ᠠᠭᠤᠤ ᠶᠡᠬᠡ ᠢᠯᠠᠯᠲᠠ᠎ᠡᠴᠡ ᠠᠭᠤᠤ ᠶᠡᠬᠡ ᠰᠡᠷᠭᠦᠨ ᠮᠠᠨᠳᠤᠯᠲᠠ ᠲᠡᠢᠰᠢ ᠤᠷᠤᠬᠰᠢᠯᠠᠨᠠᠮ
2025-09-05 10:30:49
ᠵᠣᠬᠢᠶᠠᠭ᠍ᠴᠢ᠄
ᠱᠢᠨᠬᠤᠸᠠ ᠬᠣᠷᠢᠶ᠎ᠠ ᠵᠢᠨ ᠰᠤᠷᠪᠤᠯᠵᠢᠯᠠᠭ᠍ᠴᠢ ᠯᠢᠦ ᠢ ᠮᠢ ᠰᠧ ᠶᠤᠸᠠᠨ ᠢᠤᠢ ᠱᠢᠶᠤᠤ ᠴᠢᠤᠸᠠᠨ
ᠣᠩᠱᠢᠭ᠍ᠰᠠᠨ ᠣᠳᠠᠭ᠎ᠠ᠄
★★★☆☆

— ᠶᠠᠫᠣᠨ ᠎ᠢ ᠡᠰᠡᠷᠭᠦᠴᠡᠬᠦ᠌ ᠲᠡᠢᠨ ᠢᠯᠠᠯᠲᠠ ᠣᠯᠤᠭ᠍ᠰᠠᠨ 80  ᠵᠢᠯ ᠎ᠦᠨ ᠣᠶ ᠎ᠶ᠋ᠢ ᠳᠤᠷᠠᠰᠭᠠᠬᠤ ᠴᠡᠷᠢᠭ ᠠᠩᠭᠢ ᠵᠢ ᠱᠢᠯᠭᠠᠨ ᠦᠵᠡᠭ᠌ᠰᠡᠨ ᠪᠦᠬᠦ ᠦᠵᠡᠭᠳᠡᠯ ᠤ᠋ᠨ ᠪᠣᠳᠠᠲᠤ ᠲᠡᠮᠳᠡᠭ᠌ᠯᠡᠯ


ᠴᠠᠭ ᠮᠦᠴᠡ ᠠᠭᠤᠤ ᠶᠡᠬᠡ᠎ᠶ᠋ᠢ ᠭᠡᠷᠡᠴᠢᠯᠡᠨ᠎ᠠ᠃

1945 ᠣᠨ ᠎ᠤ 9 ᠰᠠᠷ᠎ᠠ᠎ᠶ᠋ᠢᠨ 3 ᠤ᠋ ᠡᠳᠦᠷ᠂ ᠳᠤᠮᠳᠠᠳᠤ ᠤᠯᠤᠰ᠎ᠤᠨ ᠠᠷᠠᠳ ᠲᠦᠮᠡᠨ ᠶᠠᠫᠣᠨ᠎ᠢ ᠡᠰᠡᠷᠭᠦᠴᠡᠬᠦ᠌ ᠳᠠᠢᠨ᠎ᠦ ᠠᠭᠤᠤ ᠶᠡᠬᠡ ᠢᠯᠠᠯᠲᠠ᠎ᠶ᠋ᠢ ᠣᠯᠵᠤ᠂ ᠳᠡᠯᠡᠬᠡᠶ᠎ᠶ᠋ᠢᠨ ᠹᠠᠱ᠌ᠢᠰ᠎ᠢ ᠡᠰᠡᠷᠭᠦᠴᠡᠬᠦ᠌ ᠳᠠᠢᠨ᠎ᠦ ᠪᠦᠷᠢᠨ ᠢᠯᠠᠯᠲᠠ ᠤᠯᠤᠬᠰᠠᠨ᠎ᠢ᠎ᠲᠤᠩᠬᠠᠭ᠍ᠯᠠᠪᠠ᠃

2025 ᠣᠨ᠎ᠤ 9 ᠰᠠᠷ᠎ᠠ᠎ᠶ᠋ᠢᠨ 3 ᠤ᠋ ᠡᠳᠦᠷ᠂ ᠳᠤᠮᠳᠠᠳᠤ ᠤᠯᠤᠰ ᠲᠢᠶᠠᠨ ᠠᠨ ᠮᠸᠨ ᠲᠠᠯᠠᠪᠠᠶ᠎ᠳᠤ ᠨᠢᠭᠡ ᠤᠳᠠᠭᠠᠨ ᠤ᠋ ᠦᠪᠡᠳᠡᠭ᠌ᠰᠢ ᠶᠡᠬᠡ ᠴᠡᠷᠢᠭ ᠠᠩᠭᠢ ᠵᠢ ᠱᠢᠯᠭᠠᠨ ᠦᠵᠡᠬᠦ᠌ ᠶᠣᠰᠣᠯᠠᠯ ᠶᠠᠪᠤᠭᠤᠯᠵᠤ᠄ ᠳᠤᠮᠳᠠᠳᠤ ᠶ᠋ᠢᠨ ᠦᠨᠳᠦᠰᠦᠲᠡᠨ ᠎ᠦ ᠠᠭᠤᠤ ᠶᠡᠬᠡ ᠰᠡᠷᠭᠦᠨ ᠮᠠᠨᠳᠤᠯᠲᠠ ᠵᠢᠨ ᠰᠦᠷ ᠬᠦᠴᠦᠨ ᠬᠤᠷᠢᠬ᠍ᠯᠠᠭ᠍ᠳᠠᠰᠢ ᠥᠬᠡᠶ! ᠬᠥᠮᠦᠨ ᠲᠥᠷᠥᠯᠬᠢᠲᠡᠨ᠎ᠦ ᠡᠩᠬᠡ ᠲᠠᠢᠪᠤᠩ ᠪᠠ ᠬᠥᠭ᠌ᠵᠢᠯᠲᠡ᠎ᠶ᠋ᠢᠨ ᠡᠷᠬᠢᠮ ᠳᠡᠭᠡᠳᠦ ᠦᠢᠯᠡᠰ ᠯᠠᠪᠲᠠᠢ ᠢᠯᠠᠯᠲᠠ ᠣᠯᠤᠨ᠎ᠠ ᠭᠡᠵᠤ ᠲᠤᠩᠬᠠᠬᠯᠠᠪᠠ !

ᠦᠷ ᠤ᠋ᠨ ᠭᠡᠭᠡ ᠪᠡᠷ  ᠲᠢᠶᠠᠨ ᠠᠨ ᠮᠧᠨ᠎ᠵᠦᠭ

ᠲᠡᠷᠭᠡᠨ᠎ᠤ ᠳ᠋ᠧᠩ ᠪᠠᠮᠪᠠᠷ ᠮᠡᠳᠦ ᠬᠡᠷᠡᠯᠳᠦᠨ᠂ ᠰᠥᠨᠢ᠎ᠶ᠋ᠢᠨ ᠬᠥᠱᠢᠭᠡ᠎ᠶ᠋ᠢ ᠭᠡᠢᠭᠦᠯᠪᠡ᠃

ᠬᠡᠳᠦᠨ ᠵᠠᠭᠤᠨ ᠪᠠᠢᠯᠳᠤᠭᠠᠨ᠎ᠤ ᠲᠡᠷᠭᠡ ᠴᠡᠷᠢᠭ ᠠᠩᠭᠢ ᠵᠢ ᠱᠢᠯᠭᠠᠨ ᠦᠵᠡᠬᠦ᠌ ᠶᠣᠰᠣᠯᠠᠯ ᠎ᠤᠨ ᠲᠥᠪᠯᠡᠷᠡᠭᠦᠯᠦᠨ ᠪᠣᠯᠪᠠᠰᠤᠷᠠᠭᠤᠯᠬᠤ ᠭᠠᠵᠠᠷ᠎ᠡᠴᠡ ᠬᠣᠢᠨ᠎ᠠ ᠬᠣᠢᠨ᠎ᠠ᠎ᠡᠴᠡ᠎ᠪᠠᠨ ᠮᠤᠷᠳᠠᠵᠤ᠂ ᠲᠦᠮᠡ ᠭᠠᠷᠤᠢ ᠳᠠᠷᠤᠭ᠎ᠠ ᠪᠠᠢᠯᠳᠤᠭ᠍ᠴᠢ ᠴᠤᠭ᠍ᠯᠠᠷᠠᠪᠠ᠃

ᠳᠡᠮᠡᠢ ᠬᠤᠯᠠ ᠦᠭᠡᠢ ᠨᠢᠭᠡᠨ ᠴᠡᠷᠢᠭ ᠎ᠦᠨ ᠬᠤᠸᠠᠷᠠᠨ᠎ᠳᠤ᠂ ᠬᠠᠮᠲᠤᠷᠠᠭ᠍ᠰᠠᠨ ᠴᠡᠷᠢᠭ᠎ᠦᠨ ᠬᠥᠭ᠌ᠵᠢᠮ᠎ᠦᠨ ᠪᠦᠯᠬᠦᠮ᠎ᠦᠨ ᠬᠥᠭ᠌ᠵᠢᠮᠴᠢᠨ ᠾᠧᠦ ᠪᠢᠩ ᠮᠥᠩᠭᠥᠨ ᠴᠠᠭᠠᠨ ᠦᠩᠭᠡ᠎ᠲᠡᠶ ᠶᠣᠰᠣᠯᠠᠯ᠎ᠤᠨ ᠪᠦᠷᠢᠶ᠎ᠡ ᠪᠠᠨ ᠪᠠᠷᠢᠨ ᠶᠤᠰᠤᠯᠠᠯ ᠳ᠋ᠤ ᠤᠷᠤᠯᠴᠠᠬᠤ ᠪᠡᠷ ᠪᠡᠯᠡᠬᠡᠨ ᠪᠤᠯᠪᠠ᠃  ᠪᠡᠭᠡᠵᠢᠩ ᠡᠴᠡ ᠭᠠᠳᠠᠨᠠᠬᠢ ᠡᠯ᠎ᠡ ᠭᠠᠵᠠᠷ᠎ᠤᠨ ᠤᠯᠠᠨ ᠨᠢᠰᠭᠡᠯ᠎ᠦᠨ ᠪᠠᠭᠤᠳᠠᠯ᠎ᠳᠤ᠂ ᠬᠠᠭᠤᠷᠠᠢ ᠵᠠᠮ᠂ ᠲᠠᠯᠠᠢ᠂ ᠠᠭᠠᠷ ᠭᠤᠷᠪᠠᠨ ᠵᠠᠮ᠎ᠤᠨ ᠴᠡᠷᠢᠭ᠎ᠦᠨ ᠨᠢᠰᠭᠡᠭ᠌ᠴᠢ ᠥᠷ᠎ᠤᠨ ᠲᠤᠶᠠᠭ᠎ᠠ ᠵᠢ ᠤᠬᠳᠤᠨ ᠨᠢᠰᠭᠡᠯ ᠳ᠋ᠡᠭᠡᠨ ᠭᠠᠷᠴᠤ  ᠵᠠᠷᠯᠢᠭ ᠬᠦᠯᠢᠶᠡᠪᠡ᠃

ᠲᠡᠳᠡ ᠳᠡᠯᠡᠬᠡᠶ ᠳ᠋ᠠᠬᠢᠨ᠎ᠤ ᠠᠩᠬᠠᠷᠤᠯ ᠎ᠢ ᠲᠠᠲᠠᠭ᠍ᠰᠠᠨ ᠭᠠᠵᠠᠷ  —— ᠲᠢᠶᠠᠨ ᠠᠨ ᠮᠸᠨ ᠵᠦᠭ ᠨᠢᠰᠦᠨ᠎ᠠ᠃

ᠲᠡᠳᠡ ᠨᠢᠭᠡᠨ ᠡᠷᠬᠢᠮ ᠳᠡᠭᠡᠳᠦ ᠢᠷᠠᠭᠤ ᠠᠯᠳᠠᠷᠲᠤ ᠴᠠᠭ ᠮᠥᠴᠡ᠎ᠶ᠋ᠢᠨ ᠲᠥᠯᠥᠭᠡ ᠴᠤᠭ᠍ᠯᠠᠷᠠᠪᠠ —— ᠨᠠᠮ ᠪᠣᠯᠤᠨ ᠠᠷᠠᠳ ᠲᠦᠮᠡᠨ᠎ᠦ ᠱᠢᠯᠭᠠᠠ ᠦᠵᠡᠬᠦ᠎ᠶ᠋ᠢ ᠬᠦᠯᠢᠶᠡᠨ᠎ᠠ᠃

《ᠵᠢᠯᠤᠭᠤᠳᠬᠤ ᠬᠤᠸᠠᠷᠠᠨ》 ᠳ᠋ᠤ ᠤᠷᠤᠪᠠᠯ᠂ ᠪᠠᠢᠳᠠᠯ᠎ᠢ ᠬᠢᠨᠠᠨ ᠡᠵᠡᠮᠳᠡᠬᠦ᠌ ᠱᠢᠰᠲ᠋ᠧᠮ᠎ᠨᠢ ᠣᠯᠠᠨ ᠬᠤᠪᠢᠶᠠᠷᠢ ᠠᠩᠭᠢ᠂ ᠣᠯᠠᠨ ᠵᠠᠮ ᠱᠤᠭᠤᠮ᠂ ᠣᠯᠠᠨ ᠡᠩᠨᠡᠭᠡ ᠬᠡᠯᠪᠡᠷᠢ᠎ᠶ᠋ᠢᠨ ᠶᠡᠬᠡ ᠴᠡᠷᠢᠭ᠎ᠢ ᠪᠦᠬᠦᠨ᠎ᠢ   ᠬᠠᠷᠠᠵᠤ᠂ ᠬᠠᠮᠤᠭ᠎ᠤᠨ ᠰᠠᠢᠨ ᠵᠠᠮ ᠱᠤᠭᠤᠮ᠂ ᠬᠥᠷᠬᠥ᠌ ᠴᠠᠭ᠂ ᠵᠠᠮ ᠳᠠᠭᠠᠤ ᠣᠨᠣᠪᠴᠢᠲᠠᠶ ᠪᠢᠲᠡᠭᠦᠮᠵᠢᠯᠡᠨ ᠡᠵᠡᠮᠳᠡᠬᠦ᠌  ᠲᠥᠰᠦᠯ ᠎ᠢ ᠴᠠᠭ ᠢᠮᠠᠭᠳᠠ ᠱᠢᠨᠡᠳᠭᠡᠵᠦ᠍᠂ ᠴᠡᠷᠢᠭ ᠠᠩᠭᠢ᠎ᠶ᠋ᠢ ᠣᠨᠣᠪᠴᠢᠲᠠᠶ ᠵᠢᠯᠣᠭᠣᠳᠭᠤ᠎ᠳᠤ ᠲᠤᠯᠭᠠᠭᠤᠷᠢᠯᠠᠯ ᠬᠠᠩᠭᠠᠨ᠎ᠠ᠃

ᠨᠢᠳᠤᠨ ᠎ᠳᠦ ᠦᠵᠡᠭ᠌ᠳᠡᠬᠦ᠌ ᠦᠭᠡᠢ ᠭᠠᠵᠠᠷ ᠲᠤ᠌᠂ ᠳᠤᠮᠳᠠᠳᠤ ᠤᠯᠤᠰ᠎ᠤᠨ ᠳᠠᠭᠠᠭᠤᠯᠢ ᠤᠳᠤᠨ ᠤ᠋ ᠵᠠᠮᠴᠢᠯᠠᠬᠤ ᠱᠢᠰᠲ᠋ᠧᠮ᠎ᠢᠶᠡᠷ ᠲᠤᠯᠭᠠᠭᠤᠷᠢᠯᠠᠯ ᠪᠣᠯᠭᠠᠵᠤ᠂ ᠬᠡᠯᠬᠢᠶ᠎ᠡ ᠬᠡᠯᠬᠢᠶ᠎ᠡ ᠲᠤᠭ᠎ᠠ ᠪᠠᠷᠢᠮᠳᠠ᠎ᠶ᠋ᠢ ᠴᠤᠭ᠍ᠯᠠᠭᠤᠯᠵᠤ᠂ ᠳᠠᠮᠵᠢᠭᠤᠯᠵᠤ᠂ ᠢᠯᠡᠷᠡᠬᠦᠯᠦᠨ᠎ᠡ ᠁ ᠨᠠᠷᠢᠮᠤ ᠪᠤᠳᠠᠭ᠎ᠠ ᠶᠠᠪᠠᠭᠠᠨ ᠫᠤᠤ᠎ᠳᠤ ᠲᠦᠱᠢᠭ᠌ᠯᠡᠨ ᠢᠯᠠᠯᠲᠠ ᠣᠯᠤᠭᠰᠠᠨ ᠡᠨᠡ ᠬᠦ᠌ ᠴᠡᠷᠢᠭ ᠠᠩᠬᠢ᠎ᠳᠤ ᠨᠢᠭᠡᠨᠲᠡ ᠮᠡᠳᠡᠭᠡ ᠵᠠᠩᠭᠢᠵᠢᠬᠰᠠᠨ ᠤᠶᠤᠨᠴᠢᠯᠠᠬᠰᠠᠨ ᠵᠢᠭᠦᠷ ᠤᠷᠭᠤᠪᠠ᠃

ᠠᠷᠠᠳ ᠎ᠤᠨ ᠴᠡᠷᠢᠭ ᠠᠩᠬᠢ ᠶᠠᠭ ᠰᠠᠢᠬᠠᠨ ᠴᠡᠷᠢᠭ ᠪᠠᠢᠭᠤᠯᠤᠭ᠍ᠳᠠᠭ᠍ᠰᠠᠨ ᠵᠠᠭᠤᠨ ᠵᠢᠯ᠎ᠤᠨ ᠲᠡᠮᠡᠴᠡᠬᠦ ᠬᠠᠷᠠᠯᠳᠠ ᠵᠢ ᠪᠡᠶᠡᠯᠡᠬᠦᠯᠬᠦ ᠲᠡᠦᠬᠡ᠎ᠶ᠋ᠢᠨ ᠵᠠᠩᠭᠢᠯᠠᠭ᠎ᠠ᠎ᠶ᠋ᠢᠨ ᠴᠠᠭ ᠦᠶ᠎ᠠ ᠳ᠋ᠤ᠂ ᠡᠨᠡ ᠤᠳᠠᠭ᠎ᠠ᠎ᠶ᠋ᠢᠨ ᠴᠡᠷᠢᠭ ᠠᠩᠭᠢ ᠵᠢ ᠱᠢᠯᠭᠠᠨ ᠦᠵᠡᠬᠦ᠌ ᠪᠣᠯᠪᠠᠰᠤᠷᠠᠯ ᠡᠬᠢᠯᠡᠮᠡᠭ᠌ᠴᠡ᠎ᠪᠡᠨ ᠪᠣᠳᠠᠲᠤ ᠪᠠᠢᠯᠳᠤᠭᠠᠨ᠎ᠤ ᠬᠤᠷᠴᠠ ᠢᠷ᠎ᠢᠶᠡᠨ ᠬᠤᠷᠴᠠᠯᠠᠵᠠᠢ᠃

8 ᠰᠠᠷ᠎ᠠ᠎ᠶ᠋ᠢᠨ 20 ᠤ᠋ ᠡᠳᠦᠷ᠂ ᠲᠥᠷᠥ᠎ᠶ᠋ᠢᠨ ᠶᠠᠪᠤᠳᠠᠯ᠎ᠤᠨ ᠬᠣᠷᠢᠶ᠎ᠠ ᠵᠢᠨ ᠰᠣᠨᠢᠨ ᠮᠡᠳᠡᠭᠡᠨ᠎ᠦ ᠠᠯᠪᠠᠨ ᠬᠡᠷ᠎ᠦᠨ ᠰᠣᠨᠢᠨ ᠮᠡᠳᠡᠭᠡ ᠨᠡᠢᠲᠡᠯᠡᠬᠦ᠌ ᠬᠤᠷᠠᠯ ᠳᠡᠭᠡᠷ᠎ᠡ᠂ ᠳᠤᠮᠳᠠ ᠬᠡᠰᠡᠭ᠎ᠦᠨ ᠪᠠᠢᠯᠳᠤᠭᠠᠨ᠎ᠤ ᠲᠣᠭᠣᠷᠢᠭ᠎ᠤᠨ ᠴᠡᠷᠢᠭ ᠠᠩᠭᠢ ᠵᠢ ᠱᠢᠯᠭᠠᠨ ᠦᠵᠡᠬᠦ᠌᠎ᠶ᠋ᠢ ᠵᠢᠯᠣᠭᠣᠳᠭᠤ ᠪᠠᠢᠭᠤᠯᠤᠮᠵᠢ᠎ᠶ᠋ᠢᠨ ᠠᠯᠪᠠᠨ ᠬᠡᠷ᠎ᠦᠨ ᠪᠠᠢᠩᠭᠤ᠎ᠶ᠋ᠢᠨ ᠳᠡᠳ᠋ ᠡᠷᠬᠢᠯᠡᠭ᠌ᠴᠢ᠂ ᠤᠯᠤᠰ ᠲᠥᠷᠥ᠎ᠶ᠋ᠢᠨ ᠠᠵᠢᠯ᠎ᠤᠨ ᠬᠡᠯᠲᠡᠰ᠎ᠦᠨ ᠬᠣᠱᠢᠭᠤᠴᠢ ᠭᠸᠨᠧᠷᠠᠯ ᠳᠡᠳ᠋ ᠡᠷᠬᠢᠯᠡᠭ᠌ᠴᠢ ᠱᠢᠤᠢ ᠬᠦᠶ ᠵᠥᠩ᠄ 《ᠴᠡᠷᠢᠭ ᠠᠩᠭᠢ ᠵᠢ ᠱᠢᠯᠭᠠᠨ ᠦᠵᠡᠬᠦ᠌᠎ᠶᠤᠰᠤᠯᠠᠯ ᠲᠦᠮᠡ ᠭᠠᠷᠤᠢ ᠬᠥᠮᠦᠨ᠂ ᠵᠠᠭᠤ ᠭᠠᠷᠤᠢ ᠨᠢᠰᠭᠡᠯ᠂ ᠬᠡᠳᠦᠨ ᠵᠠᠭᠤᠨ ᠭᠠᠵᠠᠷ ᠳᠡᠭᠡᠷᠡᠬᠢ ᠲᠣᠨᠣᠭ᠍ᠯᠠᠯ᠎ᠢ ᠬᠥᠳᠡᠯᠭᠡᠵᠦ᠍᠂ ᠲᠡᠷᠢ ᠲᠡᠭ᠌ᠰᠢ ᠵᠢᠭᠳᠡ ᠠᠯᠬᠤᠭ᠎ᠠ᠂ ᠤᠨᠤᠪᠴᠢᠳᠠᠢ ᠬᠠᠮᠵᠢᠯᠴᠠᠬᠤ᠂ ᠮᠢᠯᠢᠰᠸᠺᠦ᠋ᠨ᠋ᠲ  ᠵᠦᠷᠢᠭᠦᠯᠬᠦ ᠦᠭᠡᠢ ᠪᠠᠢᠬᠤ ᠵᠢ ᠪᠡᠶᠡᠯᠡᠬᠦᠯᠬᠦ ᠨᠢ ᠨᠢᠭᠡ ᠤᠳᠠᠭᠠᠨ ᠎ᠤ ᠳᠠᠢᠯᠠᠯᠳᠤᠭᠠᠨ ᠎ᠢ ᠵᠣᠬᠢᠶᠠᠨ ᠪᠠᠢᠭᠤᠯᠬᠤ ᠎ᠲᠠᠶ ᠠᠳᠠᠯᠢ》 ᠭᠡᠵᠤ ᠲᠠᠨᠢᠯᠴᠠᠭᠤᠯᠪᠠ᠃

ᠪᠡᠯᠡᠳᠭᠡᠨ ᠲᠥᠯᠥᠪᠯᠡᠬᠦ᠌ ᠎ᠡᠴᠡ ᠵᠣᠬᠢᠶᠠᠨ ᠪᠠᠢᠭᠤᠯᠤᠨ ᠬᠡᠷᠡᠭ᠌ᠵᠢᠭᠦᠯᠬᠦ᠌ ᠬᠦᠷᠲᠡᠯ᠎ᠡ᠂ ᠬᠠᠮᠲᠤᠷᠠᠨ ᠳᠤᠭᠤᠢᠯᠠᠩ ᠬᠤᠪᠢᠶᠠᠬᠤ᠎ ᠡᠴᠡ ᠱᠢᠰᠲ᠋ᠧᠮ ᠢ᠋ ᠪᠦᠷᠢᠯᠳᠦᠭᠦᠯᠬᠦ ᠬᠦᠷᠲᠡᠯ᠎ᠡ᠂ ᠱᠢᠨᠵᠢᠯᠡᠬᠦ᠌ ᠤᠬᠠᠭᠠᠨᠴᠢ᠎ᠪᠠᠷ ᠪᠣᠯᠪᠠᠰᠤᠷᠠᠭᠤᠯᠬᠤ᠎ᠡᠴᠡ ᠠᠷᠤ ᠲᠠᠯ᠎ᠠ᠎ᠶ᠋ᠢᠨ ᠪᠠᠲᠤᠯᠠᠭ᠎ᠠ᠎ᠶ᠋ᠢᠨ ᠠᠵᠢᠯ ᠬᠦᠷᠲᠡᠯ᠎ᠡ᠂ ᠡᠨᠡ ᠤᠳᠠᠭ᠎ᠠ᠎ᠶ᠋ᠢᠨ ᠴᠡᠷᠢᠭ ᠠᠩᠭᠢ ᠵᠢ ᠱᠢᠯᠭᠠᠨ ᠦᠵᠡᠬᠦ᠌ ᠶᠣᠰᠣᠯᠠᠯ ᠨᠢ ᠲᠠᠢ᠌ᠨ᠎ᠦ ᠦᠶ᠎ᠡ᠎ᠶ᠋ᠢᠨ ᠵᠢᠯᠣᠭᠣᠳᠭᠤ ᠪᠠᠢᠭᠤᠯᠤᠯ ᠳ᠋ᠤ ᠲᠦᠰᠢᠭᠯᠡᠨ ᠵᠢᠯᠣᠭᠣᠳᠴᠤ᠂ ᠪᠠᠢᠯᠳᠤᠭᠠᠨ᠎ᠤ ᠰᠣᠷᠢᠯᠲᠠ ᠬᠢᠬᠦ᠌ ᠠᠷᠭ᠎ᠠ ᠬᠡᠯᠪᠡᠷᠢ᠎ᠪᠡᠷ ᠲᠥᠰᠦᠯ᠎ᠢ ᠰᠤᠳᠤᠯᠤᠨ ᠬᠡᠷᠡᠭᠵᠢᠭᠦᠯᠪᠡ᠃

ᠵᠤᠨ ᠡᠬᠡᠵᠤ ᠨᠠᠮᠤᠷ ᠢᠷᠡᠨ᠎ᠠ᠂ ᠳᠦᠷᠡᠯᠵᠡᠭᠰᠡᠨ ᠭᠠᠯ ᠳ᠋ᠤ ᠪᠣᠯᠣᠳ ᠲᠡᠮᠦᠷ ᠪᠤᠯᠪᠠᠰᠤᠷᠠᠭᠤᠯᠤᠨ᠎ᠠ᠃ ᠲᠦᠮᠡ ᠭᠠᠷᠤᠶ ᠳᠠᠷᠤᠭ᠎ᠠ ᠪᠠᠢᠯᠳᠤᠭ᠍ᠴᠢ᠂ 80 ᠪᠠᠢᠯᠳᠤᠭᠠᠨ᠎ᠤ ᠲᠣᠭ᠂ ᠬᠡᠳᠦᠨ ᠵᠠᠭᠤᠨ ᠰᠠᠭᠤᠷᠢ (ᠢᠵᠢ) ᠭᠠᠵᠠᠷ ᠳᠡᠭᠡᠷᠡᠬᠢ ᠲᠣᠨᠣᠭ᠍ᠯᠠᠯ ᠪᠠ ᠵᠠᠭᠤ ᠭᠠᠷᠤᠶ ᠨᠢᠰᠭᠡᠯ᠎ᠢᠶᠡᠷ ᠪᠦᠷᠢᠯᠳᠦᠭ᠌ᠰᠡᠨ 45 ᠵᠢᠭᠰᠠᠭᠠᠯ (ᠱᠠᠲᠤᠯᠵᠢᠨ ᠡᠩᠨᠡᠭᠡ) ᠤ᠋ᠨ ᠡᠩᠨᠡᠭᠡ ᠱᠢᠯᠭᠠᠨ ᠦᠵᠡᠬᠦ᠌᠎ᠶ᠋ᠢ ᠬᠦᠯᠢᠶᠡᠬᠦ᠌ 《ᠢᠯᠠᠯᠲᠠ᠎ᠶ᠋ᠢᠨ ᠡᠳᠦᠷ 》 ᠢ᠋ ᠤᠭ᠍ᠲᠤᠨ ᠠᠪᠤᠯ᠎ᠠ  — 2025 ᠣᠨ᠎ᠤ 9 ᠰᠠᠷ᠎ᠠ᠎ᠶ᠋ᠢᠨ 3 ᠤ᠋ ᠡᠳᠦᠷ᠃

9  ᠴᠠᠭ ᠲᠸ᠋  ᠠᠷᠠᠳ ᠤ᠋ᠨ  ᠪᠠᠭᠠᠲᠤᠷᠴᠤᠳ ᠎ᠤᠨ  ᠳᠤᠷᠠᠰᠭᠠᠯ᠎ᠤᠨ  ᠬᠥᠱᠢᠶ᠎ᠡ ᠎ᠵᠢᠨ  ᠡᠮᠦᠨᠡᠭᠦᠷ   ᠠᠯᠬᠤᠯᠠᠨ  ᠠᠢᠰᠤᠢ

ᠬᠠᠮᠳᠤᠷᠠᠭᠰᠠᠨ ᠴᠡᠷᠢᠭ ᠤ᠋ᠨ ᠬᠥᠭ᠌ᠵᠢᠮ᠎ᠦᠨ ᠪᠦᠯᠬᠦᠮ᠎ᠦᠨ ᠶᠡᠷᠦᠩᠬᠡᠢ ᠵᠢᠯᠣᠭᠣᠳᠤᠭ᠍ᠴᠢ ᠶᠤᠸᠠᠨ ᠸᠧᠢ᠎ᠶ᠋ᠢᠨ ᠴᠡᠷᠢᠭ᠎ᠤᠨ ᠡᠩᠨᠡᠬᠡ ᠵᠢ ᠡᠬᠢᠯᠡᠬᠦᠯᠬᠦ ᠬᠦᠳᠡᠯᠭᠡᠭᠡᠨ ᠨᠢ ᠣᠨ ᠰᠠᠷ᠎ᠠ᠎ᠶ᠋ᠢᠨ ᠤᠷᠲᠤ ᠠᠶᠠᠨ᠎ᠢ ᠲᠤᠭᠤᠯᠬᠤ ᠮᠡᠳᠦ  —

1300 ᠭᠠᠷᠤᠢ ᠬᠥᠭ᠌ᠵᠢᠮᠴᠢᠨ ᠶᠠᠫᠣᠨ ᠎ᠢ ᠡᠰᠡᠷᠭᠦᠴᠡᠬᠦ᠌ ᠲᠠᠢ᠌ᠨ᠎ᠦ ᠪᠠᠢᠯᠳᠤᠭᠠᠨ᠎ᠤ ᠳᠠᠭᠤᠤ᠎ᠶ᠋ᠢᠨ ᠠᠶ᠎ᠠ᠎ᠶ᠋ᠢ ᠬᠥᠭ᠌ᠵᠢᠮᠳᠡᠵᠦ᠍᠂ ᠵᠠᠯᠠᠭᠤ ᠰᠤᠷᠤᠭ᠍ᠴᠢᠳ᠎ᠢᠶᠠᠷ ᠪᠦᠷᠢᠯᠳᠦᠭ᠌ᠰᠡᠨ ᠨᠠᠢᠷᠠᠯ ᠳᠠᠭᠤᠤ᠎ᠶ᠋ᠢᠨ ᠪᠦᠯᠬᠦᠮ ᠠᠷᠠᠳ ᠤ᠋ᠨ ᠪᠠᠭᠠᠲᠤᠷᠴᠤᠳ ᠎ᠤᠨ ᠳᠤᠷᠠᠰᠭᠠᠯ᠎ᠤᠨ ᠬᠥᠱᠢᠢ᠎ᠡ ᠵᠦᠭ ᠬᠠᠷᠠᠵᠤ᠄ 《 ᠮᠢᠨᠦ᠍ ᠭᠡᠷ ᠵᠡᠭᠦᠨ ᠬᠤᠢᠳᠤ ᠵᠢᠨ ᠰᠤᠩᠭᠠᠷᠢ ᠮᠥᠷᠡᠨ᠎ᠤ᠋ ᠬᠦᠪᠡᠭᠡᠨ ᠳ᠋ᠤ ᠪᠠᠢᠨ᠎ᠠ  ᠁》

《 ᠰᠤᠩᠭᠠᠷᠢ ᠮᠥᠷᠡᠨ ᠤ᠋ ᠬᠦᠪᠡᠭᠡᠨ ᠳ᠋ᠤ 》᠂ 《ᠲᠠᠢ ᠬᠠᠩ ᠱᠠᠨ ᠠᠭᠤᠯᠠᠨ᠎ᠳᠤ 》᠂ 《ᠬᠠᠲᠤᠨ ᠭᠣᠣᠯ᠎ᠢ ᠬᠠᠮᠠᠭᠠᠯᠠᠶ᠎ᠠ 》᠂ 《ᠡᠪ ᠬᠠᠮᠲᠤ ᠨᠠᠮ ᠪᠠᠢᠬᠤ ᠦᠭᠡᠢ ᠪᠣᠯ ᠱᠢᠨ᠎ᠡ ᠳᠤᠮᠳᠠᠳᠤ ᠤᠯᠤᠰ ᠪᠠᠢᠬᠤ ᠦᠭᠡᠢ 》 ᠵᠡᠷᠭᠡ ᠰᠦᠷ ᠵᠢᠪᠬᠤᠭᠠᠲᠤ ᠠᠶ᠎ᠠ ᠲᠠᠭᠤᠤ ᠴᠤᠤᠷᠢᠶᠠᠲᠤᠨ ᠲᠡᠷᠡ ᠬᠦ᠌ ᠰᠦᠷ ᠳᠠᠯᠠᠢᠴᠠᠲᠠᠢ ᠲᠡᠦᠬᠡ᠎ᠶ᠋ᠢ ᠦᠭᠦᠯᠡᠵᠤ᠂ ᠬᠦᠦᠷᠨᠢᠵᠤ᠂ ᠮᠠᠭ᠍ᠲᠠᠨ ᠳᠠᠭᠤᠯᠠᠨ᠎ᠠ᠃

《9·18》 ᠤ᠋ ᠬᠡᠷᠡᠭ ᠬᠤᠪᠢᠰᠤᠯ ᠪᠤᠰᠴᠤ ᠵᠤᠬᠰᠤᠨ ᠡᠰᠡᠷᠭᠦᠴᠡᠬᠦ ᠲᠡᠮᠡᠴᠡᠯ᠎ᠢ ᠡᠬᠢᠯᠡᠬᠦᠯᠵᠤ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠲᠠᠢ᠌ᠨ᠎ᠦ ᠬᠥᠱᠢᠭᠡ᠎ᠶ᠋ᠢ ᠨᠡᠭᠡᠭᠡᠭ᠌ᠰᠡᠨ᠎ᠡᠴᠡ᠂ 《7·7》ᠤ᠋ ᠬᠡᠷᠡᠭ ᠬᠤᠪᠢᠰᠤᠯ ᠨᠢ ᠪᠦᠬᠦ᠌ ᠤᠯᠤᠰ᠎ᠤᠨ ᠶᠠᠫᠣᠨ᠎ᠢ ᠡᠰᠡᠷᠭᠦᠴᠡᠬᠦ᠌ ᠲᠠᠢ᠌ᠨ᠎ᠤ ᠳᠣᠷᠣᠨᠠᠳᠠᠬᠢᠨ᠎ᠤ ᠭᠣᠣᠯ ᠲᠠᠢ᠌ᠨ᠎ᠦ ᠲᠠᠯᠠᠪᠤᠷ᠎ᠢ ᠨᠡᠭᠡᠭᠡᠭ᠌ᠰᠡᠨ ᠬᠦᠷᠲᠡᠯ᠎ᠡ᠂ ᠲᠠᠬᠢᠭᠠᠳ 1945 ᠣᠨ᠎ᠤ 9 ᠰᠠᠷ᠎ᠠ᠎ᠶ᠋ᠢᠨ 2 ᠤ᠋ᠨ ᠡᠳᠦᠷ ᠶᠠᠫᠣᠨ᠎ᠤ ᠲᠥᠯᠥᠭᠡᠯᠡᠭ᠌ᠴᠢ ᠪᠠᠭᠤᠵᠤ ᠥᠭ᠌ᠬᠦ ᠪᠢᠴᠢᠭ ᠳᠡᠭᠡᠷ᠎ᠡ ᠭᠠᠷ᠎ᠤᠨ ᠦᠰᠦᠭ ᠵᠢᠷᠤᠭᠰᠠᠨ ᠬᠦᠷᠳᠡᠯ᠎ᠠ᠂ 14 ᠵᠢᠯ᠎ᠦᠨ ᠨᠤᠭᠤᠷᠠᠰᠢ ᠦᠭᠡᠢ ᠴᠢᠰᠤᠳᠤ ᠪᠠᠢᠯᠳᠤᠭᠠᠨ ᠬᠢᠵᠦ᠍᠂ 3500 ᠲᠦᠮᠡ ᠭᠠᠷᠤᠢ ᠬᠥᠮᠦᠨ ᠦᠬᠦᠵᠦ᠍ ᠱᠢᠷᠬᠠᠲᠤᠭ᠍ᠰᠠᠨ ᠯᠤᠲᠤ ᠶᠡᠬᠡ ᠦᠷᠡᠭ᠌ᠳᠡᠯ ᠭᠠᠷᠭᠠᠵᠤ᠂ ᠳᠤᠮᠳᠠᠳᠤ ᠎ᠶ᠋ᠢᠨ ᠦᠨᠳᠦᠰᠦᠲᠡᠨ ᠤᠢ᠍ᠢᠷ᠎ᠠ ᠦᠶ᠎ᠡ᠎ᠡᠴᠡ ᠨᠠᠭᠠᠱᠢᠬᠢ ᠭᠠᠳᠠᠭᠠᠳᠤ᠎ᠶ᠋ᠢᠨ ᠳᠠᠢᠰᠤᠨ᠎ᠤ ᠲᠦᠷᠢᠮᠡᠬᠡᠢᠯᠡᠯ᠎ᠢ ᠡᠰᠡᠷᠭᠦᠴᠡᠭᠰᠡᠨ ᠠᠩᠬ᠎ᠠ ᠤᠳᠠᠭ᠎ᠠ ᠵᠢᠨ ᠪᠦᠷᠢᠨ ᠢᠯᠠᠯᠲᠠ᠎ᠶ᠋ᠢ ᠣᠯᠵᠠᠢ᠃

ᠠᠷᠠᠳ ᠤ᠋ᠨ ᠪᠠᠭᠠᠲᠤᠷᠴᠤᠳ ᠎ᠤᠨ ᠳᠤᠷᠠᠰᠭᠠᠯ᠎ᠤᠨ ᠬᠥᠱᠢᠢ᠎ᠡ ᠰᠡᠬᠦᠢᠨ ᠰᠦᠨᠳᠡᠷᠯᠡᠨ᠎ᠠ᠂ ᠠᠷᠠᠳ᠎ᠤᠨ ᠪᠠᠭᠠᠲᠤᠷᠴᠤᠳ ᠥᠨᠢᠳᠡ ᠪᠠᠯᠠᠷᠠᠰᠢ ᠦᠭᠡᠢ᠃

9 ᠴᠠᠭ᠎ᠲᠤ ᠲᠦᠷᠦᠭᠦᠨ ᠤ᠋ ᠶᠣᠰᠣᠯᠠᠯ᠎ᠤᠨ ᠫᠤᠤ ᠠᠭᠠᠷ ᠲᠡᠭᠷᠢ ᠳ᠋ᠤ ᠴᠤᠤᠷᠢᠶᠠᠳᠤᠨ ᠳᠤᠤᠭᠠᠷᠪᠠ᠃ ᠶᠣᠰᠣᠯᠠᠯ᠎ᠤᠨ ᠫᠤᠤ ᠲᠠᠯᠪᠢᠬᠤ ᠡᠭᠦᠷᠭᠡ᠎ᠶ᠋ᠢ ᠡᠭᠦᠷᠭᠡᠯᠡᠭᠰᠡᠨ ᠨᠢ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ ᠎ᠤᠨ  ᠶᠣᠰᠣᠯᠠᠯ᠎ᠤᠨ ᠶᠡᠬᠡ ᠠᠩᠭᠢ᠎ᠶ᠋ᠢᠨ ᠳᠠᠷᠤᠭ᠎ᠠ ᠪᠠᠢᠯᠳᠤᠭ᠍ᠴᠢᠳ ᠪᠣᠯᠤᠨ᠎ᠠ᠃

ᠮᠥᠨ ᠠᠳᠠᠯᠢ᠎ᠪᠠᠷ ᠶᠣᠰᠣᠯᠠᠯ᠎ᠤᠨ ᠶᠡᠬᠡ ᠠᠩᠭᠢ᠎ᠶ᠋ᠢᠨ ᠤᠯᠤᠰ᠎ᠤᠨ ᠲᠣᠭ᠎ᠢ ᠬᠠᠮᠠᠭᠠᠯᠠᠬᠤ 222 ᠭᠡᠱᠢᠭᠦᠨ ᠠᠷᠠᠳ ᠤ᠋ᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠶ᠎ᠡ᠎ᠶ᠋ᠢᠨ ᠬᠣᠶᠠᠷ ᠲᠠᠯ᠎ᠠ᠎ᠪᠠᠷ ᠬᠦᠷᠴᠦ᠍ ᠢᠷᠡᠪᠡ᠃ ᠲᠡᠳᠡᠨ᠎ᠦ ᠬᠦᠷᠴᠤ ᠢᠷᠡᠬᠦ ᠪᠡᠷ᠎ᠡ ᠨᠢ ᠳᠤᠷᠠᠰᠭᠠᠯ᠎ᠤᠨ ᠬᠥᠱᠢᠶ᠎ᠠ ᠵᠢᠨ ᠳᠤᠤᠷ᠎ᠠ ᠲᠠᠯ᠎ᠠ᠎ᠶ᠋ᠢᠨ ᠭᠦᠳᠦᠭᠦᠷ ᠱᠤᠭᠤᠮᠠᠯ ᠳᠡᠭᠡᠷ᠎ᠠ ᠰᠡᠢᠯᠦᠭᠰᠡᠨ ᠶᠠᠫᠣᠨ ᠳᠡᠭᠡᠷᠡᠮ᠎ᠢ ᠡᠰᠡᠷᠭᠦᠴᠡᠭ᠌ᠰᠡᠨ ᠪᠠᠢᠯᠳᠤᠭ᠍ᠴᠢᠳ᠎ᠲᠠᠶ ᠠᠭᠤᠰᠤᠯᠴᠠᠨ᠎ᠠ; ᠲᠡᠳᠡ ᠴᠤᠭ᠍ᠯᠠᠷᠠᠨ ᠵᠢᠭ᠍ᠰᠠᠵᠤ᠂ ᠤᠯᠤᠰ ᠤ᠋ᠨ ᠲᠣᠭ᠎ᠢ ᠬᠠᠮᠠᠭᠠᠯᠠᠨ ᠤᠷᠤᠭ᠍ᠰᠢᠯᠠᠪᠠ᠃

ᠠᠷᠠᠳ᠎ᠤᠨ ᠴᠡᠷᠢᠭ ᠠᠩᠭᠢ ᠪᠣᠯ ᠥᠨᠢ ᠡᠭᠦᠷᠢᠳᠡ ᠡᠬᠡ ᠤᠯᠤᠰ ᠵᠢᠡᠨ ᠬᠠᠮᠠᠭᠠᠯᠠᠬᠤ ᠪᠠᠲᠤ ᠪᠡᠬᠢ ᠤᠷᠲᠤ ᠴᠠᠭᠠᠨ ᠬᠡᠷᠡᠮ ᠮᠥᠨ᠃

ᠬᠦᠴᠦᠷᠬᠡᠭ ᠶᠡᠬᠡ ᠤᠯᠤᠰ᠎ᠤᠨ ᠪᠠᠲᠤᠯᠠᠨ ᠬᠠᠮᠠᠭᠠᠯᠠᠯᠲᠠ ᠪᠣᠯ ᠥᠨᠢ ᠡᠭᠦᠷᠢᠳᠡ ᠠᠷᠠᠳ ᠲᠦᠮᠡᠨ᠎ᠦ ᠠᠱᠢᠭ ᠲᠤᠰᠠ᠎ᠶ᠋ᠢ ᠬᠠᠮᠠᠭᠠᠯᠠᠬᠤ ᠪᠠᠲᠤ ᠴᠢᠩᠭ᠎ᠠ ᠪᠠᠮᠪᠠᠢ ᠮᠥᠨ᠃

80 ᠵᠢᠭᠳᠡ ᠠᠯᠬᠤᠭ᠎ᠠ ᠡᠴᠡ 56 ᠲᠦᠪ ᠠᠯᠬᠤᠭ᠎ᠠ᠂ ᠳᠠᠬᠢᠭᠠᠳ 80 ᠵᠢᠭᠳᠡ ᠠᠯᠬᠤᠭ᠎ᠠ ᠡᠴᠡ 56 ᠵᠢᠭᠳᠡ ᠠᠯᠬᠤᠭ᠎ᠠ ᠁ ᠤᠯᠤᠰ᠎ᠤᠨ ᠲᠣᠭ᠎ᠢ ᠬᠠᠮᠠᠭᠠᠯᠠᠬᠤ ᠠᠩᠭᠢ᠎ᠶ᠋ᠢᠨ ᠢᠳᠡᠷᠡᠭᠦᠨ ᠠᠯᠬᠤᠭ᠎ᠠ ᠪᠣᠯᠤᠨ 80 ᠳᠤᠤᠭᠠᠷᠤᠭᠰᠠᠨ ᠶᠣᠰᠣᠯᠠᠯ᠎ᠤᠨ ᠫᠤᠤ ᠤᠬᠳᠠᠷᠭᠤᠢ ᠳ᠋ᠤ ᠴᠤᠤᠷᠢᠶᠠᠳᠤᠵᠤ᠂ 56 ᠦᠨᠳᠦᠰᠦᠲᠡᠨ ᠭᠠᠷ ᠬᠣᠯᠪᠣᠨ 80 ᠵᠢᠯ ᠤ᠋ᠨ ᠬᠠᠪᠤᠷ ᠨᠠᠮᠤᠷ᠎ᠢ ᠳᠤᠭᠤᠯᠤᠭ᠍ᠰᠠᠨ᠎ᠢ ᠪᠡᠯᠭᠡᠳᠡᠪᠡ᠃

ᠥᠨᠥᠳᠦᠷ᠂ ᠳᠤᠮᠳᠠᠳᠤ ᠤᠯᠤᠰ ᠎ᠤᠨ ᠡᠪ ᠬᠠᠮᠲᠤ ᠨᠠᠮ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ ᠎ᠢ ᠪᠦᠯᠬᠦᠮᠳᠡᠭᠦᠯᠦᠨ ᠳᠠᠭᠠᠭᠤᠯᠵᠤ᠂ ᠦᠨᠳᠦᠰᠦᠲᠡᠨ᠎ᠦ ᠢᠴᠢᠭᠦᠷᠢ᠎ᠶ᠋ᠢ ᠠᠯᠢ ᠡᠷᠲᠡ ᠠᠷᠢᠯᠭᠠᠵᠤ᠂ ᠬᠦᠴᠦᠷᠬᠡᠭ ᠤᠯᠤᠰ᠎ᠤᠨ ᠰᠡᠷᠭᠦᠨ ᠮᠠᠨᠳᠤᠯᠲᠠ ᠲᠡᠢᠰᠢ ᠤᠷᠤᠭ᠍ᠰᠢᠯᠠᠵᠤ ᠪᠠᠢᠨ᠎ᠠ᠃

《ᠶᠣᠰᠣᠯᠠ ——》 ᠭᠡᠬᠦ᠌ ᠬᠠᠩᠬᠢᠨᠠᠬᠰᠠᠨ ᠤᠷᠢᠶ᠎ᠠ ᠲᠩᠷᠢ᠎ᠶ᠋ᠢᠨ ᠬᠠᠶᠠᠭ᠎ᠠ᠎ᠳ᠋ᠤ ᠴᠤᠤᠷᠢᠶᠠᠳᠤᠵᠤ᠂ ᠲᠣᠭ ᠮᠠᠨᠳᠤᠭᠤᠯᠤᠭ᠍ᠴᠢ ᠵᠠᠩ ᠸᠧᠶ ᠤᠯᠤᠰ᠎ᠤᠨ ᠲᠣᠭ᠎ᠤᠨ ᠨᠢᠭᠡ ᠥᠨᠴᠥᠭ᠎ᠢ ᠪᠠᠷᠠᠭᠤᠨᠰᠢ ᠪᠠᠨ ᠳᠡᠭᠡᠭ᠌ᠰᠢ ᠬᠦᠴᠦᠯᠡᠨ ᠮᠠᠨᠳᠤᠭᠤᠯᠵᠤ᠂ ᠲᠠᠪᠤᠨ ᠣᠳᠣᠲᠤ ᠤᠯᠠᠭᠠᠨ ᠲᠣᠭ ᠤᠯᠤᠰ᠎ᠤᠨ ᠰᠦᠯᠳᠡ ᠳᠠᠭᠤᠤ᠎ᠶ᠋ᠢᠨ ᠳᠤᠮᠳᠠ ᠠᠯᠭᠤᠷᠬᠠᠨ ᠮᠠᠨᠳᠤᠪᠠ᠃

《ᠵᠢᠷᠤᠮ᠎ᠤᠨ ᠴᠡᠷᠢᠭ᠎ᠦᠨ ᠤᠷᠤᠭ᠍ᠰᠢᠯᠠᠯᠲᠠ᠎ᠶ᠋ᠢᠨ ᠳᠠᠭᠤᠤ 》᠂ ᠡᠨᠡ ᠬᠦ᠌ ᠶᠠᠫᠣᠨ᠎ᠢ ᠡᠰᠡᠷᠭᠦᠴᠡᠬᠦ᠌ ᠳᠠᠢ᠌ᠨ᠎ᠦ ᠭᠠᠯ᠎ᠳᠤ ᠮᠡᠨᠳᠦᠯᠡᠭ᠌ᠰᠡᠨ ᠳᠠᠭᠤᠤ ᠨᠢ ᠦᠶ᠎ᠡ ᠦᠶ᠎ᠡ᠎ᠶ᠋ᠢᠨ ᠳᠤᠮᠳᠠᠳᠤ᠎ᠶ᠋ᠢᠨ ᠬᠥᠪᠡᠭᠦᠳ ᠥᠬᠢᠳ᠎ᠦᠨ ᠠᠯᠢᠪᠠ ᠬᠦᠴᠢᠷ ᠪᠡᠷᠬᠡᠱᠢᠶᠡᠯ ᠬᠠᠷᠰᠢ ᠰᠠᠭᠠᠳ᠎ᠢ ᠢᠯᠠᠨ ᠳᠠᠪᠠᠵᠤ᠂ ᠡᠷᠡᠯᠬᠡᠭ᠌ᠯᠡᠨ ᠤᠷᠤᠭ᠍ᠰᠢᠯᠠᠬᠤ᠎ᠶ᠋ᠢ ᠵᠣᠷᠢᠭ᠍ᠵᠢᠭᠤᠯᠤᠨ᠎ᠠ᠃

《ᠴᠢᠰᠦ ᠮᠢᠬ᠎ᠠ ᠪᠡᠷ᠎ᠢᠶᠡᠨ ᠪᠢᠳᠠ ᠰᠢᠨ᠎ᠠ ᠤᠷᠳᠤ ᠴᠠᠭᠠᠨ ᠬᠡᠷᠡᠮ᠎ᠢ ᠴᠤᠬᠴᠠᠯᠠᠨ᠎ᠠ ᠁》 ᠵᠡᠭᠦᠨ ᠴᠠᠩ ᠠᠨ ᠵᠡᠭᠡᠯᠢ ᠳᠡᠭᠡᠷ᠎ᠡ᠂ ᠪᠥᠬᠥᠳᠡ ᠨᠠᠢᠷᠠᠮᠳᠠᠬᠤ ᠤᠯᠤᠰ᠎ᠤᠨ ᠪᠣᠯᠣᠳ ᠲᠡᠮᠦᠷ ᠮᠡᠳᠤ ᠪᠡᠳᠤ ᠪᠡᠬᠢ ᠣᠷᠳᠣ ᠴᠠᠭᠠᠨ ᠬᠡᠷᠡᠮ ᠰᠦᠨᠳᠡᠷᠯᠡᠨ᠎ᠡ᠃

9 ᠴᠠᠭ 15 ᠮᠢᠨᠦ᠋ᠲ ᠲᠤ᠌  ᠲᠠ ᠰᠢᠯᠭᠠᠨ ᠦᠵᠡᠭᠡᠷᠡᠢ

ᠴᠡᠷᠢᠭ᠎ᠠᠩᠭᠢ ᠵᠢ ᠱᠢᠯᠭᠠᠨ ᠦᠵᠡᠬᠦ᠌ ᠶᠣᠰᠣᠯᠠᠯ ᠡᠬᠢᠯᠡᠵᠤ᠂ ᠴᠡᠷᠢᠭ ᠪᠠᠢᠯᠳᠤᠭᠴᠢ  ᠤᠷᠤ ᠤᠷᠤᠨ ᠳ᠋ᠠᠭᠠᠨ ᠪᠡᠯᠡᠬᠡᠨ ᠪᠤᠯᠪᠠ᠃ ᠴᠡᠷᠢᠭ᠎ᠦᠨ ᠬᠡᠩᠭᠡᠷᠭᠡ ᠨᠢᠵᠢᠬᠢᠨᠡᠵᠤ᠂ ᠲᠠᠢᠨ᠎ᠤ ᠪᠦᠷᠢᠶ᠎ᠡ ᠬᠠᠩᠭᠢᠨᠠᠨ᠎ᠠ᠃

《ᠲᠡᠷᠢᠭᠦᠯᠡᠭ᠌ᠴᠢ ᠨᠥᠬᠥᠷ ᠡ᠂ ᠱᠢᠯᠭᠠᠨ ᠦᠵᠡᠬᠦ᠌᠎ᠶ᠋ᠢ ᠬᠦᠯᠢᠶᠡᠬᠦ᠌ ᠴᠡᠷᠢᠭ ᠠᠩᠬᠢ ᠵᠢᠭ᠍ᠰᠠᠵᠤ ᠪᠡᠯᠡᠬᠡᠨ ᠪᠤᠯᠪᠠ᠂ ᠲᠠ ᠱᠢᠯᠭᠠᠨ ᠦᠵᠡᠭᠡᠷᠡᠢ! 》

《ᠡᠬᠢᠯᠡ! 》

ᠠᠯᠳᠠᠨ ᠰᠢᠷᠭᠠᠯ ᠮᠠᠨᠳᠤᠬᠤ ᠨᠠᠷᠠᠨ᠎ᠢ ᠤᠭᠳᠤᠨ᠂ ᠳᠤᠮᠳᠠᠳᠤ ᠤᠯᠤᠰ ᠤ᠋ᠨ ᠡᠪ ᠬᠠᠮᠳᠤ ᠨᠠᠮ᠎ᠤᠨ ᠲᠥᠪ ᠬᠣᠷᠢᠶ᠎ᠠ ᠵᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠵᠢᠨ ᠲᠡᠷᠢᠭᠦᠯᠡᠭ᠌ᠴᠢ ᠰᠢ ᠵᠢᠨ ᠫᠢᠩ ᠱᠢᠯᠭᠠᠨ ᠦᠵᠡᠬᠦ᠌ ᠮᠠᠱᠢᠨ ᠲᠡᠷᠭᠡᠨ᠎ᠳᠦ ᠰᠠᠭᠤᠵᠤ ᠵᠡᠭᠦᠨ᠎ᠢ ᠴᠢᠭᠯᠡᠨ ᠮᠣᠷᠳᠠᠪᠠ᠃

ᠮᠠᠰᠢᠨ ᠲᠡᠷᠭᠡ ᠨᠠᠮ᠎ᠤᠨ ᠲᠤᠭ᠂ ᠤᠯᠤᠰ᠎ᠤᠨ ᠲᠤᠭ᠂ ᠴᠡᠷᠢᠭ᠎ᠦᠨ ᠲᠤᠭ᠎ᠤᠨ ᠡᠮᠦᠨ᠎ᠡ ᠬᠦᠷᠬᠦ᠌ ᠦᠶ᠎ᠠ᠎ᠳᠦ᠂ ᠲᠡᠷᠢᠭᠦᠯᠡᠭ᠌ᠴᠢ ᠰᠢ ᠵᠢᠨ ᠫᠢᠩ ᠲᠤᠭ ᠵᠦᠭ ᠬᠠᠨᠳᠤᠵᠤ ᠱᠢᠷᠳᠡᠬᠦ᠌ ᠶᠣᠰᠣ ᠭᠦᠢᠴᠡᠳᠭᠡᠪᠡ᠃

ᠭᠠᠯ ᠤᠯᠠᠭᠠᠨ ᠭᠤᠷᠪᠠᠨ ᠲᠤᠭ ᠤᠯᠠᠯᠵᠠᠨ ᠨᠠᠮᠢᠷᠠᠵᠤ᠂ ᠰᠦᠷ ᠵᠢᠪᠬᠤᠯᠠᠩᠲᠤ 《ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ᠎ᠦᠨ ᠴᠡᠷᠢᠭ ᠎ᠦᠨ ᠳᠠᠭᠤᠤ》 ᠣᠭ᠍ᠲᠠᠷᠭᠤᠢ᠎ᠳᠤ ᠴᠤᠤᠷᠢᠶᠠᠲᠤᠨ᠎ᠠ᠃

《 ᠶᠣᠰᠣᠯᠠ —— 》 ᠵᠢᠭ᠍ᠰᠠᠭᠠᠯ ᠤ᠋ᠨ ᠡᠩᠨᠡᠭᠡ᠎ᠶ᠋ᠢᠨ ᠵᠢᠯᠤᠭᠤᠳᠤᠬ᠍ᠴᠢ᠎ᠶ᠋ᠢᠨ ᠵᠠᠷᠯᠢᠭ ᠵᠢᠡᠷ᠂ ᠱᠢᠯᠭᠠᠨ ᠦᠵᠡᠬᠦ᠌᠎ᠶ᠋ᠢ ᠬᠦᠯᠢᠶᠡᠬᠦ᠌ ᠳᠠᠷᠤᠭ᠎ᠠ ᠪᠠᠢᠯᠳᠤᠭ᠍ᠴᠢᠳ ᠴᠡᠷᠢᠭ ᠬᠦᠮᠦᠨ ᠤ᠋ ᠬᠠᠮᠤᠭ᠎ᠤᠨ ᠳᠡᠭᠡᠳᠦ ᠶᠣᠰᠣᠯᠠᠯ᠎ᠢᠶᠠᠷ ᠲᠡᠷᠢᠭᠦᠯᠡᠭ᠌ᠴᠢ  ᠰᠢ ᠵᠢᠨ ᠫᠢᠩ᠎ᠳᠦ ᠬᠠᠮᠤᠭ᠎ᠤᠨ ᠡᠷᠬᠢᠮ ᠳᠡᠭᠡᠳᠦ ᠬᠦᠨᠳᠦᠳᠭᠡᠯ ᠳᠡᠪᠱᠢᠭᠦᠯᠪᠡ᠃

《 ᠨᠥᠬᠥᠳ᠎ᠨᠡᠷ ᠰᠠᠢ᠌ᠨ!》᠂ 《 ᠲᠡᠷᠢᠭᠦᠯᠡᠭ᠌ᠴᠢ ᠰᠠᠢ᠌ᠨ! 》

《ᠨᠥᠬᠥᠳ ᠨᠠᠷ ᠵᠦᠳᠡᠷᠡᠯ᠎ᠡ!》᠂ 《 ᠠᠷᠠᠳ ᠲᠦᠮᠡᠨ᠎ᠳᠦ ᠦᠢᠯᠡᠴᠢᠯᠡᠨ᠎ᠡ! 》

ᠱᠢᠯᠭᠠᠨ ᠦᠵᠡᠬᠦ᠌ ᠮᠠᠰᠢᠨ ᠲᠡᠷᠭᠡ ᠠᠯᠭᠤᠷᠬᠠᠨ ᠤᠷᠤᠭ᠍ᠰᠢᠯᠠᠨ᠎ᠠ᠃ ᠱᠢᠯᠭᠠᠨ ᠦᠵᠡᠬᠦ᠌᠎ᠶ᠋ᠢ ᠬᠦᠯᠢᠶᠡᠭ᠌ᠰᠡᠨ ᠳᠠᠷᠤᠭ᠎ᠠ ᠪᠠᠢᠯᠳᠤᠭ᠍ᠴᠢᠳ ᠤ᠋ᠨ ᠶᠡᠷᠦᠩᠬᠡᠢ ᠵᠢᠯᠤᠭᠤᠳᠤᠬ᠍ᠴᠢ ᠵᠢ ᠳᠠᠭᠠᠵᠤ ᠰᠢᠷᠳᠡᠬᠦ ᠬᠠᠷᠠᠴᠠ ᠳ᠋ᠤᠨᠢ ᠪᠦᠬᠦ᠌ ᠴᠡᠷᠢᠭ᠎ᠦᠨ ᠳᠠᠷᠤᠭ᠎ᠠ ᠪᠠᠢᠯᠳᠤᠭ᠍ᠴᠢᠳ᠎ᠤᠨ ᠬᠢᠵᠠᠭᠠᠯᠠᠰᠢ ᠦᠭᠡᠢ ᠴᠢᠩ ᠦᠨᠡᠨᠴᠢ ᠰᠡᠳᠭᠢᠯ ᠲᠦᠬᠦᠷᠡᠩ ᠁ ᠱᠢᠯᠭᠠᠨ ᠦᠵᠡᠬᠦ᠌᠎ᠶ᠋ᠢ ᠬᠦᠯᠢᠶᠡᠭᠰᠡᠨ ᠳᠠᠷᠤᠭ᠎ᠠ ᠪᠠᠢᠯᠳᠤᠭ᠍ᠴᠢᠳ᠎ᠤᠨ ᠴᠠᠭ ᠤᠷᠤᠨ ᠵᠠᠢ᠎ᠶ᠋ᠢ ᠨᠡᠪᠲᠡᠯᠦᠭ᠌ᠰᠡᠨ ᠬᠠᠷᠢᠭᠤᠯᠲᠠ ᠨᠢ ᠠᠷᠠᠳ᠎ᠤᠨ ᠴᠡᠷᠢᠭ ᠠᠩᠬᠢ᠎ᠶ᠋ᠢᠨ ᠥᠨᠢᠳᠡ᠎ᠶ᠋ᠢᠨ ᠳᠡᠪᠢᠰᠭᠡᠷ ᠦᠩᠭᠡ᠎ᠶ᠋ᠢ ᠢᠯᠡᠷᠡᠭᠦᠯᠪᠡ᠃

《 ᠯᠠᠩ ᠶᠠ ᠱᠠᠨ ᠠᠭᠤᠯᠠᠨ᠎ᠤ ᠲᠠᠪᠤᠨ ᠪᠠᠭᠠᠲᠤᠷ 》᠂ 《 ᠫᠢᠩ ᠱᠢᠩ ᠭᠤᠸᠠᠨ ᠪᠣᠭᠣᠮᠲᠠ᠎ᠶ᠋ᠢᠨ ᠶᠡᠬᠡ ᠪᠠᠢᠯᠳᠤᠭᠠᠨ᠎ᠤ ᠭᠠᠪᠱᠢᠭᠠᠢ ᠰᠤᠮᠤ 》᠂ 《 ᠶᠠᠩ ᠵᠢᠩ ᠢᠦᠢ᠎ᠶ᠋ᠢᠨ ᠰᠠᠯᠪᠤᠷᠢ ᠠᠩᠭᠢ 》᠂ 《 ᠯᠢᠦ ᠯᠣᠣ ᠵᠤᠸᠠᠩ ᠰᠤᠮᠤ 》 ᠁ ᠱᠢᠯᠭᠠᠨ ᠦᠵᠡᠬᠦ᠌ ᠲᠡᠷᠭᠡ ᠭᠠᠯ ᠤᠯᠠᠭᠠᠨ ᠲᠤᠭ ᠤ᠋ᠳ ᠤ᠋ᠨ ᠡᠮᠦᠨᠡᠭᠦᠷ ᠠᠯᠭᠤᠷᠬᠠᠨ ᠦᠩᠭᠡᠷᠡᠨ᠎ᠠ᠃

ᠦᠨᠳᠦᠰᠦᠲᠡᠨ᠎ᠮᠦᠬᠦᠬᠦ ᠠᠶᠤᠯ ᠳ᠋ᠤ ᠲᠤᠯᠭᠠᠷᠠᠬᠰᠠᠨ ᠵᠠᠩᠭᠢᠯᠠᠭ᠎ᠠ᠎ᠶ᠋ᠢᠨ ᠦᠶ᠎ᠡ᠎ᠳᠦ᠂ ᠨᠠᠢ᠍ᠮᠠᠳᠤᠭᠠᠷ ᠵᠠᠮ᠎ᠤᠨ ᠴᠡᠷᠢᠭ᠂ ᠱᠢᠨ᠎ᠡ ᠳᠥᠷᠪᠡᠳᠦᠭᠡᠷ ᠠᠷᠮᠢ᠂ ᠵᠡᠭᠦᠨ ᠬᠣᠢᠲᠤ᠎ᠶ᠋ᠢᠨ ᠶᠠᠫᠣᠨ᠎ᠢ ᠡᠰᠡᠷᠭᠦᠴᠡᠬᠦ᠌ ᠬᠣᠯᠪᠣᠭᠠᠲᠤ ᠴᠡᠷᠢᠭ᠂ ᠡᠮᠦᠨᠡᠲᠦ ᠣᠷᠣᠨ᠎ᠤ ᠫᠠᠷᠲ᠋ᠢᠽᠠᠨ ᠠᠩᠬᠢ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠭ᠍ᠰᠠᠨ ᠴᠡᠷᠢᠭ ᠠᠩᠬᠢ ᠲᠤᠭ᠎ᠢᠶᠠᠨ ᠥᠨᠳᠥᠷ ᠮᠠᠨᠳᠤᠭᠤᠯᠵᠤ᠂ ᠶᠠᠫᠣᠨ ᠎ᠢ ᠡᠰᠡᠷᠭᠦᠴᠡᠬᠦ᠌ ᠡᠮᠦᠨ᠎ᠡ ᠹᠷᠣᠨᠲ᠂ ᠳᠠᠢᠰᠤᠨ᠎ᠤ ᠠᠷᠤ ᠲᠠᠯ᠎ᠠ᠎ᠶ᠋ᠢᠨ ᠳᠠᠢ᠌ᠨ᠎ᠦ ᠲᠠᠯᠠᠪᠤᠷ᠎ᠲᠤ ᠦᠬᠦᠨ ᠪᠠᠢᠯᠳᠤᠵᠤ᠂ ᠳᠠᠢ᠌ᠨ᠎ᠦ ᠳᠠᠪᠲᠠᠯᠲᠠ᠎ᠶ᠋ᠢ ᠥᠩᠭᠡᠷᠡᠭᠡᠵᠦ ᠭᠣᠣᠯ ᠲᠤᠯᠭᠠᠭᠤᠷᠢ ᠵᠢᠨ ᠦᠢᠯᠡᠳᠦᠯ᠎ᠢᠶᠡᠨ ᠭᠦᠢᠴᠡᠳ ᠢᠯᠡᠷᠡᠭᠦᠯᠵᠡᠢ᠃

ᠬᠠᠭᠤᠷᠠᠶ ᠳᠡᠭᠡᠷ᠎ᠡ ᠪᠠᠢᠯᠳᠤᠬᠤ᠂ ᠲᠡᠯᠡᠶ ᠳᠡᠭᠡᠷ᠎ᠡ ᠪᠠᠢᠯᠳᠤᠬᠤ᠂ ᠠᠭᠠᠷ᠎ᠤᠨ ᠰᠡᠷᠭᠡᠢᠯᠡᠯᠲᠡ ᠵᠢᠨ ᠵᠠᠯᠠᠭᠤᠷᠲᠤ ᠰᠤᠮᠤ ᠎ᠶ᠋ᠢ ᠡᠰᠡᠷᠭᠦᠴᠡᠬᠦ᠌᠂ ᠮᠡᠳᠡᠭᠡ ᠵᠠᠩᠭᠢ᠎ᠵᠢᠨ ᠪᠠᠢᠯᠳᠤᠭᠠᠨ᠂ ᠬᠥᠮᠦᠨ ᠥᠬᠡᠶ ᠪᠠᠢᠯᠳᠤᠭᠠᠨ᠂ ᠠᠷᠤ ᠲᠠᠯ᠎ᠠ᠎ᠶ᠋ᠢᠨ ᠵᠡᠪᠰᠡᠭ ᠲᠤᠨᠤᠭᠯᠠᠯ ᠢ᠋ ᠪᠠᠲᠤᠯᠠᠬᠤ᠂ ᠪᠠᠢᠯᠳᠤᠬᠤ ᠪᠣᠳᠣᠯᠭ᠎ᠠ᠎ᠪᠠᠷ ᠴᠣᠬᠢᠯᠲᠠ ᠥᠭ᠌ᠬᠦ᠂ 7 ᠪᠠᠢᠯᠳᠤᠭᠠᠨ᠎ᠤ ᠪᠦᠯᠦᠭᠵᠢᠯ ᠪᠠᠢᠯᠳᠤᠭᠠᠨ ᠬᠢᠬᠦ ᠣᠷᠣᠨ ᠲᠣᠭ᠎ᠠ᠎ᠪᠠᠷ ᠱᠢᠯᠭᠠᠨ ᠦᠵᠡᠬᠦ᠌᠎ᠶ᠋ᠢ ᠬᠦᠯᠢᠶᠡᠪᠡ᠃

ᠶᠠᠫᠣᠨ᠎ᠢ ᠡᠰᠡᠷᠭᠦᠴᠡᠬᠦ᠌ ᠲᠠᠢ᠌ᠨ᠎ᠦ ᠦᠶ᠎ᠡ᠎ᠶ᠋ᠢᠨ ᠪᠦᠳᠦᠭᠦᠯᠢᠭ ᠫᠤᠤ ᠵᠡᠪᠰᠡᠭ᠎ᠡᠴᠡ ᠥᠨᠥᠳᠦᠷ᠎ᠦᠨ ᠱᠢᠨ᠎ᠡ ᠮᠠᠶᠢᠭ᠎ᠤᠨ ᠪᠠᠢᠯᠳᠤᠭᠠᠨ ᠬᠢᠬᠦ᠌ ᠬᠦᠴᠦᠨ ᠲᠦᠷᠭᠡᠨ ᠬᠥᠭ᠌ᠵᠢᠭᠰᠡᠨ ᠬᠦᠷᠳᠡᠯ᠎ᠡ᠂《ᠣᠨᠴᠠ ᠡᠷᠳᠡᠮ》ᠪᠦᠬᠦᠢ ᠬᠦᠨᠳᠤ ᠵᠡᠪᠰᠡᠭ᠎ᠢ ᠬᠡᠪᠴᠢᠶᠡᠵᠢᠭᠦᠯᠦᠨ ᠤᠭ᠍ᠰᠠᠷᠠᠵᠤ᠂ ᠠᠷᠠᠳ᠎ᠤᠨ ᠴᠡᠷᠢᠭ ᠠᠩᠬᠢ᠎ᠶ᠋ᠢᠨ ᠪᠠᠢᠯᠳᠤᠭᠠᠨ᠎ᠤ ᠢᠯᠠᠯᠲᠠ᠎ᠶ᠋ᠢ ᠣᠯᠬᠤ ᠪᠠᠢᠯᠳᠤᠭᠠᠨ᠎ᠤ ᠲᠠᠯᠠᠪᠤᠷ᠎ᠤᠨ ᠰᠦᠷᠳᠡᠭᠦᠯᠬᠦ ᠢᠳᠡ ᠬᠦᠴᠦᠨ ᠨᠡᠩ ᠴᠢᠩᠭᠠᠷᠠᠵᠠᠢ᠃

《ᠨᠠᠮ᠎ᠤᠨ ᠵᠢᠯᠤᠭᠤᠳᠤᠯᠭ᠎ᠠ᠎ᠶ᠋ᠢ ᠲᠠᠭᠠᠨ᠎ᠠ! ᠢᠯᠠᠭᠤᠬ᠍ᠰᠠᠨ ᠲᠠᠢ᠌ᠨ ᠬᠢᠵᠤ ᠴᠢᠳᠠᠨ᠎ᠠ! ᠱᠢᠯᠢᠳᠡᠭ ᠬᠡᠪ ᠰᠤᠷᠳᠠᠯ ᠢ᠋ ᠡᠷᠭᠢᠮᠯᠡᠨ᠎ᠡ! 》

《ᠱᠢᠳᠤᠷᠭᠤ ᠶᠣᠰᠣ ᠯᠠᠪᠲᠠᠢ ᠢᠯᠠᠨ᠎ᠠ! ᠡᠩᠬᠡ ᠲᠠᠢᠪᠤᠩ ᠯᠠᠪᠲᠠᠶ ᠢᠯᠠᠨ᠎ᠠ! ᠠᠷᠠᠳ ᠲᠦᠮᠡᠨ ᠯᠠᠪᠲᠠᠶ ᠢᠯᠠᠨ᠎ᠠ! 》

ᠱᠢᠯᠭᠠᠨ ᠦᠵᠡᠬᠦ᠌ ᠲᠡᠷᠭᠡ ᠱᠢᠯᠭᠠᠨ ᠦᠵᠡᠬᠦ᠌᠎ᠶ᠋ᠢ ᠬᠦᠯᠢᠶᠡᠬᠦ᠌ ᠳᠠᠷᠤᠭ᠎ᠠ ᠪᠠᠢᠯᠳᠤᠭ᠍ᠴᠢᠳ᠎ᠤᠨ ᠲᠩᠷᠢ ᠭᠠᠵᠠᠷ ᠎ᠢ ᠳᠣᠩᠰᠣᠯᠭᠠᠮ᠎ᠠ ᠤᠷᠠᠢ ᠬᠠᠰᠬᠢᠷᠬᠤ ᠲᠠᠭᠤᠨ ᠎ᠤ ᠳᠤᠮᠳᠠ ᠲᠢᠶᠠᠨ ᠠᠨ ᠮᠸᠨ ᠳ᠋ᠦ᠍ ᠪᠤᠴᠠᠪᠠ᠃ ᠬᠠᠮᠲᠤᠷᠠᠭ᠍ᠰᠠᠨ ᠴᠡᠷᠢᠭ᠎ᠦᠨ ᠬᠥᠭ᠌ᠵᠢᠮ᠎ᠦᠨ ᠪᠦᠯᠬᠦᠮ 《ᠲᠠ ᠱᠢᠯᠭᠠᠨ ᠦᠵᠡᠭᠡᠷᠡᠶ》 ᠭᠡᠬᠦ᠌ ᠠᠶ᠎ᠠ᠎ᠶ᠋ᠢ ᠬᠥᠭ᠌ᠵᠢᠮᠳᠡᠪᠡ᠃

2015 ᠣᠨ᠎ᠤ ᠢᠯᠠᠯᠲᠠ ᠣᠯᠤᠭ᠍ᠰᠠᠨ ᠡᠳᠦᠷ ᠤ᠋ᠨ ᠴᠡᠷᠢᠭ ᠠᠩᠬᠢ ᠵᠢ ᠰᠢᠯᠭᠠᠨ ᠦᠵᠡᠬᠦ ᠦᠪᠡᠳᠡᠭᠰᠢ ᠶᠡᠬᠡ ᠶᠤᠰᠤᠯᠠᠯ ᠳ᠋ᠤ᠂ ᠲᠡᠷᠢᠭᠦᠯᠡᠭ᠌ᠴᠢ ᠰᠢ ᠵᠢᠨ ᠫᠢᠩ ᠲᠢᠶᠠᠨ ᠠᠨ ᠮᠸᠨ ᠳ᠋ᠤ ᠵᠤᠭᠰᠤᠨ ᠳᠡᠯᠡᠬᠡᠢ ᠳ᠋ᠠᠬᠢᠨ᠎ᠳᠤ᠄ ᠳᠤᠮᠳᠠᠳᠤ ᠤᠯᠤᠰ ᠴᠡᠷᠢᠭ ᠠᠩᠬᠢ᠎ᠶ᠋ᠢᠨ ᠬᠥᠮᠦᠨ᠎ᠦ ᠲᠣᠭ᠎ᠠ ᠎ᠶ᠋ᠢ 30 ᠲᠦᠮᠡ ᠬᠠᠰᠤᠨ᠎ᠠ᠃ ᠠᠷᠠᠳ᠎ᠤᠨ ᠴᠡᠷᠢᠭ ᠠᠩᠬᠢ ᠶᠡᠷᠦᠩᠬᠡᠢ ᠵᠢᠯᠤᠭᠤᠳᠤᠬ᠍ᠴᠢ᠎ᠶ᠋ᠢᠨ ᠪᠠᠢᠷᠢᠯᠠᠭᠤᠯᠭ᠎ᠠ ᠲᠤᠤᠷ᠎ᠠ ᠥᠭᠡᠷᠡᠴᠢᠯᠡᠯᠲᠡ ᠬᠢᠵᠦ᠍ ᠬᠦᠴᠦᠷᠬᠡᠭ᠌ᠵᠢᠬᠦ᠌ ᠨᠢᠬᠡᠨ ᠱᠢᠨ᠎ᠡ ᠴᠠᠭ ᠦᠶ᠎ᠡ᠎ᠶ᠋ᠢ ᠨᠡᠭᠡᠭᠡᠵᠡᠢ ᠭᠡᠵᠦ ᠲᠤᠩᠬᠠᠭᠯᠠᠪᠠ᠃

10 ᠵᠢᠯ᠎ᠦᠨ ᠬᠤᠭᠤᠴᠠᠭᠠᠨ᠎ᠳᠤ᠂ ᠨᠠᠮ᠎ᠤᠨ ᠲᠥᠪ ᠬᠣᠷᠢᠶ᠎ᠠ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ ᠪᠣᠯᠤᠨ ᠲᠡᠷᠢᠭᠦᠯᠡᠭ᠌ᠴᠢ ᠰᠢ ᠵᠢᠨ ᠫᠢᠩ᠎ᠤᠨ ᠤᠷᠢᠳ ᠡᠮᠦᠨ᠎ᠡ ᠪᠠᠢᠭ᠎ᠠ ᠦᠭᠡᠢ ᠡᠷᠡᠰ ᠵᠣᠷᠢᠭ ᠪᠣᠯᠤᠨ ᠡᠷᠴᠢᠮ ᠵᠢᠨᠷ᠂ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠡᠴᠡ ᠨᠠᠭᠠᠱᠢᠬᠢ ᠬᠠᠮᠤᠭ ᠎ᠤᠨ ᠥᠷᠭᠡᠨ ᠳᠡᠯᠭᠡᠷ᠂ ᠬᠠᠮᠤᠭ ᠎ᠤᠨ ᠭᠦᠨ ᠭᠦᠨᠵᠡᠭᠡᠢ ᠤᠯᠤᠰ᠎ᠤᠨ ᠪᠠᠲᠤᠯᠠᠨ ᠬᠠᠮᠠᠭᠠᠯᠠᠯᠲᠠ ᠪᠣᠯᠤᠨ ᠴᠡᠷᠢᠭ ᠠᠩᠬᠢ᠎ᠶ᠋ᠢᠨ ᠥᠭᠡᠷᠡᠴᠢᠯᠡᠯᠲᠡ᠎ᠶ᠋ᠢ ᠤᠳᠤᠷᠢᠳᠤᠨ ᠥᠷᠨᠢᠭᠦᠯᠵᠦ᠍᠂ ᠠᠷᠠᠳ᠎ᠤᠨ ᠴᠡᠷᠢᠭ ᠠᠩᠬᠢ᠎ᠶ᠋ᠢᠨ ᠪᠠᠢᠭᠤᠯᠤᠯ ᠴᠣ ᠱᠢᠨ᠎ᠡ᠂ ᠪᠦᠲᠦᠴᠡ ᠴᠣ ᠱᠢᠨ᠎ᠡ᠂ ᠪᠠᠢᠷᠢᠱᠢᠯ ᠴᠣ ᠱᠢᠨ᠎ᠡ᠂ ᠳᠦᠷᠰᠦ ᠪᠠᠢᠳᠠᠯ ᠴᠣ ᠱᠢᠨ᠎ᠡ ᠪᠣᠯᠵᠠᠢ᠃

9 ᠴᠠᠭ 44 ᠮᠢᠨᠦ᠋ᠲ ᠎ᠲᠦ  ᠲᠦᠪ  ᠠᠯᠬᠤᠭ᠎ᠠ  ᠢᠳᠡᠷᠡᠭᠦᠨ

ᠨᠡᠢᠰᠯᠡᠯ ᠪᠡᠭᠡᠵᠢᠩ᠎ᠦᠨ ᠣᠭ᠍ᠲᠠᠷᠭᠤᠶ᠎ᠳᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠣᠭ᠂ ᠪᠥᠬᠥᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠲᠣᠭ᠂ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ᠎ᠦᠨ ᠲᠣᠭ ᠥᠨᠳᠥᠷ ᠲᠤ᠌ ᠨᠠᠮᠢᠷᠠᠨ᠎ᠠ᠃

ᠤᠯᠠᠨ ᠤᠯᠤᠰ᠎ᠤᠨ ᠠᠷᠠᠯᠵᠢᠶᠠᠨ᠎ᠤ ᠲᠦᠪ᠎ᠤᠨ ᠲᠤᠮᠤ ᠠᠰᠠᠷ᠂ ᠵᠢᠶᠠᠨ ᠭᠦᠸᠧ ᠮᠸᠨ᠂ ᠸᠠᠩ ᠹᠦ᠋ ᠵᠢᠩ᠂ ᠲᠢᠶᠠᠨ ᠠᠨ ᠮᠸᠨ ᠁ ᠠᠭᠠᠷ ᠲᠠᠬᠢ ᠲᠤᠭ ᠬᠠᠮᠠᠭᠠᠯᠠᠬᠤ ᠱᠠᠲᠤᠯᠵᠢᠨ ᠠᠩᠬᠢ᠎ᠶ᠋ᠢᠨ ᠬᠢᠨ ᠭᠤᠷᠪᠠᠨ ᠲᠤᠭ᠎ᠢ ᠬᠠᠮᠠᠭᠠᠯᠠᠵᠤ᠂ ᠳᠤᠮᠳᠠᠳᠤ ᠤᠯᠤᠰ᠎ᠤᠨ ᠤᠯᠤᠰ ᠲᠦᠷᠦ᠍᠂ ᠠᠵᠤ ᠠᠬᠤᠢ᠂ ᠰᠣᠶᠣᠯ᠂ ᠭᠠᠳᠠᠭᠠᠳᠤ ᠬᠠᠷᠢᠯᠴᠠᠭ᠎ᠠ᠎ᠶ᠋ᠢ ᠲᠥᠯᠥᠭᠡᠯᠡᠭ᠌ᠰᠡᠨ ᠰᠣᠩᠭᠣᠳᠠᠭ ᠪᠡᠯᠭᠡ ᠳᠡᠮᠳᠡᠭᠳᠤ ᠪᠠᠷᠢᠯᠭ᠎ᠠ ᠵᠢᠨ ᠲᠡᠬᠡᠬᠦᠷ ᠨᠢᠰᠦᠨ ᠥᠩᠭᠡᠷᠡᠵᠦ᠍᠂ ᠥᠨᠢ ᠤᠳᠠᠭᠠᠨ ᠲᠡᠦᠬᠡ ᠪᠣᠯᠤᠨ ᠭᠡᠷᠡᠯ ᠰᠠᠴᠤᠷᠠᠩᠭᠤᠢ ᠰᠣᠶᠣᠯ ᠎ᠢ᠋ ᠠᠬᠰᠢᠭᠠᠨ ᠠᠬᠤᠭᠤᠯᠤᠬᠰᠠᠨ ᠪᠡᠭᠡᠵᠢᠩ᠎ᠦᠨ ᠳᠤᠮᠳᠠ ᠲᠡᠩᠭᠡᠯᠢᠭ ᠱᠤᠭᠤᠮ᠎ᠢᠶᠠᠷ ᠨᠢᠰᠦᠨ ᠥᠩᠭᠡᠷᠡᠪᠡ᠃

ᠶᠠᠭ ᠲᠡᠬᠦᠨ᠎ᠤ ᠲᠠᠷᠠᠭ᠎ᠠ ᠨᠢ 26 ᠡᠭ᠌ᠴᠡ ᠪᠤᠰᠬᠤ ᠨᠢᠰᠭᠡᠯ ᠨᠢ ᠯᠤᠲᠤ ᠶᠡᠬᠡ 《80》 ᠬᠡᠬᠦ ᠲᠤᠭ᠎ᠠ ᠵᠢ ᠪᠦᠷᠢᠯᠳᠦᠭᠦᠯᠦᠨ ᠨᠢᠰᠴᠤ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠳᠠᠢ᠌ᠨ ᠵᠢᠴᠢ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠳᠠᠢ᠌ᠨ ᠢᠯᠠᠯᠲᠠ ᠣᠯᠤᠭ᠍ᠰᠠᠨ 80 ᠵᠢᠯ᠎ᠦᠨ ᠤᠢ᠎ᠶ᠋ᠢ ᠳᠤᠷᠠᠰᠭᠠᠪᠠ᠃ 3 ᠡᠭ᠌ᠴᠡ ᠪᠤᠰᠬᠤ ᠨᠢᠰᠭᠡᠯ ᠲᠤᠰ ᠲᠤᠰ 《ᠱᠢᠳᠤᠷᠭᠤ ᠶᠣᠰᠣ ᠯᠠᠪᠲᠠᠢ ᠢᠯᠠᠨ᠎ᠠ》᠂ 《ᠡᠩᠬᠡ ᠲᠠᠢᠪᠤᠩ ᠯᠠᠪᠲᠠᠢ ᠢᠯᠠᠨ᠎ᠠ》᠂ 《ᠠᠷᠠᠳ ᠲᠦᠮᠡᠨ ᠯᠠᠪᠲᠠᠢ ᠢᠯᠠᠨ᠎ᠠ》 ᠭᠡᠬᠦ᠌ ᠪᠢᠴᠢᠭᠡᠰᠦ ᠵᠢ ᠡᠯᠭᠦᠨ ᠨᠢᠰᠪᠡ᠃

ᠡᠨᠡ ᠪᠣᠯ ᠲᠡᠦᠬᠡ᠎ᠡᠴᠡ ᠰᠡᠩᠬᠡᠷᠡᠭᠦᠯᠦᠭᠰᠡᠨ ᠠᠭᠤᠤ ᠶᠡᠬᠡ ᠦᠨᠡᠨ ᠶᠣᠰᠣ᠂ ᠡᠨᠡ ᠪᠣᠯ ᠳᠡᠯᠡᠬᠡᠢ ᠳ᠋ᠠᠬᠢᠨ᠎ᠤ ᠲᠥᠪ ᠶᠣᠰᠣᠨ᠎ᠤ ᠲᠥᠪ ᠴᠢᠩᠭ᠎ᠠ ᠵᠠᠷᠯᠠᠯ᠂ ᠡᠨᠡ ᠪᠣᠯ ᠡᠩᠬᠡ ᠲᠠᠢᠪᠤᠩ ᠬᠥᠭ᠌ᠵᠢᠯᠲᠡ᠎ᠶ᠋ᠢᠨ ᠴᠠᠭ ᠦᠶ᠎ᠡ᠎ᠶ᠋ᠢᠨ ᠬᠦᠴᠦᠷᠬᠡᠭ ᠲᠠᠭᠤᠨ᠃

《ᠲᠦᠪ ᠠᠯᠬᠤᠭ᠎ᠠ ᠪᠡᠷ ᠠᠯᠬᠤᠭᠠᠳ ᠶᠠᠪᠤ  —— 》

ᠨᠠᠮ ᠎ᠤᠨ ᠲᠤᠭ᠍ᠴᠢ ᠸᠠᠩ ᠽᠢ ᠾᠧ᠂ ᠤᠯᠤᠰ᠎ᠤᠨ ᠲᠤᠭ᠍ᠴᠢ ᠱ᠌ᠢ ᠪᠢᠨ᠂ ᠴᠡᠷᠢᠭ᠎ᠦᠨ ᠲᠤᠭ᠍ᠴᠢ ᠱᠢᠤᠢ ᠽᠸ ᠳ᠋ᠦᠩ ᠲᠤᠭ᠎ᠢᠶᠠᠨ ᠡᠷᠭᠦᠬᠦ᠌ ᠬᠥᠳᠡᠯᠦᠯ᠎ᠢᠶᠡᠨ ᠪᠠᠲᠤᠯᠠᠵᠤ᠂ 3.35 ᠮᠧᠲ᠋ᠷ ᠤᠷᠲᠤ ᠲᠤᠭ᠎ᠤᠨ ᠡᠰᠢ ᠪᠠᠨ ᠠᠳᠠᠯᠢ ᠴᠢᠭᠯᠡᠯ ᠵᠢᠡᠷ ᠣᠨᠣᠪᠴᠢᠲᠠᠶ ᠲᠣᠭ᠍ᠲᠠᠭᠠᠪᠠ᠃

ᠭᠠᠯ ᠤᠯᠠᠭᠠᠨ ᠭᠤᠷᠪᠠᠨ ᠲᠤᠭ ᠶᠣᠰᠣᠯᠠᠯ᠎ᠤᠨ ᠵᠢᠭ᠍ᠰᠠᠭᠠᠯ᠎ᠤᠨ ᠠᠩᠬᠢ᠎ᠶ᠋ᠢᠨ ᠬᠠᠮᠠᠭᠠᠯᠠᠯ ᠳᠣᠣᠷ᠎ᠠ᠂ 13 ᠶᠠᠪᠠᠭᠠᠨ ᠵᠢᠭ᠍ᠰᠠᠭᠠᠯ᠎ᠤᠨ ᠡᠩᠨᠡᠭᠡ᠎ᠶ᠋ᠢ ᠬᠦᠳᠦᠯᠥᠨ ᠳᠠᠭᠠᠭᠤᠯᠵᠤ ᠰᠦᠷ ᠲᠠᠯᠠᠢᠴᠠᠳᠠᠢ ᠪᠡᠷ ᠳᠡᠯᠡᠬᠡᠢ ᠳ᠋ᠠᠬᠢᠨ᠎ᠤ ᠬᠥᠮᠦᠰ᠎ᠦᠨ ᠡᠮᠦᠨ᠎ᠡ ᠢᠯᠡᠷᠡᠪᠡ᠃

ᠴᠡᠷᠢᠭ᠎ᠦᠨ ᠲᠤᠬ ᠨᠠᠮᠢᠷᠠᠨ᠎ᠠ᠃ 4 ᠴᠡᠷᠢᠭ ᠤ᠋ᠨ ᠲᠦᠷᠦᠯ᠂ 4 ᠴᠡᠷᠢᠭ ᠤ᠋ᠨ ᠮᠡᠷᠭᠡᠵᠢᠯ ᠤ᠋ᠨ ᠲᠦᠷᠦᠯ ᠪᠣᠯᠤᠨ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠎ᠶ᠋ᠢᠨ ᠵᠢᠭ᠍ᠰᠠᠭᠠᠯ ᠠᠩᠬ᠎ᠠ ᠤᠳᠠᠭ᠎ᠠ ᠴᠡᠷᠢᠭ ᠤ᠋ᠨ ᠲᠦᠷᠦᠯ ᠴᠡᠷᠢᠭ ᠤ᠋ᠨ ᠮᠡᠷᠭᠡᠵᠢᠯ ᠤ᠋ᠨ ᠲᠦᠷᠦᠯ ᠤ᠋ᠨ ᠲᠤᠭ ᠪᠣᠯᠤᠨ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠎ᠶ᠋ᠢᠨ ᠲᠤᠭ᠎ᠢ ᠡᠷᠬᠦᠨ ᠰᠢᠯᠭᠠᠨ ᠦᠵᠡᠬᠦ ᠵᠢ ᠬᠦᠯᠢᠶᠡᠪᠡ᠃

ᠴᠡᠷᠢᠭ ᠠᠩᠬᠢ᠎ᠶ᠋ᠢᠨ ᠵᠢᠭ᠍ᠰᠠᠭᠠᠯ ᠰᠦᠷ ᠵᠢᠪᠬᠤᠭ᠎ᠠ ᠪᠠᠳᠠᠷᠠᠨ᠎ᠠ᠃ ᠠᠷᠠᠳ᠎ᠤᠨ ᠴᠡᠷᠢᠭ ᠠᠩᠭᠢ᠎ᠶ᠋ᠢᠨ ᠬᠦᠴᠦᠨ᠎ᠦ ᠪᠦᠲᠦᠴᠡ᠎ᠶ᠋ᠢᠨ ᠱᠢᠨ᠎ᠡ ᠪᠠᠢᠷᠢᠱᠢᠯ᠎ᠢ ᠴᠡᠷᠢᠭ ᠠᠩᠬᠢ ᠵᠢ ᠱᠢᠯᠭᠠᠨ ᠦᠵᠡᠬᠦ᠌ ᠶᠣᠰᠣᠯᠠᠯ ᠳᠤᠮᠳᠠ ᠠᠩᠬ᠎ᠠ ᠤᠳᠠᠭ᠎ᠠ ᠲᠥᠪᠯᠡᠷᠡᠭᠦᠯᠦᠨ ᠳᠡᠯᠭᠡᠨ ᠦᠵᠡᠭᠦᠯᠪᠡ᠃

《 ᠪᠠᠷᠠᠭᠤᠨᠰᠢ ᠪᠡᠨ ᠬᠠᠷᠠ ——》

ᠬᠠᠭᠤᠷᠠᠢ ᠵᠠᠮ᠎ᠤᠨ ᠴᠡᠷᠢᠭ᠂ ᠲᠠᠯᠠᠢ᠎ᠶ᠋ᠢᠨ ᠴᠡᠷᠢᠭ᠂ ᠠᠭᠠᠷ᠎ᠤᠨ ᠴᠡᠷᠢᠭ᠂ ᠲᠠᠢ᠌ᠷᠤᠯᠳᠤ ᠰᠤᠮᠤ᠎ᠶ᠋ᠢᠨ ᠴᠡᠷᠢᠭ ᠵᠡᠷᠭᠡ 4 ᠴᠡᠷᠢᠭ ᠤ᠋ᠨ ᠲᠦᠷᠦᠯ ᠎ᠦᠨ ᠴᠡᠷᠢᠭ ᠠᠩᠬᠢ ᠵᠢᠨ ᠱᠢᠯᠭᠠᠨ ᠦᠵᠡᠬᠦ᠌᠎ᠶ᠋ᠢ ᠬᠦᠯᠢᠶᠡᠬᠦ᠌ ᠠᠩᠬᠢ᠎ᠶ᠋ᠢᠨ ᠭᠡᠱᠢᠭᠦᠳ ᠡᠩ᠎ᠦᠨ ᠬᠤᠪᠴᠠᠰᠤ᠎ᠪᠠᠨ ᠡᠮᠦᠰᠴᠦ᠍ ᠱᠢᠯᠭᠠᠨ ᠦᠵᠡᠬᠦ᠌᠎ᠶ᠋ᠢ ᠬᠦᠯᠢᠶᠡᠪᠡ᠃

《 ᠫᠠᠩ!》 ᠭᠡᠵᠤ ᠫᠤᠤ ᠲᠤᠤᠭᠠᠷᠬᠤ ᠵᠢ ᠳᠠᠭᠠᠯᠳᠤᠨ᠂ ᠬᠠᠭᠤᠷᠠᠶ ᠵᠠᠮ᠎ᠤᠨ ᠴᠡᠷᠢᠭ ᠠᠩᠬᠢ ᠵᠢᠨ ᠵᠢᠬᠰᠠᠭᠠᠯ ᠡᠴᠡ ᠰᠦᠷ ᠭᠡᠷᠡᠯ ᠰᠠᠴᠤᠷᠠᠨ᠎ᠠ᠃ ᠣᠯᠠᠩᠬᠢ ᠭᠡᠱᠢᠭᠦᠳ ᠨᠢ ᠨᠠᠢ᠍ᠮᠠᠳᠤᠭᠠᠷ ᠵᠠᠮ᠎ᠤᠨ ᠴᠡᠷᠢᠭ᠂ ᠱᠢᠨ᠎ᠡ ᠳᠥᠷᠪᠡᠳᠦᠭᠡᠷ ᠠᠷᠮᠢ᠎ᠶ᠋ᠢᠨ ᠪᠠᠭᠠᠲᠤᠷ ᠵᠢᠱ᠌ᠢᠶᠡᠴᠢ ᠴᠡᠷᠢᠭ ᠠᠩᠬᠢ᠎ᠶ᠋ᠢᠨ ᠤᠯᠠᠮᠵᠢᠯᠠᠭ᠍ᠴᠢ ᠪᠠᠢᠵᠤ᠂ ᠬᠤᠷᠴᠠ ᠢᠷ ᠬᠢᠯᠠᠯᠵᠠᠬᠰᠠᠨ ᠰᠡᠯᠡᠮ᠎ᠡ᠎ᠨᠢ ᠭᠦᠨ ᠭᠦᠨᠵᠡᠭᠡᠢ ᠤᠳᠭ᠎ᠠ ᠠᠭᠤᠯᠭ᠎ᠠ᠎ᠲᠠᠶ᠄ ᠨᠠᠮ᠎ᠤᠨ ᠬᠠᠮᠤᠭ᠎ᠤᠨ ᠡᠷᠲᠡ ᠪᠠᠢᠭᠤᠯᠤᠨ ᠤᠳᠤᠷᠢᠳᠤᠭ᠍ᠰᠠᠨ ᠵᠡᠪᠰᠡᠭ᠌ᠲᠦ ᠬᠦᠴᠦᠨ ᠪᠣᠯᠤᠭ᠍ᠰᠠᠨ᠎ᠤ ᠬᠤᠪᠢ᠎ᠳᠤ᠂ ᠠᠷᠠᠳ᠎ᠤᠨ ᠬᠠᠭᠤᠷᠠᠢ ᠵᠠᠮ ᠎ᠤᠨ ᠴᠡᠷᠢᠭ ᠳᠠᠢ᠌ᠨ᠎ᠦ ᠭᠠᠯ ᠳᠠᠷᠢ᠎ᠶ᠋ᠢᠨ ᠤᠳᠤᠭᠠᠨ ᠤ᠋ ᠲᠤᠮᠳᠠ ᠳᠠᠢᠰᠤᠨ᠎ᠯᠤᠭ᠎ᠠ ᠵᠣᠷᠢᠭ᠍ᠲᠠᠢ᠎ᠪᠠᠷ 《ᠢᠯᠳᠦ ᠵᠢᠳᠠ ᠡᠷᠬᠢᠬᠦᠯᠦᠨ ᠦᠬᠦᠵᠤ ᠰᠠᠬᠡᠬᠦ ᠪᠠᠨ ᠦᠵᠡᠯᠴᠡᠬᠦ》ᠰᠥᠰᠥ᠍ ᠵᠣᠷᠢᠭ᠎ᠢᠶᠠᠨ ᠢᠮᠠᠭ᠍ᠲᠠ ᠬᠠᠳᠠᠭᠠᠯᠠᠭ᠍ᠰᠠᠭᠠᠷ ᠢᠷᠡᠪᠡ᠃

ᠲᠠᠯᠠᠢ ᠵᠢᠨ ᠳᠠᠪᠠᠯᠭᠠᠨ ᠡᠷᠭᠢ  ᠴᠣᠬᠢᠯᠠᠨ ᠲᠠᠪᠠᠯᠭᠠᠯᠠᠬᠤ ᠬᠡᠮᠡᠷ ᠳᠠᠯᠠᠢ᠎ᠶ᠋ᠢᠨ ᠴᠡᠷᠢᠭ ᠤ᠋ᠨ ᠵᠢᠭ᠍ᠰᠠᠭᠠᠯ ᠰᠦᠷ ᠳᠠᠯᠠᠢᠴᠠ ᠲᠠᠢ ᠢᠯᠡᠷᠡᠪᠡ᠃ ᠲᠡᠳᠡᠨ᠎ᠤ ᠣᠮᠣᠭᠯᠠᠩ ᠵᠢᠪᠬᠤᠭ᠎ᠠ ᠪᠠᠳᠠᠷᠠᠭᠰᠠᠨ ᠨᠢᠭᠤᠷ ᠴᠢᠷᠠᠢ ᠮᠠᠷᠲᠠᠭ᠍ᠳᠠᠰᠢ ᠦᠭᠡᠢ᠄ 18 ᠨᠠᠰᠤ ᠬᠦᠷᠦᠭᠡᠳᠦᠢ ᠲᠤᠭ ᠬᠠᠮᠠᠭᠠᠯᠠᠬᠴᠢ ᠳ᠋ᠢ ᠬᠤᠤ ᠶᠠᠩ ᠪᠤᠯ ᠡᠨᠡ ᠤᠳᠠᠭ᠎ᠠ᠎ᠶ᠋ᠢᠨ ᠴᠡᠷᠢᠭ᠎ᠠᠩᠬᠢ ᠵᠢ ᠱᠢᠯᠭᠠᠨ ᠦᠵᠡᠬᠦ᠌ ᠳᠤᠮᠳᠠ ᠨᠠᠰᠤ᠎ᠪᠠᠷ ᠬᠠᠮᠤᠭ᠎ᠤᠨ ᠪᠠᠭ᠎ᠠ ᠨᠢ ᠪᠠᠢᠵᠤ᠂ ᠪᠦᠬᠦᠢᠯᠡ ᠳᠠᠯᠠᠢ᠎ᠶ᠋ᠢᠨ ᠴᠡᠷᠢᠭ᠎ᠦᠨ ᠵᠢᠭ᠍ᠰᠠᠭᠠᠯ᠎ᠤᠨ ᠲᠡᠭᠰᠢᠳᠭᠡᠭᠰᠡᠨ ᠨᠠᠰᠤ ᠨᠢ ᠴᠦ᠍ 21 ᠨᠠᠰᠤ᠎ᠡᠴᠡ ᠬᠡᠲᠦᠷᠡᠬᠦ᠌ ᠦᠭᠡᠢ ᠪᠠᠢᠯ᠎ᠠ᠃ ᠵᠠᠯᠠᠭᠤ ᠭᠡᠱᠢᠭᠦᠳ ᠶᠡᠬᠡ ᠳᠡᠭᠡᠳᠦ ᠰᠤᠷᠭᠠᠭᠤᠯᠢ᠂ ᠴᠡᠷᠢᠭ᠎ᠦᠨ ᠬᠥᠯᠭᠡ ᠣᠩᠭᠣᠴᠠ᠂ ᠲᠠᠯᠠᠢ᠎ᠶ᠋ᠢᠨ ᠠᠷᠠᠯ᠂ ᠥᠨᠳᠥᠷ ᠠᠭᠤᠯᠠᠨ᠎ᠡᠴᠡ ᠴᠤᠬᠯᠠᠷᠠᠨ ᠢᠷᠡᠵᠤ᠂ ᠠᠷᠠᠳ᠎ᠤᠨ ᠲᠠᠯᠠᠢ᠎ᠶ᠋ᠢᠨ ᠴᠡᠷᠢᠭ᠎ᠦᠨ ᠲᠠᠯᠠᠢ ᠳ᠋ᠤ ᠰᠠᠭᠤᠷᠢᠯᠠᠨ ᠬᠦᠴᠦᠷᠬᠡᠭ᠌ᠵᠢᠬᠦ᠌ ᠵᠠᠯᠠᠭᠤ ᠨᠠᠰᠤᠨ᠎ᠤ ᠡᠭᠦᠷᠭᠡᠯᠡᠯ᠎ᠢ ᠪᠢᠴᠢᠭ᠌ᠯᠡᠵᠡᠢ᠃

ᠠᠭᠠᠷ᠎ᠤᠨ ᠴᠡᠷᠢᠭ᠎ᠦᠨ ᠵᠢᠭ᠍ᠰᠠᠭᠠᠯ᠎ᠤᠨ ᠪᠦᠬᠦ᠌ ᠭᠡᠱᠢᠭᠦᠳ ᠨᠢ ᠪᠦᠷ ᠱᠢᠬᠦᠷ᠎ᠢᠶᠡᠷ ᠭᠠᠵᠠᠷᠳᠠᠬᠤ ᠴᠡᠷᠢᠭ ᠪᠠᠢᠵᠤ᠂ ᠪᠦᠭᠦᠳᠡᠭᠡᠷ᠎ᠢᠶᠡᠨ ᠱᠢᠬᠦᠷ᠎ᠢᠶᠡᠷ ᠭᠠᠵᠠᠷᠳᠠᠬᠤ᠎ᠳᠤ ᠣᠷᠣᠯᠴᠠᠵᠤ᠂ 70% ᠡᠴᠡ ᠳᠡᠭᠡᠭ᠌ᠰᠢᠬᠢ ᠨᠢ ᠶᠡᠬᠡ ᠰᠣᠷᠢᠯᠲᠠ ᠪᠣᠯᠪᠠᠰᠤᠷᠠᠯ᠎ᠤᠨ ᠡᠭᠦᠷᠭᠡ᠎ᠶ᠋ᠢ ᠭᠦᠢᠴᠡᠳᠭᠡᠵᠦ᠍ ᠥᠩᠭᠡᠷᠡᠪᠡ᠃ ᠤᠮᠠᠷᠠᠰᠢ ᠪᠡᠨ ᠪᠣᠭᠣᠮᠲᠠ᠎ᠶ᠋ᠢᠨ ᠭᠠᠳᠠᠨ᠎ᠠ ᠭᠠᠷᠴᠤ᠌᠂ ᠡᠮᠦᠨᠡᠰᠢ ᠪᠡᠨ ᠳᠠᠯᠠᠢ᠎ᠶ᠋ᠢᠨ ᠠᠷᠠᠯ᠎ᠳᠤ ᠣᠷᠣᠵᠤ᠂ ᠪᠠᠷᠠᠭᠤᠨᠰᠢ ᠪᠡᠨ ᠭᠣᠪᠢ᠎ᠴᠦᠯ᠎ᠢᠶᠡᠷ ᠶᠠᠪᠤᠵᠤ᠂ ᠵᠡᠭᠦᠨᠰᠢ ᠪᠡᠨ ᠳᠠᠯᠠᠢ᠎ᠳ᠋ᠤ ᠬᠦᠷᠴᠤ᠂ ᠬᠦᠬᠡ ᠣᠭ᠍ᠲᠠᠷᠭᠤᠢ᠎ᠳᠤ ᠳᠡᠯᠭᠡᠷᠡᠭ᠌ᠰᠡᠨ ᠱᠢᠬᠦᠷᠲᠦ ᠴᠡᠴᠡᠭᠡᠰ ᠨᠢ ᠳᠤᠮᠳᠠᠳᠤ ᠤᠯᠤᠰ᠎ᠤᠨ ᠰᠢᠬᠦᠷᠳᠤ ᠴᠡᠷᠢᠭ᠎ᠦᠨ ᠴᠡᠷᠢᠭ᠎ᠢ ᠬᠦᠴᠦᠷᠬᠡᠭᠵᠢᠬᠦᠯᠬᠦ ᠬᠠᠷᠢᠭᠤᠯᠳᠠ ᠵᠢᠨ ᠬᠠᠭᠤᠳᠠᠰᠤ ᠪᠣᠯᠤᠨ᠎ᠠ᠃

《ᠨᠤᠭᠤᠭᠠᠨ ᠬᠤᠪᠴᠠᠰᠤᠳᠤ ᠵᠠᠯᠠᠭᠤᠷᠳᠤ ᠰᠤᠮᠤ ᠵᠢᠨ ᠴᠡᠷᠢᠭ》ᠠᠶᠤᠩᠭ᠎ᠠ ᠮᠡᠲᠦ ᠠᠪᠤᠷᠭᠤ ᠬᠦᠴᠦᠨ᠎ᠢ ᠪᠠᠳᠠᠷᠠᠭᠤᠯᠵᠤ᠂ ᠲᠡᠢ᠌ᠷᠦᠯᠲᠦ ᠰᠤᠮᠤ᠎ᠶ᠋ᠢᠨ ᠴᠡᠷᠢᠭ᠎ᠠᠩᠬᠢ ᠵᠢᠨ ᠵᠢᠭᠰᠠᠭᠠᠯ ᠲᠡᠢ᠌ᠷᠦᠯᠲᠦ ᠰᠤᠮᠤ᠎ᠶ᠋ᠢᠨ ᠴᠡᠷᠢᠭ ᠪᠠᠢᠭᠤᠯᠤᠭ᠍ᠳᠠᠭ᠍ᠰᠠᠨ 10 ᠵᠢᠯ᠎ᠦᠨ ᠤᠢ᠎ᠶ᠋ᠢᠨ ᠲᠠᠱᠢᠷᠠᠮ᠎ᠢᠶᠠᠷ ᠱᠢᠯᠭᠠᠨ ᠦᠵᠡᠬᠦ᠌᠎ᠶ᠋ᠢ ᠬᠦᠯᠢᠶᠡᠪᠡ᠃ ᠴᠡᠷᠢᠭ ᠠᠩᠭᠢ᠎ᠶ᠋ᠢᠨ ᠭᠡᠱᠢᠭᠦᠳ᠎ᠦᠨ 80% ᠡᠴᠡ ᠳᠡᠭᠡᠭ᠌ᠰᠢᠬᠢ ᠨᠢ ᠦᠨᠡᠨ ᠰᠤᠮᠤ ᠬᠠᠷᠪᠤᠬᠤ᠂ ᠳᠠᠢᠨ᠎ᠤ ᠪᠡᠯᠡᠳᠭᠡᠯ ᠬᠢᠬᠦ᠌ ᠪᠡᠷ ᠵᠢᠵᠢᠭᠦᠷᠯᠡᠵᠦ᠂ ᠡᠰᠡᠷᠭᠦᠴᠡᠯᠳᠦᠨ ᠪᠠᠢᠯᠳᠤᠭᠰᠠᠨ ᠥᠩᠭᠡᠷᠡᠯᠲᠡ᠎ᠲᠡᠶ ᠪᠠᠢᠳᠠᠭ᠃ ᠮᠠᠨ᠎ᠤ ᠤᠯᠤᠰ᠎ᠤᠨ ᠪᠠᠢᠯᠳᠤᠬᠤ ᠪᠤᠳᠤᠯᠭ᠎ᠠ᠎ᠶ᠋ᠢᠨ ᠰᠦᠷᠳᠡᠭᠦᠯᠦᠯ᠎ᠦᠨ ᠭᠣᠣᠯᠯᠠᠭ᠍ᠴᠢ ᠬᠦᠴᠦᠨ ᠪᠣᠯᠤᠭ᠍ᠰᠠᠨ᠎ᠤ ᠬᠤᠪᠢ᠎ᠳᠤ᠂ ᠶᠡᠬᠡ ᠤᠯᠤᠰ᠎ᠤᠨ ᠤᠷᠳᠤ ᠰᠡᠯᠡᠮ᠎ᠡ᠎ᠶ᠋ᠢ ᠠᠳᠭᠤᠵᠤ ᠪᠠᠢᠭ᠎ᠠ ᠪᠦᠷᠢᠶᠡᠴᠢᠳ ᠢᠳᠡᠷᠡᠭᠦᠨ ᠠᠯᠬᠤᠭ᠎ᠠ᠎ᠪᠠᠷ ᠤᠷᠤᠭ᠍ᠰᠢᠯᠠᠨ᠎ᠠ᠃

ᠶᠠᠪᠠᠭᠠᠨ ᠵᠢᠭ᠍ᠰᠠᠭᠠᠯ᠎ᠤᠨ ᠵᠢᠯᠤᠭᠤᠳᠤᠭ᠍ᠴᠢ᠄ 《ᠴᠡᠷᠢᠭ᠎ᠠᠩᠬᠢ ᠵᠢ ᠱᠢᠯᠭᠠᠨ ᠦᠵᠡᠬᠦ᠌ ᠨᠢ ᠵᠥᠪᠬᠡᠨ ᠬᠥᠮᠦᠨ ᠢ᠋ ᠰᠢᠯᠭᠠᠨ ᠦᠵᠡᠵᠦ ᠪᠠᠢᠭ᠎ᠠ ᠪᠢᠰᠢ᠂ ᠨᠡᠩ ᠴᠤ᠌ ᠴᠡᠷᠢᠭ ᠠᠩᠬᠢ᠎ᠶ᠋ᠢᠨ ᠤᠶᠤᠨ ᠰᠠᠨᠠᠭᠠᠨ᠎ᠤ ᠳᠦᠷᠰᠦ ᠪᠠᠢᠳᠠᠯ ᠢ᠋ ᠰᠢᠯᠭᠠᠨ ᠦᠵᠡᠵᠦ ᠪᠠᠢᠭ᠎ᠠ ᠶᠤᠮ᠃ ᠴᠡᠷᠢᠭ᠎ᠠᠩᠬᠢ ᠵᠢ ᠱᠢᠯᠭᠠᠨ ᠦᠵᠡᠬᠦ᠌ ᠶᠣᠰᠣᠯᠠᠯ᠎ᠨᠢ ᠲᠡᠷᠢ ᠲᠡᠭ᠌ᠰᠢ ᠵᠢᠭ᠌ᠳᠡ ᠵᠢᠭ᠍ᠰᠠᠭᠠᠯ ᠢ᠋ ᠲᠡᠯᠭᠡᠨ ᠦᠵᠡᠭᠦᠯᠦᠭᠰᠡᠨ ᠵᠢᠡᠷ ᠪᠠᠷᠠᠬᠤ ᠦᠭᠡᠢ᠂ ᠨᠡᠩ ᠴᠤ᠌ ᠳᠤᠮᠳᠠᠳᠤ ᠤᠯᠤᠰ᠎ᠤᠨ ᠣᠨᠴᠠᠯᠢᠭ᠎ᠪᠦᠭᠦᠢ ᠴᠡᠷᠢᠭ ᠎ᠢ ᠬᠦᠴᠦᠷᠬᠡᠭ᠌ᠵᠢᠭᠦᠯᠬᠦ᠌ ᠵᠠᠮ ᠳᠡᠭᠡᠷᠡᠬᠢ ᠡᠷᠡᠰ ᠪᠠᠲᠤ ᠠᠯᠬᠤᠭ᠎ᠠ ᠵᠢ ᠢᠯᠡᠷᠡᠭᠦᠯᠦᠭᠰᠡᠨ ᠪᠠᠢᠨ᠎ᠠ》 ᠭᠡᠪᠡ᠃

ᠡᠭᠡᠷᠡᠮ᠎ᠡ ᠴᠦᠯ ᠤᠢ ᠱᠢᠭᠤᠢ᠎ᠶ᠋ᠢᠨ ᠦᠩᠭᠡ ᠵᠢ ᠤᠶᠠᠯᠳᠤᠭᠤᠯᠤᠭᠰᠠᠨ ᠦᠨᠭ᠌ᠭᠡ ᠨᠢ ᠬᠤᠷᠴᠠ ᠵᠡᠪᠰᠡᠭ ᠬᠤᠷᠳᠤᠨ ᠮᠣᠷᠢ ᠮᠡᠲᠦ᠂ ᠠᠭᠤᠯᠠ ᠤᠰᠤ᠎ᠶ᠋ᠢ ᠳᠣᠩᠰᠣᠯᠭᠠᠨ᠎ᠠ  —— 4  ᠴᠣ ᠱᠢᠨ᠎ᠡ ᠴᠡᠷᠢᠭ᠎ᠦᠨ ᠲᠦᠷᠦᠯ᠎ᠦᠨ ᠴᠡᠷᠢᠭ᠎ᠦᠨ ᠲᠤᠭ ᠨᠢ 4 ᠴᠡᠷᠢᠭ᠎ᠦᠨ ᠲᠦᠷᠦᠯ᠎ᠦᠨ ᠴᠡᠷᠢᠭ ᠠᠩᠬᠢ᠎ᠶ᠋ᠢᠨ ᠵᠢᠭ᠍ᠰᠠᠭᠠᠯ ᠢ᠋ ᠳᠠᠭᠠᠭᠤᠯᠤᠨ ᠱᠢᠯᠭᠠᠨ ᠦᠵᠡᠬᠦ᠌᠎ᠶ᠋ᠢ ᠬᠦᠯᠢᠶᠡᠪᠡ᠂ ᠡᠭᠦᠨ᠎ᠳᠦ 3 ᠴᠡᠷᠢᠭ᠎ᠦᠨ ᠲᠦᠷᠦᠯ ᠠᠩᠬ᠎ᠠ ᠤᠳᠠᠭ᠎ᠠ ᠲᠢᠶᠠᠨ ᠠᠨ ᠮᠸᠨ ᠳ᠋ᠤ ᠢᠯᠡᠷᠡᠪᠡ᠃

ᠴᠡᠷᠢᠭ᠎ᠦᠨ ᠶᠠᠪᠤᠳᠠᠯ᠎ᠤᠨ ᠰᠠᠨᠰᠠᠷ᠎ᠤᠨ ᠠᠶᠠᠯᠠᠯ᠎ᠤᠨ ᠴᠡᠷᠢᠭ ᠠᠩᠭᠢ᠎ᠶ᠋ᠢᠨ ᠴᠡᠷᠢᠭ᠎ᠦᠨ ᠲᠣᠭ᠎ᠤᠨ ᠳᠡᠭᠡᠷᠡᠬᠢ ᠭᠦᠨ ᠬᠥᠬᠡ ᠥᠩᠭᠡ᠎ᠵᠢ ᠬᠠᠷᠠᠭᠠᠳ ᠲᠠ ᠨᠠᠷ ᠴᠡᠷᠢᠭ᠎ᠦᠨ ᠶᠠᠪᠤᠳᠠᠯ᠎ᠤᠨ ᠰᠠᠨᠰᠠᠷ᠎ᠤᠨ ᠠᠶᠠᠯᠠᠯ᠎ᠤᠨ ᠴᠡᠷᠢᠭ ᠤ᠋ᠨ ᠨᠡᠯᠦᠭᠡᠷ ᠠᠭᠤᠳᠠᠮ ᠰᠠᠨᠰᠠᠷ ᠣᠭ᠍ᠲᠠᠷᠭᠤᠶ᠎ᠶ᠋ᠢ ᠬᠠᠢᠨ ᠰᠦᠪᠡᠭ᠌ᠴᠢᠯᠡᠬᠦ᠌ ᠣᠭ ᠰᠠᠨᠠᠭ᠎ᠠ᠎ᠶ᠋ᠢ ᠪᠤᠳᠤᠵᠤ ᠤᠯᠬᠤ ᠪᠠᠢᠬ᠎ᠠ?

ᠰᠦᠯᠵᠢᠶᠡᠨ᠎ᠦ ᠣᠷᠣᠨ ᠵᠠᠶ᠎ᠶ᠋ᠢᠨ ᠴᠡᠷᠢᠭ ᠠᠩᠭᠢ᠎ᠶ᠋ᠢᠨ ᠴᠡᠷᠢᠭ᠎ᠦᠨ ᠲᠣᠭ᠎ᠤᠨ ᠳᠡᠭᠡᠷᠡᠬᠢ ᠦᠨᠡᠰᠦᠨ ᠦᠩᠭᠡ ᠨᠢ ᠲᠠ ᠨᠠᠷ ᠲᠤ᠌ ᠢᠯᠡ ᠪᠤᠰᠤ ᠳᠠᠢᠨ᠎ᠤ ᠲᠠᠯᠠᠪᠤᠷ᠎ᠲᠤ ᠪᠠᠢᠭᠤᠯᠤᠭ᠍ᠰᠠᠨ ᠰᠦᠯᠵᠢᠶᠡᠨ᠎ᠦ ᠤᠷᠲᠤ ᠴᠠᠭᠠᠨ ᠬᠡᠷᠡᠮ᠎ᠢ ᠪᠣᠳᠣᠭ᠍ᠳᠠᠭᠤᠯᠪᠠ ᠦᠦ?

ᠮᠡᠳᠡᠭᠡ ᠵᠠᠩᠭᠢ᠎ᠪᠠᠷ ᠲᠤᠰᠠᠯᠠᠬᠤ ᠴᠡᠷᠢᠭ ᠠᠩᠭᠢ᠎ᠶ᠋ᠢᠨ ᠴᠡᠷᠢᠭ᠎ᠦᠨ ᠲᠣᠭ᠎ᠤᠨ ᠳᠡᠭᠡᠷᠡᠬᠢ ᠪᠣᠷᠣ ᠦᠩᠭᠡ ᠡᠴᠡ ᠲᠠ ᠨᠠᠷ ᠢᠨᠲ᠋ᠧᠷ ᠰᠦᠯᠵᠢᠶᠡᠨ᠎ᠦ ᠮᠡᠳᠡᠭᠡ ᠵᠠᠩᠭᠢ᠎ᠶ᠋ᠢᠨ ᠬᠣᠱᠢᠭᠤᠴᠢ ᠴᠡᠷᠢᠭ ᠮᠡᠳᠡᠭᠡ ᠵᠠᠩᠭᠢ᠎ᠶ᠋ᠢᠨ ᠥᠨᠳᠥᠷᠯᠢᠭ᠎ᠢ ᠪᠤᠯᠢᠶᠠᠨ ᠡᠵᠡᠯᠡᠭ᠌ᠰᠡᠨ ᠰᠦᠷᠳᠤ ᠪᠠᠢᠳᠠᠯ᠎ᠢ ᠪᠤᠳᠤᠵᠤ ᠤᠯᠪᠠ ᠤᠤ?

ᠬᠠᠮᠲᠤᠷᠠᠭ᠍ᠰᠠᠨ ᠠᠷᠤ ᠲᠠᠯ᠎ᠠ᠎ᠶ᠋ᠢᠨ ᠪᠠᠲᠤᠯᠠᠭ᠎ᠠ᠎ᠶ᠋ᠢᠨ ᠴᠡᠷᠢᠭ ᠠᠩᠭᠢ᠎ᠶ᠋ᠢᠨ ᠴᠡᠷᠢᠭ᠎ᠦᠨ ᠲᠣᠭ ᠎ᠤᠨ ᠳᠡᠭᠡᠷᠡᠬᠢ ᠨᠣᠭᠣᠭᠠᠨ ᠥᠩᠭᠡ ᠨᠢ ᠲᠠ ᠨᠠᠷ ᠲᠤ᠌ ᠪᠠᠲᠤ ᠪᠡᠬᠢ ᠦᠨᠳᠦᠰᠦ ᠰᠠᠭᠤᠷᠢ᠎ᠶ᠋ᠢ ᠪᠡᠬᠢᠵᠢᠭᠦᠯᠬᠦ᠌ ᠡᠭᠦᠷᠭᠡ ᠬᠠᠷᠢᠭᠤᠴᠠᠯᠭ᠎ᠠ᠎ᠶ᠋ᠢᠨ ᠬᠠᠢᠷ᠎ᠠ ᠰᠡᠳᠭᠢᠯᠭᠡ᠎ᠶ᠋ᠢ ᠮᠡᠳᠡᠷᠡᠭᠦᠯᠪᠡ ᠦᠦ?

《ᠪᠠᠷᠠᠭᠤᠨᠰᠢ ᠪᠡᠨ ᠬᠠᠷᠠ ——》

ᠵᠡᠪᠰᠡᠭ᠌ᠲᠦ ᠴᠡᠷᠢᠭ ᠠᠩᠬᠢ ᠵᠢᠨ ᠵᠢᠭ᠍ᠰᠠᠭᠠᠯ ᠠᠯᠬᠤᠭᠠᠳ ᠢᠷᠡᠯ᠎ᠡ᠃ ᠦᠶᠡᠷ᠎ᠲᠡᠶ ᠲᠡᠮᠡᠴᠡᠨ ᠠᠶᠤᠯ᠎ᠡᠴᠡ ᠠᠪᠤᠷᠠᠬᠤ ᠡᠮᠦᠨ᠎ᠡ ᠹᠷᠣᠨᠲ᠂ ᠲᠣᠭ᠍ᠲᠠᠭᠤᠨ᠎ᠢ ᠬᠠᠮᠠᠭᠠᠯᠠᠵᠤ ᠡᠷᠬᠡ ᠠᠰᠢᠭ᠎ᠢ ᠬᠠᠮᠠᠭᠠᠯᠠᠬᠤ ᠡᠮᠦᠨ᠎ᠡ ᠹᠷᠣᠨᠲ ᠁ ᠡᠨᠡ ᠬᠦ᠌ ᠠᠷᠠᠳ ᠲᠦᠮᠡᠨ᠎ᠦ ᠠᠮᠤᠷ ᠲᠣᠭ᠍ᠲᠠᠭᠤᠨ᠎ᠢ ᠰᠠᠬᠢᠨ ᠬᠠᠮᠠᠭᠠᠯᠠᠬᠤ ᠠᠷᠤᠷ᠎ᠠ᠎ᠶ᠋ᠢᠨ ᠨᠣᠭᠣᠭᠠᠨ ᠦᠩᠭᠡ ᠨᠢ ᠬᠡᠴᠢᠨᠡᠨ ᠲᠠᠨᠢᠯ ᠲᠡᠰᠦᠯ ᠠᠵᠢ᠃

ᠪᠡᠯᠡᠳᠭᠡᠯ ᠠᠯᠪᠠᠨ᠎ᠤ ᠴᠡᠷᠢᠭ ᠠᠩᠬᠢ᠎ᠶ᠋ᠢᠨ ᠵᠢᠭ᠍ᠰᠠᠭᠠᠯ᠂ ᠡᠷᠦᠭᠡ᠎ᠶ᠋ᠢᠨ ᠴᠡᠷᠢᠭ᠎ᠦᠨ ᠵᠢᠭ᠍ᠰᠠᠭᠠᠯ ᠵᠠᠯᠭᠠᠭ᠎ᠠ᠎ᠪᠠᠷ ᠱᠢᠯᠭᠠᠨ ᠦᠵᠡᠬᠦ᠌ ᠎ᠶ᠋ᠢ ᠬᠦᠯᠢᠶᠡᠵᠦ᠍᠂ ᠮᠠᠨ᠎ᠤ ᠤᠯᠤᠰ᠎ᠤᠨ《ᠭᠤᠷᠪᠠ᠎ᠶ᠋ᠢ ᠤᠶᠠᠯᠳᠤᠭᠤᠯᠤᠭ᠍ᠰᠠᠨ》ᠵᠡᠪᠰᠡᠭ᠌ᠲᠦ ᠬᠦᠴᠦᠨ ᠎ᠤ ᠰᠢᠰᠲᠸᠮ ᠢᠯᠡ ᠲᠤᠳᠤᠷᠬᠠᠢ  — ᠲᠠᠷᠤᠢ ᠴᠢᠯᠥᠭᠡᠯᠡᠬᠦ᠌ ᠴᠡᠷᠢᠭ᠂ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠂ ᠡᠷᠦᠭᠡ᠎ᠶ᠋ᠢᠨ ᠴᠡᠷᠢᠭ ᠪᠤᠯᠤᠨ᠎ᠠ᠃

ᠪᠦᠬᠦ᠌ ᠤᠯᠤᠰ᠎ᠤᠨ ᠶᠠᠫᠣᠨ᠎ᠢ ᠡᠰᠡᠷᠭᠦᠴᠡᠬᠦ᠌ ᠳᠠᠢ᠌ᠨ ᠡᠬᠢᠯᠡᠭ᠌ᠰᠡᠨ᠎ᠦ ᠳᠠᠷᠠᠭ᠎ᠠ᠂ ᠮᠠᠤ ᠽᠸ᠎ᠳ᠋ᠦᠩ ᠨᠥᠬᠥᠷ᠄ 《ᠪᠢᠳᠡ ᠪᠦᠬᠦ᠌ ᠤᠯᠤᠰ᠎ᠤᠨ ᠠᠷᠠᠳ ᠲᠦᠮᠡᠨ᠎ᠤ ᠶᠡᠷᠦᠩᠬᠡᠢ ᠳᠠᠢᠴᠢᠯᠠᠯᠳᠠ ᠵᠢᠨ ᠪᠦᠷᠢᠨ ᠲᠡᠭᠦᠯᠳᠡᠷ ᠦᠨᠳᠦᠰᠦᠲᠡᠨ᠎ᠦ ᠬᠤᠪᠢᠰᠭᠠᠯᠲᠤ ᠳᠠᠢ᠌ᠨ ᠬᠢᠬᠦ᠌᠎ᠶ᠋ᠢ ᠵᠣᠷᠢᠵᠤ ᠪᠠᠢᠨ᠎ᠠ᠂ ᠡᠰᠡᠬᠦᠯ᠎ᠡ ᠪᠦᠬᠦ᠌ ᠲᠠᠯ᠎ᠠ᠎ᠪᠠᠷ ᠶᠠᠫᠤᠨ᠎ᠢ ᠡᠰᠡᠷᠭᠦᠴᠡᠬᠦ᠌ ᠳᠠᠢ᠌ᠨ ᠬᠡᠵᠤ ᠬᠡᠯᠡᠨ᠎ᠡ᠃ ᠤᠴᠢᠷ ᠨᠢ ᠭᠠᠭ᠍ᠴᠠ ᠬᠦ᠌ ᠡᠢᠮᠦᠷᠬᠦᠦ ᠶᠠᠫᠤᠨ᠎ᠢ ᠡᠰᠡᠷᠭᠦᠴᠡᠬᠦ᠌ ᠳᠠᠢ᠌ᠨ ᠪᠣᠯ ᠰᠠᠶᠢ ᠤᠯᠠᠨ ᠲᠦᠮᠡᠨ᠎ᠦ ᠳᠠᠢ᠌ᠨ ᠪᠣᠯᠬᠤ ᠪᠥᠭᠡᠳ ᠡᠬᠡ ᠣᠯᠤᠰ᠎ᠢᠶᠠᠨ ᠬᠠᠮᠠᠭᠠᠯᠠᠬᠤ ᠵᠣᠷᠢᠯᠭ᠎ᠠ ᠳ᠋ᠤ ᠬᠦᠷᠴᠦ᠍ ᠴᠢᠳᠠᠨ᠎ᠠ》 ᠭᠡᠵᠦ ᠲᠤᠳᠤᠷᠬᠠᠢ ᠲᠤᠷᠠᠳᠪᠠ᠃ ᠦᠢᠯᠡᠳᠦᠯᠭᠡ᠎ᠡᠴᠡ ᠣᠯᠤᠭ᠍ᠰᠠᠨ ᠦᠨᠡᠨ ᠶᠣᠰᠣ 80 ᠭᠠᠷᠤᠢ ᠵᠢᠯ᠎ᠦᠨ ᠳᠠᠷᠠᠭ᠎ᠠ ᠮᠥᠨ ᠭᠡᠷᠡᠯ ᠭᠢᠯᠪᠠᠭ᠎ᠠ᠎ᠪᠠᠨ ᠰᠠᠴᠤᠷᠠᠭᠤᠯᠤᠭ᠍ᠰᠠᠭᠠᠷ᠃

《 ᠪᠠᠷᠠᠭᠤᠨᠰᠢ ᠪᠠᠨ ᠬᠠᠷᠠ ——》

ᠡᠩᠬᠡ ᠲᠠᠢᠪᠤᠩ ᠎ᠢ ᠬᠠᠮᠠᠭᠠᠯᠠᠬᠤ ᠴᠡᠷᠢᠭ ᠠᠨᠭᠬᠢ ᠲᠤᠮᠤ ᠠᠯᠬᠤᠮ᠎ᠢᠶᠠᠷ ᠨᠠᠭᠠᠰᠢᠯᠠᠨ᠎ᠠ᠃ ᠤᠯᠠᠨ ᠤᠯᠤᠰ ᠎ᠤᠨ ᠬᠣᠯᠪᠣᠭᠠᠲᠤ ᠪᠠᠢᠭᠤᠯᠭ᠎ᠠ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠠᠵᠢᠯᠯᠠᠭ᠎ᠠ ᠎ᠳᠤ ᠣᠷᠣᠯᠴᠠᠭ᠍ᠰᠠᠨ 35 ᠵᠢᠯ᠎ᠳᠦ᠂ ᠳᠤᠮᠳᠠᠳᠤ ᠤᠯᠤᠰ ᠪᠣᠯ ᠤᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶ᠋ᠢᠨ ᠠᠶᠤᠯ ᠦᠭᠡᠢ᠎ᠶ᠋ᠢᠨ ᠵᠥᠪᠯᠡᠯ ᠎ᠦᠨ ᠪᠠᠢᠩᠭᠤ᠎ᠶ᠋ᠢᠨ ᠬᠡᠷᠡᠭ ᠡᠷᠬᠢᠯᠡᠭ᠌ᠴᠢ ᠤᠯᠤᠰ᠎ᠤᠨ ᠳᠣᠲᠣᠷ᠎ᠠ ᠡᠩᠬᠡ ᠲᠠᠢᠪᠤᠩ ᠎ᠢ ᠬᠠᠮᠠᠭᠠᠯᠠᠬᠤ ᠬᠥᠮᠦᠨ᠎ᠢ ᠬᠠᠮᠤᠭ᠎ᠤᠨ ᠤᠯᠠᠨ ᠲᠣᠮᠢᠯᠠᠭ᠍ᠰᠠᠨ ᠤᠯᠤᠰ ᠪᠣᠯᠤᠨ᠎ᠠ᠂《ᠳᠤᠮᠳᠠᠳᠤ ᠤᠯᠤᠰ᠎ᠤᠨ ᠬᠦᠬᠡ ᠳᠤᠭᠤᠯᠠᠭ᠎ᠠ》 ᠵᠢᠨ 5 ᠲᠦᠮᠡ ᠭᠠᠷᠤᠢ ᠬᠥᠮᠦᠨ ᠤᠳᠠᠭ᠎ᠠ 20 ᠭᠠᠷᠤᠢ ᠤᠯᠤᠰ ᠪᠠ ᠭᠠᠵᠠᠷ ᠣᠷᠣᠨ᠎ᠳᠤ ᠥᠪᠡᠷ᠎ᠦᠨ ᠤᠯᠠ ᠮᠦᠷ᠎ᠢᠶᠡᠨ ᠦᠯᠡᠳᠡᠭᠡᠵᠦ᠍᠂ 17 ᠳᠠᠷᠤᠭ᠎ᠠ ᠪᠠᠢᠯᠳᠤᠭ᠍ᠴᠢ ᠠᠮᠢ ᠨᠠᠰᠤ᠎ᠪᠠᠨ ᠵᠣᠷᠢᠭᠤᠯᠪᠠ᠃

ᠵᠢᠭᠰᠠᠭᠠᠯ᠎ᠤᠨ ᠡᠨᠭᠨᠡᠭᠡ᠎ᠶ᠋ᠢᠨ ᠢᠳᠡᠷᠡᠭᠦᠨ ᠠᠯᠬᠤᠭ᠎ᠠ ᠨᠢ ᠳᠡᠯᠡᠬᠡᠢ ᠳ᠋ᠠᠬᠢᠨ᠎ᠳᠤ᠄ 80 ᠵᠢᠯ᠎ᠦᠨ ᠡᠮᠦᠨ᠎ᠡ᠂ ᠳᠤᠮᠳᠠᠳᠤ ᠤᠯᠤᠰ᠎ᠤᠨ ᠴᠡᠷᠢᠭ ᠠᠩᠬᠢ ᠳᠡᠯᠡᠬᠡᠢ᠎ᠶ᠋ᠢᠨ ᠹᠠᠱ᠌ᠢᠰ᠎ᠢ ᠡᠰᠡᠷᠭᠦᠴᠡᠬᠦ᠌ ᠳᠠᠢ᠌ᠨ ᠢᠯᠠᠯᠲᠠ ᠤᠯᠬᠤ᠎ᠳᠤ ᠯᠤᠲᠤ ᠶᠡᠬᠡ ᠬᠤᠪᠢ ᠨᠡᠮᠡᠷᠢ ᠦᠵᠡᠭᠦᠯᠵᠡᠢ; ᠥᠨᠥᠳᠦᠷ ᠳᠤᠮᠳᠠᠳᠤ ᠤᠯᠤᠰ᠎ᠤᠨ ᠴᠡᠷᠢᠭ ᠠᠩᠭᠢ ᠮᠥᠨ ᠯᠡ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠡᠷᠡᠰ ᠴᠢᠩᠭ᠎ᠠ ᠬᠦᠴᠦᠨ ᠪᠣᠯᠤᠭ᠍ᠰᠠᠭᠠᠷ ᠭᠡᠳᠡᠭ᠎ᠢ ᠵᠠᠷᠯᠠᠪᠠ᠃

9 ᠴᠠᠭ 56 ᠮᠢᠨᠦ᠋ᠲ ᠎ᠲᠦ  ᠬᠤᠶᠠᠬᠳᠤ  ᠴᠡᠷᠢᠭ ᠤ᠋ᠨ ᠡᠩᠨᠡᠭᠡ ᠬᠤᠷᠢᠭᠯᠠᠭᠳᠠᠰᠢ ᠦᠭᠡᠢ ᠤᠷᠤᠰᠬᠠᠯ ᠮᠡᠲᠦ

《 ᠪᠤᠯᠤᠳ ᠳᠡᠮᠤᠷ᠎ᠦᠨ ᠬᠦᠴᠦᠲᠦ ᠤᠷᠤᠰᠭᠠᠯ᠎ᠤᠨ ᠤᠷᠤᠭ᠍ᠰᠢᠯᠠᠯᠲᠠ᠎ᠶ᠋ᠢᠨ ᠳᠠᠭᠤᠤ》᠎ᠵᠢᠨ ᠡᠬᠢᠨ᠎ᠤ ᠬᠦᠭᠵᠢᠮ ᠳᠤᠤᠭᠠᠷᠬᠤ ᠲᠠᠢ ᠵᠡᠷᠭᠡ᠂ ᠶᠠᠫᠣᠨ᠎ᠢ ᠡᠰᠡᠷᠭᠦᠴᠡᠭᠰᠡᠨ 80 ᠪᠠᠭᠠᠲᠤᠷᠯᠢᠭ ᠵᠢᠱ᠌ᠢᠶᠡᠴᠢ ᠴᠡᠷᠢᠭ ᠠᠩᠬᠢ᠎ᠶ᠋ᠢᠨ ᠢᠷᠠᠭᠤ ᠠᠯᠳᠠᠷ᠎ᠤᠨ ᠳᠤᠭ᠎ᠢᠶᠠᠷ ᠪᠦᠷᠢᠯᠳᠦᠭ᠌ᠰᠡᠨ ᠪᠠᠢᠯᠳᠤᠭᠠᠨ᠎ᠤ ᠳᠤᠬ᠎ᠤᠨ ᠵᠢᠭ᠍ᠰᠠᠭᠠᠯ᠎ᠤᠨ ᠡᠨᠭᠨᠡᠭᠡ ᠲᠢᠶᠠᠨ ᠠᠨ ᠮᠸᠨ ᠵᠦᠭ ᠠᠶᠠᠯᠠᠵᠤ ᠠᠢᠰᠤᠢ᠃

ᠰᠠᠯᠬᠢᠨ᠎ᠤ ᠠᠶ᠎ᠠ ᠪᠡᠷ ᠨᠠᠮᠢᠷᠠᠭ᠎ᠠ ᠡᠨᠡ ᠬᠦ᠌ ᠲᠤᠭ ᠬᠥᠮᠦᠨ ᠪᠦᠬᠦᠨ᠎ᠦ ᠠᠩᠬᠠᠷᠤᠯ᠎ᠢ ᠲᠠᠲᠠᠨ᠎ᠠ᠂ ᠢᠯᠠᠩᠭᠤᠶ᠎ᠠ ᠲᠡᠳᠡ ᠨᠡᠷ  ——

ᠪᠦᠸᠸᠬᠠᠢ ᠲᠠᠩᠭᠢᠰ᠎ᠤᠨ ᠬᠥᠪᠡᠭᠡᠨ᠎ᠳᠦ 《ᠫᠢᠩ ᠱᠢᠩ ᠭᠤᠸᠠᠨ ᠪᠣᠭᠣᠮᠲᠠ᠎ᠶ᠋ᠢᠨ ᠶᠡᠬᠡ ᠪᠠᠢᠯᠳᠤᠭᠠᠨ᠎ᠤ ᠭᠠᠪᠱᠢᠭᠠᠢ ᠰᠤᠮᠤ 》 ᠎ᠶ᠋ᠢᠨ ᠳᠠᠷᠤᠭ᠎ᠠ ᠪᠠᠢᠯᠳᠤᠭ᠍ᠴᠢᠳ ᠲᠧᠯᠸᠢᠰ ᠳᠡᠭᠡᠷ᠎ᠡ᠎ᠡᠴᠡ ᠲᠡᠳᠡᠨ᠎ᠦ ᠦᠪᠡᠷ᠎ᠤᠨ ᠲᠤᠬ᠎ᠵᠢᠡᠨ ᠤᠯᠵᠤ ᠬᠠᠷᠠᠪᠠ; ᠪᠠᠷᠠᠭᠤᠨ ᠡᠮᠦᠨᠡᠲᠦ᠍᠎ᠶ᠋ᠢᠨ ᠢᠭ᠍ᠴᠤ ᠤᠢ᠎ᠳᠤ᠂《ᠨᠤᠴᠤᠯᠳᠤᠨ ᠪᠠᠢᠯᠳᠤᠬᠤ ᠪᠠᠭᠠᠲᠤᠷ ᠰᠤᠮᠤ》 ᠵᠢᠨ ᠳᠠᠷᠤᠭ᠎ᠠ ᠪᠠᠢᠯᠳᠤᠭ᠍ᠴᠢᠳ ᠲᠡᠳᠡᠨ᠎ᠤ ᠴᠢᠰᠦ ᠮᠢᠬᠠᠨ ᠳ᠋ᠤ ᠰᠢᠩᠬᠡᠭᠰᠡᠨ  ᠬᠤᠷᠴᠠ ᠤᠯᠠᠭᠠᠨ᠎ᠢ ᠣᠯᠵᠤ ᠬᠠᠷᠠᠪᠠ;  ᠵᠢᠷᠦᠬᠡ᠎ᠴᠡᠷᠢᠭ᠎ᠤᠨ ᠪᠤᠯᠪᠠᠰᠤᠷᠠᠯ᠎ᠤᠨ ᠰᠠᠭᠤᠷᠢᠨ᠎ᠳᠤ᠂《ᠯᠢᠦ ᠯᠣᠣ ᠵᠤᠸᠠᠩ ᠰᠤᠮᠤ》 ᠵᠢᠨ ᠳᠠᠷᠤᠭ᠎ᠠ ᠪᠠᠢᠯᠳᠤᠭ᠍ᠴᠢᠳ ᠪᠠᠢᠯᠳᠤᠭᠠᠨ᠎ᠤ ᠲᠤᠭ ᠶᠣᠰᠣᠯᠠᠯ᠎ᠤᠨ ᠱᠤᠭᠤᠮ᠎ᠢᠶᠠᠷ ᠥᠩᠭᠡᠷᠡᠬᠦ᠌ ᠲᠡᠷᠡ ᠮᠥᠴᠡ᠎ᠳᠦ  ᠦᠪᠡᠷ᠎ᠤᠨ ᠡᠷᠬᠡ ᠦᠬᠡᠢ ᠬᠠᠯᠠᠭᠤᠨ ᠨᠢᠯᠪᠤᠰᠤ ᠠᠰᠭᠠᠷᠠᠭᠤᠯᠪᠠ  ᠁

ᠡᠨᠡ ᠬᠦ᠌ ᠴᠠᠭ ᠮᠥᠴᠡ᠎ᠳᠦ᠂ ᠪᠠᠭᠠᠲᠤᠷ᠎ᠤᠨ ᠵᠣᠷᠢᠭ ᠰᠠᠨᠠᠭ᠎ᠠ ᠪᠠᠢᠯᠳᠤᠭᠠᠨ᠎ᠤ ᠲᠤᠭ᠎ᠲᠠᠶ ᠬᠠᠮᠲᠤ ᠪᠤᠢ᠃

ᠡᠨᠡ᠎ᠬᠦ ᠴᠠᠭ ᠮᠥᠴᠡ᠎ᠳᠦ᠂ ᠪᠠᠭᠠᠲᠤᠷ᠎ᠤᠨ ᠵᠠᠯᠭᠠᠮᠵᠢᠯᠠᠭ᠍ᠴᠢ ᠱᠢᠯᠭᠠᠨ ᠦᠵᠡᠬᠦ᠌᠎ᠶ᠋ᠢ ᠬᠦᠯᠢᠶᠡᠪᠠ᠃

22 ᠵᠡᠪᠰᠡᠭ ᠲᠣᠨᠣᠭ᠍ᠯᠠᠯ᠎ᠤᠨ ᠵᠢᠭ᠍ᠰᠠᠭᠠᠯ᠎ᠤᠨ ᠡᠨᠭᠨᠡᠭᠡ ᠨᠢ ᠪᠠᠢᠯᠳᠤᠭᠠᠨ᠎ᠤ ᠲᠤᠭ᠎ᠤᠨ ᠵᠢᠭ᠍ᠰᠠᠭᠠᠯ᠎ᠤᠨ ᠡᠨᠭᠨᠡᠭᠡ᠎ᠵᠢᠨ ᠲᠠᠭᠠᠭᠤᠯᠭ᠎ᠠ ᠳᠣᠣᠷ᠎ᠠ᠂ ᠠᠭᠤᠯᠠ᠎ᠶ᠋ᠢ ᠳᠤᠩᠰᠤᠯᠭᠠᠨ ᠲᠠᠯᠠᠢ᠎ᠶ᠋ᠢ ᠴᠠᠯᠬᠢᠭᠤᠯᠬᠤ ᠠᠯᠬᠤᠭ᠎ᠠ ᠪᠡᠷ ᠠᠢᠰᠦᠢ᠃ ᠭᠠᠵᠠᠷ ᠳᠡᠭᠡᠷᠡᠬᠢ ᠬᠡᠳᠦᠨ ᠵᠠᠭᠤᠨ ᠲᠥᠬᠥᠭᠡᠷᠦᠮᠵᠢ ᠨᠢ ᠨᠢᠭᠡᠨ ᠪᠣᠯᠣᠳ ᠲᠡᠮᠦᠷ᠎ᠵᠢᠡᠷ ᠪᠦᠲᠦᠭᠡᠭᠰᠡᠨ ᠠᠪᠤᠷᠭᠤ ᠯᠤᠤ ᠮᠡᠳᠦ᠂ ᠡᠭᠦᠨ᠎ᠳᠤ ᠣᠯᠠᠩᠬᠢ ᠵᠡᠪᠰᠡᠭ ᠲᠣᠨᠣᠭ᠍ᠯᠠᠯ ᠨᠢ ᠠᠩᠬ᠎ᠠ ᠤᠳᠠᠭ᠎ᠠ ᠣᠯᠠᠨ᠎ᠤ ᠡᠮᠦᠨ᠎ᠡ ᠢᠯᠡᠷᠡᠵᠦ᠍ ᠪᠠᠢᠨ᠎ᠠ᠃

ᠬᠠᠮᠤᠭ᠎ᠤᠨ ᠡᠮᠦᠨ᠎ᠡ ᠨᠢ ᠶᠠᠪᠤᠭ᠎ᠠ ᠭᠠᠵᠠᠷ ᠳᠡᠭᠡᠷᠡᠬᠢ ᠱᠢᠪᠲᠤᠯᠤᠨ ᠲᠠᠭᠠᠷᠢᠬᠤ ᠵᠢᠭ᠍ᠰᠠᠭᠠᠯ᠎ᠤᠨ ᠡᠩᠨᠡᠭᠡ ᠎ᠶ᠋ᠢ 《ᠰᠤᠮᠤ》 ᠶ᠋ᠢᠨ ᠬᠡᠯᠪᠡᠷᠢ᠎ᠪᠡᠷ ᠵᠣᠬᠢᠶᠠᠨ ᠪᠠᠢᠭᠤᠯᠵᠤ᠂ ᠱᠢᠨ᠎ᠡ ᠨᠢᠭᠡ ᠦᠶ᠎ᠡ᠎ᠶ᠋ᠢᠨ ᠬᠤᠶᠠᠭ᠍ᠲᠤ ᠲᠣᠨᠣᠭ᠍ᠯᠠᠯ᠎ᠤᠨ ᠬᠤᠷᠴᠠ ᠱᠢᠷᠦᠭᠦᠨ ᠬᠦᠴᠦᠷᠬᠡᠭ ᠶᠡᠬᠡ ᠪᠠᠢᠯᠳᠤᠬᠤ ᠬᠦᠴᠦᠨ᠎ᠢ ᠢᠯᠡᠷᠡᠭᠦᠯᠪᠡ᠃

《 ᠡᠨᠡ ᠵᠢᠯ᠂ ᠵᠢᠭᠰᠠᠭᠠᠯ᠎ᠤᠨ ᠡᠩᠨᠡᠭᠡ᠎ᠶ᠋ᠢᠨ ᠬᠠᠮᠤᠭ᠎ᠤᠨ ᠶᠡᠬᠡ ᠠᠳᠠᠯᠢ ᠪᠤᠰᠤ ᠲᠠᠯ᠎ᠠ ᠪᠣᠯ ᠳᠠᠩ ᠭᠠᠭ᠍ᠴᠠ ᠲᠡᠷᠭᠡᠨ᠎ᠦ ᠬᠡᠯᠪᠡᠷᠢ᠎ᠶ᠋ᠢᠨ ᠳᠤᠭᠤᠢᠯᠠᠩ ᠪᠠᠢᠭ᠍ᠰᠠᠨ᠎ᠢ ᠭᠤᠷᠪᠠᠨ ᠬᠡᠯᠪᠡᠷᠢ᠎ᠶ᠋ᠢᠨ ᠲᠣᠨᠣᠭ᠍ᠯᠠᠯ᠎ᠤᠨ ᠬᠣᠯᠢᠮᠠᠭ ᠠᠩᠭᠢ ᠪᠣᠯᠭᠠᠨ ᠥᠭᠡᠷᠡᠴᠢᠯᠡᠪᠡ》ᠭᠡᠵᠦ 6 ᠤᠳᠠᠭ᠎ᠠ ᠱᠢᠯᠭᠠᠨ ᠦᠵᠡᠬᠦ᠌᠎ᠶ᠋ᠢ ᠬᠦᠯᠢᠶᠡᠭ᠌ᠰᠡᠨ《ᠲᠠᠩᠺ᠎ᠤᠨ ᠴᠡᠷᠢᠭ᠎ᠦᠨ ᠸᠠᠩ》ᠳ᠋ᠢᠩ ᠬᠤᠢ ᠣᠮᠣᠭ ᠪᠠᠷᠳᠠᠮ᠎ᠢᠶᠠᠷ《ᠰᠤᠮᠤᠨ᠎ᠤ ᠦᠵᠦᠭᠦᠷ》ᠲᠡᠬᠢ 99B ᠲᠠᠩᠺ᠎ᠢ ᠵᠢᠯᠣᠭᠣᠳᠴᠤ᠌᠂ ᠠᠷᠤ᠎ᠡᠴᠡ ᠨᠢ 100 ᠲᠠᠩᠺ᠂ 100 ᠲᠤᠰᠠᠯᠠᠬᠤ ᠪᠠᠢᠯᠳᠤᠭᠠᠨ᠎ᠤ ᠲᠡᠷᠭᠡ ᠲᠠᠭᠠᠵᠤ ᠪᠠᠢᠯ᠎ᠠ᠃

ᠡᠨᠡ ᠪᠣᠯ ᠴᠣ ᠱᠢᠨ᠎ᠡ ᠪᠠᠢᠯᠳᠤᠬᠤ ᠬᠡᠯᠪᠡᠷᠢ᠎ᠵᠢᠨ ᠭᠠᠵᠠᠷ ᠳᠡᠭᠡᠷᠡᠬᠢ ᠭᠠᠪᠰᠢᠭᠠᠢ ᠬᠦᠴᠦᠨ ᠮᠥᠨ ——

99B ᠲᠠᠩᠺ ᠨᠢ 99A ᠲᠠᠩᠺ᠎ᠲᠤ ᠰᠠᠭᠤᠷᠢᠯᠠᠨ᠂ ᠮᠡᠳᠡᠭᠡ ᠵᠠᠩᠭᠢᠵᠢᠯᠲᠠ᠎ᠶ᠋ᠢᠨ ᠨᠥᠬᠥᠴᠡᠯ ᠳᠣᠣᠷᠠᠬᠢ ᠨᠢᠭᠡ ᠴᠤᠬ᠍ᠴᠠᠵᠢᠬ᠍ᠰᠠᠨ ᠬᠠᠮᠲᠤᠷᠠᠭ᠍ᠰᠠᠨ ᠪᠠᠢᠯᠳᠤᠭᠠᠨ᠂ ᠤᠯᠠᠨ ᠡᠱᠢᠲᠦ ᠬᠠᠷᠠᠯᠲᠠ᠎ᠶ᠋ᠢᠨ ᠭᠠᠯ᠎ᠤᠨ ᠬᠦᠴᠦᠨ᠎ᠦ ᠴᠣᠬᠢᠯᠲᠠ᠂ ᠪᠤᠳᠤᠯᠢᠶᠠᠨᠲᠠᠢ ᠭᠠᠵᠠᠷ᠎ᠤᠨ ᠪᠠᠢᠴᠠ᠎ᠪᠠ ᠬᠠᠳᠠᠭᠤ ᠪᠡᠷᠭᠡᠰᠢᠶᠡᠯᠳᠡᠢ ᠠᠭᠤᠷ ᠠᠮᠢᠰᠭᠤᠯ᠎ᠳᠤ ᠠᠶᠠᠯᠠᠭ᠍ᠴᠢ᠎ᠶ᠋ᠢᠨ ᠦᠷᠭᠦᠯᠵᠢᠯᠡᠨ ᠪᠠᠢᠯᠳᠤᠬᠤ ᠴᠢᠳᠠᠪᠤᠷᠢ᠎ᠶ᠋ᠢ ᠶᠡᠬᠡ᠎ᠪᠡᠷ ᠳᠡᠭᠡᠭ᠌ᠰᠢᠯᠡᠭᠦᠯᠪᠡ᠃

100 ᠲᠠᠩᠺ ᠵᠢᠴᠢ 100 ᠲᠤᠰᠠᠯᠠᠬᠤ ᠪᠠᠢᠯᠳᠤᠭᠠᠨ᠎ᠤ ᠲᠡᠷᠭᠡ ᠪᠣᠯ ᠱᠢᠪᠲᠤᠯᠤᠨ ᠪᠠᠢᠯᠳᠤᠬᠤ ᠭᠣᠣᠯ ᠲᠠᠪᠴᠠᠩ ᠪᠠ ᠲᠡᠭᠠᠯᠳᠠ ᠲᠠᠪᠴᠠᠩ ᠮᠥᠨ᠂ ᠲᠡᠷᠡ ᠨᠢ ᠵᠢᠯᠤᠭᠤᠴᠢ ᠲᠠᠢ ᠪᠠ ᠵᠢᠯᠤᠭᠤᠴᠢ ᠤᠢ᠍ᠭᠡᠢ ᠎ᠶ᠋ᠢ ᠤᠶᠠᠯᠳᠤᠭᠤᠯᠬᠤ᠂ ᠭᠠᠵᠠᠷ ᠳᠡᠭᠡᠷᠡᠬᠢ ᠪᠠ ᠠᠭᠠᠷ ᠳᠡᠭᠡᠷᠡᠬᠢ᠎ᠶ᠋ᠢ ᠤᠶᠠᠯᠳᠤᠭᠤᠯᠬᠤ ᠎ᠶ᠋ᠢ ᠪᠡᠶᠡᠯᠡᠭᠦᠯᠵᠦ᠍᠂ ᠵᠡᠷ ᠵᠡᠪᠰᠡᠭ᠎ᠦᠨ ᠲᠠᠪᠴᠠᠩ᠂ ᠮᠡᠳᠡᠭᠡ ᠵᠠᠩᠭᠢ᠎ᠶ᠋ᠢᠨ ᠰᠦᠯᠵᠢᠢ᠎ᠡ᠂ ᠲᠡᠩᠨᠡᠵᠦ᠍ ᠰᠡᠷᠡᠬᠦ᠌ ᠵᠡᠷᠭᠡ ᠲᠠᠯ᠎ᠠ᠎ᠶ᠋ᠢᠨ ᠭᠦᠨᠵᠡᠭᠡᠢ ᠡᠪᠴᠡᠯᠳᠤᠯ᠎ᠢ ᠪᠡᠶᠡᠯᠡᠭᠦᠯᠳᠡᠭ᠃

ᠡᠢᠮᠦᠷᠬᠦᠦ ᠱᠢᠰᠲ᠋ᠧᠮᠴᠢᠯᠡᠭ᠌ᠰᠡᠨ ᠪᠠᠢᠯᠳᠤᠭᠠᠨ᠎ᠤ ᠪᠦᠷᠢᠯᠳᠦᠯ ᠨᠢ ᠬᠥᠮᠦᠰ᠎ᠢ ᠢᠷᠡᠭᠡᠳᠦᠢ᠎ᠶ᠋ᠢᠨ ᠪᠠᠢᠯᠳᠤᠭᠠᠨ᠎ᠤ ᠲᠠᠯᠠᠪᠤᠷ᠎ᠲᠤ ᠬᠦᠷᠭᠡᠭᠰᠡᠨ ᠮᠡᠳᠦ ᠰᠠᠨᠠᠬᠳᠠᠭᠤᠯᠤᠨ᠎ᠠ ᠄

ᠭᠠᠵᠠᠷ  ᠳᠡᠭᠡᠷ᠎ᠡ᠎ᠡᠴᠡ ᠱᠢᠪᠲᠤᠯᠤᠨ ᠲᠡᠭᠠᠷᠢᠬᠤ᠂ ᠤᠰᠤ ᠬᠠᠭᠤᠷᠠᠢ᠎ᠡᠴᠡ ᠱᠢᠪᠲᠤᠯᠤᠨ ᠲᠡᠭᠠᠷᠢᠬᠤ᠂ ᠠᠭᠠᠷ᠎ᠡᠴᠡ ᠭᠠᠵᠠᠷᠳᠠᠵᠤ ᠱᠢᠪᠲᠤᠯᠤᠨ ᠲᠡᠭᠠᠷᠢᠬᠤ᠂ ᠬᠤᠯᠠ ᠲᠤᠰᠦᠯᠳᠠᠳᠦ ᠶᠡᠬᠡ ᠫᠤᠤ ᠵᠡᠷᠭᠡ 4 ᠵᠢᠭᠰᠠᠭᠠᠯ᠎ᠤᠨ ᠡᠩᠨᠡᠭᠡ᠎ᠪᠡᠷ ᠪᠦᠷᠢᠯᠳᠦᠭ᠌ᠰᠡᠨ ᠬᠠᠭᠤᠷᠠᠢ ᠳᠡᠭᠡᠷᠡᠬᠢ ᠪᠠᠢᠯᠳᠤᠭᠠᠨ᠎ᠤ ᠪᠦᠯᠬᠦᠮ ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠨ᠎ᠠ;

ᠬᠥᠯᠭᠡ ᠣᠩᠭᠣᠴᠠᠨ ᠎ᠳᠤ ᠠᠴᠢᠶᠠᠯᠠᠬᠤ ᠠᠭᠠᠷ᠎ᠤᠨ ᠰᠡᠷᠭᠡᠢᠯᠡᠯᠲᠡ᠎ᠶ᠋ᠢᠨ ᠵᠡᠪᠰᠡᠭ᠂ ᠬᠥᠯᠭᠡ ᠣᠩᠭᠣᠴᠠ᠎ᠶ᠋ᠢ ᠲᠠᠭᠠᠷᠢᠬᠤ ᠵᠠᠯᠠᠭᠤᠷᠲᠤ ᠰᠤᠮᠤ᠂ ᠤᠰᠦᠠ ᠳᠣᠣᠷᠠᠬᠢ ᠴᠡᠷᠢᠭ᠎ᠦᠨ ᠵᠡᠪᠰᠡᠭ ᠵᠡᠷᠭᠡ 3 ᠵᠢᠭᠰᠠᠭᠠᠯ᠎ᠤᠨ ᠡᠨᠭᠨᠡᠭᠡ᠎ᠪᠠᠷ ᠪᠦᠷᠢᠯᠳᠦᠭ᠌ᠰᠡᠨ ᠲᠡᠯᠡᠢ ᠳᠡᠭᠡᠷᠡᠬᠢ ᠪᠠᠢᠯᠳᠤᠭᠠᠨ᠎ᠤ ᠪᠦᠯᠬᠦᠮ ᠳᠠᠯᠠᠢᠴᠠ ᠶᠡᠬᠡ ᠰᠦᠷ ᠬᠦᠴᠦᠨ᠎ᠢ ᠪᠠᠳᠠᠷᠠᠭᠤᠯᠤᠨ᠎ᠠ;

ᠰᠦᠯᠵᠢᠶᠡᠨ᠎ᠤ ᠣᠷᠣᠨ ᠵᠠᠶ᠎ᠵᠢᠨ ᠪᠠᠢᠯᠳᠤᠭᠠᠨ᠂ ᠡᠯᠧᠺᠲ᠋ᠷᠣᠨ ᠡᠰᠡᠷᠭᠦᠴᠡᠯᠳᠦᠯ᠂ ᠮᠡᠳᠡᠭᠡ ᠵᠠᠩᠭᠢ᠎ᠶ᠋ᠢᠨ ᠲᠤᠰᠠᠯᠠᠮᠵᠢ ᠵᠡᠷᠭᠡ 3 ᠵᠢᠭᠰᠠᠭᠠᠯ᠎ᠤᠨ ᠡᠩᠨᠡᠭᠡ᠎ᠪᠡᠷ ᠪᠦᠷᠢᠯᠳᠦᠭ᠌ᠰᠡᠨ ᠮᠡᠳᠡᠭᠡ ᠵᠠᠩᠭᠢ᠎ᠶ᠋ᠢᠨ ᠪᠠᠢᠯᠳᠤᠭᠠᠨ᠎ᠤ ᠪᠦᠯᠬᠦᠮ ᠪᠦᠬᠦ᠌ ᠤᠷᠤᠨ ᠪᠦᠰᠡ ᠵᠢ ᠲᠤᠯᠭᠠᠭᠤᠷᠢᠯᠠᠨ᠎ᠠ;

᠁᠁

ᠵᠡᠪᠰᠡᠭ ᠲᠣᠨᠣᠭ᠍ᠯᠠᠯ ᠎ᠤᠨ ᠵᠢᠭ᠍ᠰᠠᠭᠠᠯ᠎ᠤᠨ ᠡᠨᠭᠨᠡᠭᠡ᠎ᠶ᠋ᠢᠨ ᠵᠢᠯᠤᠭᠤᠳᠤᠭ᠍ᠴᠢ ᠄ 《 ᠱᠢᠯᠭᠠᠨ ᠦᠵᠡᠬᠦ ᠵᠢ ᠬᠦᠯᠢᠶᠡᠬᠦ ᠎ᠳᠤ ᠣᠷᠣᠯᠴᠠᠭ᠍ᠰᠠᠨ ᠵᠡᠪᠰᠡᠭ ᠲᠣᠨᠣᠭ᠍ᠯᠠᠯ ᠎ᠢ ᠴᠥᠮ ᠤᠯᠤᠰ᠎ᠲᠠᠭᠠᠨ ᠦᠢᠯᠡᠳᠪᠦᠷᠢᠯᠡᠭ᠌ᠰᠡᠨ ᠵᠢᠨᠭᠬᠢᠨᠢ ᠠᠯᠪᠠᠨ᠎ᠤ ᠭᠣᠣᠯ ᠪᠠᠢᠯᠳᠤᠭᠠᠨ ᠎ᠤ ᠲᠣᠨᠣᠭ᠍ᠯᠠᠯ᠎ᠡᠴᠡ ᠱᠢᠯᠢᠨ ᠰᠣᠩᠭᠣᠵᠤ᠂ ᠱᠢᠰᠲᠸᠮ ᠲᠠᠢ᠂ ᠪᠦᠬᠦ᠌ ᠡᠯᠧᠮᠧᠨ᠋ᠲ᠎ᠦᠨ ᠬᠠᠮᠲᠤᠷᠠᠭ᠍ᠰᠠᠨ ᠦᠵᠡᠭᠦᠯᠭᠡ ᠬᠢᠵᠦ᠍᠂ ᠮᠠᠨ᠎ᠤ ᠴᠡᠷᠢᠭ᠎ᠦᠨ ᠤᠯᠤᠰ᠎ᠤᠨ ᠡᠷᠬᠡ ᠮᠡᠳᠡᠯ᠂ ᠠᠮᠤᠷ ᠲᠦᠪᠱᠢᠨ᠂ ᠬᠥᠭ᠌ᠵᠢᠯᠲᠡ᠎ᠶ᠋ᠢᠨ ᠠᠱᠢᠭ ᠲᠤᠰᠠ ᠪᠠᠨ ᠬᠠᠮᠠᠭᠠᠯᠠᠬᠤ ᠵᠢᠴᠢ ᠳᠡᠯᠡᠬᠡᠢ᠎ᠶ᠋ᠢᠨ ᠡᠩᠬᠡ ᠲᠠᠢᠪᠤᠩ᠎ᠢ ᠬᠠᠮᠠᠭᠠᠯᠠᠬᠤ ᠬᠦᠴᠦᠷᠬᠡᠭ ᠶᠡᠬᠡ ᠴᠢᠳᠠᠪᠤᠷᠢ᠎ᠶ᠋ᠢ ᠭᠦᠢᠴᠡᠳ ᠢᠯᠡᠷᠡᠭᠦᠯᠪᠡ》 ᠭᠡᠪᠡ᠃

ᠲᠡᠩᠨᠡᠠ ᠴᠣᠬᠢᠵᠤ ᠰᠢᠪᠲᠤᠯᠤᠨ ᠲᠡᠭᠠᠷᠢᠬᠤ᠂ ᠮᠢᠨ᠎ᠠ᠎ᠶ᠋ᠢ ᠠᠷᠢᠯᠭᠠᠨ ᠳᠡᠯᠪᠡᠴᠢᠬᠦ᠌᠎ᠶ᠋ᠢ ᠠᠷᠢᠯᠭᠠᠬᠤ ᠵᠡᠷᠭᠡ ᠵᠢᠯᠣᠭᠣᠴᠢ ᠤᠢ᠍ᠭᠡᠢ ᠪᠠᠢᠯᠳᠤᠭᠠᠨ᠎ᠤ ᠲᠡᠷᠭᠡ᠎ᠶ᠋ᠢ ᠴᠥᠮ ᠠᠯᠤᠰ᠎ᠡᠴᠡ ᠡᠵᠡᠮᠳᠡᠨ ᠵᠢᠯᠣᠭᠣᠳᠴᠤ᠌᠂ ᠥᠪᠡᠷ᠎ᠢᠶᠡᠨ ᠡᠵᠡᠨ ᠮᠡᠳᠡᠵᠦ᠍᠂ ᠣᠶᠤᠨᠴᠢ᠎ᠪᠠᠷ ᠰᠢᠢᠳᠪᠦᠷᠢ ᠲᠣᠭ᠍ᠲᠠᠭᠠᠵᠤ ᠪᠣᠯᠤᠨ᠎ᠠ᠂ ᠡᠨᠡ ᠪᠣᠯ ᠬᠠᠭᠤᠷᠠᠢ ᠳᠡᠭᠡᠷᠡᠬᠢ ᠵᠢᠯᠤᠭᠤᠴᠢ ᠲᠠᠢ ᠪᠠ ᠵᠢᠯᠤᠭᠤᠴᠢ ᠦᠭᠡᠢ ᠬᠠᠮᠵᠢᠯᠴᠠᠨ ᠪᠠᠢᠯᠳᠤᠬᠤ ᠱᠢᠨ᠎ᠡ ᠱᠢᠪᠲᠤᠯᠤᠯᠲᠠ ᠪᠣᠯᠤᠨ᠎ᠠ᠃

ᠬᠦᠭᠡ ᠴᠠᠭᠠᠨ ᠎ᠢᠶᠠᠷ ᠱᠢᠷᠳᠡᠭ᠌ᠰᠡᠨ ᠵᠢᠯᠤᠭᠤᠴᠢ ᠦᠭᠡᠢ ᠣᠩᠭᠣᠴᠠ ᠬᠥᠮᠦᠰ᠎ᠦᠨ ᠠᠩᠬᠠᠷᠤᠯ᠎ᠢ ᠣᠨᠴᠠᠭᠠᠢ ᠲᠠᠲᠠᠨ᠎ᠠ᠂ ᠡᠭᠦᠨ ᠲᠠᠢ ᠬᠠᠮᠲᠤ ᠦᠵᠡᠭᠦᠯᠦᠭᠰᠡᠨ ᠱᠢᠨ᠎ᠡ ᠬᠡᠯᠪᠡᠷᠢ᠎ᠶ᠋ᠢᠨ ᠵᠢᠯᠤᠭᠤᠴᠢ ᠦᠭᠡᠢ ᠱᠤᠩᠭᠤᠨ ᠠᠶᠠᠯᠠᠬᠤ ᠪᠠᠭᠠᠵᠢ᠂ ᠵᠢᠯᠤᠭᠤᠴᠢ ᠦᠭᠡᠢ ᠮᠢᠨ᠎ᠠ ᠲᠠᠯᠪᠢᠬᠤ ᠱᠢᠰᠲ᠋ᠧᠮ ᠨᠢ ᠴᠥᠮ ᠳᠠᠯᠠᠢ ᠳᠡᠭᠡᠷᠡᠬᠢ ᠪᠠᠢᠯᠳᠤᠭᠠᠨ ᠎ᠤ  《ᠭᠠᠢᠬᠠᠮᠱᠢᠭ᠍ᠲᠤ ᠵᠡᠪᠰᠡᠭ》 ᠪᠣᠯᠤᠨ᠎ᠠ᠃

ᠱᠢᠨ᠎ᠡ ᠬᠡᠯᠪᠡᠷᠢ᠎ᠶ᠋ᠢᠨ ᠲᠠᠨᠭᠨᠠᠬᠤ ᠴᠣᠬᠢᠬᠤ᠎ᠶ᠋ᠢ ᠨᠢᠭᠡ ᠴᠤᠬ᠍ᠴᠠᠵᠢᠭᠤᠯᠤᠬ᠍ᠰᠠᠨ ᠵᠢᠯᠣᠭᠣᠴᠢ ᠥᠬᠡᠶ ᠨᠢᠰᠭᠡᠯ᠂ ᠵᠢᠯᠣᠭᠣᠴᠢ ᠥᠬᠡᠶ ᠵᠢᠭᠦᠷᠳᠤ ᠨᠢᠰᠭᠡᠯ᠂ ᠬᠥᠯᠭᠡ ᠣᠩᠭᠣᠴᠠᠨ᠎ᠳᠤ ᠠᠴᠢᠶᠠᠯᠠᠭ᠍ᠰᠠᠨ ᠵᠢᠯᠣᠭᠣᠴᠢ ᠥᠬᠡᠶ ᠡᠭ᠌ᠴᠡ ᠪᠤᠰᠬᠤ ᠨᠢᠰᠭᠡᠯ ᠲᠥᠪᠯᠡᠷᠡᠨ ᠢᠯᠡᠷᠡᠵᠦ᠍᠂ ᠲᠤᠬᠠᠶ᠎ᠶ᠋ᠢᠨ ᠲᠠᠯᠠᠪᠠᠶ᠎ᠳᠤ ᠣᠯᠠᠨ᠎ᠤ ᠮᠠᠭ᠍ᠲᠠᠭᠠᠯ ᠰᠠᠢᠱᠢᠶᠠᠯ᠎ᠢ ᠤᠯᠪᠠ᠃

ᠱᠢᠯᠭᠠᠨ ᠦᠵᠡᠬᠦ᠌᠎ᠶ᠋ᠢ ᠬᠦᠯᠢᠶᠡᠭ᠌ᠰᠡᠨ ᠱᠢᠨ᠎ᠡ ᠣᠷᠣᠨ ᠵᠠᠢ᠎ᠵᠢᠨ ᠱᠢᠨ᠎ᠡ ᠴᠢᠨᠠᠷ᠎ᠤᠨ ᠦᠢᠯᠡᠳᠪᠦᠷᠢᠯᠡᠯ ᠎ᠤᠨ ᠬᠦᠴᠦᠨ ᠨᠢ᠄ ᠵᠢᠯᠤᠭᠤᠴᠢ ᠦᠭᠡᠢ ᠤᠶᠤᠨ ᠴᠢᠳᠠᠪᠤᠷᠢ᠂ ᠡᠯᠸᠺᠲᠷᠤᠨ ᠰᠦᠯᠵᠢᠶ᠎ᠠ ᠪᠡᠷ ᠲᠠᠭᠠᠷᠢᠵᠦ᠍ ᠰᠡᠷᠭᠡᠢᠯᠡᠬᠦ᠌᠂ ᠭᠡᠳᠤ ᠲᠠᠭᠤᠨ ᠎ᠤ ᠬᠤᠷᠳᠤᠴᠠ ᠵᠡᠷᠭᠡ ᠳᠡᠭᠡᠳᠦ ᠨᠠᠷᠢᠯᠢᠭ ᠣᠷᠣᠢᠯᠠᠭ᠍ᠰᠠᠨ ᠮᠡᠷᠭᠡᠵᠢᠯ᠎ᠢ ᠮᠠᠨ᠎ᠤ ᠴᠡᠷᠢᠭ᠎ᠦᠨ ᠱᠢᠨ᠎ᠡ ᠬᠡᠯᠪᠡᠷᠢ᠎ᠶ᠋ᠢᠨ ᠪᠠᠢᠯᠳᠤᠬᠤ ᠬᠦᠴᠦᠨ᠎ᠳᠦ ᠭᠦᠨᠵᠡᠭᠡᠢ ᠠᠱᠢᠭ᠍ᠯᠠᠭᠰᠠᠨ᠎ᠢ ᠬᠦᠢᠴᠡᠳ ᠬᠠᠷᠠᠭᠤᠯᠪᠠ᠃

ᠠᠭᠠᠷ ᠳᠡᠭᠡᠷᠡᠬᠢ ᠵᠢᠯᠣᠭᠣᠴᠢ ᠦᠭᠡᠢ ᠪᠠᠢᠯᠳᠤᠭᠠᠨ᠎ᠤ ᠵᠢᠭ᠍ᠰᠠᠭᠠᠯ᠎ᠤᠨ᠎ᠡᠨᠭᠨᠡᠭᠡ᠎ᠵᠢᠨ ᠵᠢᠯᠣᠭᠣᠴᠢ ᠴᠧᠨ ᠵᠧᠩ ᠶᠤᠸᠠᠨ ᠲᠥᠪ ᠬᠢᠴᠢᠶᠡᠩᠬᠦᠢ ᠶᠣᠰᠣᠯᠠᠨ᠎ᠠ᠂ 30 ᠨᠠᠰᠤ ᠠᠷᠠᠢ ᠬᠦᠷᠦᠭᠡ ᠦᠭᠡᠢ ᠲᠡᠷᠡ ᠴᠢᠳᠠᠪᠤᠷᠢᠲᠠᠨ ᠪᠤᠯᠵᠠᠢ᠄ ᠤᠢ᠍ᠢᠷ᠎ᠠ᠎ᠶ᠋ᠢᠨ ᠵᠢᠯ᠎ᠡᠴᠡ᠂ ᠮᠠᠨ᠎ᠤ ᠴᠡᠷᠢᠭ᠎ᠴᠡᠷᠢᠭ᠎ᠤᠨ ᠶᠠᠪᠤᠳᠠᠯ᠎ᠤᠨ ᠠᠵᠢᠯᠲᠠᠨ ᠎ᠤ ᠣᠳᠣᠬᠢᠴᠢᠯᠠᠯᠲᠠ᠎ᠶ᠋ᠢ ᠲᠠᠰᠤᠷᠠᠯᠲᠠ ᠦᠭᠡᠢ ᠲᠦᠷᠭᠡᠳᠭᠡᠵᠦ᠍᠂ ᠱᠢᠨ᠎ᠡ ᠬᠡᠯᠪᠡᠷᠢ᠎ᠶ᠋ᠢᠨ ᠴᠡᠷᠢᠭ ᠎ᠦᠨ ᠶᠠᠪᠤᠳᠠᠯ ᠎ᠤᠨ ᠴᠢᠳᠠᠪᠤᠷᠢᠲᠠᠨ ᠎ᠢ ᠬᠥᠮᠦᠵᠢᠭᠦᠯᠬᠦ᠌ ᠱᠢᠰᠲ᠋ᠧᠮ᠎ᠢ ᠲᠡᠭᠦᠯᠳᠡᠷᠵᠢᠭᠦᠯᠵᠦ᠍᠂ ᠥᠨᠳᠥᠷ ᠬᠡᠪ ᠪᠣᠯᠪᠠᠰᠤᠷᠠᠯ ᠪᠦᠬᠦᠢ ᠲᠤᠰᠭᠠᠢᠵᠢᠭ᠍ᠰᠠᠨ ᠴᠡᠷᠢᠭ᠎ᠦᠨ ᠶᠠᠪᠤᠳᠠᠯ᠎ᠤᠨ ᠴᠢᠳᠠᠪᠤᠷᠢᠲᠠᠨ᠎ᠤ ᠡᠩᠨᠡᠭᠡ᠎ᠶ᠋ᠢ ᠳᠠᠪᠲᠠᠨ ᠪᠣᠯᠪᠠᠰᠤᠷᠠᠭᠤᠯᠪᠠ᠃

ᠡᠳᠦᠭᠡ᠂ ᠴᠧᠨ ᠵᠧᠩ ᠶᠤᠸᠠᠨ ᠨᠢᠭᠡᠨᠲᠡ ᠤᠯᠠᠨ ᠬᠡᠯᠪᠡᠷᠢ᠎ᠶ᠋ᠢᠨ ᠵᠢᠯᠣᠭᠣᠴᠢ ᠦᠭᠡᠢ ᠨᠢᠰᠭᠡᠯ᠎ᠢ ᠪᠤᠯᠪᠠᠰᠤᠷᠠᠨᠭᠭᠤᠢ ᠡᠵᠡᠮᠳᠡᠵᠦ ᠴᠢᠳᠠᠬᠤ ᠪᠣᠯᠵᠤ᠂ ᠨᠢᠭᠤᠭ᠍ᠳᠠᠵᠤ ᠪᠠᠢᠭ᠎ᠠ ᠡᠰᠡᠷᠭᠦ᠌ ᠡᠲᠡᠭᠡᠳ᠎ᠢᠶᠡᠨ ᠮᠥᠷᠳᠡᠵᠦ᠍ ᠲᠡᠢᠯᠬᠦ᠂ ᠲᠠᠯᠠᠢ ᠲᠡᠬᠡᠷᠡᠬᠢ ᠪᠠ ᠣᠭ᠍ᠲᠠᠷᠭᠤᠢ᠎ᠶ᠋ᠢᠨ ᠡᠭᠦᠯᠡᠨ ᠦᠵᠦᠭᠦᠷᠯᠢᠭ ᠎ᠢ᠋ ᠡᠵᠡᠮᠳᠡᠭᠴᠢ ᠪᠤᠯᠵᠠᠢ᠃

ᠡᠨᠡ ᠤᠳᠠᠭ᠎ᠠ 《ᠳ᠋ᠦᠩ ᠹᠧᠩ — 5C》 ᠱᠢᠩᠭᠡᠨ ᠪᠡᠶᠡᠲᠦ ᠲᠢᠪ ᠠᠯᠤᠰ᠎ᠤᠨ ᠪᠠᠢᠯᠳᠤᠬᠤ ᠪᠣᠳᠣᠯᠭ᠎ᠠ᠎ᠶ᠋ᠢᠨ ᠴᠥᠮ᠎ᠡ᠎ᠶ᠋ᠢᠨ ᠵᠠᠯᠠᠭᠤᠷᠲᠤ ᠰᠤᠮᠤ ᠲᠢᠶᠠᠨ ᠠᠨ ᠮᠧᠨ᠎ᠳᠦ ᠢᠯᠡᠷᠡᠪᠡ᠃ ᠳᠣᠷᠣᠨ᠎ᠠ᠎ᠶ᠋ᠢᠨ ᠰᠠᠯᠬᠢᠨ᠎ᠤ ᠰᠦᠷ ᠬᠦᠴᠦᠨ ᠳᠡᠯᠡᠬᠡᠶ ᠳ᠋ᠠᠬᠢᠨ᠎ᠢ ᠳᠣᠩᠰᠣᠯᠭᠠᠵᠤ᠂ 《ᠳ᠋ᠦᠩ ᠹᠧᠩ —5C》 ᠶ᠋ᠢᠨ ᠴᠣᠬᠢᠯᠲᠠ ᠥᠭ᠌ᠬᠦ ᠬᠡᠪᠴᠢᠶ᠎ᠡ ᠪᠦᠬᠦ᠌ ᠪᠥᠮᠪᠥᠷᠴᠡᠭ᠎ᠢ ᠪᠦᠷᠬᠦᠪᠡ᠃

ᠪᠠᠢᠯᠳᠤᠵᠤ ᠴᠢᠳᠠᠪᠠᠯ ᠰᠠᠶᠢ ᠪᠠᠢᠯᠳᠤᠭᠠᠨ᠎ᠢ ᠵᠣᠭ᠍ᠰᠣᠭᠠᠵᠤ ᠴᠢᠳᠠᠨ᠎ᠠ᠂ ᠪᠠᠢᠯᠳᠤᠬᠤ᠎ᠳᠠᠭᠠᠨ ᠴᠢᠳᠠᠮᠠᠭᠠᠢ ᠪᠤᠯᠪᠠᠴᠤ ᠪᠠᠢᠯᠳᠤᠬᠤ  ᠳᠤᠷ᠎ᠠ ᠦᠭᠡᠢ᠃ 1964 ᠣᠨ᠎ᠤ 10 ᠰᠠᠷ᠎ᠠ᠎ᠳᠤ᠂ ᠳᠤᠮᠳᠠᠳᠤ ᠤᠯᠤᠰ᠎ᠤᠨ ᠵᠠᠰᠠᠭ᠎ᠤᠨ ᠣᠷᠳᠣᠨ ᠠᠩᠬᠠᠳᠠᠭ᠍ᠴᠢ ᠠᠲ᠋ᠣᠮ᠎ᠤᠨ ᠪᠥᠮᠪᠥᠭᠡ᠎ᠶ᠋ᠢᠨ ᠳᠡᠯᠪᠡᠷᠡᠯᠲᠡ ᠠᠮᠵᠢᠯᠲᠠ ᠣᠯᠤᠭ᠍ᠰᠠᠨ᠎ᠤ ᠳᠠᠷᠠᠭ᠎ᠠ᠂ ᠶᠠᠮᠠᠷᠪᠠ ᠦᠶ᠎ᠡ᠂ ᠶᠠᠮᠠᠷᠪᠠ ᠪᠠᠢᠳᠠᠯ ᠳᠣᠣᠷ᠎ᠠ᠂ ᠳᠤᠮᠳᠠᠳᠤ ᠤᠯᠤᠰ ᠴᠥᠮ ᠤᠷᠢᠳ᠎ᠢᠶᠡᠷ ᠴᠥᠮ᠎ᠡ᠎ᠶ᠋ᠢᠨ ᠵᠡᠪᠰᠡᠭ᠎ᠢ ᠬᠡᠷᠡᠭ᠌ᠯᠡᠬᠦ᠌ ᠦᠭᠡᠢ ᠭᠡᠵᠦ᠍ ᠲᠤᠩᠬᠠᠬᠯᠠᠪᠠ᠃

10 ᠴᠠᠭ 17 ᠮᠢᠨᠦ᠋ᠲ᠎ᠲᠤ   ᠪᠠᠢᠯᠳᠤᠭᠠᠨ᠎ᠤ ᠨᠢᠰᠬᠡᠯ  ᠤᠮᠤᠭᠯᠠᠩ  ᠲᠡᠬᠦᠯᠢᠨ᠎ᠡ


ᠪᠠᠢᠯᠳᠤᠭᠠᠨ᠎ᠤ ᠨᠢᠰᠬᠡᠯ ᠤᠮᠤᠭᠯᠠᠩ  ᠲᠡᠬᠦᠯᠢᠵᠦ᠂ ᠠᠭᠤᠯᠠ ᠤᠰᠤ ᠵᠢᠷᠤᠭ ᠮᠡᠲᠦ ᠬᠠᠷᠠᠭ᠍ᠳᠠᠨ᠂ ᠣᠶ ᠱᠢᠭᠤᠶ᠎ᠨᠠᠮᠤᠷ᠎ᠤᠨ ᠰᠢᠷᠭᠠᠯ ᠦᠩᠬᠡ ᠪᠡᠷ ᠪᠤᠳᠤᠬᠳᠠᠪᠠ᠃

10 ᠴᠠᠭ 17 ᠮᠢᠨᠦ᠋ᠲ᠎ᠲᠦ᠂ 《ᠪᠢ ᠡᠬᠡ ᠤᠯᠤᠰ᠎ᠤᠨ᠎ᠢᠶᠠᠨ ᠬᠥᠬᠡ ᠣᠭ᠍ᠲᠠᠷᠭᠤᠶ᠎ᠵᠢ ᠬᠠᠢᠷᠠᠯᠠᠨ᠎ᠠ》ᠭᠡᠬᠦ ᠳᠠᠭᠤᠤ ᠎ᠶ᠋ᠢ ᠳᠠᠭᠠᠯᠳᠤᠨ᠂ ᠠᠭᠠᠷ ᠎ᠤᠨ ᠵᠢᠭᠰᠠᠭᠠᠯ (ᠱᠠᠲᠤᠯᠵᠢᠨ ᠡᠩᠨᠡᠬᠡ) ᠎ᠤ᠋ᠨ ᠡᠨᠭᠨᠡᠭᠡ ᠨᠢᠰᠦᠨ ᠨᠠᠭᠠᠰᠢᠯᠠᠪᠠ᠃

ᠲᠣᠮᠣ ᠨᠢᠰᠭᠡᠯ᠎ᠦᠨ ᠪᠦᠯᠬᠦᠮ ᠨᠢᠭ᠍ᠲᠠᠷᠠᠨ ᠵᠢᠭᠰᠠᠵᠤ᠂ 80 ᠪᠠᠢᠯᠳᠤᠭᠠᠨ᠎ᠤ ᠨᠢᠰᠬᠡᠯ ᠨᠢ ᠬᠡᠰᠡᠭ᠌ᠴᠢᠯᠡᠭ᠌ᠰᠡᠨ᠂ ᠱᠢᠰᠲ᠋ᠧᠮᠵᠢᠭ᠌ᠰᠡᠨ ᠬᠡᠯᠪᠡᠷᠢ ᠪᠡᠷ ᠤᠭᠲᠠᠷᠭᠤᠢ᠎ᠳᠤ ᠵᠢᠭᠰᠠᠪᠠ᠄ ᠤᠷᠢᠳᠴᠢᠯᠠᠨ ᠰᠡᠷᠡᠮᠵᠢᠯᠡᠭᠦᠯᠬᠦ᠌ ᠨᠢᠰᠭᠡᠯ᠎ᠢᠶᠡᠷ ᠭᠤᠤᠯ ᠪᠣᠯᠭᠠᠭ᠍ᠰᠠᠨ᠂ ᠰᠥᠨᠥᠭᠡᠭ᠌ᠴᠢ ᠨᠢᠰᠭᠡᠯ᠂ ᠳᠡᠯᠪᠡᠴᠢᠬᠦ᠌ ᠨᠢᠰᠭᠡᠯ᠎ᠢᠶᠡᠷ ᠭᠤᠤᠯᠯᠠᠭᠴᠢ ᠪᠣᠯᠭᠠᠭ᠍ᠰᠠᠨ᠂ ᠲᠣᠰᠣ ᠨᠡᠮᠡᠬᠦ᠌ ᠲᠤᠰᠤ ᠬᠦᠷᠲᠡᠬᠦ ᠨᠢᠰᠭᠡᠯ᠂ ᠡᠯᠧᠺᠲ᠋ᠷᠣᠨ ᠪᠠᠢᠯᠳᠤᠭᠠᠨ᠎ᠤ ᠨᠢᠰᠭᠡᠯ᠎ᠢᠶᠡᠷ ᠲᠤᠯᠭᠠᠭᠤᠷᠢᠯᠠᠭ᠍ᠰᠠᠨ ᠱᠢᠰᠲ᠋ᠧᠮ ᠨᠢ ᠲᠣᠪ ᠲᠣᠳᠣᠷᠬᠠᠶ ᠪᠠᠢᠵᠤ᠂ ᠠᠷᠠᠳ᠎ᠤᠨ ᠴᠡᠷᠢᠭ ᠠᠩᠭᠢ᠎ᠶ᠋ᠢᠨ ᠠᠭᠠᠷ᠎ᠤᠨ ᠬᠠᠮᠲᠤᠷᠠᠭ᠍ᠰᠠᠨ ᠪᠠᠢᠯᠳᠤᠭᠠᠨ᠎ᠤ ᠮᠡᠳᠡᠷᠡᠬᠦᠢ᠂ ᠱᠢᠶ᠋ᠳᠪᠦᠷᠢᠲᠦ ᠪᠣᠳᠣᠯᠭ᠎ᠠ᠂ ᠴᠣᠬᠢᠯᠲᠠ ᠥᠭ᠌ᠬᠦ᠂ ᠪᠠᠲᠤᠯᠠᠭ᠎ᠠ᠎ᠶ᠋ᠢᠨ ᠪᠥᠬᠥ᠌ ᠡᠯᠸᠮᠸᠨ᠋ᠲ ᠪᠠ ᠠᠵᠢᠯᠯᠠᠭᠠᠨ᠎ᠤ ᠬᠡᠯᠬᠢᠶ᠎ᠡ᠎ᠶ᠋ᠢ ᠢᠯᠡᠷᠡᠭᠦᠯᠵᠡᠶ᠃

《ᠪᠦᠬᠦ᠌ ᠣᠷᠣᠨ ᠪᠦᠰᠡ᠎ᠶ᠋ᠢᠨ ᠬᠠᠮᠲᠤᠷᠠᠭ᠍ᠰᠠᠨ ᠱᠢᠰᠲ᠋ᠧᠮ᠎ᠦᠨ ᠪᠠᠢᠯᠳᠤᠭᠠᠨ》 ᠨᠢ ᠬᠡᠢᠰᠪᠦᠷᠢ ᠤᠬᠠᠭ᠍ᠳᠠᠬᠤᠨ ᠪᠢᠰᠢ᠂ ᠬᠠᠷᠢᠨ ᠪᠤᠢ ᠪᠦᠬᠦᠢ ᠬᠥᠮᠦᠰ᠎ᠦᠨ ᠡᠮᠦᠨ᠎ᠡ ᠢᠯᠡᠷᠡᠭ᠌ᠰᠡᠨ《ᠬᠦᠬᠡ ᠣᠭ᠍ᠲᠠᠷᠭᠤᠢ᠎ᠶ᠋ᠢᠨ ᠪᠡᠯᠡᠳᠭᠡᠯ ᠲᠣᠭ᠍ᠯᠠᠯᠲᠠ》 ᠪᠣᠯᠤᠨ᠎ᠠ᠃

ᠱᠢᠨ᠎ᠡ ᠴᠠᠭ ᠦᠶ᠎ᠡ᠎ᠶ᠋ᠢᠨ ᠠᠷᠠᠳ᠎ᠤᠨ ᠴᠡᠷᠢᠭ ᠠᠩᠭᠢ᠎ᠶ᠋ᠢᠨ ᠠᠭᠠᠷ᠎ᠤᠨ ᠬᠦᠴᠦᠨ ᠴᠤ ᠱᠢᠨ᠎ᠡ᠎ᠪᠡᠷ ᠢᠯᠡᠷᠡᠪᠡ ——

ᠲᠦᠷᠦᠭᠦᠯᠡᠨ ᠲᠠᠯᠠᠪᠠᠢ᠎ᠳᠤ ᠭᠠᠷᠤᠭ᠍ᠰᠠᠨ ᠨᠢ ᠤᠷᠢᠳᠴᠢᠯᠠᠨ ᠰᠡᠷᠡᠮᠵᠢᠯᠡᠭᠦᠯᠬᠦ᠌ ᠵᠢᠯᠣᠭᠣᠳᠭᠤ ᠨᠢᠰᠭᠡᠯ᠎ᠦᠨ ᠱᠠᠲᠤᠯᠵᠢᠨ ᠡᠨᠭᠨᠡᠭᠡ ᠪᠣᠯᠤᠨ᠎ᠠ᠃

ᠠᠭᠠᠷ᠎ᠤᠨ ᠴᠠᠭ᠍ᠳᠠᠭ᠎ᠠ — 500A ᠨᠢ 4《 ᠬᠠᠮᠤᠭ᠎ᠤᠨ ᠬᠦᠴᠦᠷᠬᠡᠭ ᠬᠠᠵᠠᠭᠤ ᠲᠠᠯ᠎ᠠ᠎ᠵᠢᠨ ᠬᠠᠮᠠᠭᠠᠯᠠᠭ᠍ᠴᠢ》 ᠰᠥᠨᠥᠭᠡᠭ᠌ᠴᠢ —16 ᠲᠠᠢ ᠬᠠᠮᠲᠤ ᠨᠢᠰᠦᠨ᠎ᠡ;

ᠠᠭᠠᠷ᠎ᠤᠨ ᠴᠠᠭ᠍ᠳᠠᠭ᠎ᠠ — 600᠎ᠵᠢ 4 ᠰᠠᠭᠤᠷᠢ ᠴᠠᠬᠢᠯᠭᠠᠨ ᠰᠣᠷᠢᠨᠵᠢᠨ ᠳᠡᠢᠷᠬᠦ ᠱᠢᠰᠲ᠋ᠧᠮ᠎ᠦᠨ ᠰᠥᠨᠥᠭᠡᠭ᠌ᠴᠢ — 15T ᠬᠥᠯᠭᠡ ᠣᠩᠭᠣᠴᠠᠨ᠎ᠳᠤ ᠠᠴᠢᠶᠠᠯᠠᠬᠤ ᠨᠢᠰᠭᠡᠯ ᠠᠶᠠᠯᠠᠯ ᠬᠠᠮᠠᠭᠠᠯᠠᠨ ᠨᠢᠰᠦᠨ᠎ᠠ᠃

ᠵᠢᠯᠣᠭᠣᠳᠤᠨ ᠡᠵᠡᠮᠳᠡᠬᠦ᠌᠂ ᠤᠷᠢᠳᠴᠢᠯᠠᠨ ᠰᠡᠷᠡᠮᠵᠢᠯᠡᠭᠦᠯᠵᠦ ᠬᠠᠢᠨ ᠬᠡᠮᠵᠢᠬᠦ᠌᠂ ᠬᠠᠮᠵᠢᠯᠴᠠᠨ ᠴᠣᠬᠢᠯᠲᠠ ᠥᠭ᠌ᠬᠦ᠂ ᠤᠷᠢᠳᠴᠢᠯᠠᠨ ᠰᠡᠷᠡᠮᠵᠢᠯᠡᠭᠦᠯᠬᠦ᠌ ᠨᠢᠰᠭᠡᠯ ᠠᠭᠠᠷ ᠪᠠ ᠰᠠᠨᠰᠠᠷ᠎ᠤᠨ ᠪᠠᠢᠯᠳᠤᠭᠠᠨ᠎ᠤ ᠲᠠᠯᠠᠪᠤᠷ᠎ᠲᠤ ᠠᠷᠭ᠎ᠠ ᠪᠣᠳᠣᠯᠭ᠎ᠠ ᠲᠣᠭ᠍ᠲᠠᠭᠠᠨ᠎ᠠ᠃

ᠬᠥᠮᠦᠰ᠎ᠢ ᠭᠠᠢᠬᠠᠰᠢ ᠠᠯᠳᠠᠭᠤᠯᠤᠭ᠍ᠰᠠᠨ ᠶᠠᠪᠤᠳᠠᠯ ᠭᠡᠪᠡᠯ᠂ ᠮᠠᠨ᠎ᠤ ᠤᠯᠤᠰ᠎ᠤᠨ ᠪᠡᠶ᠎ᠡ᠎ᠪᠡᠨ ᠳᠠᠭᠠᠭᠠᠵᠤ ᠰᠤᠳᠤᠯᠤᠨ ᠦᠢᠯᠡᠳᠦᠭ᠌ᠰᠡᠨ ᠠᠩᠬᠠᠳᠠᠭ᠍ᠴᠢ ᠬᠦᠯᠭᠡ ᠣᠩᠭᠣᠴᠠᠨ᠎ᠳᠤ ᠠᠴᠢᠶᠠᠯᠠᠬᠤ ᠲᠣᠭ᠍ᠲᠠᠮᠠᠯ ᠵᠢᠭᠦᠷᠲᠦ ᠤᠷᠢᠳᠴᠢᠯᠠᠨ ᠰᠡᠷᠡᠮᠵᠢᠯᠡᠭᠦᠯᠬᠦ᠌ ᠨᠢᠰᠭᠡᠯ᠎ᠦᠨ ᠠᠭᠠᠷ ᠳᠡᠭᠡᠷᠡᠬᠢ ᠴᠠᠭ᠍ᠳᠠᠭ᠎ᠠ — 600 ᠬᠦᠬᠡ ᠣᠭ᠍ᠲᠠᠷᠭᠤᠢ᠎ᠳᠤ ᠢᠯᠡᠷᠡᠭᠰᠡᠨ ᠶᠠᠪᠤᠳᠠᠯ ᠪᠤᠯᠤᠨ᠎ᠠ᠃ ᠲᠡᠷᠡ ᠨᠢ ᠰᠥᠨᠥᠭᠡᠭ᠌ᠴᠢ — 15T ᠬᠥᠯᠭᠡ ᠣᠩᠭᠣᠴᠠᠨ᠎ᠳᠤ ᠠᠴᠢᠶᠠᠯᠠᠬᠤ ᠨᠢᠰᠭᠡᠯ᠎ᠲᠡᠶ ᠠᠳᠠᠯᠢ᠎ᠪᠠᠷ ᠲᠡᠢᠷᠦᠭᠳᠡᠨ ᠨᠢᠰᠬᠦ᠎ᠶ᠋ᠢ ᠳᠡᠮᠵᠢᠵᠦ᠍᠂ ᠨᠢᠰᠭᠡᠯ᠎ᠦᠨ ᠰᠠᠭᠤᠷᠢ ᠬᠥᠯᠭᠡ ᠣᠩᠭᠣᠴᠠ᠎ᠶ᠋ᠢᠨ ᠵᠢᠭᠰᠠᠭᠠᠯ ᠨᠢ ᠪᠠᠢᠯᠳᠤᠭᠠᠨ᠎ᠤ ᠷᠠᠳᠢᠦ᠍ᠰ᠎ᠢᠶᠡᠨ ᠥᠷᠭᠡᠳᠭᠡᠨ᠂ ᠪᠠᠢᠯᠳᠤᠬᠤ ᠬᠦᠴᠦᠨ᠎ᠢᠶᠡᠨ ᠳᠡᠭᠡᠭ᠌ᠰᠢᠯᠡᠭᠦᠯᠬᠦ᠌ ᠵᠠᠩᠭᠢᠯᠠᠭ᠎ᠠ᠎ᠶ᠋ᠢᠨ ᠬᠦᠴᠦᠨ ᠪᠣᠯᠤᠭ᠍ᠰᠠᠨ ᠪᠠᠢᠨ᠎ᠠ᠃

ᠣᠨᠴᠠ ᠲᠥᠷᠥᠯ᠎ᠦᠨ ᠨᠢᠰᠭᠡᠯ᠎ᠦᠨ ᠱᠠᠲᠤᠯᠵᠢᠨ ᠡᠨᠭᠨᠡᠭᠡ ᠬᠦᠷᠴᠤ ᠢᠷᠡᠪᠡ᠃

2 ᠰᠥᠨᠥᠭᠡᠭ᠌ᠴᠢ —16 ᠵᠢᠨ ᠬᠠᠮᠠᠭᠠᠯᠠᠯᠲᠠ ᠳᠣᠣᠷ᠎ᠠ᠂ ᠲᠡᠭᠡᠭᠡᠪᠦᠷᠢ᠎ᠶᠢᠨ ᠨᠢᠰᠭᠡᠯ — 9ᠱᠤᠩᠭᠤᠯ ᠣᠩᠭᠣᠴᠠ᠎ᠶ᠋ᠢ ᠳᠠᠭᠠᠷᠢᠬᠤ ᠴᠠᠭ᠍ᠳᠠᠨ ᠲᠣᠭᠣᠷᠢᠬᠤ ᠨᠢᠰᠭᠡᠯ᠂  ᠲᠡᠭᠡᠭᠡᠪᠦᠷᠢ᠎ᠶᠢᠨ ᠨᠢᠰᠭᠡᠯ — 9 ᠡᠯᠧᠺᠲ᠋ᠷᠣᠨ ᠲᠤᠷᠱᠢᠭᠤᠯ ᠨᠢᠰᠭᠡᠯ᠂ ᠲᠡᠭᠡᠭᠡᠪᠦᠷᠢ᠎ᠶᠢᠨ ᠨᠢᠰᠭᠡᠯ —  9 ᠷᠠᠳᠠᠷ᠎ᠢ ᠬᠠᠷᠱᠢᠯᠠᠬᠤ ᠨᠢᠰᠭᠡᠯ ᠲᠢᠶᠠᠨ ᠠᠨ ᠮᠸᠨ᠎ᠤ ᠳᠡᠭᠡᠭᠦᠷ ᠨᠢᠰᠤᠨ ᠥᠩᠭᠡᠷᠡᠬᠦ᠌᠎ᠳᠦ ᠂ ᠮᠠᠨ᠎ᠤ ᠴᠡᠷᠢᠭ᠎ᠦᠨ ᠲᠠᠯᠠᠢ ᠪᠠ ᠠᠭᠠᠷ᠎ᠤᠨ ᠣᠨᠴᠠ ᠲᠦᠷᠦᠯ᠎ᠦᠨ ᠲᠤᠰᠠᠯᠠᠬᠤ ᠬᠦᠴᠦᠨ᠎ᠢ ᠲᠥᠪᠯᠡᠷᠡᠬᠦᠯᠦᠨ ᠢᠯᠡᠷᠡᠬᠦᠯᠪᠡ᠃

ᠨᠢᠰᠭᠡᠯᠴᠢ ᠵᠦ᠍ ᠱᠠᠩ ᠮᠢᠩ ᠄ 《 ᠲᠠᠯᠠᠢ ᠪᠠ ᠠᠭᠠᠷ᠎ᠤᠨ ᠲᠠᠩᠨᠠᠯᠳᠠ᠂ ᠪᠠᠢᠴᠠᠭᠠᠨ ᠲᠤᠭᠤᠷᠢᠬᠤ ᠬᠢᠨᠠᠯᠲᠠ᠂ ᠴᠠᠬᠢᠯᠭᠠᠨ ᠰᠣᠷᠢᠨᠵᠢᠨ ᠳᠠᠷᠤᠯᠲᠠ ᠦᠵᠡᠭᠦᠯᠬᠦ᠌ ᠁ ᠢᠷᠡᠭᠡᠳᠦᠢ᠎ᠶ᠋ᠢᠨ ᠠᠭᠠᠷ᠎ᠤᠨ ᠪᠠᠢᠯᠳᠤᠭᠠᠨ᠎ᠳᠤ ᠪᠢᠳᠡ ᠪᠤᠯ ᠱᠢᠰᠲᠸᠮ᠎ᠤᠨ ᠢᠯᠠᠯᠲᠠ ᠤᠯᠬᠤ ᠥᠯᠥ ᠬᠠᠷᠠᠬᠳᠠᠬᠤ ᠬᠤᠷᠴᠠ ᠰᠡᠯᠡᠮ᠎ᠡ ᠪᠣᠯᠤᠨ᠎ᠠ》 ᠭᠡᠪᠡ᠃

ᠫᠢᠷᠠᠮᠢᠳ᠋ ᠰᠤᠪᠤᠷᠭ᠎ᠠ᠎ᠶ᠋ᠢᠨ ᠲᠡᠬᠡᠬᠦᠷ ᠨᠢᠰᠦᠨ ᠦᠩᠬᠡᠷᠡᠵᠤ᠂ ᠠᠳ᠋ᠸᠨ ᠪᠤᠯᠤᠩ᠎ᠢ ᠨᠢᠰᠦᠨ ᠳᠤᠭᠤᠯᠵᠤ᠂ ᠨᠣᠮᠣᠬᠠᠨ ᠳᠠᠯᠠᠶ᠎ᠶ᠋ᠢ ᠨᠢᠰᠦᠨ ᠬᠡᠳᠦᠯᠦᠭᠰᠡᠨ ᠁ ᠣᠢᠷ᠎ᠠ᠎ᠶ᠋ᠢᠨ ᠵᠢᠯ᠎ᠳᠦ᠂ ᠲᠡᠭᠡᠭᠡᠪᠦᠷᠢ᠎ᠶᠢᠨ ᠨᠢᠰᠭᠡᠯ — 20 ᠣᠯᠠᠨ ᠤᠯᠤᠰ ᠎ᠤᠨ ᠠᠭᠠᠷ᠎ᠤᠨ ᠠᠶᠠᠯᠠᠯ᠎ᠤᠨ ᠦᠵᠡᠭᠦᠯᠭᠡ ᠎ᠳᠤ  ᠢᠯᠡᠷᠡᠵᠦ᠂ ᠬᠥᠮᠦᠨ ᠪᠠ ᠡᠳ᠋ ᠪᠣᠳᠠᠰ ᠵᠥᠭᠡᠭᠡᠪᠦᠷᠢᠯᠡᠨ ᠬᠦᠷᠭᠡᠬᠦ᠂ ᠣᠯᠠᠨ ᠤᠯᠤᠰ᠎ᠤᠨ ᠠᠪᠤᠷᠠᠨ ᠲᠤᠰᠠᠯᠠᠬᠤ ᠠᠵᠢᠯᠯᠠᠭ᠎ᠠ᠎ᠳᠤ ᠣᠷᠣᠯᠴᠠᠬᠤ᠎ᠵᠢ ᠳᠠᠭᠠᠯᠳᠤᠨ᠂ ᠨᠢᠰᠭᠡᠭ᠌ᠴᠢ ᠶᠤᠸᠠᠨ ᠪᠥᠸᠧ 《ᠺᠦᠨᠫᠸᠩ 》 ᠢ᠋ ᠵᠢᠯᠤᠭᠤᠳᠤᠨ ᠣᠯᠠᠨ ᠭᠠᠵᠠᠷ᠎ᠢᠶᠠᠷ ᠶᠠᠪᠤᠵᠤ ᠥᠩᠭᠡᠷᠡᠵᠡᠶ᠂ ᠭᠡᠪᠡᠴᠦ᠍ ᠲᠡᠭᠦᠨ᠎ᠦ ᠰᠡᠳᠭᠢᠯ᠎ᠢ ᠬᠠᠮᠤᠭ᠎ᠡᠴᠡ ᠳᠣᠭ᠍ᠳᠣᠯᠤᠭᠤᠯᠤᠭ᠍ᠰᠠᠨ ᠨᠢ ᠬᠠᠰᠢ ᠯᠠ ᠥᠨᠥᠳᠦᠷ — ᠲᠢᠶᠠᠨ ᠠᠨ ᠮᠸᠨ᠎ᠢᠶᠡᠷ ᠨᠢᠰᠦᠨ ᠦᠨᠭᠭᠡᠷᠡᠵᠦ ᠱᠢᠯᠭᠠᠨ ᠦᠵᠡᠬᠦ᠌᠎ᠶ᠋ᠢ ᠬᠦᠯᠢᠶᠡᠭ᠌ᠰᠡᠨ ᠶᠠᠪᠤᠳᠠᠯ ᠪᠣᠯᠤᠨ᠎ᠠ᠃

ᠲᠡᠭᠡᠭᠡᠪᠦᠷᠢ᠎ᠶ᠋ᠢᠨ ᠨᠢᠰᠭᠡᠯ᠎ᠦᠨ ᠱᠠᠲᠤᠯᠵᠢᠨ ᠡᠨᠭᠨᠡᠭᠡ ᠠᠭᠠᠷ᠎ᠢᠶᠡᠷ ᠨᠢᠰᠦᠨ ᠢᠷᠡᠯ᠎ᠡ᠃

ᠲᠡᠭᠡᠭᠡᠪᠦᠷᠢ᠎ᠶ᠋ᠢᠨ ᠨᠢᠰᠭᠡᠯ — 20A᠂ ᠲᠡᠭᠡᠭᠡᠪᠦᠷᠢ᠎ᠶ᠋ᠢᠨ ᠨᠢᠰᠭᠡᠯ — 20B ᠎ᠶ᠋ᠢ ᠬᠣᠶᠠᠷ ᠱᠢᠭᠠᠨᠲᠠᠭ ᠵᠢᠭᠰᠠᠭᠠᠯ ᠪᠣᠯᠭᠠᠨ ᠬᠤᠪᠢᠶᠠᠵᠤ᠂ ᠪᠠᠢᠯᠳᠤᠬᠤ  ᠬᠡᠯᠪᠡᠷᠢ᠎ᠪᠡᠷ  ᠵᠣᠬᠢᠶᠠᠨ ᠪᠠᠢᠭᠤᠯᠤᠨ ᠨᠢᠰᠭᠡᠪᠠ᠃ ᠶᠤᠸᠠᠨ ᠪᠥᠸᠧ ᠲᠢᠶᠠᠨ ᠠᠨ ᠮᠸᠨ ᠠᠰᠠᠷ ᠳᠡᠭᠡᠷᠡᠬᠢ 《ᠪᠦᠬᠦᠳᠠ ᠨᠠᠢᠷᠠᠮᠳᠠᠬᠤ  ᠳᠤᠮᠳᠠᠳᠤ ᠠᠷᠠᠳ ᠤᠯᠤᠰ ᠮᠠᠨᠳᠤᠲᠤᠭᠠᠢ》᠂ 《ᠳᠡᠯᠡᠬᠡᠢ᠎ᠶ᠋ᠢᠨ ᠠᠷᠠᠳ ᠲᠦᠮᠡᠨ᠎ᠦ ᠶᠡᠬᠡ ᠪᠦᠯᠬᠦᠮᠳᠡᠯ ᠮᠠᠨᠳᠤᠲᠤᠭᠠᠢ》 ᠭᠡᠬᠦ᠌ ᠬᠣᠶᠠᠷ ᠮᠥᠷ ᠲᠤᠮᠤ ᠪᠢᠴᠢᠭᠡᠰᠦ᠎ᠶ᠋ᠢ ᠣᠯᠵᠤ ᠬᠠᠷᠠᠪᠠ᠃

ᠶᠣᠰᠣᠯᠠᠯ᠎ᠤᠨ ᠲᠠᠢᠰᠠᠨ ᠳᠡᠭᠡᠷ᠎ᠡ᠂ ᠨᠢᠭᠡ ᠬᠡᠯᠪᠡᠷᠢ᠎ᠶᠢᠨ ᠤᠯᠤᠰ᠎ᠲᠠᠭᠠᠨ ᠦᠢᠯᠡᠳᠪᠦᠷᠢᠯᠡᠭ᠌ᠰᠡᠨ ᠬᠥᠳᠡᠯᠭᠡᠭᠦᠷ ᠮᠠᠱᠢᠨ᠎ᠤ ᠶᠡᠷᠦᠩᠬᠡᠢ ᠢᠨᠵᠧᠨᠧᠷ ᠯᠢ ᠵᠢᠶᠠᠨ ᠷᠦᠩ ᠪᠣᠯᠤᠨ ᠶᠤᠸᠠᠨ ᠪᠥᠸᠧ᠎ᠬᠤᠶᠠᠭᠤᠯᠠ ᠠᠳᠠᠯᠢ᠎ᠪᠠᠷ ᠰᠡᠳᠭᠢᠯ ᠳᠣᠭ᠍ᠳᠣᠯᠤᠨ᠎ᠠ — ᠲᠡᠭᠡᠭᠡᠪᠦᠷᠢ᠎ᠶ᠋ᠢᠨ ᠨᠢᠰᠭᠡᠯ  — 20B ᠵᠢᠨ ᠤᠭ᠍ᠰᠠᠷᠠᠭ᠍ᠰᠠᠨ《ᠵᠢᠷᠦᠬᠡ ᠬᠡᠯᠪᠡᠷᠢ》ᠨᠢ ᠬᠡᠳᠦᠨ ᠦᠶ᠎ᠡ᠎ᠶ᠋ᠢᠨ ᠠᠭᠠᠷ᠎ᠤᠨ ᠠᠶᠠᠯᠠᠯ᠎ᠤᠨ ᠬᠥᠮᠦᠰ᠎ᠦᠨ ᠬᠦᠴᠦ ᠬᠦᠯᠦᠰᠦ ᠤᠶᠤᠨ ᠤᠬᠠᠭᠠᠨ᠎ᠢ  ᠨᠢᠭ᠍ᠲᠠᠷᠠᠭᠤᠯᠵᠤ  ᠪᠢᠯᠠ᠃

《ᠤᠯᠤᠰ᠎ᠲᠠᠭᠠᠨ ᠦᠢᠯᠡᠳᠪᠦᠷᠢᠯᠡᠭ᠌ᠰᠡᠨ ᠲᠤᠮᠤ ᠨᠢᠰᠭᠡᠯ ᠪᠠᠢᠬᠤ ᠦᠭᠡᠢ ᠪᠣᠯ ᠲᠤᠮᠤ ᠤᠯᠤᠰ᠎ᠤᠨ ᠠᠭᠠᠷ᠎ᠤᠨ ᠴᠡᠷᠢᠭ ᠪᠠᠢᠵᠤ ᠴᠢᠳᠠᠬᠤ ᠦᠭᠡᠢ 》᠃ ᠲᠣᠰᠣ  ᠨᠡᠮᠡᠵᠦ  ᠲᠤᠰᠤ ᠬᠦᠷᠲᠡᠬᠦ ᠨᠢᠰᠭᠡᠯ᠎ᠦᠨ ᠱᠠᠲᠤᠯᠵᠢᠨ ᠡᠨᠭᠨᠡᠭᠡ ᠨᠢᠰᠦᠨ ᠥᠩᠭᠡᠷᠡᠬᠦ᠌᠎ᠳᠦ᠂ ᠯᠢ  ᠵᠢᠶᠠᠨ ᠷᠦᠩ  ᠰᠥᠨᠥᠭᠡᠭ᠌ᠴᠢ — 16᠂ ᠰᠥᠨᠥᠭᠡᠭ᠌ᠴᠢ — 20᠂ ᠳᠡᠯᠪᠡᠴᠢᠬᠴᠢ — 6N ᠤᠷᠢᠳᠴᠢᠯᠠᠨ ᠲᠣᠰᠣ ᠨᠡᠮᠡᠬᠦ᠌ ᠪᠠᠢᠳᠠᠯ ᠪᠠ ᠲᠣᠰᠣ ᠲᠡᠭᠡᠭᠡᠪᠦᠷᠢᠯᠡᠬᠦ᠌ — 20A ᠳᠤᠭᠤᠢᠯᠠᠩ ᠱᠢᠯᠭᠠᠨ ᠦᠵᠡᠬᠦ᠌᠎ᠶ᠋ᠢ ᠬᠦᠯᠢᠶᠡᠵᠦ ᠪᠠᠢᠭ᠎ᠠ᠎ᠵᠢ ᠣᠯᠵᠤ ᠦᠵᠡᠭᠡᠳ᠄ 《ᠤᠯᠤᠰ᠎ᠲᠠᠭᠠᠨ ᠦᠢᠯᠡᠳᠪᠦᠷᠢᠯᠡᠭ᠌ᠰᠡᠨ ᠲᠣᠮᠣ ᠬᠡᠯᠪᠡᠷᠢ᠎ᠶ᠋ᠢᠨ ᠲᠡᠭᠡᠭᠡᠪᠦᠷᠢ᠎ᠶ᠋ᠢᠨ ᠨᠢᠰᠭᠡᠯ᠂ ᠲᠣᠰᠣ ᠨᠡᠮᠡᠬᠦ᠌ ᠨᠢᠰᠭᠡᠯ᠎ᠦᠨ ᠬᠦᠴᠦᠲᠡᠶ ᠲᠤᠯᠭᠠᠭᠤᠷᠢᠯᠠᠯ᠎ᠲᠡᠶ ᠪᠣᠯᠤᠭᠰᠠᠨ᠎ᠡᠴᠡ᠂ ᠮᠠᠨ ᠎ᠤ ᠪᠠᠢᠯᠳᠤᠭᠠᠨ᠎ᠤ ᠨᠢᠰᠬᠡᠯ ᠢᠯᠠᠯᠲᠠ᠎ᠶ᠋ᠢᠨ ᠠᠶᠠᠯᠠᠯ᠎ᠤᠨ ᠮᠥᠷ᠎ᠢᠶᠡᠨ ᠲᠠᠰᠤᠷᠠᠯᠲᠠ ᠦᠭᠡᠢ ᠤᠷᠲᠤᠳᠭᠠᠬᠤ ᠪᠣᠯᠤᠨ᠎ᠠ》 ᠭᠡᠵᠦ ᠥᠪᠡᠷ᠎ᠤᠨ ᠡᠷᠬᠡ ᠦᠭᠡᠢ ᠰᠡᠳᠭᠢᠯ ᠳᠤᠭᠲᠤᠯᠤᠨ ᠬᠡᠯᠡᠪᠡ᠃

ᠴᠠᠭ ᠲᠤ᠌500 ᠺᠢᠯᠣᠮᠧᠲ᠋ᠷ ᠱᠢᠬᠠᠮ ᠨᠢᠰᠬᠦ ᠪᠤᠯ ᠡᠨᠡ ᠤᠳᠠᠭ᠎ᠠ᠎ᠶ᠋ᠢᠨ ᠠᠭᠠᠷ ᠳᠡᠭᠡᠷᠡᠬᠢ ᠱᠠᠲᠤᠯᠵᠢᠨ ᠡᠩᠨᠡᠭᠡ᠎ᠶ᠋ᠢᠨ ᠱᠢᠯᠭᠠᠨ ᠦᠵᠡᠬᠦ᠌᠎ᠶ᠋ᠢ ᠬᠦᠯᠢᠶᠡᠬᠦ᠌ ᠳᠤᠮᠳᠠᠴᠢ ᠴᠠᠭ᠎ᠤᠨ ᠬᠤᠷᠳᠤᠴᠠ ᠪᠣᠯᠤᠨ᠎ᠠ᠂ ᠥᠭᠡᠷ᠎ᠡ᠎ᠪᠡᠷ ᠬᠡᠯᠡᠪᠡᠯ᠂ ᠱᠠᠲᠤᠯᠵᠢᠨ ᠡᠩᠨᠡᠭᠡ   ᠨᠢᠭᠡᠪᠦᠷᠢ   ᠲᠢᠶᠠᠨ ᠠᠨ ᠮᠸᠨ ᠵᠢᠡᠷ ᠨᠢᠰᠤᠨ ᠥᠩᠭᠡᠷᠡᠬᠦ᠌᠎ᠳᠦ ᠳᠤᠮᠳᠠᠴᠢ᠎ᠪᠠᠷ 1 ᠮᠢᠨᠦ᠋ᠲ ᠴᠦ᠍  ᠵᠠᠷᠤᠴᠠᠭᠤᠯᠬᠤ  ᠦᠭᠡᠢ᠃

1 ᠮᠢᠨᠦ᠋ᠲ ᠪᠣᠯᠤᠭ᠍ᠰᠠᠨ ᠦᠭᠡᠢ᠎ᠪᠡᠷ ᠳᠡᠯᠪᠡᠴᠢᠭᠴᠢ —  6N ᠂ ᠳᠡᠯᠪᠡᠴᠢᠭᠴᠢ — 6K᠂ ᠳᠡᠯᠪᠡᠴᠢᠭᠴᠢ — 6J ᠵᠡᠷᠭᠡ ᠴᠡᠷᠢᠭ᠎ᠤᠨ ᠠᠯᠪᠠᠨ ᠳ᠋ᠤ ᠪᠠᠢᠭ᠎ᠠ ᠭᠣᠣᠯ ᠪᠠᠢᠯᠳᠤᠭᠠᠨ᠎ᠤ ᠳᠡᠯᠪᠡᠴᠢᠬᠦ᠌ ᠨᠢᠰᠭᠡᠯ ᠲᠥᠪᠯᠡᠷᠡᠨ ᠱᠢᠯᠭᠠᠨ ᠦᠵᠡᠬᠦ᠌᠎ᠶ᠋ᠢ ᠬᠦᠯᠢᠶᠡᠪᠡ᠃

1 ᠮᠢᠨᠦ᠋ᠲ ᠪᠣᠯᠤᠭ᠍ᠰᠠᠨ ᠦᠭᠡᠢ᠎ᠪᠡᠷ ᠰᠥᠨᠥᠭᠡᠭ᠌ᠴᠢ — 16D᠂ ᠰᠥᠨᠥᠭᠡᠭ᠌ᠴᠢ — 20᠂ ᠰᠥᠨᠥᠭᠡᠭ᠌ᠴᠢ — 20A᠂ ᠰᠥᠨᠥᠭᠡᠭ᠌ᠴᠢ — 20S᠂ ᠰᠥᠨᠥᠭᠡᠭ᠌ᠴᠢ — 35A ᠵᠡᠷᠭᠡ ᠴᠡᠷᠢᠭ᠎ᠤᠨ ᠠᠯᠪᠠᠨ ᠳ᠋ᠤ ᠪᠠᠢᠭ᠎ᠠ ᠭᠣᠣᠯ ᠪᠠᠢᠯᠳᠤᠭᠠᠨ᠎ᠤ ᠰᠥᠨᠥᠭᠡᠭ᠌ᠴᠢ  ᠨᠢᠰᠭᠡᠯ ᠪᠦᠬᠦ ᠲᠣᠭ᠎ᠠ᠎ᠪᠡᠷ ᠢᠯᠡᠷᠡᠪᠡ᠃

1 ᠮᠢᠨᠦ᠋ᠲ ᠪᠣᠯᠤᠭ᠍ᠰᠠᠨ ᠦᠭᠡᠢ᠎ᠪᠡᠷ ᠠᠷᠠᠳ᠎ᠤᠨ ᠠᠭᠠᠷ᠎ᠤᠨ ᠴᠡᠷᠢᠭ᠎ᠦᠨ ᠴᠣᠬᠢᠯᠲᠠ ᠥᠭ᠌ᠬᠦ ᠬᠦᠴᠦᠨ᠎ᠦ ᠲᠠᠪᠠᠯᠳᠠᠳᠤ ᠮᠠᠶᠢᠭ᠎ᠤᠨ ᠬᠥᠭ᠌ᠵᠢᠯᠲᠡ᠎ᠵᠢ ᠪᠦᠷᠢᠨ ᠢᠯᠡᠷᠡᠭᠦᠯᠪᠡ᠃

ᠠᠭᠠᠷ ᠳᠡᠭᠡᠷ᠎ᠡ ᠵᠠᠭᠤᠷᠠᠯᠳᠤᠨ ᠪᠠᠢᠯᠳᠤᠬᠤ᠎ᠡᠴᠡ ᠠᠪᠤᠭᠠᠳ ᠡᠯᠧᠺᠲ᠋ᠷᠣᠨ᠎ᠢᠶᠡᠷ ᠡᠰᠡᠷᠭᠦᠴᠡᠯᠳᠦᠨ ᠪᠠᠢᠯᠳᠤᠬᠤ ᠬᠦᠷᠲᠡᠯ᠎ᠡ᠂ 《ᠭᠤᠷᠪᠠᠨ ᠰᠠᠯᠡᠮᠡᠴᠢᠨ 》 ᠎ᠤ᠋ ᠴᠠᠭ ᠦᠶ᠎ᠡ᠎ᠡᠴᠡ ᠠᠪᠤᠭᠠᠳ 《ᠬᠣᠤᠰ ᠨᠢᠭᠤᠭ᠍ᠳᠠᠮᠠᠯ 》᠎ᠤ᠋ᠨ ᠴᠠᠭ ᠦᠶ᠎ᠡ ᠬᠦᠷᠲᠡᠯ᠎ᠡ ᠂ ᠰᠥᠨᠥᠭᠡᠭ᠌ᠴᠢ ᠨᠢᠰᠭᠡᠯ᠎ᠦᠨ ᠴᠡᠷᠢᠭ ᠠᠩᠭᠢ ᠠᠯᠢ ᠣᠯᠠᠨ ᠬᠤᠰᠢᠭᠤᠷᠠᠯ ᠲᠣᠨᠣᠭ᠍ᠯᠠᠯ᠎ᠤᠨ ᠲᠤᠯᠭᠠᠭᠤᠷᠢᠯᠠᠯ ᠳᠤᠤᠷ᠎ᠠ ᠂ ᠨᠢᠭᠡᠨᠲᠡ ᠢᠷᠡᠭᠡᠳᠦᠶ᠎ᠳᠦ ᠢᠯᠠᠯᠲᠠ ᠤᠯᠬᠤ ᠱᠢᠰᠲ᠋ᠧᠮ᠎ᠦᠨ ᠬᠤᠷᠴᠡ ᠰᠠᠯᠠᠮ᠎ᠠ ᠪᠣᠯᠤᠭ᠍ᠰᠠᠨ ᠪᠠᠢᠨ᠎ᠠ; ᠡᠬᠡ ᠬᠠᠭᠤᠷᠠᠶ᠂ ᠣᠭ᠍ᠲᠠᠷᠭᠤᠶ᠂ ᠲᠡᠯᠡᠶ ᠲᠠᠩᠭᠢᠰ᠂ ᠳᠡᠯᠪᠡᠴᠢᠬᠦ᠌ ᠨᠢᠰᠭᠡᠯ᠎ᠦᠨ ᠴᠡᠷᠢᠭ ᠠᠩᠭᠢ ᠠᠯᠤᠰ᠎ᠡᠴᠡ ᠴᠣᠬᠢᠯᠲᠠ ᠥᠭ᠌ᠬᠦ ᠴᠢᠳᠠᠪᠤᠷᠢ ᠎ᠪᠠᠨ ᠲᠠᠰᠤᠷᠠᠯᠲᠠ ᠥᠬᠡᠶ ᠥᠷᠭᠡᠳᠭᠡᠵᠦ᠍᠂ ᠢᠯᠠᠭᠤᠭ᠍ᠰᠠᠨ ᠲᠡᠢᠨ ᠬᠢᠬᠦ᠌ ᠪᠠᠢᠯᠳᠤᠬᠤ ᠪᠣᠳᠣᠯᠭ᠎ᠠ᠎ᠶ᠋ᠢᠨ ᠲᠡᠮᠦᠷ ᠨᠢᠳᠤᠷᠭ᠎ᠠ᠎ᠶ᠋ᠢ ᠳᠠᠪᠲᠠᠨ ᠪᠣᠯᠪᠠᠰᠤᠷᠠᠭᠤᠯᠪᠠ᠃

《ᠦᠵᠡᠭᠡᠴᠢ! ᠨᠢᠰᠭᠦ  ᠲᠤᠯᠠᠨ!》

ᠬᠦᠯᠭᠡ ᠤᠨᠭᠭᠤᠴᠠᠨ᠎ᠳᠤ ᠠᠴᠢᠶᠠᠯᠠᠬᠤ ᠨᠢᠰᠭᠡᠯ᠎ᠤᠨ ᠱᠠᠲᠤᠯᠵᠢᠨ ᠡᠨᠭᠨᠡᠭᠡ ᠨᠢᠰᠦᠨ ᠦᠨᠭᠭᠡᠷᠡᠬᠦ ᠦᠶ᠎ᠠ ᠳ᠋ᠤ ᠂ ᠪᠠᠢᠯᠳᠤᠭᠠᠨ᠎ᠤ ᠨᠢᠰᠭᠡᠯ᠎ᠦᠨ ᠰᠡᠬᠦᠯ᠎ᠦᠨ ᠵᠢᠭᠦᠷ ᠳᠡᠭᠡᠷᠡᠬᠢ ᠨᠢᠰᠭᠦ ᠲᠤᠯᠠᠨ᠎ᠤ ᠵᠢᠷᠤᠭ ᠳᠦᠷᠰᠦ᠎ᠶ᠋ᠢ ᠰᠡᠭᠦᠳᠡᠷᠯᠡᠵᠤ᠂ ᠪᠢᠴᠢᠬᠠᠨ ᠨᠠᠢᠵᠠ᠎ᠨᠠᠷ ᠪᠠᠶᠠᠷᠯᠠᠯᠳᠤᠨ ᠤᠤᠬᠠᠢᠯᠠᠨ᠎ᠠ — ᠲᠡᠷᠡ ᠪᠤᠯ ᠨᠢᠰᠭᠡᠯ᠎ᠦᠨ ᠰᠠᠭᠤᠷᠢ ᠬᠥᠯᠭᠡ ᠣᠩᠭᠣᠴᠠᠨ ᠳᠡᠭᠡᠷᠡᠬᠢ《ᠬᠢᠲᠤᠭᠠᠨ ᠢᠷᠲᠦ ᠪᠥᠵᠢᠭ᠌ᠯᠡᠭ᠌ᠴᠢ》᠂ ᠲᠡᠷᠡ ᠪᠣᠯ ᠲᠠᠯᠠᠢ ᠪᠠ  ᠠᠭᠠᠷ᠎ᠢ᠎ᠵᠦᠰᠦᠭ᠌ᠰᠡᠨ ᠭᠢᠯᠪᠢᠬᠡᠨ ᠮᠦᠨ᠃

ᠰᠥᠨᠥᠭᠡᠭ᠌ᠴᠢ — 15T᠂ ᠰᠥᠨᠥᠭᠡᠭ᠌ᠴᠢ 15 — DH᠂ ᠰᠥᠨᠥᠭᠡᠭ᠌ᠴᠢ 15 — DT᠂ ᠰᠥᠨᠥᠭᠡᠭ᠌ᠴᠢ — 35 ᠁ ᠳᠤᠮᠳᠠᠳᠤ ᠤᠯᠤᠰ᠎ᠤᠨ ᠲᠡᠯᠡᠢ᠎ᠶ᠋ᠢᠨ ᠴᠡᠷᠢᠭ᠎ᠦᠨ ᠬᠥᠯᠭᠡ ᠣᠩᠭᠣᠴᠠᠨ᠎ᠳᠤ ᠠᠴᠢᠶᠠᠯᠠᠬᠤ ᠨᠢᠰᠭᠡᠯ᠎ᠤᠨ ᠴᠡᠷᠢᠭ ᠠᠡᠭ᠌ᠬᠢ ᠭᠤᠯᠭᠤᠨ ᠨᠢᠰᠴᠦ᠍ ᠪᠠᠢᠭ᠍ᠰᠠᠨ᠎ᠡᠴᠡ᠎ᠪᠠᠨ ᠲᠡᠢᠷᠦᠭᠳᠡᠨ ᠨᠢᠰᠦᠨ ᠭᠠᠷᠬᠤ ᠬᠦᠷᠲᠡᠯ᠎ᠡ᠂ ᠳᠠᠩ ᠭᠠᠭ᠍ᠴᠠ ᠨᠢᠰᠭᠡᠯ᠎ᠦᠨ ᠬᠡᠯᠪᠡᠷᠢ᠎ᠲᠡᠶ ᠪᠠᠢᠭ᠍ᠰᠠᠨ᠎ᠡᠴᠡ᠎ᠪᠠᠨ ᠤᠯᠡᠠ ᠨᠢᠰᠭᠡᠯ᠎ᠦᠨ ᠬᠠᠮᠵᠢᠯᠴᠠᠭ᠎ᠠ᠎ᠲᠠᠶ ᠪᠤᠯᠤᠭᠰᠠᠨ ᠬᠦᠷᠲᠡᠯ᠎ᠡ᠂ ᠨᠢᠭᠡᠨᠲᠡ ᠲᠡᠯᠡᠢ᠎ᠶ᠋ᠢᠨ ᠴᠡᠷᠢᠭ᠎ᠦᠨ ᠨᠢᠰᠭᠡᠯ᠎ᠦᠨ ᠰᠠᠭᠤᠷᠢ ᠣᠩᠭᠣᠴᠠ᠎ᠶᠢᠨ ᠵᠢᠭᠰᠠᠭᠠᠯ᠎ᠤᠨ ᠭᠣᠣᠯᠯᠠᠭ᠍ᠴᠢ ᠬᠦᠴᠦᠨ ᠪᠤᠯᠵᠦ᠍᠂ ᠳᠤᠮᠳᠠᠳᠤ ᠤᠯᠤᠰ᠎ᠤᠨ ᠲᠡᠯᠡᠢ᠎ᠶ᠋ᠢᠨ ᠴᠡᠷᠢᠭ᠎ᠦᠨ ᠤᠢ᠍ᠢᠷ᠎ᠠ ᠲᠡᠯᠡᠢ᠎ᠶ᠋ᠢᠨ ᠰᠡᠷᠭᠡᠢᠯᠡᠯᠲᠡ᠎ᠡᠴᠡ ᠠᠯᠤᠰ ᠲᠡᠯᠡᠢ᠎ᠶ᠋ᠢᠨ ᠰᠡᠷᠭᠡᠢᠯᠡᠯᠲᠡ ᠬᠦᠷᠲᠡᠯᠡᠬᠢ ᠲᠡᠦᠬᠡᠲᠦ ᠴᠢᠨᠠᠷᠲᠠᠢ ᠬᠤᠪᠢᠷᠠᠯᠲᠠ᠎ᠶ᠋ᠢ ᠭᠡᠷᠡᠴᠢᠯᠡᠭ᠌ᠰᠡᠨ ᠪᠠᠢᠨ᠎ᠠ᠃

10 ᠴᠠᠭ 23 ᠮᠢᠨᠦ᠋ᠲ᠎ᠲᠦ᠂ ᠠᠷᠠᠳ᠎ᠤᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠢ᠎ᠡ ᠎ᠶ᠋ᠢᠨ ᠨᠢᠭᠡ ᠲᠠᠯ᠎ᠠ᠎ᠡᠴᠡ ᠬᠦᠬᠡ ᠣᠭ᠍ᠲᠠᠷᠭᠤᠢ᠎ᠶ᠋ᠢ ᠪᠠᠷᠠᠯᠠᠪᠠᠯ᠂《ᠠᠷᠠᠳ ᠎ᠤᠨ ᠪᠠᠭᠠᠲᠤᠷᠴᠤᠳ ᠥᠨᠢᠳᠡ ᠪᠠᠯᠠᠷᠠᠰᠢ ᠦᠭᠡᠢ》ᠭᠡᠬᠦ᠌ ᠲᠤᠮᠤ ᠦᠰᠦᠭ ᠨᠢ  ᠲᠤᠬᠳᠠᠬᠰᠠᠨ ᠴᠠᠭ᠎ᠲᠠᠭᠠᠨ ᠨᠢᠰᠦᠨ ᠢᠷᠡᠭ᠌ᠰᠡᠨ ᠳᠠᠰᠭᠠᠯᠵᠢᠭᠤᠯᠤᠭ᠍ᠴᠢ᠎ᠶ᠋ᠢᠨ ᠨᠢᠰᠭᠡᠯ ᠎ᠦᠨ ᠱᠠᠲᠤᠯᠵᠢᠨ ᠡᠨᠭᠨᠡᠭᠡ᠎ᠲᠠᠶ ᠨᠡᠢᠯᠡᠨ ᠨᠢᠬᠡ ᠵᠢᠷᠤᠭ ᠪᠤᠯᠵᠤ ᠲᠣᠭ᠍ᠲᠠᠵᠠᠢ᠃

1950 ᠣᠨ᠎ᠳᠤ᠂ ᠪᠠᠢᠭᠤᠯᠤᠭ᠍ᠳᠠᠭᠠᠳ 1 ᠵᠢᠯ ᠪᠣᠯᠤᠭᠠᠳᠤᠶ ᠠᠷᠠᠳ᠎ᠤᠨ ᠠᠭᠠᠷ᠎ᠤᠨ ᠴᠡᠷᠢᠭ ᠠᠶᠤᠯ ᠲᠦᠭ᠌ᠰᠢᠭᠦᠷᠢ᠎ᠶ᠋ᠢᠨ ᠡᠮᠦᠨ᠎ᠡ ᠵᠠᠷᠯᠢᠭ ᠬᠦᠯᠢᠶᠡᠵᠦ᠍᠂ 《ᠠᠭᠠᠷ ᠳᠡᠭᠡᠷ᠎ᠡ ᠵᠢᠳᠠ ᠡᠷᠬᠢᠬᠦᠯᠦᠨ ᠲᠤᠯᠤᠯᠳᠤᠬᠤ 》 ᠣᠮᠣᠭ ᠵᠣᠷᠢᠭ᠎ᠢ ᠬᠥᠪᠴᠢᠯᠡᠵᠦ᠂ ᠦᠷᠡᠭ᠌ᠳᠡᠯ ᠰᠦᠢᠳᠦᠯ᠎ᠢ ᠦᠯᠦ᠍ ᠬᠠᠢᠬᠤᠷᠤᠨ ᠪᠠᠭᠤᠷᠠᠶ᠎ᠪᠠᠷ ᠬᠦᠴᠦᠷᠬᠡᠭ ᠲᠠᠢ  ᠪᠠᠢᠯᠳᠤᠬᠰᠠᠨ ᠪᠠᠢᠨ᠎ᠠ᠃

《 ᠪᠠᠭᠠᠲᠤᠷ ᠪᠣᠯ ᠨᠢᠭᠡ ᠬᠥᠮᠦᠨ᠂ ᠭᠡᠪᠡᠴᠦ᠍ ᠪᠠᠭᠠᠲᠤᠷ᠎ᠢ ᠲᠤᠯᠭᠠᠭᠤᠷᠢᠯᠠᠳᠠᠭ ᠨᠢ ᠲᠦᠭ ᠲᠦᠮᠡᠨ ᠠᠷᠠᠳ ᠲᠦᠮᠡᠨ ᠪᠣᠯᠤᠨ᠎ᠠ 》᠃ ᠨᠢᠰᠭᠡᠭ᠌ᠴᠢ  ᠶᠠᠩ  ᠲᠤᠤ 《ᠠᠭᠠᠷ ᠳᠡᠭᠡᠷ᠎ᠡ ᠵᠢᠳᠠ ᠡᠷᠬᠢᠬᠦᠯᠦᠨ ᠲᠤᠯᠤᠯᠳᠤᠬᠤ》 ᠵᠣᠷᠢᠭ ᠰᠠᠨᠠᠭᠠᠨ᠎ᠤ ᠲᠤᠬᠠᠶ ᠶᠠᠷᠢᠬᠤ᠎ᠳᠠᠭᠠᠨ᠄ 《ᠠᠷᠠᠳ ᠲᠦᠮᠡᠨ᠎ᠦ ᠲᠥᠯᠥᠭᠡ ᠯᠡ ᠪᠠᠢᠪᠠᠯ ᠴᠡᠷᠢᠭ ᠬᠥᠮᠦᠨ᠎ᠦ ᠦᠷᠡᠭ᠌ᠳᠡᠯ ᠰᠠᠶᠢ ᠲᠠᠢᠱᠠᠨ ᠠᠭᠤᠯᠠᠨ᠎ᠡᠴᠡ ᠬᠦᠨᠳᠦ ᠪᠠᠢᠳᠠᠭ》 ᠭᠡᠪᠡ᠃

ᠡᠨᠡ ᠤᠳᠠᠭ᠎ᠠ᠂  ᠲᠡᠭᠦᠨ᠎ᠲᠡᠶ 8 ᠵᠠᠯᠠᠭᠤ ᠬᠠᠮᠵᠢᠯᠴᠠᠪᠠ᠂ ᠲᠡᠳᠡᠨ᠎ᠤ ᠲᠡᠭᠰᠢᠳᠭᠡᠭᠰᠡᠨ ᠨᠠᠰᠤ 27᠃

ᠳᠠᠰᠬᠠᠯᠵᠢᠭᠤᠯᠤᠭᠴᠢ — 10᠂ ᠰᠥᠨᠥᠭᠡᠭ᠌ᠴᠢ — 10S᠂ ᠰᠥᠨᠥᠭᠡᠭ᠌ᠴᠢ — 10C᠂ ᠨᠢᠰᠭᠡᠭ᠌ᠴᠢ ᠯᠢ ᠬᠤᠢ ᠯᠢᠩ᠎ᠦᠨ ᠨᠢᠳᠦᠨ᠎ᠳᠦ᠂ ᠡᠳᠡᠭᠡᠷ ᠨᠢ ᠳᠠᠰᠬᠠᠯᠵᠢᠭᠤᠯᠤᠭᠴᠢ᠎ᠶᠢᠨ ᠨᠢᠰᠭᠡᠯ᠎ᠦᠨ ᠱᠠᠲᠤᠯᠵᠢᠨ ᠡᠩᠨᠡᠭᠡ᠎ᠶ᠋ᠢᠨ ᠨᠢᠰᠭᠡᠯ᠎ᠦᠨ ᠬᠡᠯᠪᠡᠷᠢ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠨᠢᠰᠤᠯᠲᠠ᠎ᠶᠢᠨ ᠰᠤᠷᠤᠯᠴᠠᠭᠴᠢ ᠪᠠᠢᠬᠰᠠᠨ᠎ᠡᠴᠡ ᠨᠢᠰᠭᠡᠭ᠌ᠴᠢ ᠪᠤᠯᠬᠤ ᠬᠦᠷᠲᠡᠯ᠎ᠡ᠂ ᠨᠢᠰᠭᠡᠭ᠌ᠴᠢ᠎ᠡᠴᠡ ᠪᠠᠢᠯᠳᠤᠭ᠍ᠴᠢ ᠬᠦᠷᠲᠡᠯᠡᠬᠢ ᠴᠢᠳᠠᠪᠤᠷᠢᠲᠠᠨ ᠎ᠢ  ᠲᠦᠷᠭᠡᠨ ᠬᠥᠮᠦᠵᠢᠭᠦᠯᠬᠦ᠌  ᠬᠡᠯᠬᠢᠶ᠎ᠡ᠎ᠶ᠋ᠢ  ᠢᠯᠡᠷᠡᠭᠦᠯᠵᠡᠢ᠃

《8·1》 ᠨᠢᠰᠦᠯᠲᠡ᠎ᠶᠢᠨ ᠲᠣᠭ᠍ᠯᠠᠯᠲᠠ᠎ᠶ᠋ᠢᠨ ᠡᠨᠭᠨᠡᠭᠡ ᠨᠢᠰᠦᠨ ᠢᠷᠡᠪᠡ᠃

ᠲᠡᠭᠦᠰᠭᠡᠯ ᠎ᠢᠯᠠᠯᠲᠠ᠎ᠡᠴᠡ ᠱᠢᠨ᠎ᠡ ᠢᠯᠠᠯᠲᠠ ᠵᠦᠭ ᠤᠷᠤᠭ᠍ᠰᠢᠯᠠᠨ᠎ᠠ

7 ᠰᠥᠨᠥᠭᠡᠭ᠌ᠴᠢ — 10 ᠱᠢᠷᠢᠰ ᠲᠣᠭ᠍ᠯᠠᠯᠲᠠ᠎ᠶ᠋ᠢᠨ ᠨᠢᠰᠭᠡᠯ 14  ᠵᠦᠢᠯ᠎ᠤᠨ ᠥᠩᠭᠡᠲᠦ ᠤᠳᠤᠭ᠎ᠠ ᠲᠠᠲᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠦ 14 ᠵᠢᠯ᠎ᠦᠨ ᠮᠠᠭ᠍ᠲᠠᠨ ᠳᠠᠭᠤᠯᠠᠭᠤᠱᠢᠲᠠᠶ ᠶᠠᠫᠣᠨ᠎ᠢ ᠡᠰᠡᠷᠭᠦᠴᠡᠬᠦ᠌ ᠳᠠᠢᠨ᠎ᠤ ᠲᠡᠦᠬᠡᠨ ᠶᠠᠪᠤᠴᠠ᠎ᠶ᠋ᠢ  ᠪᠡᠯᠭᠡᠳᠡᠪᠡ᠃

ᠬᠠᠮᠲᠤᠷᠠᠭ᠍ᠰᠠᠨ ᠴᠡᠷᠢᠭ ᠎ᠦᠨ ᠬᠥᠭ᠌ᠵᠢᠮ ᠎ᠦᠨ ᠪᠦᠯᠬᠦᠮ 《ᠢᠯᠠᠯᠲᠠ᠎ᠶ᠋ᠢᠨ ᠤᠷᠤᠭ᠍ᠰᠢᠯᠠᠯᠲᠠ᠎ᠶ᠋ᠢᠨ ᠬᠥᠭ᠌ᠵᠢᠮ 》 ᠢ᠋ ᠬᠥᠭ᠌ᠵᠢᠮᠳᠡᠪᠡ᠂ ᠡᠨᠡ ᠪᠣᠯ ᠶᠠᠫᠣᠨ ᠎ᠢ ᠡᠰᠡᠷᠭᠦᠴᠡᠬᠦ᠌ ᠲᠠᠢ᠌ᠨ ᠢᠯᠠᠯᠲᠠ ᠣᠯᠤᠭ᠍ᠰᠠᠨ 80 ᠵᠢᠯ᠎ᠦᠨ ᠤᠢ᠎ᠶ᠋ᠢ  ᠳᠤᠷᠠᠰᠭᠠᠬᠤ ᠵᠢᠨ ᠲᠦᠯᠦᠬᠡ  ᠱᠢᠨ᠎ᠡ ᠪᠡᠷ  ᠵᠤᠬᠢᠶᠠᠬᠰᠠᠨ ᠠᠶ᠎ᠠ  ᠪᠣᠯᠤᠨ᠎ᠠ᠃

ᠲᠢᠶᠠᠨ ᠠᠨ ᠮᠸᠨ᠎ᠤ ᠪᠠᠷᠠᠭᠤᠨ ᠲᠠᠯ᠎ᠠ᠎ᠶ᠋ᠢᠨ ᠶᠣᠰᠣᠯᠠᠯ᠎ᠤᠨ ᠲᠠᠢᠰᠠᠨ ᠳᠡᠭᠡᠷ᠎ᠡ᠂ ᠦᠰᠦ ᠵᠢ ᠪᠤᠭᠤᠷᠤᠯᠳᠤᠭ᠍ᠰᠠᠨ ᠶᠠᠫᠣᠨ᠎ᠢ ᠡᠰᠡᠷᠭᠦᠴᠡᠬᠦ᠌ ᠲᠠᠢ᠌ᠨ᠎ᠦ ᠠᠬᠠᠮᠠᠳ ᠴᠡᠷᠢᠭ ᠯᠢᠦ ᠱ᠌ᠢ ᠶᠤᠸᠠᠢ ᠬᠦᠬᠡ ᠣᠭ᠍ᠲᠠᠷᠭᠤᠢ ᠳᠡᠭᠡᠷᠡᠬᠢ ᠰᠣᠯᠣᠩᠭᠠᠷᠠᠭ᠍ᠰᠠᠨ ᠥᠩᠭᠡᠲᠦ ᠤᠳᠤᠭ᠎ᠠ ᠰᠤᠭᠤᠨᠠᠭ᠎ᠢ ᠬᠠᠷᠠᠭᠠᠳ᠄《ᠮᠠᠨ᠎ᠤ ᠥᠨᠥᠳᠦᠷ᠎ᠦᠨ ᠡᠩᠨᠡᠭᠡ᠂ ᠵᠡᠪᠰᠡᠭ ᠲᠣᠨᠣᠭ᠍ᠯᠠᠯ᠂ ᠨᠢᠰᠭᠡᠯ᠎ᠢ ᠦᠨᠡᠬᠡᠷ ᠦᠷᠡᠭ᠌ᠳᠡᠭ᠌ᠰᠡᠨ ᠲᠠᠢ᠌ᠴᠢᠨ ᠨᠥᠬᠥᠳ᠎ᠲᠡᠬᠡᠨ ᠦᠵᠡᠭᠦᠯᠦᠶ᠎ᠡ ᠭᠡᠵᠦ᠍ ᠪᠤᠳᠤᠵᠤ ᠪᠠᠢᠨ᠎ᠠ᠃ ᠪᠢᠳᠡᠨ᠎ᠢ ᠳᠠᠷᠤᠯᠠᠬᠤ ᠬᠥᠮᠦᠨ ᠦᠭᠡᠢ ᠪᠤᠯᠤᠭᠰᠠᠨ ᠎ᠢ ᠦᠷᠡᠭᠳᠡᠭᠰᠡᠨ ᠠᠬ᠎ᠠ ᠳᠡᠭᠦᠦ᠍᠎ᠨᠡᠷ᠎ᠲᠠᠭᠠᠨ ᠮᠡᠳᠡᠭᠦᠯᠦᠶ᠎ᠡ ᠭᠡᠵᠦ ᠪᠤᠳᠤᠵᠤ ᠪᠠᠢᠨ᠎ᠠ》 ᠭᠡᠪᠡ᠃

ᠬᠥᠮᠦᠰ ᠠᠭᠤᠤ ᠶᠡᠬᠡ ᠢᠯᠠᠯᠲᠠ᠎ᠶ᠋ᠢᠨ ᠲᠥᠯᠥᠭᠡ ᠪᠠᠭᠠᠲᠤᠷᠯᠢᠭ᠎ᠢᠶᠠᠷ ᠪᠡᠶ᠎ᠡ ᠦᠷᠡᠭ᠌ᠳᠡᠭ᠌ᠰᠡᠨ ᠪᠤᠶ ᠪᠦᠬᠦᠢ ᠪᠠᠭᠠᠲᠤᠷ ᠰᠦᠨᠡᠰᠦ᠎ᠶ᠋ᠢ ᠮᠥᠷᠥᠭᠡᠳᠦᠨ ᠰᠠᠨᠠᠭᠠᠯᠵᠠᠵᠤ᠂ ᠲᠦᠷᠢᠮᠡᠬᠡᠢᠯᠡᠭ᠌ᠴᠢᠳ᠎ᠲᠦ ᠬᠢᠲᠤᠭ᠍ᠳᠠᠨ ᠦᠷᠡᠭ᠌ᠳᠡᠭ᠌ᠰᠡᠨ ᠨᠥᠭ᠌ᠴᠢᠭ᠌ᠰᠡᠳ᠎ᠢ ᠡᠮᠭᠡᠨᠢᠨ ᠭᠠᠱᠢᠭᠤᠳᠠᠪᠠ᠃

ᠲᠡᠦᠬᠡ᠎ᠵᠢ ᠪᠠᠲᠤ ᠴᠡᠭᠡᠵᠢᠯᠡᠬᠦ᠌ ᠨᠢ  ᠨᠡᠩ  ᠵᠤᠷᠢᠬᠳᠠᠢ  ᠤᠷᠤᠭ᠍ᠰᠢᠯᠠᠬᠤ᠎ᠶ᠋ᠢᠨ ᠲᠥᠯᠥᠭᠡ  ᠶᠤᠮ᠃

《ᠮᠢᠨᠦ ᠥᠨᠥᠳᠦᠷ᠎ᠤᠨ ᠪᠡᠶ᠎ᠡ ᠦᠷᠡᠭᠳᠡᠬᠦ ᠪᠤᠯ ᠴᠠᠭ ᠦᠶ᠎ᠡ᠎ᠶ᠋ᠢᠨ ᠲᠥᠯᠥᠭᠡ ᠶᠤᠮ》᠃ 1934 ᠣᠨ᠎ᠳᠤ᠂ ᠶᠠᠫᠣᠨ᠎ᠢ ᠡᠰᠡᠷᠭᠦᠴᠡᠭ᠌ᠰᠡᠨ ᠦᠨᠳᠦᠰᠦᠲᠡᠨ᠎ᠦ ᠪᠠᠭᠠᠲᠤᠷ  ᠵᠶ᠋ᠢ  ᠬᠣᠩ ᠴᠠᠩ ᠡᠢᠨᠬᠦ ᠭᠡᠷᠢᠶᠡᠰ ᠪᠢᠴᠢᠭ ᠦᠯᠡᠳᠡᠭᠡᠵᠦ᠍ ᠪᠠᠭᠠᠲᠤᠷᠯᠢᠭ᠎ᠢᠶᠠᠷ ᠪᠡᠶ᠎ᠡ ᠦᠷᠡᠭ᠌ᠳᠡᠪᠡ᠃ 90 ᠭᠠᠷᠤᠢ ᠵᠢᠯ᠎ᠦᠨ ᠳᠠᠷᠠᠭ᠎ᠠ᠂ ᠲᠡᠭᠦᠨ᠎ᠦ ᠬᠣᠢᠴᠢᠰ ᠵᠶ᠋ᠢ ᠵᠢᠶᠠ ᠺᠦᠨ ᠠᠭᠠᠷ᠎ᠤᠨ ᠴᠡᠷᠢᠭ᠎ᠦᠨ ᠱᠠᠲᠤᠯᠵᠢᠨ ᠡᠨᠭᠨᠡᠭᠡ᠎ᠶ᠋ᠢᠨ ᠭᠡᠰᠢᠭᠦᠨ᠎ᠤ ᠬᠤᠪᠢ᠎ᠪᠠᠷ ᠴᠡᠷᠢᠭ ᠠᠩᠬᠢ ᠵᠢ ᠱᠢᠯᠭᠠᠨ ᠦᠵᠡᠬᠦ᠌᠎ᠶ᠋ᠢ ᠬᠦᠯᠢᠶᠡᠪᠡ᠃

《ᠪᠢ ᠤᠷᠢᠳᠤᠰ᠎ᠤᠨ ᠭᠠᠷ ᠡᠴᠡ ᠬᠤᠷᠳᠤᠨ ᠫᠤᠤ᠎ᠶ᠋ᠢ ᠲᠤᠰᠤᠨ ᠠᠪᠴᠤ᠂ ᠱᠢᠨ᠎ᠡ ᠴᠠᠭ ᠦᠶ᠎ᠡ᠎ᠶ᠋ᠢᠨ ᠡᠬᠡ ᠤᠯᠤᠰ ᠪᠣᠯᠤᠨ ᠠᠷᠠᠳ ᠲᠦᠮᠡᠨ᠎ᠢᠶᠡᠨ ᠬᠠᠮᠠᠭᠠᠯᠠᠪᠠ》᠃ ᠵᠢᠶ ᠵᠢᠶᠠ ᠺᠦᠨ᠂ ᠴᠡᠷᠢᠭ ᠬᠥᠮᠦᠨ᠎ᠦ ᠨᠢᠭᠡ ᠨᠠᠰᠤ ᠴᠠᠭ ᠢᠮᠠᠬᠳᠠ ᠱᠢᠯᠭᠠᠨ ᠦᠵᠡᠬᠦ᠌᠎ᠵᠢ ᠬᠦᠯᠢᠶᠡᠵᠦ ᠪᠤᠢ᠂ ᠪᠢ ᠦᠷᠭᠦᠯᠵᠢᠯᠡᠨ ᠴᠢᠷᠮᠠᠢᠵᠤ ᠨᠢᠭᠡᠨ ᠱᠢᠯᠢᠳᠡᠭ ᠱᠢᠬᠦᠷᠲᠦ ᠴᠡᠷᠢᠭ ᠪᠣᠯᠤᠨ᠎ᠠ ᠭᠡᠪᠠ᠃

ᠪᠠᠭᠠᠲᠤᠷ᠎ᠤᠨ ᠬᠣᠢᠴᠢᠰ᠂ ᠪᠠᠭᠠᠲᠤᠷ ᠵᠢᠱ᠌ᠢᠶᠡᠴᠢ ᠴᠡᠷᠢᠭ ᠠᠩᠬᠢ᠎ᠶ᠋ᠢᠨ ᠵᠠᠯᠭᠠᠮᠵᠢᠯᠠᠭ᠍ᠴᠢ᠂ ᠱᠢᠯᠭᠠᠨ ᠦᠵᠡᠬᠦ᠌᠎ᠶ᠋ᠢ ᠬᠦᠯᠢᠶᠡᠬᠦ᠌ ᠴᠡᠷᠢᠭ ᠠᠩᠬᠢ ᠲᠢᠶᠠᠨ ᠠᠨ ᠮᠸᠨ᠎ᠢᠶᠡᠷ ᠠᠯᠬᠤᠨ ᠥᠨᠭᠭᠡᠷᠡᠵᠦ᠂ ᠴᠡᠷᠢᠭ᠎ᠢ ᠬᠦᠴᠦᠷᠬᠡᠭ᠌ᠵᠢᠭᠦᠯᠵᠦ᠍ ᠴᠡᠷᠢᠭ᠎ᠢ ᠮᠠᠨᠳᠤᠭᠤᠯᠬᠤ ᠱᠢᠨ᠎ᠡ ᠠᠶᠠᠨ᠎ᠵᠦᠭ ᠤᠷᠤᠬᠰᠢᠯᠠᠵᠤ᠂ ᠡᠩᠬᠡ ᠲᠠᠢᠪᠤᠩ᠎ᠢ ᠬᠠᠮᠠᠭᠠᠯᠠᠬᠤ ᠮᠠᠷᠭᠠᠰᠢ᠎ᠶ᠋ᠢ ᠵᠣᠷᠢᠨ ᠤᠷᠤᠬᠰᠢᠯᠠᠨ᠎ᠠ᠃

ᠪᠠᠶᠠᠷ ᠪᠠᠶᠠᠰᠬᠤᠯᠠᠨᠭᠲᠤ ᠠᠶ᠎ᠠ ᠲᠠᠭᠤᠤ ᠳᠠᠬᠢᠨᠲᠠ ᠬᠠᠨᠭᠭᠢᠨᠠᠨ᠎ᠠ᠂ 14 ᠵᠤᠷᠪᠤᠰ ᠤᠯᠠᠭᠠᠨ᠂ ᠱᠢᠷ᠎ᠠ᠂ ᠬᠦᠬᠡ ᠥᠩᠭᠡᠲᠦ ᠤᠳᠤᠭ᠎ᠠ ᠤᠳᠠᠲᠠᠯ᠎ᠠ ᠰᠠᠷᠨᠢᠬᠤ ᠦᠭᠡᠢ ᠪᠠᠢᠯ᠎ᠠ᠂ ᠡᠨᠡ ᠨᠢ 14 ᠳ᠋ᠦᠩᠱᠢᠭᠤᠷ ᠭᠠᠷᠤᠢ ᠳᠤᠮᠳᠠᠳᠤ ᠤᠯᠤᠰ᠎ᠤᠨ ᠠᠷᠠᠳ ᠲᠦᠮᠡᠨ᠎ᠦ ᠤᠯᠤᠰ᠎ᠢᠶᠠᠨ ᠬᠦᠴᠦᠷᠬᠡᠭ᠌ᠵᠢᠭᠦᠯᠬᠦ᠌ ᠰᠡᠷᠭᠦᠨ ᠮᠠᠨᠳᠤᠯᠲᠠ᠎ᠶ᠋ᠢᠨ ᠭᠡᠭᠡᠨ ᠰᠠᠷᠠᠭᠤᠯ ᠢᠷᠡᠭᠡᠳᠦᠢ  ᠲᠡᠢᠰᠢ ᠵᠢᠳᠬᠦᠨ ᠲᠡᠮᠡᠥᠯᠬᠦ᠎ᠶ᠋ᠢ  ᠪᠡᠯᠭᠡᠳᠡᠵᠡᠢ᠃

ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢᠨ ᠰᠦᠷ ᠬᠦᠴᠦᠨ ᠬᠤᠷᠢᠭ᠍ᠯᠠᠭ᠍ᠳᠠᠰᠢ ᠦᠭᠡᠢ!

ᠬᠥᠮᠦᠨ ᠲᠥᠷᠥᠯᠬᠢᠲᠡᠨ ᠎ᠦ ᠡᠩᠬᠡ ᠲᠠᠢᠪᠤᠩ ᠪᠠ ᠬᠥᠭ᠌ᠵᠢᠯᠲᠡ᠎ᠶ᠋ᠢᠨ ᠡᠷᠬᠢᠮ ᠳᠡᠭᠡᠳᠦ ᠦᠢᠯᠡᠰ ᠯᠠᠪᠲᠠᠢ ᠢᠯᠠᠯᠲᠠ ᠣᠯᠤᠨ᠎ᠠ!

         (ᠱᠢᠨᠬᠤᠸᠠ ᠬᠣᠷᠢᠶ᠎ᠠ᠎ᠶᠢᠨ ᠪᠡᠭᠡᠵᠢᠩ᠎ᠦᠨ 9 ᠰᠠᠷ᠎ᠠ᠎ᠶ᠋ᠢᠨ 3 ᠤ᠋ ᠴᠠᠬᠢᠯᠭᠠᠨ ᠮᠡᠳᠡᠭᠡ)  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号