ᠢᠲᠡᠷ ᠨᠠᠰᠣᠨᠤ ᠨᠢᠭᠡᠨ ᠣᠢᠳᠬᠠᠷᠢ ᠮᠠᠷᠢᠶᠠ ᠰᠢᠭᠣᠷᠠᠭᠣᠯᠬᠣ ᠬᠡᠮᠡᠲᠡᠭ᠃
ᠴᠠᠬ ᠬᠣᠭᠣᠴᠠᠭᠠᠨᠤ ᠣᠷᠣᠮ ᠴᠢᠷᠠᠢ ᠲᠡᠭᠡᠷᠡ ᠦᠷᠴᠢᠯᠡᠭᠡᠰᠦ ᠰᠠᠭᠣᠯᠭᠠᠬᠣ ᠪᠡᠷ ᠪᠠᠷᠠᠬᠣ ᠦᠭᠡᠢ ᠪᠠᠰᠠ ᠪᠡᠶᠡᠶᠢᠨ ᠵᠢᠩᠢ ᠨᠡᠮᠡᠳᠡᠭ ᠠᠵᠢ᠃ ᠲᠣᠯᠢᠨᠤ ᠡᠮᠦᠨᠡ ᠵᠣᠬᠰᠣᠭᠠᠳ ᠶᠠᠪᠠᠭᠠᠨ ᠭᠠᠯᠠᠭᠣ ᠰᠢᠬ ᠶᠣᠯᠬᠣᠢᠬᠰᠠᠨ ᠭᠡᠳᠡᠰᠦ ᠪᠠᠨ ᠬᠠᠷᠠᠬᠣ ᠪᠣᠯᠭᠠᠨ ᠴᠣᠬᠣᠮ ᠶᠠᠭᠠᠬᠢᠵᠦ ᠮᠠᠷᠢᠶᠠ ᠰᠢᠭᠣᠷᠠᠭᠣᠯᠣᠨ ᠲᠣᠷᠠᠬᠣ ᠪᠣᠯ ᠭᠡᠰᠡᠨ ᠬᠦᠨ ᠪᠣᠲᠣᠯ ᠳ᠋ᠦ ᠠᠪᠲᠠᠲᠠᠬ᠃ ᠬᠡᠷᠪᠡ ᠦᠭᠡᠬᠦ ᠮᠠᠷᠢᠶᠠ ᠪᠡᠷ ᠦᠨᠡᠯᠡᠵᠦ ᠬᠡᠮᠵᠢᠬᠦ ᠶᠣᠮ ᠪᠣᠯ ᠦᠪᠡᠷᠶ᠋ᠢᠡᠨ ᠯᠠᠪ ᠦᠨᠳᠦᠷ ᠪᠠᠢᠷᠢᠨ ᠳ᠋ᠦ ᠲᠡᠪᠢᠬᠦ ᠭᠡᠲᠡᠭ ᠲᠦ᠍ ᠡᠷᠡᠭᠡᠯᠵᠡᠭᠡ ᠠᠯᠠᠭᠠ᠃ ᠲᠡᠷᠡ ᠴᠦ᠍ ᠶᠠᠭᠠᠬᠢᠬᠣ ᠪᠣᠢ? ᠪᠦᠬᠡᠴᠢᠨ ᠬᠦᠮᠦᠨ ᠰᠢᠭ ᠪᠦᠲᠦᠬᠦᠨ ᠬᠠᠲᠣᠭᠣᠨ ᠪᠡᠶᠡ ᠪᠢᠯᠲᠠᠷ᠂ ᠪᠣᠯᠴᠢᠩ ᠰᠢᠷᠪᠣᠰᠣ ᠬᠢᠭᠡᠳ ᠪᠢᠷᠡ ᠴᠢᠲᠠᠯᠢ ᠬᠠᠷᠠᠭᠣᠯᠣᠬᠰᠠᠨ ᠮᠠᠷᠢᠶᠠ ᠪᠣᠯ ᠦᠵᠡᠬᠦᠯᠵᠦ ᠭᠠᠢᠬᠠᠭᠣᠯᠣᠬᠰᠠᠨ ᠴᠦ᠍ ᠦᠨᠡ ᠪᠡᠨᠡ ᠲᠠᠢ᠃ ᠪᠣᠲᠠᠭᠠᠨᠤ ᠰᠢᠮᠡ ᠪᠡᠷ ᠪᠣᠷᠲᠣᠵᠦ ᠲᠠᠷᠭᠣᠯᠠᠬᠰᠠᠨ ᠬᠣᠢᠨᠠ᠂ ᠠᠰᠠᠷᠤᠨ ᠱᠠᠲᠣ ᠮᠠᠴᠣᠬᠣ ᠳ᠋ᠦ᠍ ᠴᠦ᠍ ᠠᠮᠢᠰᠬᠣᠭᠠᠲᠠᠵᠦ ᠰᠦᠢᠯᠡᠬᠢᠯᠡᠭᠡᠳ ᠠᠷᠭᠠ ᠪᠠᠷᠠᠬᠲᠠᠭᠣᠯᠣᠨᠠ᠃
ᠮᠠᠷᠢᠶᠠᠯᠠᠬᠣ ᠭᠡᠵᠦ ᠮᠦᠷᠦ ᠪᠦᠲᠦᠨ ᠭᠡᠳᠡᠰᠦ ᠴᠠᠳᠬᠣᠯᠠᠩᠤᠨ ᠲᠦᠯᠦᠭᠡᠨᠤ ᠨᠡᠷᠡ ᠭᠡᠳᠡᠭ ᠪᠣᠯᠪᠠᠴᠣ ᠮᠠᠨᠤ ᠡᠷᠢᠨ ᠳ᠋ᠦ᠍ ᠲᠡᠮᠡᠢ ᠲᠠᠭᠠᠯᠠᠬᠲᠠᠲᠠᠬ ᠦᠭᠡᠢ ᠨᠢ ᠦᠨᠡᠨᠳᠡᠢ᠃ ᠢᠲᠡᠭᠡᠬᠦ ᠦᠭᠡᠢ ᠪᠣᠯ ᠵᠠᠮ ᠲᠡᠭᠡᠷᠡ ᠬᠠᠯᠵᠠ ᠲᠠᠭᠠᠷᠠᠯᠲᠣᠬᠰᠠᠨ ᠲᠠᠨᠢᠯ ᠨᠢᠭᠡᠨ (ᠢᠯᠠᠩᠭᠣᠶᠠ ᠪᠦᠰᠡᠬᠦᠢᠴᠦᠳ) ᠡᠴᠡ 《ᠢᠯᠡᠢ! ᠶᠠᠭᠠᠬᠢᠭᠠᠳ ᠡᠢᠮᠦ ᠮᠠᠷᠢᠶᠠᠯᠠᠬᠰᠠᠨ ᠪᠣᠢ?》 ᠭᠡᠮᠡᠨ ᠠᠰᠠᠭᠣᠵᠦ ᠦᠵᠡ᠂ ᠴᠠᠭᠠᠲᠣᠬᠢ ᠴᠢᠨᠢ ᠦᠭᠡ ᠲᠣᠣᠭᠠᠷᠬᠣ ᠦᠭᠡᠢ ᠪᠣᠯᠪᠠᠴᠣ ᠴᠢᠮᠠᠶ᠋ᠢ ᠮᠠᠭᠣᠬᠠᠢ ᠬᠢᠯᠦᠢᠵᠦ ᠬᠠᠷᠠᠨᠠ᠃ ᠡᠷᠡᠬᠦᠯ ᠮᠡᠨᠲᠦ᠂ ᠭᠣᠸᠠ ᠰᠠᠢᠬᠠᠨ᠂ ᠬᠦᠲᠡᠯᠭᠡᠭᠡᠨ ᠪᠣᠯᠪᠠᠰᠣᠷᠠᠯ ᠵᠡᠷᠭᠡ ᠠᠯᠢ ᠲᠠᠯᠠ ᠡᠴᠡ ᠦᠬᠦᠯᠡᠭᠰᠡᠨ ᠴᠦ᠍ ᠣᠲᠣᠶᠢᠨ ᠬᠦᠮᠦᠰ ᠲᠦ᠍ ᠡᠯᠪᠡᠭ ᠬᠡᠯᠬᠡᠭᠡᠷ ᠡᠴᠡ ᠡᠴᠡᠩᠬᠡᠢ ᠲᠣᠷᠠᠩᠬᠠᠢ ᠨᠢ ᠨᠡᠩ ᠢᠯᠡᠬᠦᠦ ᠡᠭᠡᠯᠢᠲᠡᠢ ᠲᠣᠲᠣᠨᠣ ᠬᠠᠷᠠᠬᠲᠠᠬᠣ ᠭᠡᠯᠲᠡᠢ᠃
ᠮᠠᠷᠢᠶᠠ ᠪᠣᠯ ᠮᠢᠨᠦᠬᠢ ᠬᠠᠮᠣᠬᠤᠨ ᠲᠣᠲᠦ ᠢᠯᠡᠳᠭᠡᠯ ᠪᠢᠯᠡ᠃ ᠬᠠᠶᠠ ᠬᠠᠭᠣᠴᠢᠨ ᠭᠡᠷᠡᠯ ᠵᠢᠷᠣᠬ ᠶ᠋ᠢᠡᠨ ᠣᠷᠪᠠᠭᠣᠯᠵᠦ᠂ ᠬᠠᠲᠠᠬᠰᠠᠨ ᠪᠣᠷᠴᠠ ᠰᠢᠬ ᠲᠣᠷᠠᠩᠬᠠᠢ ᠦᠪᠡᠷᠢ ᠪᠠᠨ ᠬᠠᠷᠠᠭᠠᠳ ᠢᠲᠡᠭᠡᠵᠦ ᠶᠠᠲᠠᠨᠠ᠃ ᠬᠣᠷᠸᠠ ᠲᠡᠯᠡᠬᠡᠢ ᠬᠡᠪ ᠶ᠋ᠢᠡᠷ ᠠᠲᠠᠯᠠ ᠬᠦᠮᠦᠨᠤ ᠶᠠᠪᠣᠲᠠᠯ ᠶᠡᠬᠡ ᠬᠣᠪᠢᠷᠠᠵᠦ ᠦᠭᠡᠷᠡᠲᠦᠬᠦ ᠨᠢ ᠰᠣᠨᠢᠷᠬᠠᠯᠲᠠᠢ᠃ ᠡᠷᠡ ᠦᠰᠴᠦ ᠢᠰᠡᠭᠡᠢ ᠰᠣᠨᠣᠨᠠ ᠭᠡᠵᠦ ᠡᠪᠦᠭᠡᠴᠦᠦᠯᠤᠨ ᠶᠠᠷᠢᠬᠣᠶᠢ ᠣᠯᠠᠨ ᠰᠣᠨᠣᠰᠣᠬᠰᠠᠨ᠃ ᠭᠡᠬᠦ ᠳ᠋ᠦ ᠪᠢ ᠦᠨᠳᠦᠷ ᠶ᠋ᠢᠡᠷ ᠶ᠋ᠢᠡᠨ ᠦᠰᠦᠭᠰᠡᠨ ᠶ᠋ᠢᠡᠷ ᠪᠠᠷᠠᠬᠣ ᠦᠭᠡᠢ ᠦᠷᠭᠡᠨ ᠶ᠋ᠢᠡᠷ ᠶ᠋ᠢᠡᠨ ᠴᠦ᠍ ᠰᠣᠨᠣᠵᠦ ᠲᠡᠯᠡᠭᠡᠳ ᠦᠭᠡᠬᠦᠨ ᠪᠦᠮᠪᠦᠭᠡ ᠮᠡᠲᠦ ᠲᠠᠷᠭᠣᠯᠠᠬᠰᠠᠨ ᠪᠠᠢᠨᠠ᠃ ᠨᠢᠭᠡ ᠪᠣᠲᠣᠬᠣᠯᠠ ᠦᠴᠢᠨᠡᠨ ᠵᠢᠯ ᠦᠪᠡᠰᠦᠪᠡᠨ ᠰᠣᠷᠴᠣ ᠮᠡᠳᠡᠬᠦ ᠵᠦᠢᠯ ᠳ᠋ᠦ ᠬᠦᠮᠦᠨ ᠣᠯᠠᠨᠤ ᠠᠷᠣ ᠳ᠋ᠦ ᠴᠢᠷᠦᠭᠲᠡᠵᠦ ᠶᠠᠪᠣᠬᠰᠠᠨ ᠭᠡᠲᠡᠭ ᠪᠣᠯᠪᠠᠴᠣ ᠢᠲᠡᠵᠦ ᠣᠣᠭᠣᠬᠰᠠᠨ ᠳ᠋ᠡᠭᠠᠨ ᠪᠣᠯ ᠣᠬᠲᠣ ᠣᠰᠣᠯᠲᠠᠵᠦ ᠭᠣᠮᠣᠲᠠᠭᠠᠬᠰᠠᠨ ᠦᠭᠡᠢ ᠪᠠᠨ ᠬᠠᠷᠢᠨ ᠪᠠᠲᠣᠲᠠᠢ ᠭᠡᠷᠡᠴᠢᠯᠡᠵᠦ ᠪᠠᠷᠲᠠᠮ ᠬᠠᠷᠢᠭᠣᠯᠵᠦ ᠴᠢᠲᠠᠨᠠ᠃
ᠬᠠᠪᠣᠷᠤᠨ ᠰᠢᠨᠡᠬᠡᠨ ᠠᠪᠣᠬᠰᠠᠨ ᠲᠡᠪᠡᠯ ᠪᠠᠰᠠ ᠪᠠᠷᠢᠭᠣ ᠰᠢᠬᠠᠭᠣ ᠪᠣᠯᠵᠠᠢ᠃ ᠨᠠᠰᠣ ᠬᠣᠷᠠᠬᠤᠨ ᠬᠡᠨ ᠨᠢᠭᠡᠨᠤ ᠲᠡᠭᠰᠢ ᠪᠡᠶᠡ ᠭᠠᠲᠠᠷ᠂ ᠪᠣᠰᠢᠭᠣ ᠱᠠᠯᠠᠮᠠᠬ ᠬᠦᠲᠡᠯᠣᠯ ᠲᠠᠢ ᠬᠢᠯᠠᠪᠠᠯᠵᠠᠵᠦ ᠶᠠᠪᠣᠬᠣᠶᠢ ᠬᠠᠷᠠᠭᠠᠳ ᠤᠨ ᠵᠢᠯ ᠡᠳᠡᠨᠢ ᠲᠣᠭᠣᠷᠢᠵᠦ ᠭᠠᠷᠣᠬᠰᠠᠨ ᠶᠣᠮᠤᠤ ᠭᠡᠵᠦ ᠪᠢᠰᠢᠷᠡᠯ ᠭᠠᠢᠬᠠᠯ ᠲᠦᠷᠦᠲᠡᠭ᠃ ᠠᠢ ᠳ᠋ᠠ᠂ ᠮᠠᠷᠢᠶᠠᠯᠠᠬᠣ ᠭᠡᠵᠦ ᠪᠠᠢᠭᠠᠳ ᠮᠠᠷᠢᠶᠠᠯᠠᠬᠰᠠᠨ ᠦᠭᠡᠢ᠂ ᠮᠢᠬᠠ ᠲᠣᠰᠣᠶᠢᠨ ᠢᠲᠡᠬᠦᠷ ᠪᠣᠯᠵᠦ ᠶᠠᠪᠣᠬᠰᠠᠭᠠᠷ ᠮᠠᠯᠠᠭᠠᠢ ᠲᠡᠪᠡᠯᠤᠨ ᠪᠠᠷᠠᠮᠠᠯ ᠪᠣᠯᠬᠣ ᠳ᠋ᠦ ᠬᠦᠷᠦᠭᠰᠡᠨᠢ ᠬᠡᠨ ᠳ᠋ᠦ ᠲᠣᠭᠠᠴᠢᠵᠦ ᠬᠡᠯᠡᠬᠦᠪ᠃
ᠪᠠᠭᠠ ᠪᠠᠢᠬᠣ ᠳ᠋ᠦ ᠡᠵᠢ ᠮᠢᠨᠢ ᠦᠰᠴᠦ ᠦᠨᠳᠡᠢᠬᠦᠶᠢ ᠪᠡᠯᠭᠡᠰᠢᠶᠡᠵᠦ ᠲᠡᠷᠯᠢᠭᠢ ᠮᠢᠨᠢ ᠬᠣᠶᠠᠷ ᠬᠣᠷᠣᠭᠣ ᠡᠯᠪᠡᠭ ᠣᠶᠣᠲᠠᠬ ᠪᠠᠢᠬᠰᠠᠨ ᠪᠣᠯ ᠣᠲᠣ ᠬᠠᠷᠢᠨ ᠪᠢ ᠮᠠᠷᠢᠶᠠᠯᠠᠬᠣ ᠪᠣᠯᠭᠣᠵᠠᠢ ᠭᠡᠮᠡᠨ ᠦᠷᠬᠦᠯᠵᠢ ᠡᠯᠪᠡᠭ ᠲᠡᠪᠡᠯ ᠲᠡᠯᠪᠡᠭᠡᠷ ᠦᠮᠦᠲᠦ ᠲᠠᠢ ᠭᠠᠩᠭᠠᠷᠠᠬᠣ ᠪᠣᠯᠪᠠ᠃ ᠡᠨᠲᠡ ᠨᠢᠭᠡ ᠨᠢ ᠦᠰᠴᠦ ᠣᠷᠭᠣᠬᠣᠶᠢᠨ ᠬᠦᠰᠡᠯ ᠵᠦᠩᠨᠡᠯ ᠰᠢᠩᠭᠡᠭᠰᠡᠨ ᠭᠡᠲᠡᠭ ᠪᠣᠯ ᠨᠦᠬᠦᠭᠡ ᠨᠢ ᠦᠭᠡᠬᠦ ᠮᠠᠷᠢᠶᠠ ᠪᠠᠨ ᠦᠷᠦᠭᠡᠯ ᠪᠣᠰᠣᠳ ᠡᠴᠡ ᠨᠢᠭᠣᠵᠦ ᠬᠠᠯᠬᠠᠯᠠᠬᠣ ᠭᠡᠰᠡᠨ ᠨᠡᠷᠡᠯᠭᠡᠭ ᠪᠣᠲᠣᠯ ᠳ᠋ᠠᠭᠠᠨ ᠬᠦᠲᠦᠯᠦᠭᠲᠡᠭᠡᠳ ᠲᠡᠷᠡ᠃
ᠮᠠᠰᠢ ᠣᠯᠠᠨ ᠶᠠᠪᠣᠲᠠᠯ ᠮᠠᠷᠢᠶᠠᠯᠠᠬᠣ ᠮᠡᠲᠦ ᠲᠦᠬᠦᠮᠬᠡᠨ ᠪᠣᠯᠣᠬᠰᠠᠨ ᠪᠣᠯ ᠭᠡᠵᠦ ᠪᠢ ᠬᠠᠶᠠ ᠬᠡᠢ ᠲᠡᠮᠡᠢᠷᠡᠨ ᠰᠠᠨᠠᠲᠠᠬ᠃ ᠮᠠᠷᠢᠶᠠ ᠲᠠᠢ ᠬᠦᠮᠦᠨᠢ ᠠᠪᠣᠨ ᠦᠵᠡᠬᠦ ᠳ᠋ᠦ ᠰᠦᠷ ᠪᠢᠷᠡ ᠲᠠᠢ ᠪᠣᠯᠪᠠᠴᠣ ᠡᠮᠵᠡᠭ ᠬᠡᠪᠡᠷᠡᠭ ᠭᠡᠲᠡᠭ ᠨᠢ ᠬᠦᠭᠡᠷᠦᠬᠦᠢ᠃ ᠴᠢᠰᠣᠨ ᠲᠠᠷᠣᠯᠲᠠ ᠦᠨᠳᠦᠷᠵᠢᠬᠦ᠂ ᠴᠢᠰᠣᠨ ᠰᠢᠬᠢᠷ ᠨᠡᠮᠡᠭᠲᠡᠬᠦ ᠁ ᠭᠡᠬᠦᠴᠢᠯᠡᠨ ᠡᠩᠤᠨ ᠴᠠᠬ ᠲᠠᠭᠠᠨ ᠠᠩᠬᠠᠷᠣᠮᠵᠢ ᠦᠭᠡᠢ ᠪᠠᠢᠬᠰᠠᠨ ᠵᠦᠢᠯ ᠦᠭᠡᠬᠦᠯᠡᠵᠦ ᠮᠠᠷᠢᠶᠠᠯᠠᠬᠣᠶᠢ ᠲᠠᠭᠠᠯᠲᠣᠨ ᠠᠯᠢᠬᠠᠨ ᠨᠢᠭᠡ ᠵᠦᠭ ᠡᠴᠡ ᠭᠡᠲᠡᠵᠦ ᠮᠢᠷᠢᠶᠠᠬᠣᠶᠢ ᠴᠠᠬ ᠦᠷᠬᠦᠯᠵᠢ ᠬᠢᠴᠢᠶᠡᠨᠡ᠃ ᠴᠢᠩᠬᠢᠬᠦ ᠳ᠋ᠡᠭᠡᠨ ᠲᠡᠯᠡᠬᠡᠢᠶᠢᠨ ᠮᠠᠷᠢᠶᠠᠯᠠᠬᠣᠶᠢ ᠰᠡᠷᠭᠡᠢᠯᠡᠬᠦ ᠡᠳᠦᠷ ᠭᠡᠵᠦ ᠪᠠᠢᠲᠠᠬ ᠪᠦᠭᠡᠳ ᠲᠡᠯᠡᠬᠡᠢᠶᠢᠨ ᠡᠷᠡᠬᠦᠯ ᠬᠠᠮᠠᠭᠠᠯᠠᠯᠤᠨ ᠵᠣᠬᠢᠶᠠᠨ ᠪᠠᠢᠭᠣᠯᠣᠯᠲᠠ ᠡᠴᠡ ᠪᠠᠰᠠ ᠮᠠᠷᠢᠶᠠᠯᠠᠬᠣ ᠪᠣᠯ ᠣᠲᠠᠭᠠᠨ ᠴᠢᠨᠠᠷᠲᠠᠢ ᠠᠷᠪᠠᠨ ᠡᠪᠡᠳᠴᠢᠨᠤ ᠨᠢᠭᠡ ᠬᠡᠮᠡᠨ ᠲᠣᠬᠲᠠᠭᠠᠬᠰᠠᠨ ᠭᠡᠨᠡ ᠯᠠᠢ᠃ ᠬᠠᠷᠢᠨ ᠡᠨᠡ ᠡᠳᠦᠷ ᠬᠦᠮᠦᠰ ᠴᠣᠬᠣᠮ ᠬᠣᠭᠣᠯᠠ ᠬᠣᠰᠢ ᠪᠠᠨ ᠬᠠᠰᠣᠵᠦ᠂ ᠬᠦᠲᠡᠯᠭᠡᠭᠡᠨ ᠪᠣᠯᠪᠠᠰᠣᠷᠠᠯ ᠳ᠋ᠦ ᠰᠢᠮᠲᠠᠵᠦ᠂ ᠲᠠᠲᠠᠵᠦ ᠬᠡᠯᠡᠬᠦ ᠳ᠋ᠦ ᠲᠠᠪᠣ ᠭᠣᠷᠪᠠᠨ ᠵᠢᠩ ᠮᠠᠷᠢᠶᠠ ᠰᠢᠭᠣᠷᠠᠭᠣᠯᠲᠠᠬ ᠪᠣᠯᠤᠤ ᠭᠡᠵᠦ ᠪᠢ ᠭᠠᠢᠬᠠᠵᠦ ᠰᠣᠨᠢᠭᠣᠴᠢᠯᠠᠲᠠᠬ᠃ ᠨᠢᠬᠲᠠᠯᠠᠨ ᠪᠣᠲᠣᠪᠠᠯ ᠲᠣᠷᠠᠵᠦ ᠰᠢᠭᠣᠷᠠᠭᠣᠯᠬᠣᠶᠢᠨ ᠣᠴᠢᠷ ᠲᠦ᠍ ᠪᠢ ᠭᠠᠬᠴᠠᠭᠠᠷ ᠶ᠋ᠢᠡᠨ ᠰᠠᠨᠠᠭᠠᠰᠢᠷᠠᠵᠦ ᠪᠠᠢᠭᠠ ᠪᠣᠰᠣ᠂ ᠪᠦᠬᠦ ᠲᠡᠯᠡᠬᠡᠢ ᠪᠡᠷ ᠶ᠋ᠢᠡᠨ ᠠᠩᠬᠠᠷᠴᠣ ᠬᠠᠯᠠᠮᠵᠢᠯᠠᠵᠦ ᠪᠠᠢᠭᠠ ᠪᠣᠯᠣᠯᠲᠠᠢ᠃
ᠬᠦᠮᠦᠰ ᠨᠠᠰᠣ ᠠᠬᠢᠬᠣ ᠲᠣᠰᠣᠮ ᠮᠠᠷᠢᠶᠠᠯᠠᠲᠠᠬᠤᠨ ᠣᠴᠢᠷ ᠶᠠᠭᠣᠨ ᠪᠢᠯᠡ? ᠬᠦᠲᠡᠯᠭᠡᠭᠡᠨ ᠪᠣᠯᠪᠠᠰᠣᠷᠠᠯ ᠪᠠᠭᠠᠲᠠᠢ ᠬᠣᠢᠷᠭᠣ ᠵᠠᠯᠬᠠᠭᠣᠶᠢᠨ ᠣᠴᠢᠷ ᠪᠣᠶᠣ ᠠᠯᠢ ᠡᠰᠡᠬᠦᠯᠡ ᠬᠡᠲᠦᠷᠡᠲᠡᠯᠡ ᠢᠲᠡᠭᠰᠡᠨ ᠬᠣᠪᠲᠣᠬ ᠰᠢᠨᠣᠯ ᠡᠴᠡ ᠰᠢᠯᠲᠠᠭᠠᠯᠠᠬᠰᠠᠨ ᠭᠡᠵᠦ ᠬᠡᠨ ᠨᠢᠭᠡ ᠨᠢ ᠬᠣᠷᠢᠶᠠᠩᠭᠣᠢᠯᠠᠵᠦ ᠳ᠋ᠦᠩᠨᠡᠭᠰᠨᠨ ᠪᠣᠢ᠃ ᠡᠨᠡ ᠴᠦ᠍ ᠣᠷᠣ ᠲᠠᠢ ᠦᠭᠡ᠃ ᠪᠢ ᠪᠣᠯ ᠡᠨᠡ ᠬᠣᠶᠠᠷ ᠵᠦᠢᠯᠤᠨ ᠠᠯᠢᠶᠢ ᠨᠢ ᠴᠦ᠍ ᠴᠢᠮᠡᠯᠡᠵᠦ ᠭᠣᠮᠣᠲᠠᠭᠠᠯ ᠦᠭᠡᠢ ᠪᠡᠶᠡ ᠳ᠋ᠡᠭᠡᠨ ᠲᠣᠬᠣᠵᠦ ᠪᠦᠷᠢᠲᠦᠬᠦᠯᠦᠭᠰᠡᠨ ᠶᠣᠮ᠃ ᠴᠠᠬᠤᠨ ᠬᠣᠭᠣᠯᠠ ᠪᠠᠨ ᠬᠡᠮᠵᠢᠶᠡ ᠲᠠᠢ ᠵᠣᠭᠣᠬᠯᠠᠬᠣᠶᠢ ᠬᠢᠴᠢᠶᠡᠨ ᠵᠢᠷᠣᠮᠯᠠᠬᠣ ᠠᠲᠠᠯᠠ ᠪᠠᠨ ᠦᠯᠡᠲᠡᠵᠦ ᠲᠣᠰᠣᠬᠰᠠᠨᠢ ᠪᠣᠯ ᠦᠵᠡᠵᠦ ᠲᠦᠪᠲᠡᠬᠦ ᠦᠭᠡᠢ᠂ ᠦᠯᠦᠪ ᠴᠦᠯᠮᠦᠬᠦ ᠵᠠᠩ ᠲᠠᠢ᠃ ᠬᠡᠦᠬᠡᠳᠤᠨ ᠢᠲᠡᠭᠡᠳ ᠦᠯᠡᠲᠡᠭᠰᠡᠨ ᠬᠠᠭᠠᠰ ᠠᠶᠠᠭᠠ ᠪᠣᠲᠠᠭᠠ᠂ ᠬᠠᠵᠠᠭᠠᠳ ᠣᠷᠬᠢᠬᠰᠠᠨ ᠪᠣᠭᠣᠷᠰᠣᠬᠢ ᠬᠠᠶᠠᠵᠦ ᠠᠰᠬᠠᠬᠣ ᠡᠴᠡ ᠬᠠᠷᠠᠮᠨᠠᠨ ᠴᠠᠳᠬᠣᠯᠠᠩ ᠭᠡᠳᠡᠰᠦᠨ ᠳ᠋ᠡᠭᠡᠨ ᠴᠢᠬᠢᠭᠡᠳ ᠰᠠᠶᠢ ᠰᠠᠨᠠᠭᠠ ᠠᠮᠠᠷᠠᠬᠣ ᠪᠦᠭᠡᠳ ᠠᠯᠪᠠᠨ ᠳ᠋ᠠᠭᠠᠨ ᠢᠷᠡᠪᠡᠯ ᠰᠢᠷᠡᠭᠡᠨᠤ ᠠᠷᠣ ᠳ᠋ᠦ᠍ ᠰᠢᠪᠠᠷ ᠱᠣᠭᠣᠮᠠᠯ ᠰᠢᠬ ᠬᠡᠳᠦᠨ ᠴᠠᠬ ᠯᠠᠬᠯᠠᠢᠵᠦ ᠰᠠᠭᠣᠬᠣ ᠡᠴᠡ ᠴᠦ᠍ ᠠᠯᠵᠠᠬᠣ ᠦᠭᠡᠢ ᠪᠢᠯᠡ᠃
ᠷᠠᠳᠢᠣ᠋ ᠡᠴᠡ ᠠᠯᠮᠣᠷᠠᠳ ᠪᠣᠯᠣᠨ ᠠᠮᠲᠠᠲᠣ ᠲᠦᠮᠦᠰᠦ ᠨᠢ ᠮᠠᠷᠢᠶᠠ ᠰᠢᠭᠣᠷᠠᠭᠣᠯᠬᠣ ᠳ᠋ᠦ ᠲᠣᠰᠠᠲᠠᠢ ᠭᠡᠵᠦ ᠰᠣᠨᠣᠰᠣᠭᠠᠳ ᠲᠣᠷᠰᠢᠵᠦ ᠦᠵᠡᠬᠦ ᠭᠡᠰᠡᠨ ᠪᠣᠲᠣᠯ ᠣᠷᠭᠣᠪᠠ᠃ ᠣᠰᠣᠨ ᠳ᠋ᠦ ᠣᠨᠠᠬᠰᠠᠨ ᠬᠦᠮᠦᠨ ᠦᠷᠲᠦᠭᠰᠨᠨ ᠵᠦᠢᠯ ᠪᠣᠯᠭᠠᠨ ᠡᠴᠡ ᠪᠠᠵᠠᠬᠲᠠᠨ ᠵᠢᠭᠣᠷᠠᠬᠣ ᠲᠠᠢ ᠲᠦᠰᠦᠭᠡ ᠪᠡᠷ ᠦᠭᠡᠬᠦ ᠮᠠᠷᠢᠶᠠ ᠲᠠᠢ ᠬᠦᠮᠦᠰ ᠴᠦ᠍ ᠰᠣᠨᠣᠰᠣᠬᠰᠠᠨ ᠪᠦᠬᠦᠨ ᠶ᠋ᠢᠡᠨ ᠢᠲᠡᠭᠡᠵᠦ ᠶᠣᠰᠣᠴᠢᠯᠠᠨ ᠮᠦᠷᠲᠡᠬᠦ ᠪᠡᠷ ᠭᠣᠷᠢᠲᠠᠲᠠᠬ᠃ ᠡᠪ ᠲᠡᠮ ᠨᠢ ᠲᠠᠭᠠᠷᠠᠭᠠᠳ ᠲᠣᠷᠠᠴᠢᠬᠠᠬᠣᠶᠢ ᠬᠡᠨ ᠬᠡᠯᠡᠵᠦ ᠮᠡᠳᠡᠬᠦ ᠪᠣᠢ᠃ ᠭᠡᠪᠡᠴᠦ ᠬᠡᠳᠦᠨ ᠡᠳᠦᠷ ᠪᠣᠯᠣᠬᠰᠠᠨ ᠦᠭᠡᠢ ᠬᠣᠢᠰᠢ ᠣᠬᠣᠷᠢᠵᠦ᠂ ᠪᠣᠲᠠᠲᠣ ᠠᠬᠣᠢᠶᠢᠨ ᠡᠮᠦᠨᠡ ᠠᠷᠭᠠ ᠪᠣᠰᠣ ᠲᠣᠯᠣᠭᠠᠢ ᠭᠣᠲᠣᠢᠨ ᠪᠠᠭᠣᠵᠦ ᠦᠭᠴᠡᠢ᠃ ᠡᠩᠤᠨ ᠴᠠᠬ ᠲᠠᠭᠠᠨ ᠵᠢᠮᠢᠰ ᠵᠠᠭᠣᠰᠢ ᠪᠣᠯᠭᠠᠵᠦ ᠪᠠᠢᠬᠰᠠᠨ ᠵᠦᠢᠯ ᠶ᠋ᠢᠡᠷ ᠴᠠᠬᠤᠨ ᠬᠣᠭᠣᠯᠠ ᠪᠠᠨ ᠣᠷᠣᠯᠠᠭᠣᠯᠬᠣ ᠭᠡᠵᠦ ᠴᠠᠳᠬᠣ ᠶᠠᠭᠣᠮᠠ ᠪᠢᠰᠢ᠂ ᠨᠡᠩ ᠴᠦ᠍ ᠲᠠᠳᠬᠣ ᠶᠠᠭᠣᠮᠠ ᠪᠣᠰᠣ᠃ ᠲᠡᠭᠡᠭᠡᠳ ᠦᠭᠡᠷᠡ ᠪᠣᠰᠣᠳ ᠡᠴᠡ ᠨᠣᠮ ᠵᠠᠯᠠᠵᠦ᠂ ᠨᠡᠮᠡᠵᠦ ᠬᠠᠰᠣᠬᠣ ᠠᠷᠭᠠ ᠪᠡᠷ ᠰᠣᠷᠢᠭᠠ ᠪᠣᠯᠪᠠᠰᠣᠷᠠᠯ ᠬᠢᠵᠦ᠂ ᠬᠦᠲᠡᠯᠭᠡᠭᠡᠨ ᠪᠣᠯᠪᠠᠰᠣᠷᠠᠯ ᠶ᠋ᠢᠡᠨ ᠨᠡᠮᠡᠭᠲᠡᠬᠦᠯᠵᠦ᠂ ᠬᠣᠭᠣᠯᠠ ᠣᠮᠲᠠ ᠪᠠᠨ ᠬᠠᠰᠣᠵᠦ᠂ ᠦᠭᠡᠬᠦ ᠮᠠᠷᠢᠶᠠ ᠲᠠᠢ ᠣᠲᠠᠭᠠᠨ ᠲᠠᠭᠠᠭᠠᠮᠠᠭᠠᠢ ᠲᠠᠢᠨ ᠬᠢᠬᠦ ᠪᠡᠷ ᠪᠡᠯᠡᠳᠭᠡᠯᠡ᠃
ᠭᠡᠷ ᠡᠴᠡ ᠪᠠᠢᠭᠣᠯᠭᠠ ᠬᠦᠷᠲᠡᠯᠡ ᠬᠦᠶᠦᠵᠦ ᠱᠣᠬᠰᠢᠬᠣᠶᠢᠨ ᠬᠣᠭᠣᠷᠣᠨᠲᠣ ᠠᠷᠪᠠᠨ ᠲᠠᠪᠣᠨ ᠮᠢᠨᠦᠢ᠍ᠲ ᠠᠮᠵᠢᠵᠦ ᠪᠣᠯᠪᠠᠰᠣᠷᠠᠨᠠ᠃ ᠣᠷᠣᠢᠶᠢᠨ ᠬᠣᠭᠣᠯᠠᠨᠤ ᠲᠠᠷᠠᠭᠠ ᠪᠠᠰᠠ ᠨᠠᠳᠬᠣᠬᠰᠠᠨ ᠲᠣᠭᠣᠯ ᠰᠢᠬ ᠬᠦᠷᠢᠶᠡ ᠪᠠᠨ ᠬᠡᠳᠦ ᠲᠣᠭᠣᠷᠢᠵᠦ ᠬᠦᠶᠦᠨᠡ᠃ ᠨᠠᠲᠠ ᠲᠠᠢ ᠠᠲᠠᠯᠢ ᠨᠡᠯᠢᠶᠡᠳ ᠣᠯᠠᠨ ᠬᠦᠮᠦᠨ ᠪᠠᠰᠠ ᠡᠷᠳᠡ ᠣᠷᠣᠢᠶᠢᠨ ᠵᠠᠪ ᠶ᠋ᠢᠡᠷ ᠬᠦᠶᠦᠵᠦ ᠪᠣᠯᠪᠠᠰᠣᠷᠠᠬᠣ ᠨᠢ ᠬᠠᠷᠠᠭᠲᠠᠨᠠ᠃ ᠮᠠᠷᠢᠶᠠ ᠰᠢᠭᠤᠷᠠᠭᠤᠯᠬᠤ ᠤᠯᠠᠨ ᠲᠦᠮᠡᠨᠴᠢ ᠲᠠᠢᠯᠠᠯᠳᠤᠭᠠᠨᠤ ᠪᠦᠷᠢᠶᠠ ᠬᠠᠩᠬᠢᠨᠠᠯᠠ᠃
ᠬᠦᠯᠦᠰᠦ ᠪᠠᠭᠠᠬᠢᠭᠣᠯᠣᠨ ᠬᠦᠶᠦᠬᠦ ᠵᠠᠭᠣᠷᠠ ᠭᠡᠵᠢᠶᠡ ᠣᠷᠢᠳᠤᠨ ᠰᠣᠨᠣᠰᠴᠣ ᠪᠠᠢᠬᠰᠠᠨ 《ᠣᠢᠳᠬᠠᠷ ᠭᠡᠵᠦ ᠬᠣᠷᠸᠠ ᠳ᠋ᠦ ᠶᠠᠷᠦ ᠡᠴᠡ ᠪᠠᠢᠭᠠ ᠦᠭᠡᠢ ᠁》 ᠭᠡᠰᠡᠨ ᠨᠢᠭᠡᠨ ᠲᠠᠭᠣᠣ ᠰᠠᠨᠠᠭᠠᠨ ᠳ᠋ᠦ ᠣᠷᠣᠬᠣ ᠶᠣᠮ᠃ ᠰᠠᠨᠠᠭᠰᠠᠨ ᠶ᠋ᠢᠡᠷ ᠪᠣᠯᠲᠠᠬ ᠦᠭᠡᠢ ᠬᠣᠷᠸᠠᠶᠢ ᠬᠦᠮᠦᠰ ᠲᠠᠭᠣᠣ ᠪᠡᠷ ᠠᠷᠭᠠᠲᠠᠬᠣ ᠭᠡᠮᠡᠨ ᠬᠦᠰᠡᠵᠦ ᠭᠣᠷᠢᠯᠠᠬᠣ ᠶᠣᠮ ᠡ᠃ ᠬᠦᠮᠦᠨ ᠣᠯᠠᠨ ᠲᠠᠭᠣᠯᠠᠬᠰᠠᠨ ᠶᠣᠮ ᠭᠡᠳ ᠬᠣᠷᠸᠠ ᠡᠴᠡ ᠣᠢᠳᠬᠠᠷ ᠪᠣᠬᠢᠨᠢᠲᠣᠯ ᠠᠷᠢᠯᠣᠬᠰᠠᠨ ᠦᠭᠡᠢ᠂ ᠰᠡᠬᠦᠲᠡᠷ ᠮᠡᠲᠦ ᠲᠠᠭᠠᠵᠦ ᠰᠡᠬᠦᠯ ᠮᠡᠲᠦ ᠰᠢᠷᠪᠡᠯᠵᠠᠵᠦ ᠰᠢᠨᠠᠯᠭᠠᠬᠰᠠᠭᠠᠷ᠃ ᠬᠡᠦᠬᠡᠳ ᠠᠬᠣᠢ ᠨᠠᠰᠣᠨ ᠳ᠋ᠦ᠍ ᠬᠢᠴᠢᠶᠡᠯ ᠰᠣᠷᠣᠯᠭᠠ ᠭᠡᠮᠡᠨ ᠬᠠᠰᠢᠷᠠᠭᠠᠵᠦ ᠴᠦᠬᠦᠷᠡᠬᠦᠯᠵᠦ ᠪᠠᠢᠬᠰᠠᠨ ᠪᠣᠯ ᠭᠠᠯ ᠵᠠᠯᠠᠭᠣ ᠨᠠᠰᠣᠨ ᠳ᠋ᠦ᠍ ᠲᠣᠷᠠᠯᠠᠯ ᠬᠡᠮᠡᠬᠦ ᠲᠠᠢᠰᠣᠨ ᠬᠠᠯᠲᠠᠨ ᠲᠣᠪᠲᠣᠯᠵᠦ᠂ ᠡᠰᠡᠷᠬᠦᠴᠡᠨ ᠪᠠᠢᠯᠲᠣᠬᠣᠶᠢᠨ ᠵᠣᠷᠢᠬ ᠦᠭᠡᠢ ᠣᠯᠵᠠᠯᠠᠬᠲᠠᠵᠦ᠂ ᠬᠠᠢᠷᠠᠯᠠᠵᠦ ᠰᠠᠨᠠᠬᠣᠶᠢᠨ ᠬᠠᠯᠠ ᠪᠡᠷ ᠬᠦᠷᠡᠩ ᠣᠯᠠᠭᠠᠨ ᠵᠢᠷᠦᠬᠡ ᠪᠠᠨ ᠵᠢᠮᠵᠢᠬᠢᠨᠡᠬᠦᠯᠦᠨ ᠣᠢᠮᠣᠷᠠᠭᠣᠯᠣᠨᠠ᠃ ᠡᠳᠡ ᠪᠦᠬᠦᠨᠢ ᠢᠯᠭᠣᠮ ᠲᠠᠪᠠᠵᠦ ᠢᠲᠡᠷ ᠨᠠᠰᠣᠨᠤ ᠲᠦᠷᠦᠭᠡᠨ ᠳ᠋ᠦ ᠮᠣᠷᠲᠠᠵᠦ ᠣᠷᠲᠣ ᠠᠮᠢᠰᠬᠣᠬᠣᠶᠢ ᠵᠠᠪᠲᠣᠲᠠᠯᠠ ᠬᠠᠷᠢᠨ ᠦᠭᠡᠬᠦᠯᠡᠵᠦ ᠲᠠᠷᠭᠣᠯᠠᠭᠠᠳ ᠣᠴᠠᠭᠠᠷ ᠪᠣᠬᠢᠨᠢᠲᠣᠯ ᠬᠦᠷᠭᠡᠬᠦ ᠶᠣᠮ ᠡ᠃
ᠠᠢ ᠳ᠋ᠠ᠂ ᠮᠠᠷᠢᠶᠠ ᠰᠢᠭᠣᠷᠠᠭᠣᠯᠬᠣ ᠭᠡᠵᠦ ᠮᠠᠨᠠᠢᠬᠢᠨᠤ ᠬᠡᠯᠡᠲᠡᠭ 《ᠠᠯᠠᠭᠠ ᠬᠦᠷᠪᠡᠬᠦᠯᠬᠦ》 ᠮᠡᠲᠦ ᠠᠮᠠᠷᠬᠠᠨ ᠪᠣᠯᠣᠬᠰᠠᠨ ᠴᠦ᠍ ᠪᠣᠯ ᠳ᠋ᠠ⁈