ᠳᠠᠯᠠᠨ ᠬᠠᠷ᠎ᠠ ᠠᠭᠤᠯᠡᠨ᠎ᠠ ᠨᠤᠮᠢᠨ ᠲᠤᠯᠬᠢᠶ᠎ᠠ ᠬᠠᠶᠠᠯᠠᠨ᠎ᠠ
2025-09-16 09:57:49
ᠵᠣᠬᠢᠶᠠᠭ᠍ᠴᠢ᠄
ᠺᠠᠩ ᠯᠢ ᠨᠠ
ᠣᠩᠱᠢᠭ᠍ᠰᠠᠨ ᠣᠳᠠᠭ᠎ᠠ᠄
★★★☆☆

ᠨᠠᠮᠤᠷ ᠤ᠋ᠨ ᠡᠬᠢ ᠪᠡᠷ᠂ ᠳᠠᠯᠠᠨ ᠬᠠᠷ᠎ᠠ ᠠᠭᠤᠯᠠ ᠵᠢᠨ ᠡᠮᠦᠨ᠎ᠠ ᠬᠣᠷᠮᠣᠶ᠎ᠳᠠᠬᠢ ᠴᠡᠯᠡᠭᠡᠷ ᠲᠠᠯ᠎ᠠ ᠳ᠋ᠦ ᠡᠪᠡᠰᠦ ᠤᠷᠭᠤᠮᠠᠯ ᠰᠠᠯᠬᠢᠨ ᠤ᠋ ᠠᠶ᠎ᠠ ᠪᠡᠷ ᠨᠠᠢᠭᠤᠵᠦ ᠨᠤᠮᠢᠨ ᠳᠤᠯᠬᠢᠶ᠎ᠠ ᠬᠠᠶᠠᠯᠠᠨ᠎ᠠ᠃ ᠭᠡᠲᠡᠯ᠎ᠡ ᠠᠷᠪᠠᠨ ᠬᠡᠳᠦᠨ ᠵᠢᠯ ᠤ᠋ᠨ ᠡᠮᠦᠨ᠎ᠡ ᠡᠨᠡ ᠬᠦ᠌ ᠠᠮᠢᠵᠢᠷᠠᠯ ᠤ᠋ᠨ ᠬᠦᠴᠦᠨ ᠵᠢᠡᠷ ᠪᠢᠯᠬᠠᠭ᠍ᠰᠠᠨ ᠲᠠᠯ᠎ᠠ ᠨᠤᠲᠤᠭ ᠬᠠᠷᠢᠨ ᠲᠡᠭᠷᠢ ᠲᠤᠯᠤᠮ᠎ᠠ ᠲᠤᠭᠤᠰᠤ ᠲᠡᠭᠳᠡᠳᠡᠭ ᠰᠠᠢᠷᠭᠠᠯ ᠭᠠᠵᠠᠷ ᠪᠠᠢᠵᠠᠢ ᠭᠡᠰᠡᠨ ᠢ᠋ ᠬᠡᠨ ᠰᠠᠨᠠᠵᠦ ᠤᠯᠬᠤ ᠪᠢᠯᠡ᠃

ᠥᠩᠭᠡᠷᠡᠭ᠌ᠰᠡᠨ ᠤ᠋ 《ᠲᠡᠭᠷᠢ ᠬᠦᠭᠡᠷᠡᠨ ᠬᠦᠭᠡᠷᠡᠵᠦ᠂ ᠲᠠᠯ᠎ᠠ ᠨᠡᠯᠦᠢᠮ᠎ᠡ ᠴᠡᠯᠡᠢᠮ᠎ᠡ᠂ ᠦᠯᠢᠶᠡᠬᠦ ᠰᠠᠯᠬᠢᠨ᠎ᠠ ᠡᠪᠡᠰᠦ ᠬᠠᠯᠢᠭᠤᠷᠠᠬᠤᠶ᠎ᠠ ᠦᠭᠡᠷ ᠬᠤᠨᠢᠳ ᠢᠷᠠᠯᠵᠠᠮᠤᠢ》 ᠲᠠᠯ᠎ᠠ ᠨᠤᠲᠤᠭ ᠤ᠋ᠨ ᠭᠤᠴᠤ ᠦᠵᠡᠮᠵᠢ ᠵᠢ ᠰᠡᠷᠭᠦᠭᠡᠬᠦ᠌ ᠵᠢᠨ ᠲᠥᠯᠥᠭᠡ᠂ ᠬᠥᠬᠡᠬᠣᠲᠠ 2012 ᠣᠨ ᠳ᠋ᠦ ᠳᠠᠯᠠᠨ ᠬᠠᠷ᠎ᠠ ᠠᠭᠤᠯᠠ ᠵᠢᠨ ᠡᠮᠦᠨ᠎ᠡ ᠪᠠᠯ ᠤ᠋ᠨ ᠠᠮᠢ ᠠᠬᠤᠶ ᠵᠢᠨ ᠬᠠᠮᠠᠭᠠᠯᠠᠯᠲᠠ ᠵᠢᠨ ᠶᠡᠷᠦᠩᠬᠡᠢᠯᠡᠨ ᠵᠠᠰᠠᠬᠤ ᠢᠨᠵᠧᠨᠧᠷᠢᠩ ᠤ᠋ᠨ ᠪᠣᠭᠣᠮᠲᠠ ᠱᠢᠪᠲᠤᠯᠬᠤ ᠳᠠᠢᠯᠠᠯᠳᠤᠭᠠᠨ ᠢ᠋ ᠡᠬᠢᠯᠡᠭᠦᠯᠵᠦ᠍᠂ ᠴᠡᠯᠡᠭᠡᠷ ᠲᠠᠯ᠎ᠠ ᠵᠢᠨ ᠲᠠᠯ᠎ᠠ ᠨᠤᠲᠤᠭ ᠤ᠋ᠨ ᠠᠮᠢ ᠠᠬᠤᠶ ᠵᠢ ᠵᠠᠰᠠᠨ ᠰᠡᠷᠭᠦᠭᠡᠬᠦ᠌ ᠪᠤᠯ ᠳᠤᠷᠠᠳᠤᠭᠤᠰᠢᠳᠠᠢ ᠴᠢᠬᠤᠯᠠ ᠨᠢᠭᠡ ᠳᠠᠢᠯᠠᠯᠳᠤᠭᠠᠨ ᠪᠣᠯᠤᠭᠰᠠᠨ ᠪᠠᠢᠨ᠎ᠠ᠃

ᠱᠢᠷᠬ᠎ᠠ ᠰᠣᠷᠪᠢ ᠪᠡᠷ ᠳᠦᠭᠦᠷᠦᠭ᠌ᠰᠡᠨ ᠡᠵᠡᠭᠦᠶ ᠰᠠᠢᠷᠭᠠᠯ ᠭᠠᠵᠠᠷ᠎ᠢ᠋ ᠦᠩ ᠰᠢᠮᠡᠯᠢᠭ ᠲᠠᠯ᠎ᠠ ᠨᠤᠲᠤᠭ ᠪᠣᠯᠭᠠᠨ ᠬᠤᠪᠢᠷᠠᠭᠤᠯᠬᠤ ᠭᠡᠵᠤ ᠬᠢᠯᠪᠠᠷ ᠶᠠᠪᠤᠳᠠᠯ ᠤᠭᠳᠦ ᠪᠢᠰᠢ᠃ ᠡᠢᠮᠦᠷᠬᠦᠦ ᠭᠠᠵᠠᠷ ᠤ᠋ᠨ ᠪᠠᠢᠴᠠ ᠪᠠ ᠬᠥᠷᠥᠰᠥ᠍ ᠱᠢᠷᠣᠶ ᠵᠢᠨ ᠨᠥᠬᠥᠴᠡᠯ ᠳ᠋ᠦ ᠰᠠᠭᠤᠷᠢᠯᠠᠨ ᠥᠩᠭᠡᠷᠡᠭ᠌ᠰᠡᠨ ᠤ᠋ ᠪᠠᠢᠭᠠᠯᠢ ᠵᠢᠨ ᠲᠠᠯ᠎ᠠ ᠨᠤᠲᠤᠭ ᠤ᠋ᠨ ᠪᠠᠢᠳᠠᠯ ᠢ᠋ ᠰᠡᠷᠭᠦᠭᠡᠨ᠎ᠡ ᠭᠡᠳᠡᠭ ᠴᠢᠨᠢ ᠪᠠᠷᠤᠭ ᠪᠠᠢᠵᠦ ᠪᠤᠯᠤᠰᠢ ᠥᠬᠡᠶ ᠭᠡᠵᠦ᠍ ᠮᠠᠰᠢ ᠣᠯᠠᠨ ᠬᠥᠮᠦᠰ ᠶᠠᠷᠢᠨ᠎ᠠ᠃ ᠭᠡᠲᠡᠯ᠎ᠡ ᠴᠡᠯᠡᠭᠡᠷ ᠲᠠᠯ᠎ᠠ ᠵᠢ ᠵᠠᠰᠠᠨ ᠰᠡᠷᠭᠦᠭᠡᠬᠦ᠌ ᠡᠭᠦᠷᠭᠡ ᠵᠢ ᠡᠭᠦᠷᠭᠡᠯᠡᠭ᠌ᠰᠡᠨ ᠮᠸᠩ ᠼᠤᠤ ᠪᠦᠯᠦᠭ᠌ᠯᠡᠯ ᠬᠠᠷᠢᠨ ᠡᠨᠡ ᠬᠦ᠌ ᠬᠠᠲᠠᠭᠤ ᠳᠠᠢᠯᠠᠯᠳᠤᠭᠠᠨ ᠢ᠋ ᠰᠢᠪᠳᠤᠯᠤᠯᠳᠠ ᠵᠢᠨ ᠲᠣᠬᠢᠶᠠᠯ ᠪᠤᠯᠭᠠᠭᠰᠠᠨ ᠪᠠᠢᠨ᠎ᠠ᠃

《ᠬᠡᠷᠪᠡ ᠬᠢᠵᠦ᠍ ᠪᠦᠲᠦᠭᠡᠪᠡᠯ ᠪᠢᠳᠡ ᠠᠮᠢ ᠠᠬᠤᠢ ᠵᠢ ᠰᠡᠷᠭᠦᠭᠡᠨ ᠵᠠᠰᠠᠬᠤ ᠲᠠᠯ᠎ᠠ ᠪᠡᠷ ᠱᠢᠨ᠎ᠡ ᠵᠠᠮ ᠨᠡᠭᠡᠭᠡᠵᠦ᠍ ᠴᠢᠳᠠᠨ᠎ᠠ!》 ᠶᠠᠭ ᠡᠢᠮᠦᠷᠬᠦᠦ ᠬᠠᠮᠲᠤ ᠵᠢᠨ ᠲᠠᠨᠢᠯᠲᠠ ᠳ᠋ᠦ ᠰᠠᠭᠤᠷᠢᠯᠠᠨ᠂ ᠮᠸᠩ ᠼᠤᠤ ᠪᠦᠯᠦᠭ᠌ᠯᠡᠯ ᠤ᠋ᠨ ᠱᠢᠨᠵᠢᠯᠡᠬᠦ᠌ ᠤᠬᠠᠭᠠᠨ ᠤ᠋ ᠰᠤᠳᠤᠯᠭᠠᠨ ᠤ᠋ ᠪᠦᠯᠬᠦᠮ ᠡᠨᠡ ᠬᠦ᠌ ᠬᠠᠮᠠᠷ ᠬᠠᠳᠭᠤᠬᠤ ᠡᠪᠡᠰᠦ ᠤᠷᠭᠤᠬᠤ ᠦᠭᠡᠢ ᠬᠠᠯᠴᠠᠭᠠᠢ ᠭᠠᠵᠠᠷ᠎ᠲᠤ ᠨᠠᠷᠢᠨ ᠨᠢᠮᠪᠠᠢ ᠠᠵᠢᠯᠯᠠᠵᠦ ᠡᠬᠢᠯᠡᠪᠡ᠃ ᠵᠠᠰᠠᠨ ᠰᠡᠷᠭᠦᠭᠡᠬᠦ ᠢᠨᠵᠧᠨᠧᠷᠢᠩ ᠢ᠋ ᠬᠡᠷᠡᠭ᠌ᠵᠢᠭᠦᠯᠦᠭᠡᠳ ᠬᠣᠶᠠᠷ ᠭᠤᠷᠪᠠᠨ ᠵᠢᠯ ᠪᠣᠯᠤᠭ᠍ᠰᠠᠨ ᠤ᠋ ᠳᠠᠷᠠᠭ᠎ᠠ᠂ ᠨᠤᠲᠤᠭ ᠪᠡᠯᠴᠢᠭᠡᠷ ᠤ᠋ᠨ ᠤᠷᠭᠤᠮᠠᠯ ᠤ᠋ᠨ ᠬᠤᠴᠢᠯᠭ᠎ᠠ ᠡᠳᠦᠷ ᠢᠷᠡᠬᠦᠶ᠎ᠡ ᠦᠷᠭᠡᠵᠢᠪᠠ᠃ 《ᠣᠲᠣ ᠤᠷᠭᠤᠮᠠᠯ ᠤ᠋ᠨ ᠲᠦᠷᠦᠯ ᠵᠦᠢᠯ ᠨᠢᠭᠡᠨᠲᠡ ᠵᠠᠰᠠᠨ ᠰᠡᠷᠭᠦᠭᠡᠬᠦ ᠡᠬᠢᠨ ᠤ᠋ ᠦᠶ᠎ᠡ ᠵᠢᠨ 20 ᠭᠠᠷᠤᠶ ᠵᠦᠶ᠋ᠯ ᠪᠠᠢᠭ᠍ᠰᠠᠨ ᠡᠴᠡ ᠪᠡᠨ ᠨᠡᠮᠡᠭ᠌ᠳᠡᠭᠡᠳ 70 ᠭᠠᠷᠤᠶ ᠵᠦᠶ᠋ᠯ ᠪᠣᠯᠵᠣ᠂ ᠬᠠᠭᠤᠷᠠᠶ ᠡᠪᠡᠰᠦᠨ ᠤ᠋ ᠤᠨᠠᠯᠲᠠ᠂ ᠨᠡᠭᠦᠷᠡᠰᠦᠲᠥ᠋ᠷᠥᠭ᠌ᠴᠢ ᠲᠣᠭ᠍ᠲᠠᠪᠤᠷᠢᠵᠢᠭᠤᠯᠬᠤ ᠬᠡᠮᠵᠢᠶ᠎ᠡ᠂ ᠬᠦᠴᠢᠯᠲᠥ᠋ᠷᠥᠭ᠌ᠴᠢ ᠢᠯᠭᠠᠷᠠᠭᠤᠯᠬᠤ ᠬᠡᠮᠵᠢᠶ᠎ᠡ ᠨᠢ ᠵᠠᠰᠠᠨ ᠰᠡᠷᠭᠦᠭᠡᠬᠦ ᠡᠴᠡ ᠡᠮᠦᠨᠡᠬᠢ 12 ᠳᠠᠬᠢᠨ ᠡᠴᠡ ᠳᠡᠭᠡᠭ᠌ᠰᠢ ᠪᠣᠯᠵᠣ᠂ ᠡᠨᠡ ᠬᠦ᠌ ᠨᠤᠲᠤᠭ ᠪᠡᠯᠴᠢᠭᠡᠷ ᠤ᠋ᠨ ᠥᠪᠡᠰᠦᠪᠡᠨ ᠡᠳᠡᠭᠡᠷᠡᠬᠦ᠌ ᠴᠢᠳᠠᠪᠤᠷᠢ ᠢᠳᠡᠭ ᠢᠳᠡᠭ ᠵᠢᠡᠷ ᠰᠡᠷᠭᠦᠭ᠌ᠰᠡᠨ ᠪᠠᠢᠨ᠎ᠠ》 ᠭᠡᠵᠦ ᠮᠧᠩ ᠼᠤᠤ ᠪᠦᠯᠦᠭ᠌ᠯᠡᠯ ᠤ᠋ᠨ ᠦᠷ᠎ᠡ ᠪᠦᠲᠦᠭᠡᠯ ᠢ᠋ ᠣᠨᠳᠣᠣᠱᠢᠭᠤᠯᠬᠤ ᠬᠡᠯᠲᠡᠰ ᠤ᠋ᠨ ᠬᠠᠷᠢᠭᠤᠴᠠᠯᠭᠠᠲᠠᠨ ᠸᠠᠩ ᠵᠢᠶᠦ᠋ᠨ ᠹᠠᠩ ᠰᠤᠷᠪᠤᠯᠵᠢᠯᠠᠭ᠍ᠴᠢ ᠳ᠋ᠦ ᠲᠠᠨᠢᠯᠴᠠᠭᠤᠯᠤᠨ᠎ᠠ᠃

ᠴᠡᠯᠡᠭᠡᠷ ᠲᠠᠯ᠎ᠠ ᠳᠠᠬᠢᠨ ᠠᠮᠢᠯᠠᠭ᠍ᠰᠠᠨ ᠶᠠᠪᠤᠳᠠᠯ ᠪᠣᠯ ᠬᠥᠬᠡᠬᠣᠲᠠ ᠵᠢᠨ ᠳᠠᠯᠠᠨ ᠬᠠᠷ᠎ᠠ ᠠᠭᠤᠯᠠ ᠵᠢᠨ ᠡᠮᠦᠨ᠎ᠡ ᠪᠠᠯ ᠤ᠋ᠨ ᠠᠮᠢ ᠠᠬᠤᠶ ᠵᠢᠨ ᠬᠠᠮᠠᠭᠠᠯᠠᠯᠲᠠ ᠵᠢᠨ ᠶᠡᠷᠦᠩᠬᠡᠢᠯᠡᠨ ᠵᠠᠰᠠᠬᠤ ᠢᠨᠵᠧᠨᠧᠷᠢᠩ ᠤ᠋ᠨ ᠨᠢᠭᠡᠨ ᠣᠭ᠍ᠲᠣᠯᠤᠭᠠᠰᠤ ᠮᠥᠨ᠂ ᠪᠠᠰᠠ ᠴᠣ᠌ ᠬᠥᠬᠡᠬᠣᠲᠠ ᠵᠢᠨ ᠠᠮᠢ ᠠᠬᠤᠶ ᠣᠷᠴᠢᠨ ᠲᠤᠭᠤᠷᠢᠨ ᠤ᠋ ᠵᠠᠰᠠᠯᠲᠠ ᠵᠢ ᠣᠷᠳᠣ ᠬᠤᠭᠤᠴᠠᠭ᠎ᠠ ᠪᠡᠷ ᠬᠦᠴᠦᠯᠡᠨ ᠠᠬᠢᠭᠤᠯᠤᠭ᠍ᠰᠠᠨ ᠠᠮᠢᠳᠤᠯᠢᠭ ᠦᠶ᠋ᠯᠡᠳᠦᠯᠭᠡ ᠮᠥᠨ᠃

ᠳᠠᠯᠠᠨ ᠬᠠᠷ᠎ᠠ ᠠᠭᠤᠯᠠ ᠪᠣᠯ ᠮᠤᠨᠢ ᠠᠭᠤᠯᠠ ᠨᠢᠷᠤᠭᠤ ᠵᠢᠨ ᠳᠤᠮᠳᠠ ᠬᠡᠰᠡᠭ ᠲᠣ᠌ ᠪᠠᠢᠷᠢᠯᠠᠵᠦ᠂ ᠲᠦᠮᠡᠳ ᠤ᠋ᠨ ᠲᠠᠯ᠎ᠠ ᠭᠠᠵᠠᠷ ᠴᠢᠨᠠᠭ᠍ᠰᠢᠯᠠᠪᠠᠯ ᠤᠮᠠᠷᠠᠲᠤ ᠵᠢᠨ ᠲᠠᠯ᠎ᠠ ᠭᠠᠵᠠᠷ  ᠤ᠋ᠨ ᠴᠢᠬᠤᠯᠠ ᠤᠰᠤᠨ ᠰᠤᠷᠪᠤᠯᠵᠢ ᠵᠢᠨ ᠭᠠᠵᠠᠷ ᠪᠠ ᠬᠠᠳᠠᠭᠠᠯᠠᠨ ᠬᠠᠮᠠᠭᠠᠯᠠᠬᠤ ᠭᠠᠵᠠᠷ ᠪᠣᠯᠤᠨ᠎ᠠ᠂ ᠮᠥᠨ ᠴᠦ᠍ ᠬᠠᠲᠤᠨ ᠭᠤᠤᠯ  ᠤ᠋ᠨ ᠥᠪᠥᠷ ᠮᠣᠩᠭᠣᠯ᠎ᠳᠠᠬᠢ ᠬᠡᠰᠡᠭ ᠤ᠋ᠨ ᠴᠢᠬᠤᠯᠠ ᠤᠰᠤ ᠨᠥᠬᠥᠪᠥᠷᠢᠯᠡᠬᠦ᠌ ᠣᠷᠣᠨ ᠪᠣᠯᠤᠨ᠎ᠠ᠂ ᠨᠠᠩ ᠴᠣ᠌ ᠰᠠᠯᠬᠢ ᠡᠯᠡᠰᠦᠨ ᠤ᠋ ᠵᠡᠭᠦᠨ ᠡᠮᠦᠨᠠᠰᠢ ᠪᠡᠨ ᠤᠮᠠᠷᠠᠲᠤ ᠵᠢᠨ ᠲᠠᠯ᠎ᠠ ᠭᠠᠵᠠᠷ ᠪᠠ ᠪᠡᠭᠡᠵᠢᠩ ᠲᠢᠶᠠᠨᠵᠢᠨ ᠤ᠋ ᠦᠷᠦᠴᠡ ᠭᠠᠵᠠᠷ ᠤᠷᠤᠭᠤ ᠲᠦᠷᠢᠨ ᠤᠷᠤᠬᠤ ᠵᠢ ᠬᠣᠷᠢᠭ᠍ᠯᠠᠬᠤ ᠵᠠᠪᠰᠠᠷ᠎ᠤᠨ ᠪᠦᠰᠡ ᠪᠣᠯᠤᠨ᠎ᠠ᠃ ᠲᠡᠦᠬᠡᠨ ᠳ᠋ᠤ ᠳᠠᠯᠠᠨ ᠬᠠᠷ᠎ᠠ ᠠᠭᠤᠯᠠ ᠵᠢ ᠨᠠᠷᠠᠰᠤ ᠮᠠᠢᠯᠠᠰᠤ ᠪᠦᠷᠬᠦᠵᠦ᠂ ᠡᠪᠡᠰᠦ ᠮᠣᠳᠣ ᠬᠥᠬᠡᠷᠡᠨ ᠨᠣᠭᠣᠭᠠᠷᠠᠵᠤ ᠪᠠᠢᠭᠰᠠᠨ ᠪᠤᠯ᠂ ᠳᠡᠭᠡᠷ᠎ᠡ ᠵᠠᠭᠤᠨ  ᠤ᠋ ᠲᠠᠪᠢ ᠵᠢᠷᠠᠭᠠᠳ ᠣᠨ ᠡᠴᠡ ᠡᠬᠢᠯᠡᠨ ᠳᠠᠯᠠᠨ ᠬᠠᠷ᠎ᠠ ᠠᠭᠤᠯᠠ ᠳᠠᠭᠠᠤ ᠣᠷᠳᠣ ᠬᠤᠭᠤᠴᠠᠭ᠎ᠠ ᠠᠭᠤᠷᠬᠠᠶ ᠮᠠᠯᠲᠠᠭ᠍ᠰᠠᠨ ᠪᠠ ᠬᠡᠲᠦᠷᠡᠲᠡᠯ᠎ᠡ ᠮᠠᠯ ᠮᠠᠯᠵᠢᠭᠰᠠᠨ ᠡᠴᠡ ᠪᠣᠯᠵᠣ ᠬᠥᠮᠦᠰ ᠢ᠋ ᠰᠣᠴᠢᠭᠠᠮ᠎ᠠ ᠠᠮᠢ ᠠᠬᠤᠶ ᠵᠢᠨ 《ᠱᠢᠷᠬ᠎ᠠ ᠰᠣᠷᠪᠢ》 ᠦᠯᠡᠳᠡᠭᠡᠵᠠᠢ᠃

ᠳᠠᠯᠠᠨ ᠬᠠᠷ᠎ᠠ ᠠᠭᠤᠯᠨ ᠳ᠋ᠦ ᠳᠠᠬᠢᠨ ᠨᠤᠭᠤᠭᠠᠨ ᠬᠦᠷᠮ᠎ᠡ ᠭᠡᠳᠦᠷᠡᠬᠦᠯᠬᠦ ᠵᠢᠨ ᠲᠥᠯᠥᠭᠡ᠂ ᠬᠥᠬᠡᠬᠣᠲᠠ 2012 ᠣᠨ ᠳ᠋ᠦ ᠳᠠᠯᠠᠨ ᠬᠠᠷ᠎ᠠ ᠠᠭᠤᠯᠠ ᠵᠢᠨ ᠡᠮᠦᠨ᠎ᠡ ᠪᠠᠯ ᠤ᠋ᠨ ᠠᠮᠢ ᠠᠬᠤᠶ ᠵᠢᠨ ᠬᠠᠮᠠᠭᠠᠯᠠᠯᠲᠠ ᠵᠢᠨ ᠶᠡᠷᠦᠩᠬᠡᠢᠯᠡᠨ ᠵᠠᠰᠠᠬᠤ ᠢᠨᠵᠧᠨᠧᠷᠢᠩ ᠢ᠋ ᠡᠬᠢᠯᠡᠭᠦᠯᠪᠠ᠂ ᠲᠤᠰ ᠢᠨᠵᠧᠨᠧᠷᠢᠩ ᠤᠮᠠᠷᠠᠰᠢ ᠳᠠᠯᠠᠨ ᠬᠠᠷ᠎ᠠ ᠠᠭᠤᠯᠠ ᠵᠢᠨ ᠪᠠᠢᠭᠠᠯᠢ ᠵᠢᠨ ᠬᠠᠮᠠᠭᠠᠯᠠᠯᠲᠠ ᠵᠢᠨ ᠣᠷᠣᠨ ᠤ᠋ ᠡᠮᠦᠨ᠎ᠡ ᠵᠠᠬ᠎ᠠ᠂ ᠡᠮᠦᠨᠡᠰᠢ᠎ᠪᠡᠨ ᠪᠡᠭᠡᠵᠢᠩ ᠡᠴᠡ ᠲᠥᠪᠡᠳ ᠬᠥᠷᠬᠥ ᠲᠦᠷᠭᠡᠨ ᠤ᠋ ᠵᠠᠰᠠᠮᠠᠯ ᠵᠠᠮ ᠳ᠋ᠦ ᠬᠦᠷᠴᠦ᠂ ᠶᠡᠷᠦᠩᠬᠡᠶ ᠲᠠᠯᠠᠪᠠᠶ ᠨᠢ ᠪᠠᠷᠤᠭ 150 ᠲᠡᠭ᠌ᠰᠢ ᠳᠥᠷᠪᠡᠯᠵᠢᠨ ᠺᠢᠯᠣᠮᠧᠲ᠋ᠷ ᠪᠤᠢ᠃ ᠵᠠᠰᠠᠯᠳᠠ ᠵᠢᠨ ᠶᠠᠪᠤᠴᠠ ᠳ᠋ᠦ᠂ ᠬᠥᠬᠡᠬᠣᠲᠠ ᠳᠠᠯᠠᠨ ᠬᠠᠷ᠎ᠠ ᠠᠭᠤᠯᠠ ᠵᠢᠨ ᠡᠮᠦᠨ᠎ᠡ ᠪᠠᠯ ᠳ᠋ᠦ ᠪᠠᠢᠭ᠎ᠠ ᠪᠣᠶ ᠪᠥᠬᠥᠶ ᠪᠣᠬᠢᠷᠲᠤᠯ ᠲᠠᠢ ᠠᠵᠤ ᠠᠬᠤᠢᠯᠠᠯ ᠢ᠋ ᠬᠠᠭᠠᠵᠤ ᠵᠣᠭ᠍ᠰᠣᠭᠠᠪᠠ᠃ ᠡᠭᠦᠨ᠎ᠡᠴᠡ ᠰᠡᠭᠦᠯᠡᠷ᠂ 《ᠤᠮᠠᠷᠠᠲᠤ ᠵᠢᠨ ᠭᠤᠷᠪᠠᠨ ᠤᠷᠤᠨ》 ᠤ᠋ ᠬᠠᠯᠬᠠᠪᠴᠢ ᠣᠶ ᠵᠢᠨ ᠪᠥᠲᠥᠭᠡᠨ ᠪᠠᠢᠭᠤᠯᠤᠯᠲᠠ᠂ ᠲᠠᠷᠢᠶᠠᠯᠠᠬᠤ ᠵᠢ ᠵᠣᠭ᠍ᠰᠣᠭᠠᠵᠤ ᠣᠶ ᠱᠢᠭᠤᠶ ᠵᠢ ᠰᠡᠷᠭᠦᠭᠡᠬᠦ᠌᠂ ᠪᠡᠭᠡᠵᠢᠩ ᠲᠢᠶᠠᠨᠵᠢᠨ ᠤ᠋ ᠰᠠᠯᠬᠢ ᠡᠯᠡᠰᠦᠨ ᠤ᠋ ᠡᠬᠢ ᠵᠢ ᠵᠠᠰᠠᠬᠤ ᠵᠡᠷᠭᠡ ᠠᠮᠢ ᠠᠬᠤᠶ ᠵᠢᠨ ᠪᠥᠲᠥᠭᠡᠨ ᠪᠠᠢᠭᠤᠯᠤᠯᠲᠠ ᠵᠢᠨ ᠢᠨᠵᠧᠨᠧᠷᠢᠩ ᠳ᠋ᠦ ᠲᠦᠱᠢᠭ᠌ᠯᠡᠨ᠂ ᠤᠯᠤᠰ ᠤ᠋ᠨ ᠨᠤᠲᠤᠭ ᠳᠡᠪᠢᠰᠭᠡᠷ ᠢ᠋ ᠨᠣᠭᠣᠭᠠᠷᠠᠭᠤᠯᠬᠤ ᠠᠵᠢᠯᠯᠠᠭ᠎ᠠ ᠵᠢ ᠭᠦᠨᠵᠡᠭᠡᠶ ᠥᠷᠨᠢᠭᠦᠯᠵᠦ᠍᠂ ᠳᠠᠯᠠᠨ ᠬᠠᠷ᠎ᠠ ᠠᠭᠤᠯᠠ ᠵᠢᠨ ᠡᠮᠦᠨ᠎ᠡ ᠪᠠᠯ ᠤ᠋ᠨ ᠠᠮᠢ ᠠᠬᠤᠶ ᠵᠢᠨ ᠪᠠᠢᠳᠠᠯ ᠢ᠋ ᠲᠤᠢᠯᠪᠤᠷᠢᠲᠠᠶ ᠰᠠᠢᠵᠢᠷᠠᠭᠤᠯᠪᠠ᠃

10 ᠭᠠᠷᠤᠶ ᠵᠢᠯ  ᠤ᠋ᠨ ᠲᠠᠰᠤᠷᠠᠯᠲᠠ ᠥᠬᠡᠶ ᠪᠥᠲᠥᠭᠡᠨ ᠪᠠᠢᠭᠤᠯᠬᠤ᠂ ᠬᠠᠮᠠᠭᠠᠯᠠᠬᠤ᠂ ᠵᠠᠰᠠᠬᠤ ᠪᠡᠷ ᠳᠡᠮᠵᠢᠨ᠂ ᠳᠠᠯᠠᠨ ᠬᠠᠷ᠎ᠠ ᠠᠭᠤᠯᠠ ᠵᠢᠨ ᠡᠮᠦᠨ᠎ᠡ ᠪᠡᠯ ᠤ᠋ᠨ 80% ᠵᠢᠨ ᠭᠠᠵᠠᠷ ᠱᠢᠷᠣᠶ ᠠᠮᠢ ᠠᠬᠤᠶ ᠵᠢᠨ ᠨᠣᠭᠣᠭᠠᠷᠠᠭᠤᠯᠤᠯᠲᠠ ᠵᠢ ᠪᠡᠶᠡᠯᠡᠬᠦᠯᠵᠦ᠂ ᠪᠦᠬᠦᠯᠢ ᠴᠣᠭ᠍ᠴᠠ ᠵᠢᠨ ᠠᠮᠢ ᠠᠬᠤᠶ ᠵᠢᠨ ᠴᠢᠳᠠᠮᠵᠢ ᠵᠢ ᠰᠡᠷᠭᠦᠭᠡᠪᠡ᠃ ᠡᠳᠦᠭᠡ ᠲᠠᠯᠠᠨ ᠬᠠᠷ᠎ᠠ ᠠᠭᠤᠯᠠ ᠵᠢᠨ ᠡᠮᠦᠨ᠎ᠡ ᠪᠡᠯ ᠬᠥᠬᠡᠷᠡᠨ ᠨᠤᠭᠤᠭᠠᠷᠠᠵᠦ᠂ ᠨᠢᠭᠡᠨᠲᠡ ᠪᠤᠳᠠ ᠮᠣᠳᠣᠨ ᠪᠦᠰᠡ᠂ ᠴᠡᠴᠡᠭ ᠤ᠋ᠨ ᠪᠦᠰᠡ᠂ ᠦᠵᠡᠮᠵᠢ ᠵᠢᠨ ᠪᠦᠰᠡ ᠵᠢ ᠨᠢᠭᠡ ᠴᠤᠬ᠍ᠴᠠᠵᠢᠭᠤᠯᠤᠬ᠍ᠰᠠᠨ ᠠᠮᠢ ᠠᠬᠤᠢ ᠵᠢᠨ ᠬᠠᠯᠬᠠᠪᠴᠢ ᠪᠤᠯᠵᠤ ᠬᠤᠪᠢᠷᠠᠪᠠ᠃ 2024 ᠣᠨ ᠤ᠋ ᠡᠴᠦᠰ ᠪᠣᠯᠲᠠᠯ᠎ᠠ ᠳᠠᠯᠠᠨ ᠬᠠᠷ᠎ᠠ ᠠᠭᠤᠯᠠ ᠵᠢᠨ ᠣᠷᠣᠨ ᠪᠦᠰᠡ ᠵᠢᠨ ᠣᠢᠲᠤ ᠭᠠᠵᠠᠷ ᠤ᠋ᠨ ᠲᠠᠯᠠᠪᠠᠶ 142.2 ᠲᠦᠮᠡᠨ ᠮᠦ᠍ ᠳ᠋ᠦ ᠬᠦᠷᠴᠦ᠍᠂ ᠡᠪᠡᠰᠦ ᠪᠡᠯᠴᠢᠭᠡᠷ ᠤ᠋ᠨ ᠲᠠᠯᠠᠪᠠᠶ 171.45 ᠲᠦᠮᠡᠨ ᠮᠥ᠍ ᠳ᠋ᠦ ᠬᠦᠷᠴᠦ᠍᠂ ᠣᠶ ᠱᠢᠭᠤᠶ ᠵᠢᠨ ᠪᠦᠷᠬᠦᠴᠡ ᠵᠢᠨ ᠨᠣᠷᠮ᠎ᠠ 50% ᠵᠢ ᠳᠠᠪᠠᠪᠠ᠃

ᠲᠠᠯᠠᠨ ᠬᠠᠷ᠎ᠠ ᠠᠭᠤᠯᠠ ᠨᠢ ᠬᠥᠬᠡᠬᠣᠲᠠ ᠵᠢᠨ 《ᠬᠤᠳᠠ ᠵᠢᠨ ᠨᠣᠭᠣᠭᠠᠨ ᠠᠭᠤᠰᠭᠢ》 ᠪᠣᠯᠬᠤ ᠪᠡᠷ ᠪᠠᠷᠠᠬᠤ ᠦᠭᠡᠢ᠂ ᠨᠡᠩ ᠴᠦ᠍ ᠠᠮᠢᠳᠤ ᠪᠣᠳᠠᠰ ᠤ᠋ᠨ ᠤᠯᠠᠨ ᠶᠠᠩᠵᠤᠲᠤ ᠴᠢᠨᠠᠷ ᠤ᠋ᠨ 《ᠭᠧᠨ ᠤ᠋ ᠬᠥᠮᠥᠷᠭᠡ》 ᠪᠣᠯᠤᠭ᠍ᠰᠠᠨ ᠪᠠᠢᠨ᠎ᠠ᠃ ᠤᠯᠤᠰ ᠤ᠋ᠨ ᠨᠢᠭᠡᠳᠦᠭᠡᠷ ᠳᠡᠰ ᠤ᠋ᠨ ᠬᠠᠮᠠᠭᠠᠯᠠᠯᠲᠠ ᠵᠢᠨ ᠠᠮᠢᠲᠠᠨ ᠭᠤᠷᠭᠤᠤᠯ ᠵᠢᠴᠢ ᠤᠯᠤᠰ  ᠤ᠋ᠨ ᠬᠣᠶᠠᠳᠤᠭᠠᠷ ᠳᠡᠰ ᠤ᠋ᠨ ᠬᠠᠮᠠᠭᠠᠯᠠᠯᠲᠠ ᠵᠢᠨ ᠠᠮᠢᠲᠠᠨ ᠲᠤᠷᠤᠭ ᠪᠤᠭᠤ᠂ ᠤᠯᠠᠭᠠᠨ ᠱᠤᠩᠬᠤᠷ᠂ ᠬᠡᠭᠡᠷ᠎ᠡ ᠵᠢᠨ ᠲᠠᠤᠯᠠᠢ᠂ ᠦᠨᠡᠭᠡ ᠵᠡᠷᠭᠡ ᠠᠯᠢ ᠣᠯᠠᠨ ᠪᠠᠷ᠎ᠠ ᠲᠠᠰᠤᠷᠠᠭᠰᠠᠨ ᠬᠡᠭᠡᠷ᠎ᠡ ᠵᠢᠨ ᠠᠮᠢᠲᠠᠨ ᠵᠠᠯᠭᠠᠭ᠎ᠠ ᠪᠡᠷ ᠢᠷᠡᠵᠦ ᠨᠤᠳᠤᠭᠰᠢᠪᠠ᠃

ᠳᠠᠯᠠᠨ ᠬᠠᠷ᠎ᠠ ᠠᠭᠤᠯᠠ ᠨᠣᠭᠣᠭᠠᠷᠠᠵᠤ᠂ ᠠᠭᠤᠯᠠᠨ ᠬᠣᠷᠮᠣᠶ᠎ᠳᠠᠬᠢ ᠲᠣᠰᠭᠣᠨ ᠪᠠᠶᠠᠵᠢᠪᠠ᠃ ᠤᠳᠤ ᠵᠢᠨ ᠲᠠᠯᠠᠨ ᠬᠠᠷ᠎ᠠ ᠠᠭᠤᠯᠠ ᠵᠢᠨ ᠡᠮᠦᠨ᠎ᠡ ᠪᠡᠯ ᠤ᠋ᠨ ᠣᠷᠣᠨ ᠪᠦᠰᠡ ᠨᠢ ᠭᠣᠣᠯᠳᠠᠭᠤ ᠬᠥᠳᠡᠭᠡ ᠨᠤᠲᠤᠭ ᠤ᠋ᠨ ᠰᠡᠯᠡᠭᠦᠴᠡᠯ ᠠᠮᠠᠷᠠᠯᠲᠠ᠂ ᠬᠥᠳᠡᠭᠡ ᠲᠣᠰᠭᠣᠨ ᠤ᠋ ᠰᠣᠶᠣᠯ ᠢ᠋ ᠪᠡᠶᠡᠴᠢᠯᠡᠨ ᠣᠢᠯᠠᠭᠠᠬᠤ᠂ ᠲᠠᠷᠢᠶᠠᠯᠠᠩ ᠤ᠋ᠨ ᠵᠤᠭᠠᠴᠠᠯ᠂ ᠬᠤᠪᠢ ᠵᠢᠨ ᠮᠠᠰᠢᠨ ᠲᠡᠷᠭᠡ ᠪᠡᠷ ᠬᠡᠭᠡᠷ᠎ᠡ ᠪᠠᠭᠤᠳᠠᠯᠯᠠᠬᠤ ᠪᠡᠷ ᠭᠣᠣᠯ ᠪᠣᠯᠭᠠᠭ᠍ᠰᠠᠨ ᠬᠥᠬᠡᠬᠣᠲᠠ ᠵᠢᠨ ᠤᠢ᠍ᠢᠷ᠎ᠠ ᠳᠡᠬᠦᠷᠭᠡ ᠵᠢᠨ ᠤᠢ ᠱᠢᠭᠤᠢ ᠵᠢᠨ ᠵᠢᠭᠤᠯᠴᠢᠯᠠᠯ ᠢ᠋ ᠬᠦᠭᠵᠢᠬᠦᠯᠵᠦ᠍ ᠪᠤᠢ ᠃

ᠳᠠᠯᠠᠨ ᠬᠠᠷ᠎ᠠ ᠠᠭᠤᠯᠠ ᠵᠢᠨ ᠬᠣᠷᠮᠣᠶ ᠳ᠋ᠦ ᠪᠠᠢᠷᠢᠯᠠᠵᠤ ᠪᠠᠢᠭ᠎ᠠ ᠱᠢᠨ᠎ᠡ ᠬᠣᠲᠠ ᠲᠣᠭᠣᠷᠢᠭ ᠤ᠋ᠨ ᠪᠣᠷᠣᠬᠤᠱᠢᠭᠤ ᠪᠠᠯᠭᠠᠰᠤ ᠵᠢᠨ ᠣᠪᠣᠭ᠎ᠠ ᠲᠣᠰᠭᠣᠨ ᠳ᠋ᠦ ᠬᠦᠷᠬᠦᠶ᠎ᠡ᠂ ᠴᠠᠭᠠᠨ ᠦᠩᠭᠡ ᠵᠢᠨ ᠬᠡᠷᠡᠮ ᠬᠠᠷ᠎ᠠ ᠦᠩᠭᠡ ᠵᠢᠨ ᠸᠠᠭᠠᠷ᠂ ᠦᠨᠳᠦᠷ ᠰᠦᠷᠯᠢᠭ ᠤᠰᠤᠨ ᠲᠠᠭ᠍ᠲᠤ ᠲᠠᠢ᠂ ᠨᠣᠮᠢᠨ ᠳᠣᠯᠭᠢᠶᠠᠨ ᠬᠠᠶᠠᠯᠠᠵᠤ᠂ ᠬᠥᠮᠦᠰ ᠢ᠋ ᠱᠢᠯᠦᠭ ᠵᠢᠷᠤᠭ ᠮᠡᠲᠦ ᠵᠢᠶᠠᠩᠨᠠᠨ  ᠤ᠋ ᠤᠰᠤᠨ ᠨᠤᠲᠤᠭ᠎ᠲᠤ ᠪᠠᠢᠬᠤ ᠱᠢᠭ᠋ ᠰᠠᠨᠠᠭ᠍ᠳᠠᠭᠤᠯᠤᠨ᠎ᠠ᠃ ᠡᠨᠡ ᠬᠦ᠌ 300 ᠭᠠᠷᠤᠢ ᠵᠢᠯ ᠤ᠋ᠨ ᠲᠡᠦᠬᠡ᠎ᠲᠡᠶ ᠲᠣᠰᠭᠣᠨ᠂ ᠡᠳᠦᠭᠡ ᠦᠵᠡᠰᠭᠦᠯᠡᠩᠲᠦ ᠰᠠᠢᠬᠠᠨ ᠲᠠᠯᠠᠨ ᠬᠠᠷ᠎ᠠ ᠠᠭᠤᠯᠠ ᠪᠡᠨ ᠲᠦᠰᠢᠵᠦ ᠥᠪᠡᠷ ᠤ᠋ᠨ ᠵᠢᠡᠨ ᠰᠣᠶᠣᠯ ᠵᠢᠭᠤᠯᠴᠢᠯᠠᠯ ᠤ᠋ᠨ ᠬᠥᠭ᠌ᠵᠢᠯᠲᠡ ᠵᠢᠨ ᠵᠠᠮ ᠢ᠋ ᠨᠡᠭᠡᠭᠡᠵᠦ᠍᠂ ᠬᠤᠯᠠ ᠤᠢ᠍ᠢᠷ᠎ᠠ᠎ᠳᠠᠭᠠᠨ ᠠᠯᠳᠠᠷᠱᠢᠭ᠍ᠰᠠᠨ 《ᠰᠦᠯᠵᠢᠶᠡᠨ ᠤ᠋ ᠬᠠᠯᠠᠮᠰᠢᠯ ᠲᠣᠰᠭᠣᠨ》 ᠪᠣᠯᠵᠠᠢ᠃

《ᠵᠢᠶᠠᠩᠨᠠᠨ ᠤ᠋ ᠤᠰᠤᠨ ᠨᠤᠲᠤᠭ》 ᠤ᠋ᠨ ᠵᠢᠭᠤᠯᠴᠢᠯᠠᠯ ᠤ᠋ᠨ ᠬᠦᠷᠢᠶᠡᠯᠡᠩ ᠲᠣᠭᠣᠷᠢᠭ᠂ ᠤᠪᠤᠭ᠎ᠠ ᠲᠤᠰᠬᠤᠨ ᠤ᠋ ᠠᠷᠠᠳ ᠤ᠋ᠨ ᠵᠠᠩ ᠦᠢᠯᠡ ᠵᠢᠨ ᠴᠤᠭ᠍ᠯᠠᠭᠠᠨ᠂ ᠤᠪᠤᠭ᠎ᠠ ᠲᠤᠰᠬᠤᠨ ᠤ᠋ ᠤᠰᠤᠨ ᠶᠢᠷᠲᠢᠨᠴᠦ᠍ ᠵᠡᠷᠭᠡ ᠱᠢᠷᠢᠰ ᠤᠨᠴᠠᠯᠢᠬ᠍ᠳᠤ ᠲᠦᠷᠦᠯ ᠵᠦᠢᠯ ᠤᠯᠤᠰ ᠤ᠋ᠨ ᠳᠣᠲᠣᠭᠠᠳᠤ ᠭᠠᠳᠠᠭᠠᠳᠤ ᠵᠢᠨ ᠵᠢᠭᠤᠯᠴᠢᠯᠠᠭᠰᠠᠳ ᠤ᠋ᠨ ᠠᠩᠬᠠᠷᠤᠯ ᠢ᠋ ᠳᠠᠳᠠᠨ᠎ᠠ᠃

ᠬᠥᠬᠡᠬᠣᠲᠠ ᠵᠢᠨ ᠳᠠᠯᠠᠨ ᠬᠠᠷ᠎ᠠ ᠠᠭᠤᠯᠠ ᠵᠢᠨ ᠡᠮᠦᠨ᠎ᠡ ᠪᠡᠯ ᠳ᠋ᠦ᠂ ᠢᠮᠠᠭᠠᠲᠤ ᠲᠣᠰᠭᠣᠨ᠂ ᠲᠤᠰᠬᠤ ᠭᠡᠷ ᠲᠣᠰᠭᠣᠨ᠂ ᠰᠡᠩᠭᠡ ᠠᠢᠯ ᠲᠣᠰᠭᠣᠨ ᠵᠡᠷᠭᠡ 20 ᠭᠠᠷᠤᠢ ᠦᠪᠡᠷᠮᠢᠴᠡ ᠣᠨᠴᠠᠯᠢᠭ ᠲᠠᠢ ᠲᠣᠰᠭᠣᠨ ᠲᠤᠰ ᠲᠤᠰ ᠤ᠋ᠨ ᠵᠢᠡᠨ ᠭᠤᠤ᠎ᠠ ᠰᠠᠢᠬᠠᠨ ᠵᠢᠡᠨ ᠭᠠᠢᠬᠠᠭᠤᠯᠵᠤ᠂ 《ᠨᠣᠮᠢᠨ ᠨᠣᠭᠣᠭᠠᠨ》 ᠳ᠋ᠦ ᠲᠦᠱᠢᠭ᠌ᠯᠡᠨ᠂ ᠣᠨᠴᠠᠯᠢᠭ᠍ᠲᠤ ᠰᠣᠶᠣᠯ ᠵᠢᠭᠤᠯᠴᠢᠯᠠᠯ ᠤ᠋ᠨ ᠠᠵᠤ ᠦᠶ᠋ᠯᠡᠰ ᠥᠷᠨᠢᠨ ᠬᠥᠭ᠌ᠵᠢᠵᠦ᠍᠂ ᠦᠵᠡᠮᠵᠢ ᠰᠠᠢᠬᠠᠨ᠂ ᠦᠶ᠋ᠯᠡᠰ ᠱᠢᠨ᠎ᠡ᠂ ᠬᠥᠮᠦᠨ ᠪᠠᠶᠠᠨ ᠴᠢᠨᠡᠭᠡᠯᠢᠭ ᠪᠣᠯᠪᠠ᠃

ᠨᠣᠭᠣᠭᠠᠨ ᠥᠩᠭᠡ᠂ ᠶᠠᠭ ᠡᠨᠡ ᠭᠡᠰᠡᠭ ᠬᠠᠯᠠᠭᠤᠨ ᠬᠥᠷᠥᠰᠥᠨ ᠳ᠋ᠦ ᠭᠠᠵᠠᠷ ᠠᠪᠴᠦ ᠪᠠᠢᠨ᠎ᠠ᠃ ᠡᠨᠡ ᠵᠢᠯ ᠬᠥᠬᠡᠬᠣᠲᠠ ᠳᠠᠯᠠᠨ ᠬᠠᠷ᠎ᠠ ᠠᠭᠤᠯᠠ ᠵᠢᠨ ᠡᠮᠦᠨ᠎ᠡ ᠪᠠᠯ ᠤ᠋ᠨ 《ᠭᠤᠷᠪᠠᠨ ᠪᠦᠰᠡ ᠨᠢᠭᠡ ᠣᠷᠣᠨ》 ᠤ᠋ ᠶᠠᠰᠤ ᠴᠢᠨᠠᠷ ᠢ᠋ ᠳᠡᠭᠡᠭ᠌ᠰᠢᠯᠡᠭᠦᠯᠬᠦ᠌ ᠢᠨᠵᠧᠨᠧᠷᠢᠩ ᠢ᠋ ᠳᠠᠬᠢᠨᠳᠠ ᠡᠬᠢᠯᠡᠭᠦᠯᠵᠦ᠍᠂ ᠪᠣᠳᠠᠯᠢᠭ ᠮᠣᠳᠣᠨ ᠪᠦᠰᠡ᠂ ᠴᠡᠴᠡᠭ᠌ ᠤ᠋ᠨ ᠪᠦᠰᠡ᠂ ᠦᠵᠡᠮᠵᠢ ᠵᠢᠨ ᠪᠦᠰᠡ ᠵᠢᠨ ᠪᠥᠲᠥᠭᠡᠨ ᠪᠠᠢᠭᠤᠯᠤᠯᠲᠠ ᠪᠠ ᠣᠶ ᠮᠣᠳᠣᠨ ᠤ᠋ ᠱᠢᠨᠡᠴᠢᠯᠡᠯᠲᠡ᠎ᠪᠡᠷ ᠳᠠᠮᠵᠢᠭᠤᠯᠤᠨ᠂ ᠠᠮᠢ ᠠᠬᠤᠶ ᠵᠢᠨ ᠶᠠᠰᠤ ᠴᠢᠨᠠᠷ ᠢ᠋ ᠤᠯᠠᠮ ᠳᠡᠭᠡᠭ᠌ᠰᠢᠯᠡᠭᠦᠯᠵᠦ ᠪᠠᠢᠨ᠎ᠠ᠃

ᠬᠥᠬᠡᠬᠣᠲᠠ ᠠᠷᠪᠠᠨ ᠵᠢᠯ ᠤ᠋ᠨ ᠱᠢᠷᠭᠠᠭᠤ ᠬᠠᠲᠠᠭᠤᠵᠢᠯᠲᠠᠢ ᠴᠢᠷᠮᠠᠢᠯᠭ᠎ᠠ ᠪᠡᠷ ᠳᠠᠯᠠᠨ ᠬᠠᠷ᠎ᠠ ᠠᠭᠤᠯᠠᠨ ᠤᠷᠤᠢ᠂ ᠠᠭᠤᠯᠠᠨ ᠬᠤᠷᠮᠤᠢ ᠳ᠋ᠦ 《ᠨᠤᠮᠢᠨ ᠤᠰᠤ ᠬᠥᠬᠡᠮᠳᠦᠭ ᠠᠭᠤᠯᠠ ᠪᠣᠯ ᠠᠯᠳᠠᠨ ᠠᠭᠤᠯᠠ ᠮᠥᠩᠭᠥᠨ ᠬᠠᠢᠷᠬᠠᠨ ᠮᠥᠨ》 ᠭᠡᠬᠦ᠌ ᠠᠮᠢᠳᠤᠯᠢᠭ ᠦᠢᠯᠡᠳᠦᠯᠭᠡ ᠵᠢ ᠪᠢᠴᠢᠭᠯᠡᠭᠰᠡᠨ ᠪᠠᠢᠨ᠎ᠠ᠃ ᠡᠨᠡᠬᠦ᠌ ᠪᠣᠭᠣᠮᠲᠠ ᠵᠢᠨ ᠭᠠᠳᠠᠨᠠᠬᠢ ᠬᠥᠬᠡᠬᠣᠲᠠ ᠱᠢᠨ᠎ᠡ ᠭᠠᠷᠤᠭ᠎ᠠ ᠳᠡᠭᠡᠷ᠎ᠡ ᠡᠴᠡ ᠨᠣᠮᠢᠨ ᠨᠣᠭᠣᠭᠠᠨ ᠥᠩᠭᠡ᠎ᠪᠡᠷ ᠬᠥᠭ᠌ᠵᠢᠯᠲᠡ ᠵᠢᠨ ᠲᠠᠪᠢᠰᠭᠡᠷ ᠦᠩᠭᠡ ᠪᠡᠨ ᠪᠣᠯᠭᠠᠵᠤ᠂ ᠬᠥᠮᠦᠨ ᠪᠠᠢᠭᠠᠯᠢ ᠡᠶ᠎ᠠ ᠵᠤᠬᠢᠴᠠᠡᠭᠭᠤᠢ ᠤᠷᠤᠰᠢᠬᠰᠠᠨ ᠦᠵᠡᠰᠬᠦᠯᠠᠡᠭᠳᠤ ᠰᠠᠢᠬᠠᠨ ᠭᠡᠷ ᠤᠷᠤᠨ᠎ᠵᠢᠡᠨ ᠦᠷᠭᠦᠯᠵᠢᠯᠡᠨ ᠡᠷᠴᠢᠮᠳᠠᠢ ᠪᠦᠳᠤᠭᠡᠨ ᠪᠠᠢᠭᠤᠯᠵᠤ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号