ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠺᠠᠳ᠋ᠷ ᠣᠯᠠᠨ ᠲᠦᠮᠡᠨ ᠳᠤᠷᠠᠰᠬᠠᠬᠤ ᠶᠡᠬᠡ ᠬᠤᠷᠠᠯ᠎ᠤᠨ ᠰᠢᠭᠤᠳ ᠨᠡᠪᠳᠡᠷᠡᠭᠦᠯᠭᠡ ᠵᠢ ᠬᠦᠯᠢᠶᠡᠨ ᠠᠪᠴᠤ ᠦᠵᠡᠪᠡ
2025-09-04 10:52:14
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

2025 ᠣᠨ᠎ᠤ 9 ᠰᠠᠷ᠎ᠠ᠎ᠶᠢᠨ 3᠎ᠤ ᠡᠳᠦᠷ᠎ᠦᠨ ᠦᠳᠡ᠎ᠶᠢᠨ ᠡᠮᠦᠨ᠎ᠡ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠤᠨ᠎ᠢ ᠡᠰᠡᠷᠭᠦᠴᠡᠬᠦ ᠲᠡᠶ᠋ᠢᠨ ᠵᠢᠴᠢ ᠳᠡᠯᠡᠬᠡᠢ᠎ᠶᠢᠨ ᠹᠠᠱ᠌ᠢᠰ᠎ᠢ ᠡᠰᠡᠷᠭᠦᠴᠡᠬᠦ ᠲᠡᠶ᠋ᠢᠨ ᠢᠯᠠᠯᠲᠠ ᠣᠯᠣᠭᠰᠠᠨ 80 ᠵᠢᠯ᠎ᠦᠨ ᠣᠶ᠎ᠶᠢ ᠳᠤᠷᠠᠰᠬᠠᠬᠤ ᠶᠡᠬᠡ ᠬᠤᠷᠠᠯ ᠪᠡᠭᠡᠵᠢᠩ᠎ᠦᠨ ᠲᠢᠶᠠᠨ ᠠᠨ ᠮᠧᠨ ᠠᠭᠤᠳᠠᠮ ᠲᠠᠯᠠᠪᠠᠶ᠎ᠳᠤ ᠦᠪᠡᠳᠡᠭᠰᠢ ᠶᠡᠬᠡ᠎ᠪᠡᠷ ᠶᠠᠪᠤᠭᠳᠠᠪᠠ᠃

ᠥᠪᠥᠷ ᠮᠣᠩᠭᠣᠯ᠎ᠤᠨ ᠡᠯ᠎ᠡ ᠭᠠᠵᠠᠷ᠎ᠤᠨ ᠤᠯᠠᠨ ᠲᠦᠮᠡᠨ᠂ ᠳᠠᠷᠤᠭ᠎ᠠ ᠪᠠᠢᠯᠳᠤᠭ᠍ᠴᠢᠳ᠂ ᠺᠠᠳ᠋ᠷᠴᠤᠳ ᠤᠯᠠᠨ ᠵᠦᠢᠯ᠎ᠦᠨ ᠬᠡᠯᠪᠡᠷᠢ᠎ᠪᠡᠷ ᠶᠡᠬᠡ ᠬᠤᠷᠠᠯ᠎ᠤᠨ ᠦᠪᠡᠳᠡᠭᠰᠢ ᠪᠠᠢᠳᠠᠯ᠎ᠢ ᠬᠦᠯᠢᠶᠡᠨ ᠠᠪᠴᠤ ᠦᠵᠡᠨ᠂ ᠬᠥᠮᠥᠰ᠎ᠦᠨ ᠰᠡᠳᠬᠢᠯ᠎ᠢ ᠳᠣᠭᠳᠣᠯᠤᠭᠤᠯᠤᠮ᠎ᠠ ᠲᠥᠪ ᠶᠡᠭᠡᠮᠰᠦᠭ ᠴᠠᠭ ᠮᠥᠴᠡ᠎ᠶᠢ ᠬᠠᠮᠲᠤ᠎ᠪᠠᠷ ᠲᠡᠮᠳᠡᠭᠯᠡᠪᠡ᠃

 

QQ截图20250224163936.png


ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠤᠨ᠎ᠢ ᠡᠰᠡᠷᠭᠦᠴᠡᠬᠦ ᠲᠡᠶ᠋ᠢᠨ ᠵᠢᠴᠢ ᠳᠡᠯᠡᠬᠡᠢ᠎ᠶᠢᠨ ᠹᠠᠱ᠌ᠢᠰ᠎ᠢ ᠡᠰᠡᠷᠭᠦᠴᠡᠬᠦ ᠲᠡᠶ᠋ᠢᠨ ᠢᠯᠠᠯᠲᠠ ᠣᠯᠣᠭᠰᠠᠨ 80 ᠵᠢᠯ᠎ᠦᠨ ᠣᠶ᠎ᠶᠢ ᠳᠤᠷᠠᠰᠬᠠᠬᠤ ᠶᠡᠬᠡ ᠬᠤᠷᠠᠯ᠎ᠤᠨ ᠠᠬᠤᠢ ᠲᠠᠯᠠᠪᠠᠶ᠃

(ᠰᠢᠨᠬᠤᠸᠠ ᠬᠤᠷᠢᠶ᠎ᠡ ᠵᠢᠨ ᠭᠡᠷᠡᠯ ᠵᠢᠷᠤᠭ)

 

9 ᠰᠠᠷ᠎ᠠ᠎ᠶᠢᠨ 3᠎ᠤ ᠥᠷᠯᠥᠭᠡ ᠥᠪᠥᠷ ᠮᠣᠩᠭᠣᠯ᠎ᠤᠨ ᠡᠯ᠎ᠡ ᠭᠠᠵᠠᠷ᠂ ᠡᠯ᠎ᠡ ᠨᠢᠭᠡᠴᠢ᠎ᠶᠢᠨ ᠺᠠᠳ᠋ᠷ ᠠᠵᠢᠯᠲᠠᠳ ᠴᠡᠭᠡᠨ ᠬᠥᠰᠢᠭᠡᠨ᠎ᠦ ᠡᠮᠦᠨ᠎ᠡ ᠡᠷᠲᠡᠬᠡᠨ ᠰᠠᠭᠤᠵᠤ ᠳᠤᠷᠠᠰᠬᠠᠬᠤ ᠶᠡᠬᠡ ᠬᠤᠷᠠᠯ ᠡᠬᠢᠯᠡᠬᠦ᠎ᠶᠢ ᠬᠦᠯᠢᠶᠡᠵᠡᠭᠡᠨ᠎ᠡ᠃ ᠤᠯᠤᠰ᠎ᠤᠨ ᠲᠤᠭ ᠮᠠᠨᠳᠤᠵᠤ ᠤᠯᠤᠰ᠎ᠤᠨ ᠰᠦᠯᠳᠡ ᠳᠠᠭᠤᠤ ᠵᠢᠨ ᠠᠶᠠᠰ ᠬᠠᠩᠭᠢᠨᠠᠬᠤ ᠦᠶ᠎ᠡ ᠪᠡᠷ ᠪᠦᠬᠦ ᠬᠥᠮᠥᠰ ᠪᠣᠰᠴᠤ ᠵᠣᠭᠰᠣᠵᠠᠭᠠᠨ ᠤᠯᠤᠰ᠎ᠤᠨ ᠰᠦᠯᠳᠡ ᠳᠠᠭᠤᠤ᠎ᠶᠢ ᠬᠠᠩᠭᠢᠨᠠᠲᠠᠯ᠎ᠠ ᠳᠠᠭᠤᠯᠠᠵᠤ᠂ ᠬᠦᠮᠦᠨ ᠪᠤᠯᠭᠠᠨ᠎ᠤ ᠴᠢᠷᠠᠢ ᠎ᠳᠦ ᠣᠮᠣᠭ ᠪᠠᠬᠠᠳᠤᠯ ᠬᠢᠭᠡᠳ ᠬᠦᠨᠳᠦᠳᠬᠡᠯ ᠪᠢᠰᠢᠷᠠᠯ᠎ᠤᠨ ᠰᠡᠳᠬᠢᠯᠭᠡ  ᠪᠢᠯᠬᠠᠮ᠎ᠠ ᠪᠠᠢᠯ᠎ᠠ᠃


QQ截图20250731161406.png 


ᠥᠪᠥᠷ ᠮᠣᠩᠭᠣᠯ᠎ᠤᠨ ᠤᠷᠠᠯᠢᠭ᠋ ᠵᠦᠴᠦᠭᠡ᠎ᠶᠢᠨ ᠬᠦᠷᠢᠶᠡᠯᠡᠩ᠎ᠦᠨ ᠬᠢᠨ ᠪᠦᠬᠦ ᠬᠥᠮᠥᠰ᠎ᠢ ᠵᠣᠬᠢᠶᠠᠨ ᠪᠠᠢᠭᠤᠯᠵᠤ ᠰᠢᠭᠤᠳ ᠨᠡᠪᠲᠡᠷᠡᠭᠦᠯᠭᠡ᠎ᠶᠢ ᠬᠠᠮᠲᠦ ᠪᠡᠷ ᠦᠵᠡᠨ᠎ᠡ᠃ ᠵᠢᠷᠤᠭ ᠪᠣᠯ ᠪᠦᠬᠦ ᠬᠥᠮᠥᠰ ᠪᠣᠰᠴᠤ ᠵᠣᠭᠰᠣᠨ ᠤᠯᠤᠰ᠎ᠤᠨ ᠰᠦᠯᠳᠡ ᠳᠠᠭᠤᠤ᠎ᠶᠢ ᠬᠠᠩᠭᠢᠨᠠᠲᠠᠯ᠎ᠠ ᠳᠠᠭᠤᠯᠠᠵᠤ ᠪᠠᠢᠭ᠎ᠠ ᠨᠢ


QQ截图20250825102216.png 

 

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠶ ᠰᠢᠭᠤᠢ ᠵᠢᠨ ᠭᠠᠯ ᠤᠨᠲᠠᠷᠠᠭᠠᠬᠤ ᠶᠡᠷᠦᠩᠬᠡᠢ ᠠᠩᠭᠢ ᠡᠯ᠎ᠡ ᠨᠢᠭᠡᠴᠢ᠎ᠶᠢᠨ ᠵᠢᠡᠨ ᠭᠠᠯ ᠤᠨᠲᠠᠷᠠᠭᠠᠬᠤ ᠵᠢᠯᠣᠭᠣᠳᠤᠭ᠍ᠴᠢ ᠪᠠᠢᠯᠳᠤᠭ᠍ᠴᠢᠳ᠎ᠢ ᠵᠣᠬᠢᠶᠠᠨ ᠪᠠᠢᠭᠤᠯᠵᠦ ᠰᠢᠭᠤᠳ ᠨᠡᠪᠲᠡᠷᠡᠭᠦᠯᠭᠡ᠎ᠶᠢ ᠬᠠᠮᠲᠦ ᠪᠡᠷ ᠬᠦᠯᠢᠶᠡᠨ ᠠᠪᠴᠤ ᠦᠵᠡᠨ᠎ᠡ

 

QQ截图20250825102238.png

 

ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠩᠰᠠ ᠡᠪᠬᠡᠮᠡᠯ᠎ᠦᠨ ᠣᠷᠳᠣᠨ᠎ᠤ ᠺᠠᠳ᠋ᠷ ᠠᠵᠢᠯᠲᠠᠳ ᠰᠢᠭᠤᠳ ᠨᠡᠪᠲᠡᠷᠡᠭᠦᠯᠭᠡ᠎ᠶᠢ ᠬᠠᠮᠳᠦ ᠪᠡᠷ ᠬᠦᠯᠢᠶᠡᠨ ᠠᠪᠴᠤ ᠦᠵᠡᠨ᠎ᠡ


QQ截图20250828104401.png 

 

ᠬᠥᠬᠡᠬᠣᠲᠠ᠎ᠶᠢᠨ ᠳᠣᠲᠣᠭᠠᠳᠤ ᠎ᠶᠢ ᠬᠠᠮᠠᠭᠠᠯᠠᠬᠤ ᠲᠣᠪᠴᠢᠶ᠎ᠠ ᠵᠢᠨ ᠠᠷᠠᠳ᠎ᠤᠨ ᠴᠠᠭᠳᠠᠭ᠎ᠠ ᠨᠠᠷ ᠰᠢᠭᠤᠳ ᠨᠡᠪᠲᠡᠷᠡᠭᠦᠯᠭᠡ᠎ᠶᠢ ᠦᠵᠡᠨ᠎ᠡ


QQ截图20250828104424.png

 

ᠳᠤᠮᠳᠠᠳᠤ ᠤᠯᠤᠰ ᠎ᠤᠨ ᠲᠡᠮᠦᠷ ᠵᠠᠮ᠎ᠤᠨ ᠬᠥᠬᠡᠬᠣᠲᠠ᠎ᠶᠢᠨ ᠲᠣᠪᠴᠢᠶ᠎ᠠ ᠵᠢᠨ ᠬᠥᠬᠡᠬᠣᠲᠠ᠎ᠶᠢᠨ ᠮᠠᠰᠢᠨ᠎ᠤ ᠠᠵᠢᠯ᠎ᠤᠨ ᠬᠡᠰᠡᠭ᠎ᠦᠨ ᠠᠵᠢᠯᠲᠠᠳ ᠰᠢᠭᠤᠳ ᠨᠡᠪᠲᠡᠷᠡᠭᠦᠯᠭᠡ᠎ᠶᠢ ᠬᠦᠯᠢᠶᠡᠨ ᠠᠪᠴᠤ ᠦᠵᠡᠨ᠎ᠡ


QQ截图20240904155222.png

 

ᠬᠥᠬᠡᠬᠣᠲᠠ᠎ᠶᠢᠨ ᠣᠷᠣᠨ ᠰᠠᠭᠤᠴᠠ ᠪᠠ ᠬᠣᠲᠠ ᠬᠥᠳᠡᠭᠡ᠎ᠶᠢᠨ ᠪᠦᠲᠦᠭᠡᠨ ᠪᠠᠢᠭᠤᠯᠤᠯᠲᠠ᠎ᠶᠢᠨ ᠲᠣᠪᠴᠢᠶ᠎ᠠ ᠨᠠᠮ᠎ᠤᠨ ᠭᠡᠰᠢᠭᠦᠨ ᠺᠠᠳ᠋ᠷ ᠠᠵᠢᠯᠲᠠᠳ᠎ᠵᠢᠡᠨ ᠵᠣᠬᠢᠶᠠᠨ ᠪᠠᠢᠭᠤᠯᠵᠤ ᠰᠢᠭᠤᠳ ᠨᠡᠪᠲᠡᠷᠡᠭᠦᠯᠭᠡ᠎ᠶᠢ ᠬᠠᠮᠳᠦ ᠪᠡᠷ ᠬᠦᠯᠢᠶᠡᠨ ᠠᠪᠴᠤ ᠦᠵᠡᠨ᠎ᠡ


QQ截图20250224163936.png


ᠮᠠᠨᠵᠤᠤᠷ᠎ᠤᠨ ᠬᠢᠯᠢ᠎ᠶᠢᠨ ᠬᠠᠮᠢᠶᠠᠷᠤᠯᠲᠠ᠎ᠶᠢᠨ ᠶᠡᠬᠡ ᠠᠩᠭᠢ᠎ᠶᠢᠨ ᠴᠠᠭᠳᠠᠭ᠎ᠠ ᠨᠠᠷ ᠴᠠᠭᠳᠠᠨ ᠪᠠᠢᠴᠠᠭᠠᠬᠤ ᠶᠠᠪᠤᠴᠠ᠎ᠳᠠᠭᠠᠨ ᠭᠠᠷ ᠤᠲᠠᠰᠤ᠎ᠪᠠᠷ᠎ᠢᠶᠠᠨ ᠰᠢᠭᠤᠳ ᠨᠡᠪᠲᠡᠷᠡᠭᠦᠯᠭᠡ᠎ᠶᠢ ᠦᠵᠡᠨ᠎ᠡ


《ᠪᠢ ᠪᠣᠯ ᠴᠡᠷᠢᠭ᠎ᠡᠴᠡ ᠬᠠᠯᠠᠭᠳᠠᠭᠰᠠᠨ ᠠᠬᠠᠮᠠᠳ ᠴᠡᠷᠢᠭ ᠮᠥᠨ᠂ ᠴᠡᠷᠢᠭ᠎ᠦᠨ ᠵᠢᠭ᠍ᠰᠠᠭᠠᠯ ᠰᠢᠯᠭᠠᠨ ᠦᠵᠡᠬᠦ ᠶᠣᠰᠣᠯᠠᠯ᠎ᠢ ᠦᠵᠡᠭᠡᠳ ᠮᠠᠰᠢ ᠣᠮᠣᠭᠰᠢᠵᠤ ᠪᠠᠢᠨ᠎ᠠ᠂ ᠲᠡᠷᠢ ᠲᠡᠭᠰᠢ ᠡᠩᠨᠡᠭᠡ᠂ ᠰᠢᠨ᠎ᠡ ᠮᠠᠶᠢᠭ᠋᠎ᠤᠨ ᠵᠡᠪᠰᠡᠭ ᠲᠣᠨᠣᠭᠯᠠᠯ ᠨᠢ ᠮᠠᠨ᠎ᠤ ᠤᠯᠤᠰ᠎ᠤᠨ ᠢᠲᠡᠭᠡᠯ ᠵᠣᠷᠢᠭ᠋ ᠪᠣᠯᠣᠨ ᠤᠯᠤᠰ᠎ᠤᠨ ᠪᠠᠲᠤᠯᠠᠨ ᠬᠠᠮᠠᠭᠠᠯᠠᠯᠲᠠ᠎ᠶᠢᠨ ᠬᠦᠴᠦᠨ᠎ᠦ ᠬᠦᠴᠦᠷᠬᠡᠭ ᠶᠡᠬᠡ ᠵᠢ ᠬᠠᠷᠠᠭᠤᠯᠪᠠ》 ᠭᠡᠵᠦ ᠬᠥᠬᠡᠬᠣᠲᠠ᠎ᠶᠢᠨ ᠣᠷᠣᠨ ᠰᠠᠭᠤᠴᠠ ᠪᠠ ᠬᠣᠲᠠ ᠬᠥᠳᠡᠭᠡ᠎ᠶᠢᠨ ᠪᠦᠲᠦᠭᠡᠨ ᠪᠠᠢᠭᠤᠯᠤᠯᠲᠠ᠎ᠶᠢᠨ ᠲᠣᠪᠴᠢᠶ᠎ᠠ᠎ᠶᠢᠨ ᠳᠥᠷᠪᠡᠳᠦᠭᠡᠷ ᠲᠡᠰ᠎ᠤᠨ ᠪᠠᠢᠴᠠᠭᠠᠨ ᠰᠤᠳᠤᠯᠤᠭ᠍ᠴᠢ ᠾᠧ ᠵᠢᠶᠠᠨ ᠵᠢᠶᠦ᠋ᠨ ᠢᠯᠡᠷᠬᠡᠢᠯᠡᠭᠦ ᠳ᠋ᠡᠭᠡᠨ᠂ ᠴᠡᠷᠢᠭ᠎ᠦᠨ ᠬᠤᠪᠴᠠᠰᠤ ᠡᠮᠦᠰᠦᠭᠰᠡᠨ ᠴᠦ᠍ ᠲᠡᠷᠡ᠂ ᠡᠩ᠎ᠦᠨ ᠬᠤᠪᠴᠠᠰᠤ ᠡᠮᠦᠰᠦᠭᠰᠡᠨ ᠴᠦ᠍ ᠲᠡᠷᠡ ᠪᠢᠳᠡ ᠪᠦᠬᠦᠨ ᠠᠵᠢᠯ᠎ᠤᠨ ᠪᠠᠢᠷᠢ ᠳᠡᠭᠡᠷ᠎ᠡ᠎ᠪᠡᠨ ᠬᠤᠪᠢ ᠨᠡᠮᠡᠷᠢ ᠦᠵᠡᠭᠦᠯᠦᠨ᠎ᠡ ᠭᠡᠪᠡ᠃

ᠪᠦᠬᠦ ᠣᠷᠣᠨ᠎ᠤ ᠡᠯ᠎ᠡ ᠶᠡᠬᠡ ᠳᠡᠭᠡᠳᠦ ᠰᠤᠷᠭᠠᠭᠤᠯᠢ᠂ ᠳᠤᠮᠳᠠᠳᠤ ᠪᠠᠭ᠎ᠠ ᠰᠤᠷᠭᠠᠭᠤᠯᠢ ᠵᠢᠨ ᠬᠢᠨ ᠴᠡᠷᠢᠭ᠎ᠦᠨ ᠵᠢᠭ᠍ᠰᠠᠭᠠᠯ ᠰᠢᠯᠭᠠᠨ ᠦᠵᠡᠬᠦ ᠠᠵᠢᠯᠯᠠᠭ᠎ᠠ᠎ᠶᠢ ᠬᠦᠯᠢᠶᠡᠨ ᠠᠪᠴᠤ ᠦᠵᠡᠭᠦ ᠪᠡᠷ ᠤᠯᠤᠰ᠎ᠢᠶᠠᠨ ᠬᠠᠢᠷᠠᠯᠠᠬᠤ ᠦᠵᠡᠯ᠎ᠦᠨ ᠬᠥᠮᠦᠵᠢᠯ᠎ᠦᠨ ᠠᠮᠢᠳᠤᠯᠢᠭ᠋ ᠬᠢᠴᠢᠶᠡᠯ ᠪᠣᠯᠭᠠᠵᠤ᠂ ᠪᠠᠭ᠍ᠰᠢ ᠰᠤᠷᠤᠭ᠍ᠴᠢᠳ ᠨᠢᠭᠡ ᠲᠠᠩᠬᠢᠮ᠎ᠳᠤ ᠴᠤᠭᠯᠠᠷᠠᠨ ᠲᠤᠬᠠᠢ᠎ᠶᠢᠨ ᠲᠠᠯᠠᠪᠠᠢ᠎ᠶᠢᠨ ᠠᠭᠤᠷ ᠠᠮᠢᠰᠬᠤᠯ ᠲᠥᠪ ᠬᠢᠴᠢᠶᠡᠩᠭᠦᠢ ᠪᠥᠭᠡᠳ ᠬᠦᠷ ᠬᠥᠭᠵᠢᠶᠡᠨ ᠲᠡᠢ ᠪᠠᠢᠯ᠎ᠠ᠃


QQ截图20250731161406.png 


ᠥᠪᠥᠷ ᠮᠣᠩᠭᠣᠯ᠎ᠤᠨ ᠶᠡᠬᠡ ᠰᠤᠷᠭᠠᠭᠤᠯᠢ ᠴᠡᠷᠢᠭ᠎ᠦᠨ ᠪᠣᠯᠪᠠᠰᠤᠷᠠᠯ᠎ᠳᠦ ᠤᠷᠤᠯᠴᠠᠵᠤ ᠪᠠᠢᠭ᠎ᠠ ᠪᠠᠭ᠍ᠰᠢ ᠰᠤᠷᠤᠭ᠍ᠴᠢᠳ ᠵᠢᠡᠨ ᠵᠣᠬᠢᠶᠠᠨ ᠪᠠᠢᠭᠤᠯᠦᠨ ᠲᠠᠮᠢᠷ᠎ᠤᠨ ᠲᠠᠯᠠᠪᠠᠢ᠎ᠳᠤ ᠰᠢᠭᠤᠳ ᠨᠡᠪᠲᠡᠷᠡᠭᠦᠯᠭᠡ᠎ᠶᠢ ᠲᠥᠪᠯᠡᠷᠡᠭᠦᠯᠦᠨ ᠦᠵᠡᠨ᠎ᠡ

 

QQ截图20250825102216.png 

 

ᠬᠥᠬᠡᠬᠣᠲᠠ᠎ᠶᠢᠨ ᠰᠠᠢᠬᠠᠨ ᠲᠣᠭᠣᠷᠢᠭ᠋᠎ᠤᠨ ᠳ᠋ᠦᠩᠹᠧᠩ ᠵᠠᠮ᠎ᠤᠨ ᠪᠠᠭ᠎ᠠ ᠰᠤᠷᠭᠠᠭᠤᠯᠢ᠎ᠶᠢᠨ ᠰᠤᠷᠤᠭ᠍ᠴᠢᠳ ᠠᠩᠭᠢ᠎ᠳᠠᠭᠠᠨ ᠰᠢᠭᠤᠳ ᠨᠡᠪᠲᠡᠷᠡᠭᠦᠯᠭᠡ᠎ᠶᠢ ᠦᠵᠡᠵᠦ ᠪᠤᠢ


QQ截图20250825102238.png 

 

ᠲᠦᠩᠯᠢᠶᠣᠣ ᠬᠣᠲᠠ᠎ᠶᠢᠨ ᠬᠣᠷᠴᠢᠨ ᠵᠡᠭᠦᠨ ᠭᠠᠷᠤᠨ ᠬᠣᠢᠲᠤ ᠬᠣᠰᠢᠭᠤᠨ᠎ᠤ ᠭᠠᠨᠵᠤᠭ᠎ᠠ ᠨᠢᠭᠡᠳᠦᠭᠡᠷ ᠥᠨᠳᠥᠷ ᠵᠡᠷᠭᠡ᠎ᠶᠢᠨ ᠳᠤᠮᠳᠠᠳᠤ ᠰᠤᠷᠭᠠᠭᠤᠯᠢ᠎ᠶᠢᠨ ᠰᠤᠷᠤᠭ᠍ᠴᠢᠳ ᠠᠩᠭᠢ᠎ᠳᠠᠭᠠᠨ ᠰᠢᠭᠤᠳ ᠨᠡᠪᠲᠡᠷᠡᠭᠦᠯᠭᠡ᠎ᠶᠢ ᠦᠵᠡᠨ᠎ᠡ


QQ截图20250828104401.png


ᠥᠪᠥᠷ ᠮᠣᠩᠭᠣᠯ᠎ᠤᠨ ᠠᠵᠤ ᠦᠢᠯᠡᠳᠪᠦᠷᠢ᠎ᠶᠢᠨ ᠶᠡᠬᠡ ᠰᠤᠷᠭᠠᠭᠤᠯᠢ᠎ᠶᠢᠨ ᠬᠠᠷᠢᠶᠠᠲᠤ ᠪᠠᠭ᠎ᠠ ᠰᠤᠷᠭᠠᠭᠤᠯᠢ᠎ᠶᠢᠨ ᠰᠤᠷᠤᠭ᠍ᠴᠢᠳ ᠠᠩᠭᠢ᠎ᠳᠠᠭᠠᠨ ᠰᠢᠭᠤᠳ ᠨᠡᠪᠲᠡᠷᠡᠭᠦᠯᠭᠡ᠎ᠶᠢ ᠦᠵᠡᠨ᠎ᠡ


QQ截图20250828104424.png


ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠰᠣᠯᠣᠨ ᠳᠤᠮᠳᠠᠳᠤ ᠰᠤᠷᠭᠠᠭᠤᠯᠢ ᠪᠦᠬᠦ ᠰᠤᠷᠭᠠᠭᠤᠯᠢ᠎ᠶᠢᠨ 18 ᠠᠩᠭᠢ᠂ 650 ᠪᠠᠭ᠍ᠰᠢ ᠰᠤᠷᠤᠭ᠍ᠴᠢᠳ ᠵᠢᠡᠨ ᠵᠣᠬᠢᠶᠠᠨ ᠪᠠᠢᠭᠤᠯᠵᠤ ᠰᠢᠭᠤᠳ ᠨᠡᠪᠲᠡᠷᠡᠭᠦᠯᠭᠡ᠎ᠶᠢ ᠲᠥᠪᠯᠡᠷᠡᠭᠦᠯᠦᠨ ᠦᠵᠡᠪᠡ


ᠰᠢᠭᠤᠳ ᠨᠡᠪᠲᠡᠷᠡᠭᠦᠯᠭᠡ᠎ᠶᠢ ᠦᠵᠡᠭᠰᠡᠨ᠎ᠦ ᠲᠠᠷᠠᠭ᠎ᠠ᠂ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤᠨ᠎ᠤ ᠰᠣᠯᠣᠨ ᠳᠤᠮᠳᠠᠳᠤ ᠰᠤᠷᠭᠠᠭᠤᠯᠢ᠎ᠶᠢᠨ ᠲᠡᠦᠬᠡ᠎ᠶᠢᠨ ᠪᠠᠭ᠍ᠰᠢ ᠰᠢᠤᠸᠠᠢ ᠪᠠᠢ ᠬᠤᠢ᠄《ᠥᠩᠭᠡᠷᠡᠭᠰᠡᠨ᠎ᠳᠦ ᠮᠠᠨ᠎ᠤ ᠠᠬᠠᠮᠠᠳ ᠦᠶ᠎ᠡ᠎ᠶᠢᠨ ᠬᠢᠨ ᠬᠦᠴᠢᠷ ᠪᠡᠷᠬᠡᠰᠢᠶᠡᠯ᠎ᠦᠨ ᠳᠤᠮᠳᠠ ᠴᠢᠰᠤ ᠤᠷᠤᠰᠬᠠᠨ ᠲᠡᠮᠡᠴᠡᠵᠦ᠂ ᠠᠷᠢᠭᠤᠨ ᠴᠢᠰᠤ ᠪᠣᠯᠣᠨ ᠠᠮᠢ ᠨᠠᠰᠤ᠎ᠪᠠᠷ᠎ᠢᠶᠠᠨ ᠦᠨᠳᠦᠰᠦᠲᠡᠨ᠎ᠦ ᠲᠤᠰᠠᠭᠠᠷ ᠲᠣᠭᠲᠠᠨᠢᠯ ᠪᠠ ᠨᠡᠷ᠎ᠡ ᠬᠦᠨᠳᠦ᠎ᠶᠢ ᠰᠣᠯᠢᠵᠤ ᠠᠪᠴᠢᠷᠠᠭᠰᠠᠨ ᠶᠤᠮ᠃ ᠥᠨᠥᠳᠥᠷ᠎ᠤᠨ ᠲᠡᠷᠢ ᠲᠡᠭᠰᠢ ᠵᠢᠬᠰᠠᠭᠠᠯ᠎ᠤᠨ ᠡᠩᠨᠡᠭᠡ᠂ ᠲᠡᠷᠢᠭᠦᠨ᠎ᠦ ᠰᠢᠯᠢᠳᠡᠭ ᠲᠣᠨᠣᠭᠯᠠᠯ ᠤᠯᠤᠰ᠎ᠤᠨ ᠦᠷᠨᠢᠯ ᠬᠥᠭᠵᠢᠯ᠎ᠢ ᠳᠡᠯᠭᠡᠨ ᠦᠵᠡᠭᠦᠯᠪᠡ᠃ ᠲᠡᠦᠬᠡ᠎ᠶᠢᠨ ᠪᠠᠭ᠍ᠰᠢ ᠪᠣᠯᠤᠭᠰᠠᠨ᠎ᠤ ᠬᠤᠪᠢ᠎ᠳᠤ᠂ ᠲᠡᠦᠬᠡ᠎ᠵᠢᠨ ᠬᠦᠨᠳᠦ ᠡᠭᠦᠷᠭᠡ ᠪᠠ ᠢᠷᠠᠭᠤ ᠠᠯᠳᠠᠷ᠎ᠢ ᠰᠤᠷᠤᠭ᠍ᠴᠢᠳ᠎ᠲᠠᠭᠠᠨ ᠤᠯᠠᠮᠵᠢᠯᠠᠬᠤ ᠡᠭᠦᠷᠭᠡ ᠬᠠᠷᠢᠭᠤᠴᠠᠯᠭ᠎ᠠ ᠮᠢᠨᠢ ᠨᠡᠩ ᠡᠷᠡᠰ ᠪᠠᠳᠤ ᠪᠤᠯᠵᠤ᠂ ᠲᠡᠳᠡᠨ᠎ᠤ ᠥᠩᠭᠡᠷᠡᠭᠰᠡᠨ᠎ᠢᠶᠡᠨ ᠪᠠᠲᠤ ᠴᠡᠭᠡᠵᠢᠯᠡᠵᠦ᠂ ᠡᠷᠡᠯᠬᠡᠭ ᠪᠠᠭᠠᠲᠤᠷᠯᠢᠭ᠋᠎ᠢᠶᠠᠷ ᠤᠷᠤᠭᠰᠢᠯᠠᠬᠤ ᠵᠢ ᠨᠢ ᠬᠦᠳᠦᠯᠦᠨ ᠵᠢᠯᠤᠭᠤᠳᠤᠨ᠎ᠠ》 ᠭᠡᠵᠦ ᠶᠠᠷᠢᠵᠦ ᠪᠠᠢᠯ᠎ᠠ᠃

《ᠪᠢ ᠰᠠᠶᠢ᠎ᠶᠢᠨ ᠴᠡᠷᠢᠭ᠎ᠦᠨ ᠵᠢᠭ᠍ᠰᠠᠭᠠᠯ ᠰᠢᠯᠭᠠᠨ ᠦᠵᠡᠬᠦ ᠠᠵᠢᠯᠯᠠᠭ᠎ᠠ ᠵᠢ ᠦᠵᠡᠭᠡᠳ ᠬᠢᠵᠠᠭᠠᠯᠠᠰᠢ ᠦᠭᠡᠢ ᠳᠣᠭᠳᠣᠯᠤᠯ᠎ᠠ᠃ ᠪᠢ ᠯᠠᠪᠲᠠᠢ ᠰᠠᠢᠲᠤᠷ ᠰᠤᠷᠤᠯᠴᠠᠨ᠎ᠠ᠂ ᠲᠡᠳᠡᠨ᠎ᠲᠠᠢ ᠠᠳᠠᠯᠢ᠎ᠪᠠᠷ ᠡᠬᠡ ᠤᠯᠤᠰ᠎ᠤᠨ᠎ᠢᠶᠠᠨ ᠲᠥᠯᠥᠭᠡ ᠬᠤᠪᠢ ᠨᠡᠮᠡᠷᠢ ᠪᠠᠨ ᠦᠵᠡᠭᠦᠯᠦᠨ᠎ᠡ᠃ ᠤᠳᠤ᠎ᠶᠢᠨ ᠰᠠᠢᠨ ᠰᠠᠢᠬᠠᠨ ᠠᠮᠢᠳᠤᠷᠠᠯ᠎ᠢ ᠴᠥᠮ ᠲᠣᠭ᠎ᠠ ᠲᠣᠮᠰᠢ ᠦᠭᠡᠢ ᠦᠷᠡᠭᠳᠡᠭᠰᠡᠨ ᠪᠠᠭᠠᠲᠤᠷᠴᠤᠳ᠎ᠤᠨ ᠠᠷᠢᠭᠤᠨ ᠴᠢᠰᠤ᠎ᠪᠠᠷ ᠰᠣᠯᠢᠵᠤ ᠠᠪᠴᠢᠷᠠᠭᠰᠠᠨ ᠭᠡᠵᠦ ᠪᠠᠭ᠍ᠰᠢ ᠮᠢᠨᠢ ᠪᠢᠳᠡᠨ᠎ᠳᠦ ᠵᠢᠭᠠᠭᠰᠠᠨ ᠶᠤᠮ᠂ ᠪᠢ ᠲᠡᠳᠡᠨᠤᠰ᠎ᠲᠦ 〈ᠪᠠᠶᠠᠷᠯᠠᠯ᠎ᠠ〉 ᠭᠡᠵᠦ ᠬᠡᠯᠡᠬᠦ ᠵᠢ ᠬᠦᠰᠡᠵᠦ ᠪᠤᠢ》 ᠭᠡᠵᠦ ᠬᠥᠬᠡᠬᠣᠲᠠ᠎ᠶᠢᠨ ᠰᠠᠢᠬᠠᠨ ᠲᠣᠭᠣᠷᠢᠭ᠋᠎ᠤᠨ ᠳ᠋ᠦᠩᠹᠸᠩ ᠵᠠᠮ᠎ᠤᠨ ᠪᠠᠭ᠎ᠠ ᠰᠤᠷᠭᠠᠭᠤᠯᠢ᠎ᠶᠢᠨ ᠲᠠᠪᠤᠳᠤᠭᠠᠷ ᠣᠨ᠎ᠤ ᠨᠠᠶ᠋ᠮᠠᠳᠤᠭᠠᠷ ᠠᠩᠭᠢ᠎ᠶᠢᠨ ᠰᠤᠷᠤᠭ᠍ᠴᠢ ᠰᠢᠶᠸ ᠵᠢᠶᠠ ᠢ ᠲᠤᠭᠲᠤᠯᠤᠨ ᠶᠠᠷᠢᠯ᠎ᠠ᠃

ᠦᠢᠯᠡᠳᠪᠦᠷᠢ᠎ᠶᠢᠨ ᠲᠠᠰᠤᠭ᠂ ᠨᠡᠢᠭᠡᠮ ᠲᠣᠭᠣᠷᠢᠭ᠋᠎ᠤᠨ ᠠᠵᠢᠯᠯᠠᠭ᠎ᠠ ᠵᠢᠨ ᠲᠥᠪ᠎ᠲᠦ ᠭᠡᠰᠡᠨ ᠦᠭᠡᠢ᠂ ᠡᠰᠡᠭᠦᠯ᠎ᠡ ᠭᠡᠷ᠎ᠲᠡᠬᠡᠨ ᠰᠠᠳᠤᠨ ᠲᠥᠷᠥᠯ᠎ᠲᠠᠢ᠎ᠪᠡᠨ ᠬᠠᠮᠲᠤ ᠬᠡᠰᠡᠨ ᠦᠭᠡᠢ ᠪᠥᠬᠥ ᠣᠷᠣᠨ᠎ᠤ ᠦᠨᠳᠦᠰᠦᠲᠡᠨ᠎ᠨᠦᠭᠦᠳ᠎ᠦᠨ ᠠᠷᠠᠳ ᠲᠦᠮᠡᠨ ᠬᠠᠮᠤᠭ᠎ᠤᠨ ᠤᠷᠭᠢᠯᠦᠮ᠎ᠠ ᠬᠠᠯᠠᠭᠤᠨ ᠰᠡᠳᠬᠢᠯᠭᠡ᠎ᠪᠡᠷ ᠡᠨᠡ ᠬᠦ᠌ ᠴᠠᠭ ᠮᠥᠴᠡ ᠵᠢ ᠲᠡᠮᠳᠡᠭᠯᠡᠭᠰᠡᠨ ᠪᠠᠢᠨ᠎ᠠ᠃


QQ截图20240904155222.png


ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠶᠢᠨ ᠭᠤᠷᠪᠠᠳᠤᠭᠠᠷ ᠲᠣᠪᠴᠢᠶ᠎ᠠ᠎ᠶᠢᠨ ᠬᠤᠸᠠᠪᠸᠢ ᠣᠷᠣᠨ (ᠬᠥᠬᠡᠬᠣᠲᠠ)᠎ᠤ ᠠᠭᠠᠷ᠎ᠤᠨ ᠵᠠᠮ ᠬᠠᠷᠢᠯᠴᠠᠭᠠᠨ᠎ᠤ ᠵᠠᠬᠢᠷᠤᠨ ᠬᠠᠮᠢᠶᠠᠷᠬᠤ ᠴᠢᠳᠠᠪᠤᠷᠢ᠎ᠶᠢ ᠳᠡᠭᠡᠭᠰᠢᠯᠡᠭᠦᠯᠬᠦ ᠰᠠᠭᠤᠷᠢ ᠲᠦᠬᠦᠭᠡᠷᠦᠮᠵᠢ᠎ᠶᠢᠨ ᠲᠥᠷᠥᠯ ᠵᠦᠢᠯ᠎ᠦᠨ ᠪᠠᠷᠢᠯᠭ᠎ᠠ᠎ᠶᠢᠨ ᠭᠠᠵᠠᠷ᠎ᠲᠤ᠂ ᠠᠵᠢᠯᠴᠢᠳ ᠭᠠᠷ ᠤᠲᠠᠰᠤ ᠎ᠪᠠᠷ ᠎ᠢᠶᠠᠨ ᠰᠢᠭᠤᠳ ᠨᠡᠪᠲᠡᠷᠡᠭᠦᠯᠭᠡ᠎ᠶᠢ ᠦᠵᠡᠵᠦ ᠪᠠᠢᠨ᠎ᠠ


QQ截图20250224163936.png


ᠬᠥᠬᠡᠬᠣᠲᠠ᠎ᠶᠢᠨ ᠰᠢᠨ᠎ᠡ ᠬᠣᠲᠠ ᠲᠣᠭᠣᠷᠢᠭ᠋᠎ᠤᠨ ᠵᠡᠭᠦᠨ ᠵᠡᠭᠡᠯᠢ ᠵᠡᠭᠡᠯᠢ ᠭᠤᠳᠤᠮᠵᠢ᠎ᠶᠢᠨ ᠾᠧ ᠰᠢ ᠨᠡᠢᠭᠡᠮ ᠲᠣᠭᠣᠷᠢᠭ᠋᠎ᠤᠨ ᠠᠵᠢᠯᠲᠠᠨ ᠪᠣᠯᠣᠨ ᠰᠠᠭᠤᠭᠠᠯᠢ ᠠᠷᠠᠳ ᠰᠢᠭᠤᠳ ᠨᠡᠪᠲᠡᠷᠡᠭᠦᠯᠭᠡ᠎ᠶᠢ ᠬᠠᠮᠲᠤ ᠪᠡᠷ ᠦᠵᠡᠨ᠎ᠡ


QQ截图20250731161406.png

 

ᠬᠥᠬᠡᠬᠣᠲᠠ᠎ᠶᠢᠨ ᠰᠢᠨ᠎ᠡ ᠬᠤᠳᠠ ᠲᠣᠭᠣᠷᠢᠭ᠋᠎ᠤᠨ ᠣᠪᠣᠭ᠎ᠠ ᠲᠣᠰᠬᠣᠨ᠎ᠤ ᠰᠠᠭᠤᠭᠠᠯᠢ ᠠᠷᠠᠳ ᠸᠠᠩ ᠵᠢᠶᠦ᠋ᠨ ᠴᠢᠩ ᠭᠡᠷ᠎ᠦᠨ ᠬᠥᠮᠥᠰ᠎ᠲᠠᠢ᠎ᠪᠡᠨ ᠬᠠᠮᠲᠤ ᠰᠢᠭᠤᠳ ᠨᠡᠪᠲᠡᠷᠡᠭᠦᠯᠭᠡ᠎ᠶᠢ ᠦᠵᠡᠨ᠎ᠡ

 

《ᠪᠢ ᠭᠡᠷ᠎ᠦᠨ ᠬᠥᠮᠥᠰ᠎ᠲᠠᠢ᠎ᠪᠡᠨ ᠠᠯᠢ ᠡᠷᠲᠡ ᠲᠧᠯᠸᠢᠰ᠎ᠢᠶᠡᠨ ᠨᠡᠭᠡᠭᠡᠵᠦ ᠰᠢᠭᠤᠳ ᠨᠡᠪᠲᠡᠷᠡᠭᠦᠯᠭᠡ ᠦᠵᠡᠬᠦ᠎ᠪᠡᠷ ᠬᠦᠯᠢᠶᠡᠯ᠎ᠠ᠂ ᠮᠠᠰᠢ ᠰᠡᠳᠬᠢᠯ ᠲᠤᠬᠳᠤᠯᠪᠠ᠂ ᠳᠤᠮᠳᠠᠳᠤ ᠤᠯᠤᠰ᠎ᠤᠨ ᠬᠥᠮᠥᠨ ᠮᠦᠷᠳᠡᠭᠡᠨ ᠢᠷᠠᠭᠤ ᠠᠯᠳᠠᠷᠲᠤ ᠡᠪ ᠬᠠᠮᠲᠤ ᠨᠠᠮ᠎ᠤᠨ ᠭᠡᠰᠢᠭᠦᠨ ᠪᠣᠯᠤᠭᠰᠠᠨ᠎ᠤ ᠬᠤᠪᠢ᠎ᠳᠤ᠂ ᠪᠢ ᠴᠡᠴᠡᠭᠯᠡᠨ ᠬᠥᠭᠵᠢᠭᠰᠡᠨ ᠬᠦᠴᠦᠷᠬᠡᠭ ᠶᠡᠬᠡ ᠤᠯᠤᠰ᠎ᠲᠤ ᠲᠦᠷᠦᠭᠰᠡᠨ᠎ᠳᠡᠭᠡᠨ ᠣᠮᠣᠭᠰᠢᠵᠤ ᠪᠠᠢᠨ᠎ᠠ》 ᠭᠡᠵᠦ ᠬᠥᠬᠡᠬᠣᠲᠠ᠎ᠶᠢᠨ ᠰᠢᠨ᠎ᠡ ᠬᠤᠳᠠ ᠲᠣᠭᠣᠷᠢᠭ᠋᠎ᠤᠨ ᠤᠪᠤᠭ᠎ᠠ ᠲᠣᠰᠬᠣᠨ᠎ᠤ ᠰᠠᠭᠤᠭᠠᠯᠢ ᠠᠷᠠᠳ ᠸᠠᠩ ᠵᠢᠶᠦ᠋ᠨ ᠴᠢᠩ ᠰᠡᠳᠬᠢᠯ ᠳᠣᠭᠳᠣᠯᠤᠨ ᠬᠡᠯᠡᠨ᠎ᠡ᠃

ᠡᠨᠡ ᠡᠳᠦᠷ᠂ ᠤᠮᠠᠷᠠᠲᠤ ᠬᠢᠯᠢ᠎ᠶᠢᠨ 118.3 ᠲᠦᠮᠡᠨ ᠲᠡᠭᠰᠢ ᠳᠥᠷᠪᠡᠯᠵᠢᠨ ᠺᠢᠯᠤᠮᠸᠲᠷ ᠡᠬᠡ ᠭᠠᠵᠠᠷ᠎ᠲᠤ᠂ ᠦᠪᠦᠷ ᠮᠤᠩᠭᠤᠯ᠎ᠤᠨ ᠦᠨᠳᠦᠰᠦᠳᠡᠨ ᠨᠤᠬᠦᠳ᠎ᠤᠨ ᠠᠷᠠᠳ ᠲᠦᠮᠡᠨ ᠲᠢᠶᠠᠨ ᠠᠨ ᠮᠸᠨ ᠠᠭᠤᠳᠠᠮ ᠲᠠᠯᠠᠪᠠᠢ᠎ᠶᠢᠨ ᠢᠳᠡᠷᠡᠭᠦᠨ ᠠᠯᠬᠤᠭ᠎ᠠ᠎ᠶᠢᠨ ᠲᠠᠭᠤᠨ᠎ᠳᠦ ᠪᠦᠬᠦ ᠤᠯᠤᠰ᠎ᠤᠨ ᠠᠷᠠᠳ ᠲᠦᠮᠡᠨ᠎ᠲᠠᠢ ᠬᠠᠮᠲᠤ ᠪᠠᠷ ᠤᠯᠤᠰ ᠣᠷᠣᠨ᠎ᠤ ᠬᠥᠭᠵᠢᠯ ᠴᠡᠴᠡᠭᠯᠡᠯ ᠪᠠᠶᠠᠵᠢᠯ ᠬᠦᠴᠦᠷᠬᠡᠭᠵᠢᠯ ᠎ᠢ ᠭᠡᠷᠡᠴᠢᠯᠡᠵᠦ᠂ ᠳᠤᠮᠳᠠᠳᠤ᠎ᠶᠢᠨ ᠦᠨᠳᠦᠰᠦᠲᠡᠨ᠎ᠦ ᠰᠠᠢᠨ ᠰᠠᠢᠬᠠᠨ ᠢᠷᠡᠭᠡᠳᠦᠢ᠎ᠶᠢ ᠬᠦᠰᠡᠨ ᠪᠠᠷᠠᠯᠠᠵᠦ ᠪᠠᠢᠨ᠎ᠠ᠃

ᠢᠷᠡᠯᠲᠡ᠄  ᠦᠪᠦᠷ ᠮᠤᠨᠭᠭᠤᠯ᠎ᠤᠨ ᠡᠳᠦᠷ᠎ᠤᠨ ᠰᠤᠨᠢᠨ᠎ᠤ ᠵᠢᠷᠭᠢᠶ᠎ᠡ ᠵᠢᠨ ᠲᠡᠪᠴᠡᠨᠭ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号