ᠪᠦᠬᠦ ᠣᠷᠣᠨ᠎ᠤ ᠵᠢᠷᠭᠣᠲᠣᠭᠠᠷ ᠣᠲᠠᠭ᠎ᠠ᠎ᠶᠢᠨ 《ᠴᠣᠮᠣᠷᠯᠢᠬ ᠬᠣᠨᠲᠠᠭᠠᠲᠣ》 ᠲᠣᠮᠲᠠᠲᠣ ᠪᠠᠭ᠎ᠠ ᠰᠣᠷᠭᠠᠭᠣᠯᠢ᠎ᠶᠢᠨ ᠰᠣᠷᠣᠬᠴᠢᠳ᠎ᠤᠨ ᠵᠣᠬᠢᠶᠠᠨ ᠪᠢᠴᠢᠯᠭᠡ᠎ᠶᠢᠨ ᠣᠷᠣᠯᠲᠣᠭᠠᠨ᠎ᠤ ᠳ᠋ᠦᠩ ᠲᠣᠲᠣᠷᠠᠯ᠎ᠠ
2025-09-17 10:28:33
ᠵᠣᠬᠢᠶᠠᠭ᠍ᠴᠢ᠄
ᠸᠠᠩ ᠰᠢᠶᠣᠣ ᠮᠢᠩ
ᠣᠩᠱᠢᠭ᠍ᠰᠠᠨ ᠣᠳᠠᠭ᠎ᠠ᠄
★★★☆☆

ᠦᠪᠦᠷ ᠮᠣᠩᠭᠣᠯ᠎ᠤᠨ ᠦᠪᠡᠷᠲᠡᠭᠡᠨ ᠵᠠᠰᠠᠬᠣ ᠣᠷᠣᠨ᠎ᠤ ᠵᠠᠯᠠᠭᠣᠴᠣᠳ ᠪᠠᠭᠠᠴᠣᠳ᠎ᠤᠨ ᠬᠠᠮ ᠵᠠᠭᠣᠴᠢᠯᠠᠭᠣᠷ᠎ᠤᠨ ᠲᠦᠪ᠎ᠤᠨ 《ᠴᠣᠮᠣᠷᠯᠢᠬ》 ᠰᠡᠳᠬᠦᠯ ᠡᠴᠡ ᠡᠷᠬᠢᠯᠡᠨ ᠶᠠᠪᠣᠬᠲᠠᠭᠣᠯᠣᠬᠰᠠᠨ ᠪᠦᠬᠦ ᠣᠷᠣᠨ᠎ᠤ ᠵᠢᠷᠭᠣᠲᠣᠭᠠᠷ ᠣᠲᠠᠭ᠎ᠠ᠎ᠶᠢᠨ 《ᠴᠣᠮᠣᠷᠯᠢᠬ ᠬᠣᠨᠲᠠᠭᠠᠲᠣ》ᠲᠣᠮᠲᠠᠲᠣ ᠪᠠᠭ᠎ᠠ ᠰᠣᠷᠭᠠᠭᠣᠯᠢ ᠵᠢᠨ ᠰᠣᠷᠣᠬᠴᠢᠳ᠎ᠤᠨ ᠵᠣᠬᠢᠶᠠᠨ ᠪᠢᠴᠢᠯᠭᠡ᠎ᠶᠢᠨ ᠣᠷᠣᠯᠲᠣᠭᠠᠨ ᠲᠦᠷᠦᠬᠦᠭᠡᠨ ᠠᠮᠵᠢᠯᠲᠠᠲᠠᠢ ᠦᠨᠳᠦᠷᠯᠡᠭᠰᠡᠨ ᠪᠠᠢᠨ᠎ᠠ᠃

ᠪᠦᠬᠦ ᠣᠷᠣᠨ᠎ᠤ ᠵᠢᠷᠭᠣᠲᠣᠭᠠᠷ ᠣᠲᠠᠭ᠎ᠠ᠎ᠶᠢᠨ《ᠴᠣᠮᠣᠷᠯᠢᠬ ᠬᠣᠨᠲᠠᠭᠠᠲᠣ》 ᠲᠣᠮᠲᠠᠲᠣ ᠪᠠᠭ᠎ᠠ ᠰᠣᠷᠭᠠᠭᠣᠯᠢ᠎ᠶᠢᠨ ᠰᠣᠷᠣᠬᠴᠢᠳ᠎ᠤᠨ ᠵᠣᠬᠢᠶᠠᠨ ᠪᠢᠴᠢᠯᠭᠡ᠎ᠶᠢᠨ ᠣᠷᠣᠯᠲᠣᠭᠠᠨ᠎ᠤ ᠵᠣᠬᠢᠶᠠᠯ ᠡᠯᠰᠡᠬᠦ ᠮᠡᠳᠡᠭᠲᠡᠯ ᠨᠡᠢᠲᠡᠯᠡᠭᠳᠡᠭᠰᠡᠨ ᠡᠴᠡ ᠨᠠᠭᠠᠰᠢ᠂ ᠪᠦᠬᠦ ᠣᠷᠣᠨ᠎ᠤ ᠲᠣᠮᠲᠠᠲᠣ ᠪᠠᠭ᠎ᠠ ᠰᠣᠷᠭᠠᠭᠣᠯᠢ᠎ᠶᠢᠨ ᠰᠣᠷᠣᠬᠴᠢᠳ ᠢᠲᠡᠪᠬᠢᠲᠡᠢ ᠣᠷᠣᠯᠴᠠᠵᠦ᠂ ᠭᠣᠣᠯᠯᠠᠨ ᠡᠷᠬᠢᠯᠡᠭᠰᠨᠨ ᠨᠢᠭᠡᠴᠢ᠎ᠶᠢᠨ ᠬᠢᠨ ᠨᠡᠢᠲᠡ 623 ᠡᠬᠡ ᠪᠢᠴᠢᠭ ᠬᠣᠷᠢᠶᠠᠨ ᠣᠯᠵᠠᠢ᠃ 《ᠴᠣᠮᠣᠷᠯᠢᠬ》 ᠰᠡᠳᠬᠦᠯ᠎ᠤᠨ ᠨᠠᠢᠷᠠᠭᠣᠯᠬᠣ ᠬᠡᠯᠲᠡᠰ᠎ᠤᠨ 5 ᠨᠠᠢᠷᠠᠭᠣᠯᠣᠬᠴᠢ ᠪᠡᠷ ᠪᠦᠷᠢᠯᠲᠦᠭᠰᠡᠨ ᠠᠩᠬᠠᠨ᠎ᠤ ᠰᠢᠯᠭᠠᠷᠠᠭᠣᠯᠣᠯᠲᠠ᠎ᠶᠢᠨ ᠲᠣᠭᠣᠢᠯᠠᠩ ᠪᠠ ᠮᠡᠷᠭᠡᠵᠢᠯ᠎ᠤᠨ ᠬᠢᠨᠠᠬᠴᠢ  ᠪᠡᠷ ᠪᠦᠷᠢᠯᠲᠦᠭᠰᠡᠨ ᠬᠠᠭᠠᠰ ᠰᠢᠢᠳᠪᠦᠷᠢᠲᠦ ᠰᠢᠯᠭᠠᠷᠠᠭᠣᠯᠣᠯᠲᠠ᠎ᠶᠢᠨ ᠲᠣᠭᠣᠢᠯᠠᠩ᠎ᠤᠨ ᠬᠢᠨ ᠡᠷᠬᠡ ᠲᠡᠭᠰᠢ᠂ ᠲᠦᠪ ᠭᠣᠣᠯᠴᠢ᠂ ᠢᠯᠠ ᠲᠣᠲᠣᠷᠬᠠᠢ᠂ ᠨᠢᠬᠲᠠ  ᠴᠢᠩᠭ᠎ᠠ ᠰᠢᠯᠢᠨ ᠰᠣᠩᠭᠣᠬᠰᠠᠨ᠎ᠤ ᠳ᠋ᠦᠩ ᠳ᠋ᠦ 9 ᠪᠠᠭ᠎ᠠ ᠰᠣᠷᠭᠠᠭᠣᠯᠢ᠎ᠶᠢᠨ ᠰᠣᠷᠣᠬᠴᠢ᠂ 9 ᠠᠩᠬ᠎ᠠ ᠵᠡᠷᠭᠡ᠎ᠶᠢᠨ ᠲᠣᠮᠲᠠᠲᠣ ᠰᠣᠷᠭᠠᠭᠣᠯᠢ᠎ᠶᠢᠨ ᠰᠣᠷᠣᠬᠴᠢ ᠣᠷᠣᠯᠴᠠᠬᠰᠠᠳ᠎ᠤᠨ ᠲᠣᠮᠲᠠ ᠡᠴᠡ ᠴᠣᠯᠭᠣᠷᠠᠨ ᠭᠠᠷᠴᠣ᠂ ᠣᠷᠣᠨ᠎ᠤ ᠲᠦᠪ ᠬᠦᠬᠡᠬᠣᠲᠠ ᠳ᠋ᠦ ᠢᠷᠡᠵᠦ ᠠᠬᠣᠢ ᠲᠠᠯᠠᠪᠠᠢ ᠳ᠋ᠦ ᠵᠣᠬᠢᠶᠠᠨ ᠪᠢᠴᠢᠬᠦ ᠣᠷᠣᠯᠲᠣᠭᠠᠨ ᠳ᠋ᠦ ᠣᠷᠣᠯᠴᠠᠵᠠᠢ᠃ 7 ᠮᠡᠷᠭᠡᠵᠢᠯ᠎ᠤᠨ ᠬᠢᠨᠠᠬᠴᠢ ᠰᠢᠢᠳᠪᠦᠷᠢᠲᠦ ᠣᠷᠣᠯᠲᠣᠭᠠᠨ᠎ᠤ ᠵᠣᠬᠢᠶᠠᠯ᠎ᠢ ᠨᠠᠷᠢᠨ ᠬᠢᠨᠠᠮᠠᠭᠠᠢ ᠣᠩᠰᠢᠨ ᠰᠢᠯᠭᠠᠷᠠᠭᠣᠯᠵᠦ᠂ ᠡᠯᠰᠡᠭᠰᠡᠨ ᠣᠷᠣᠯᠲᠣᠭᠠᠨ᠎ᠤ ᠵᠣᠬᠢᠶᠠᠯ 60% ᠪᠠ ᠠᠬᠣᠢ ᠲᠠᠯᠠᠪᠠᠢ᠎ᠶᠢᠨ ᠵᠣᠬᠢᠶᠠᠯ 40% ᠵᠢᠨ ᠨᠤᠭᠤᠯᠤᠨ ᠪᠤᠳᠤᠭᠰᠠᠨ ᠬᠤᠪᠢ᠎ᠶᠢ ᠨᠡᠮᠡᠭᠡᠳ ᠣᠷᠣᠯᠲᠣᠭᠠᠨ᠎ᠤ ᠡᠴᠦᠰ᠎ᠤᠨ ᠳ᠋ᠦᠩ᠎ᠢ ᠲᠣᠲᠣᠷᠠᠭᠣᠯᠵᠦ᠂ ᠪᠠᠭ᠎ᠠ ᠰᠣᠷᠭᠠᠭᠣᠯᠢ ᠪᠠ ᠠᠩᠬ᠎ᠠ ᠲᠣᠮᠲᠠᠲᠣ᠎ᠶᠢᠨ ᠲᠣᠭᠣᠢᠯᠠᠩ ᠳ᠋ᠦ ᠲᠣᠰᠪᠣᠷᠢ ᠨᠢᠭᠡᠲᠦᠭᠡᠷ ᠲᠡᠰ ᠲᠦ᠍ 1 ᠪᠦᠲᠦᠭᠡᠯ᠂ ᠬᠣᠶᠠᠲᠣᠭᠠᠷ ᠲᠡᠰ ᠲᠦ᠍ 3 ᠪᠦᠲᠦᠭᠡᠯ᠂ ᠭᠣᠷᠪᠠᠲᠣᠭᠠᠷ ᠲᠡᠰ ᠲᠦ᠍ 5 ᠪᠦᠲᠦᠭᠡᠯ᠎ᠢ ᠰᠢᠯᠭᠠᠷᠠᠭᠣᠯᠣᠨ ᠭᠠᠷᠭᠠᠵᠠᠢ᠃

ᠪᠠᠭ᠎ᠠ ᠰᠣᠷᠭᠠᠭᠣᠯᠢ᠎ᠶᠢᠨ 1 — 3 ᠤᠨ᠎ᠤ ᠲᠣᠭᠣᠢᠯᠠᠩ ᠳ᠋ᠦ ᠣᠯᠠᠭᠠᠨᠬᠠᠲᠠ ᠬᠣᠲᠠ᠎ᠶᠢᠨ ᠣᠩᠨᠢᠭᠣᠳ ᠬᠣᠰᠢᠭᠣᠨ᠎ᠤ ᠠᠰᠢᠬᠠᠨ ᠰᠣᠮᠣ᠎ᠶᠢᠨ ᠭᠣᠣᠯ ᠪᠠᠭ᠎ᠠ ᠰᠣᠷᠭᠠᠭᠣᠯᠢ᠎ᠶᠢᠨ ᠰᠣᠷᠣᠬᠴᠢ ᠰᠢᠯᠢᠨ 《ᠴᠣᠮᠣᠷᠯᠢᠬ ᠬᠣᠨᠲᠠᠭ᠎ᠠ》 ᠶ᠋ᠢᠡ ᠡᠵᠡᠨ ᠶ᠋ᠢᠡᠷ ᠲᠣᠲᠣᠷᠠᠵᠦ᠂ ᠪᠠᠭ᠎ᠠ ᠰᠣᠷᠭᠠᠭᠣᠯᠢ᠎ᠶᠢᠨ 4 — 6 ᠤᠨ᠎ᠤ ᠲᠣᠭᠣᠢᠯᠠᠩ ᠳ᠋ᠦ ᠣᠯᠠᠭᠠᠨᠬᠠᠲᠠ ᠬᠣᠲᠠ᠎ᠶᠢᠨ ᠣᠩᠨᠢᠭᠣᠳ ᠬᠣᠰᠢᠭᠣᠨ᠎ᠤ ᠪᠣᠷᠣᠬᠣᠲᠠ ᠮᠣᠩᠭᠣᠯ ᠦᠨᠳᠦᠰᠦᠲᠡᠨ᠎ᠤ ᠪᠠᠭ᠎ᠠ ᠰᠣᠷᠭᠠᠭᠣᠯᠢ᠎ᠶᠢᠨ ᠰᠣᠷᠣᠬᠴᠢ ᠣᠬᠠᠭᠠᠨᠴᠢ 《ᠴᠣᠮᠣᠷᠯᠢᠬ ᠬᠣᠨᠲᠠᠭ᠎ᠠ》᠎ᠶ᠋ᠢᠨ ᠡᠵᠡᠨ ᠶ᠋ᠢᠡᠷ ᠲᠣᠲᠣᠷᠠᠵᠦ᠂ ᠠᠩᠬ᠎ᠠ ᠲᠣᠮᠲᠠᠲᠣ᠎ᠶᠢᠨ ᠲᠣᠭᠣᠢᠯᠠᠩ ᠳ᠋ᠦ  ᠬᠦᠬᠡᠬᠣᠲᠠ᠎ᠶᠢᠨ ᠭᠣᠴᠢᠲᠣᠭᠠᠷ ᠲᠣᠮᠲᠠᠲᠣ ᠰᠣᠷᠭᠠᠭᠣᠯᠢ᠎ᠶᠢᠨ ᠰᠣᠷᠣᠬᠴᠢ ᠦᠷᠯᠦᠭ 《ᠴᠣᠮᠣᠷᠯᠢᠬ ᠬᠣᠨᠲᠠᠭ᠎ᠠ》 ᠶ᠋ᠢᠨ ᠡᠵᠡᠨ ᠶ᠋ᠢᠡᠷ ᠲᠣᠲᠣᠷᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号