᠦ᠍ ᠶᠠᠪᠤᠬᠤ᠎ᠶ᠋ᠢᠨ ᠬᠢᠷᠢ ᠰᠡᠳᠭᠢᠯ ᠵᠢᠷᠤᠭᠡᠨ᠎ᠳᠤ ᠲᠤᠷᠠᠰᠤᠬ᠍ᠳᠠᠭᠠᠳ ᠪᠠᠢᠬ᠍ᠰᠠᠨ᠎ᠨᠢ ᠮᠢᠨᠤ ᠴᠧᠩ ᠪᠠᠭ᠍ᠰᠢ᠎ᠶ᠋ᠢᠨ ᠬᠡᠭᠡᠨ ᠲᠦᠷᠬᠦ᠌ ᠪᠠᠢᠯ᠎ᠠ᠃ ᠮᠢᠨᠤ ᠴᠧᠩ ᠪᠠᠭ᠍ᠰᠢ ᠨᠠᠰᠤ ᠪᠠᠷᠠᠭᠠᠳ ᠨᠢᠭᠡᠨᠲᠡ ᠭᠤᠷᠪᠠᠨ ᠵᠢᠯ ᠪᠤᠯᠴᠢᠬᠠᠵᠠᠢ᠃
ᠬᠠᠮᠳᠦ ᠰᠤᠷᠤᠬ᠍ᠴᠢ᠎ᠶ᠋ᠢᠨ ᠨᠠᠢᠷ ᠦᠨᠳᠦᠷᠯᠡᠵᠦ᠍᠂ ᠨᠠᠮᠠᠶ᠋ᠢ ᠬᠡᠷ᠎ᠲᠡᠭᠡᠨ ᠪᠤᠴᠠᠬᠤ᠎ᠶ᠋ᠢᠨ ᠦᠶ᠎ᠡ᠎ᠪᠠᠷ᠂ ᠵᠢᠨᠪᠤᠤ ᠭᠤᠸᠠᠢ ᠬᠠᠯᠠᠰᠴᠢᠬᠠᠵᠦ᠍᠄ 《ᠪᠠᠢ ᠯᠦᠩ ᠴᠢ ᠬᠡᠳᠦᠢ ᠰᠠᠢᠨ ᠶᠠᠪᠤᠯ᠎ᠠ ᠭᠡᠳ ᠪᠦᠷ ᠴᠧᠩ ᠪᠠᠭ᠍ᠰᠢ᠎ᠶ᠋ᠢᠨ ᠰᠠᠢᠨ᠎ᠢᠶᠠᠷ ᠱᠢᠦ᠂ ᠴᠧᠩ ᠪᠠᠭ᠍ᠰᠢ ᠠᠮᠢᠨᠠ ᠲᠠᠨ᠎ᠤ ᠬᠤᠶᠠᠭᠤᠯᠠ᠎ᠶ᠋ᠢ ᠦᠪᠡᠷ᠎ᠤᠨ᠎ᠢᠶᠠᠨ ᠬᠡᠤᠭᠡᠳ ᠮᠡᠳᠦ ᠰᠠᠨᠠᠬ᠍ᠰᠠᠨ ᠱᠢᠳᠡ᠂ ᠪᠢ ᠴᠧᠩ ᠪᠠᠭ᠍ᠰᠢ᠎ᠪᠠᠨ ᠰᠠᠨᠠᠵᠦ᠍ ᠪᠠᠢᠨ᠎ᠠ ᠁》 ᠭᠡᠳ ᠪᠦᠬᠦᠳᠡ᠎ᠶ᠋ᠢᠨ ᠨᠢᠳᠦ᠍᠎ᠶ᠋ᠢ ᠵᠠᠢᠷᠲᠦᠭᠤᠯᠵᠠᠢ᠃