9 ᠰᠠᠷ᠎ᠠ᠎ᠳᠤ᠂ 《ᠠᠶᠠᠯᠭᠤᠳᠤ ᠵᠢᠭᠤᠯᠴᠢᠯᠡᠯ ᠥᠪᠥᠷ ᠮᠣᠩᠭᠣᠯ》 ᠤᠮᠠᠷᠠᠲᠤ ᠬᠢᠯᠢ ᠶ᠋ᠢᠨ ᠰᠣᠶᠣᠯ ᠤᠨ ᠠᠵᠢᠯᠯᠠᠭ᠎ᠠ᠎ᠶ᠋ᠢᠨ ᠤᠯᠠᠷᠢᠯ ᠨᠢ ᠤᠷᠠᠯᠢᠭ᠎ᠢᠶᠠᠷ ᠲᠠᠯ᠎ᠠ ᠨᠤᠲᠤᠭ᠎ᠤᠨ ᠠᠮᠢᠳᠤᠷᠠᠯ ᠠᠬᠤᠢ ᠵᠢ ᠵᠢᠷᠤᠭ᠍ᠯᠠᠨ᠎ᠠ᠃ ᠥᠨᠥᠳᠦᠷ᠂ ᠪᠢᠳᠡ ᠥᠪᠥᠷ ᠮᠣᠩᠭᠣᠯ᠎ᠤᠨ ᠤᠷᠠᠨ ᠵᠢᠷᠤᠭ᠎ᠤᠨ ᠣᠷᠳᠣᠨ᠎ᠳᠤ ᠬᠠᠳᠠᠭᠠᠯᠠᠭᠳᠠᠵᠤ ᠪᠠᠶ᠋ᠢᠭ᠎ᠠ 《ᠪᠠᠯᠠᠭᠠᠷ ᠮᠥᠰᠥᠨ ᠭᠤᠤᠯ ᠤᠨ ᠬᠥᠪᠡᠭᠡᠨ᠎ᠳᠡᠬᠢ ᠮᠠᠯᠴᠢᠨ》 ᠭᠡᠬᠦ᠌ ᠪᠦᠲᠦᠭᠡᠯ ᠢ ᠰᠣᠨᠢᠷᠬᠠᠵᠤ᠂ ᠵᠤᠬᠢᠶᠠᠬᠴᠢ ᠵᠢᠨ ᠡᠭᠡᠯ ᠵᠢᠷ᠎ᠦᠨ ᠬᠥᠳᠡᠯᠮᠦᠷᠢ ᠠᠮᠢᠳᠤᠷᠠᠯ᠎ᠤᠨ ᠲᠤᠬᠠᠢ ᠴᠢᠩ ᠰᠡᠳᠬᠢᠯ᠎ᠦᠨ ᠮᠠᠭᠲᠠᠭᠠᠯ ᠲᠠᠭᠤᠯᠠᠯ ᠢ ᠠᠮᠳᠠᠷᠬᠠᠶᠠ᠃ ᠪᠦᠬᠦᠶ᠋ᠢᠯᠡ ᠪᠦᠳᠦᠭᠡᠯ ᠳᠦ ᠬᠥᠬᠡ ᠪᠣᠷᠣ ᠥᠩᠭᠡ ᠪᠡᠷ ᠠᠯᠤᠰ ᠬᠣᠯᠠᠬᠢ ᠠᠭᠤᠯᠠ ᠬᠠᠢᠷᠬᠠᠨᠢ ᠵᠢᠷᠤᠭ᠍ᠯᠠᠨ ᠂ ᠶᠡᠬᠡ ᠬᠡᠮᠵᠢᠶᠡᠨ᠎ᠦ ᠤᠯᠠᠭᠠᠨ ᠰᠢᠷ᠎ᠠ ᠥᠩᠭᠡ᠎ᠶ᠋ᠢ ᠬᠡᠷᠡᠭ᠌ᠯᠡᠨ᠂ ᠢᠯᠡ ᠲᠣᠳᠣ ᠬᠠᠷᠢᠴᠠᠭᠤᠯᠤᠯ ᠵᠢᠡᠷ ᠤᠮᠠᠷᠠᠲᠤ᠌ ᠬᠢᠯᠢ᠎ᠶᠢᠨ ᠲᠠᠯ᠎ᠠ ᠨᠤᠲᠤᠭ᠎ᠤᠨ ᠨᠠᠮᠤᠷ ᠡᠪᠦᠯ᠎ᠦᠨ ᠦᠵᠡᠮᠵᠢ᠎ᠶᠢ ᠳᠡᠯᠭᠡᠨ ᠦᠵᠡᠭᠦᠯᠵᠦ᠍᠂ ᠤᠮᠠᠷᠠᠲᠤ᠌ ᠬᠢᠯᠢ᠎ᠶᠢᠨ ᠠᠷᠠᠳ ᠲᠦᠮᠡᠨ᠎ᠦ ᠠᠮᠢᠳᠤᠷᠠᠯ᠎ᠤᠨ ᠳᠦᠷᠰᠦ ᠪᠠᠶ᠋ᠢᠳᠠᠯ ᠢ ᠢᠯᠡᠷᠡᠭᠦᠯᠦᠭᠰᠡᠨ ᠪᠠᠢᠨ᠎ᠠ᠃
ᠤᠬᠠᠭᠠᠯᠠᠬᠴᠢ᠄ ᠵᠧᠦ ᠴᠠᠩ ᠱᠢᠶᠠᠩ
ᠬᠢᠨᠡᠨ ᠦᠢᠯᠡᠳᠦᠭᠴᠢ᠄ ᠯᠢᠦ ᠱᠢᠶᠤᠤ
ᠬᠢᠨᠠᠬᠴᠢ᠄ ᠵᠠᠩ ᠸᠸᠨ ᠯᠦᠩ
ᠦᠢᠯᠡᠳᠦᠭᠴᠢ᠄ ᠷᠸᠨ ᠵᠢᠶᠠ᠂ ᠮᠣᠩᠭᠣᠯ᠂ ᠸᠠᠩ ᠱᠧᠩ
ᠤᠶᠠᠩᠭᠠᠯᠠᠬᠴᠢ᠄ ᠪᠠᠢ ᠬᠠᠨ ᠹᠧᠢ
ᠢᠷᠡᠯᠲᠡ᠄ ᠲᠠᠯ᠎ᠠ ᠨᠤᠲᠤᠭ᠎ᠤᠨ ᠡᠭᠦᠯᠡ ᠰᠢᠯᠵᠢᠶ᠎ᠠ