ᠥᠪᠥᠷ ᠮᠣᠩᠭᠣᠯ᠎ᠤᠨ 6 ᠬᠡᠷᠡᠭ᠎ᠦᠨ ᠵᠢᠱ᠌ᠢᠶ᠎ᠡ ᠪᠥᠬᠥ ᠤᠯᠤᠰ᠎ᠤᠨ 《2025 ᠣᠨ᠎ᠤ ᠰᠢᠨ᠎ᠡ᠎ᠪᠡᠷ ᠮᠠᠨᠳᠤᠬᠰᠠᠨ ᠬᠦᠷᠢᠶᠡᠨ ᠳ᠋ᠡᠬᠢ ᠨᠠᠮ᠎ᠤᠨ ᠪᠠᠢᠭᠤᠯᠤᠯᠲᠠ᠎ᠶᠢᠨ ᠰᠢᠨ᠎ᠡ᠎ᠶᠢ ᠡᠭᠦᠳᠦᠭᠰᠡᠨ ᠬᠡᠷᠡᠭ᠎ᠦᠨ ᠵᠢᠱ᠌ᠢᠶ᠎ᠡ》 ᠪᠡᠷ ᠰᠤᠩᠭᠤᠬᠲᠠᠪᠠ
2026-01-12 11:26:00
ᠵᠣᠬᠢᠶᠠᠭ᠍ᠴᠢ᠄
ᠬᠠᠨ ᠯᠢᠩ ᠯᠢᠩ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠬᠴᠢ ᠦᠪᠦᠷ ᠮᠤᠩᠭᠤᠯ᠎ᠤᠨ ᠦᠪᠡᠷᠲᠡᠭᠡᠨ ᠵᠠᠰᠬᠠᠤ ᠤᠷᠤᠨ᠎ᠤ ᠨᠠᠮ᠎ᠤᠨ ᠬᠤᠷᠢᠶ᠎ᠠ ᠢ᠋ᠢᠨ ᠨᠡᠢᠭᠡᠮ᠎ᠤᠨ ᠠᠵᠢᠯ᠎ᠤᠨ ᠬᠡᠯᠲᠡᠰ ᠡᠴᠡ ᠤᠢᠯᠠᠭᠠᠬᠰᠠᠨ ᠢ᠋ᠢᠡᠷ᠂ ᠣᠢᠷ᠎ᠠ᠎ᠳᠤ᠂ 《2025 ᠣᠨ᠎ᠤ ᠰᠢᠨ᠎ᠡ᠎ᠪᠡᠷ ᠮᠠᠨᠳᠤᠬᠰᠠᠨ ᠬᠦᠷᠢᠶᠡᠨ᠎ᠳᠡᠬᠢ ᠨᠠᠮ᠎ᠤᠨ ᠪᠠᠢᠭᠤᠯᠤᠯᠲᠠ᠎ᠶᠢᠨ ᠰᠢᠨ᠎ᠡ᠎ᠶᠢ ᠡᠭᠦᠳᠦᠭᠰᠡᠨ ᠬᠡᠷᠡᠭ᠎ᠦᠨ ᠵᠢᠱ᠌ᠢᠶ᠎ᠡ》 ᠢ᠋ᠢᠨ ᠨᠡᠷᠡᠰ᠎ᠢ ᠵᠢᠩᠬᠢᠨᠢ᠎ᠪᠡᠷ ᠨᠡᠢᠲᠡᠯᠡᠵᠦ᠂ ᠡᠮᠦᠨᠡᠬᠢ ᠬᠤᠭᠤᠴᠠᠭᠠᠨ᠎ᠤ ᠰᠢᠯᠢᠨ ᠰᠣᠩᠭᠣᠬᠤ᠂ ᠲᠤᠰᠬᠠᠢ ᠮᠡᠷᠭᠡᠵᠢᠯᠲᠡᠨ᠎ᠤ ᠬᠢᠨᠠᠨ ᠲᠣᠭᠲᠠᠭᠠᠯᠳᠠ ᠵᠡᠷᠭᠡ ᠭᠣᠭᠴᠣᠭ᠎ᠠ᠎ᠪᠠᠷ ᠳᠡᠮᠵᠢᠨ᠂ ᠥᠪᠥᠷ ᠮᠣᠩᠭᠣᠯ᠎ᠤᠨ 6 ᠰᠢᠨ᠎ᠡ᠎ᠶᠢ ᠡᠭᠦᠳᠦᠭᠰᠡᠨ ᠬᠡᠷᠡᠭ᠎ᠦᠨ ᠵᠢᠱ᠌ᠢᠶ᠎ᠡ ᠠᠮᠵᠢᠯᠲᠠ᠎ᠲᠠᠢ᠎ᠪᠠᠷ ᠰᠣᠩᠭᠣᠬᠲᠠᠪᠠ᠃

ᠡᠲᠡᠭᠡᠷ ᠬᠡᠷᠡᠭ᠎ᠤᠨ ᠵᠢᠱ᠌ᠢᠶ᠎ᠡ ᠨᠢ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠎ᠶᠢᠨ ᠨᠡᠢᠭᠡᠮ᠎ᠦᠨ ᠠᠵᠢᠯ᠎ᠤᠨ ᠬᠡᠯᠲᠡᠰ ᠡᠴᠡ ᠲᠠᠨᠢᠯᠴᠠᠭᠤᠯᠤᠬᠰᠠᠨ 《ᠰᠢᠨ᠎ᠡ ᠠᠵᠢᠯ ᠤᠯᠭᠤᠯᠲᠠ ᠢ᠋ᠢᠨ ᠪᠦᠯᠬᠦᠮ ᠨᠡᠢᠲᠡ ᠢ᠋ᠢᠨ ᠬᠦᠴᠦᠨ ᠢ᠋ ᠨᠢᠬᠲᠠᠷᠠᠭᠤᠯᠤᠨ ᠰᠡᠳᠬᠢᠯ ᠢ᠋ ᠨᠢ ᠲᠤᠯᠠᠭᠠᠴᠠᠭᠤᠯᠤᠨ ᠬᠦᠴᠦᠨ ᠤᠯᠭᠤᠵᠦ ᠨᠠᠮ᠎ᠤᠨ ᠲᠤᠭ᠎ᠤᠨ ᠲᠤᠤᠷ᠎ᠠ ᠨᠢᠬᠲᠠᠷᠠᠭᠤᠯᠤᠨ᠎ᠠ》᠂ ᠬᠥᠬᠡᠬᠣᠲᠠ᠎ᠶᠢᠨ ᠨᠠᠮ᠎ᠤᠨ ᠬᠣᠷᠢᠶ᠎ᠠ᠎ᠶᠢᠨ ᠨᠡᠢᠭᠡᠮ᠎ᠦᠨ ᠠᠵᠢᠯ᠎ᠤᠨ ᠬᠡᠯᠲᠡᠰ᠂ ᠬᠥᠬᠡᠬᠣᠲᠠ᠎ᠶᠢᠨ ᠲᠦᠷᠭᠡᠨ ᠬᠦᠷᠭᠡᠯᠳᠡ ᠵᠢᠨ ᠠᠵᠢᠯ ᠲᠥᠷᠥᠯ᠎ᠦᠨ ᠨᠠᠮ᠎ᠤᠨ ᠬᠣᠷᠢᠶ᠎ᠠ᠎ᠡᠴᠠ ᠲᠠᠨᠢᠯᠴᠠᠭᠤᠯᠤᠬᠰᠠᠨ 《〈ᠲᠠᠪᠤ᠎ᠶᠢ ᠳᠠᠭᠠᠵᠤ ᠵᠢᠷᠭᠤᠭ᠎ᠠ᠎ᠶᠢ ᠬᠠᠪᠰᠤᠷᠤᠨ〉 ᠤᠭ ᠰᠠᠨᠠᠭ᠎ᠠ᠎ᠪᠠᠨ ᠦᠢᠯᠡᠳᠦᠯᠭᠡᠵᠢᠭᠦᠯᠵᠦ ᠦᠨᠳᠦᠰᠦᠨ ᠱᠠᠲᠤᠨ᠎ᠤ ᠵᠠᠰᠠᠯᠲᠠ᠎ᠶᠢᠨ ᠰᠢᠨ᠎ᠡ ᠬᠠᠭᠤᠳᠠᠰᠤ᠎ᠶᠢ ᠵᠢᠷᠤᠭᠯᠠᠨ᠎ᠠ》᠂ ᠬᠥᠬᠡᠬᠣᠲᠠ᠎ᠶᠢᠨ ᠨᠠᠮ᠎ᠤᠨ ᠬᠣᠷᠢᠶ᠎ᠠ ᠢ᠋ᠢᠨ ᠨᠡᠢᠭᠡᠮ᠎ᠦᠨ ᠠᠵᠢᠯ᠎ᠤᠨ ᠬᠡᠯᠲᠡᠰ᠂ ᠬᠣᠷᠢᠨᠭᠡᠷ ᠰᠢᠨ᠎ᠡ ᠲᠣᠭᠣᠷᠢᠭ᠋᠎ᠤᠨ ᠠᠵᠤ ᠠᠬᠤᠢᠯᠠᠯ᠎ᠤᠨ ᠶᠡᠷᠦᠩᠬᠡᠢᠯᠡᠭᠰᠡᠨ ᠨᠠᠮ᠎ᠤᠨ ᠬᠣᠷᠢᠶ᠎ᠠ ᠠ᠋ᠴᠠ ᠲᠠᠨᠢᠯᠴᠠᠭᠤᠯᠤᠬᠰᠠᠨ 《ᠨᠠᠮ᠎ᠤᠨ ᠪᠠᠢᠭᠤᠯᠤᠯᠲᠠ᠎ᠶᠢᠨ ᠬᠠᠮᠲᠤ᠎ᠶᠢᠨ ᠴᠣᠭᠴᠠ᠎ᠪᠠᠷ ᠬᠦᠴᠦᠨ ᠣᠯᠭᠣᠵᠤ ᠰᠢᠨ᠎ᠡ ᠴᠢᠨᠠᠷ᠎ᠤᠨ ᠦᠢᠯᠡᠳᠪᠦᠷᠢᠯᠡᠯ᠎ᠦᠨ ᠬᠦᠴᠦᠨ᠎ᠢ ᠥᠷᠨᠢᠩᠭᠦᠢ ᠬᠥᠭᠵᠢᠭᠦᠯᠦᠨ᠎ᠡ》᠂ ᠬᠥᠬᠡᠬᠣᠲᠠ᠎ᠶᠢᠨ ᠨᠠᠮ᠎ᠤᠨ ᠬᠣᠷᠢᠶ᠎ᠠ᠎ᠶᠢᠨ ᠨᠡᠢᠭᠡᠮ᠎ᠦᠨ ᠠᠵᠢᠯ᠎ᠤᠨ ᠬᠡᠯᠲᠡᠰ᠂ ᠢᠯᠢ ᠠᠵᠤ ᠦᠢᠯᠡᠰ᠎ᠦᠨ ᠪᠦᠯᠦᠭᠯᠡᠯ᠎ᠦᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ᠎ᠶᠢᠨ ᠨᠠᠮ᠎ᠤᠨ ᠬᠣᠷᠢᠶ᠎ᠠ ᠡᠴᠡ ᠲᠠᠨᠢᠯᠴᠠᠭᠤᠯᠤᠬᠰᠠᠨ 《〈ᠵᠢᠷᠭᠤᠭᠠᠨ ᠨᠢᠭᠡ〉᠂ 〈ᠵᠢᠷᠭᠤᠭᠠᠨ ᠳᠠᠭᠠᠭᠤᠯᠤᠭ᠍ᠴᠢ〉 ᠢ᠋ᠢᠨ ᠠᠵᠢᠯᠯᠠᠭ᠎ᠠ ᠪᠡᠷ ᠬᠣᠰᠢᠭᠤᠴᠢ ᠵᠠᠮᠴᠢᠯᠠᠬᠤ ᠢᠨᠵᠧᠨᠧᠷᠢᠩ ᠢ᠋ ᠪᠦᠲᠦᠭᠡᠨ ᠪᠠᠢᠭᠤᠯᠤᠨ᠎ᠠ》᠂ ᠣᠷᠳᠣᠰ ᠬᠣᠲᠠ᠎ᠶᠢᠨ ᠨᠠᠮ᠎ᠤᠨ ᠬᠣᠷᠢᠶ᠎ᠠ᠎ᠶᠢᠨ ᠨᠡᠢᠭᠡᠮ᠎ᠦᠨ ᠠᠵᠢᠯ᠎ᠤᠨ ᠬᠡᠯᠲᠡᠰ᠂ ᠰᠢᠩ ᠳᠡ ᠶᠠᠩ ᠭᠤᠸᠠᠩ ᠠᠵᠤ ᠦᠢᠯᠡᠰ (ᠪᠦᠯᠦᠭᠯᠡᠯ) ᠤ᠋ᠨ ᠬᠢᠵᠠᠭᠠᠷᠲᠤ ᠺᠣᠮᠫᠠᠨᠢ᠎ᠶᠢᠨ ᠨᠠᠮ᠎ᠤᠨ ᠬᠣᠷᠢᠶ᠎ᠠ ᠠ᠋ᠴᠠ ᠲᠠᠨᠢᠯᠴᠠᠭᠤᠯᠤᠬᠰᠠᠨ 《ᠨᠠᠮ᠎ᠤᠨ ᠪᠠᠢᠭᠤᠯᠤᠯᠲᠠ᠎ᠪᠠᠷ ᠬᠦᠲᠦᠯᠦᠨ ᠲᠠᠭᠠᠭᠤᠯᠤᠨ ᠠᠵᠦ ᠦᠢᠯᠡᠰ ᠢ᠋ ᠬᠤᠯᠪᠤᠵᠦ ᠠᠭᠤᠰᠤᠯᠴᠠᠯ ᠢ᠋ᠢᠡᠷ ᠬᠦᠴᠦᠨ ᠣᠯᠭᠣᠵᠦ ᠬᠦᠭᠵᠢᠯᠲᠡ ᠵᠢ ᠬᠠᠷᠢᠯᠴᠠᠨ ᠠᠬᠢᠭᠤᠯᠤᠨ᠎ᠠ》᠂ ᠪᠤᠭᠤᠲᠤ ᠬᠣᠲᠠ᠎ᠶᠢᠨ ᠨᠠᠮ᠎ᠤᠨ ᠬᠣᠷᠢᠶ᠎ᠠ ᠢ᠋ᠢᠨ ᠨᠡᠢᠭᠡᠮ᠎ᠦᠨ ᠠᠵᠢᠯ᠎ᠤᠨ ᠬᠡᠯᠲᠡᠰ᠂ ᠴᠢᠩᠱᠠᠨ ᠲᠣᠭᠣᠷᠢᠭ᠋᠎ᠤᠨ ᠨᠠᠮ᠎ᠤᠨ ᠬᠣᠷᠢᠶ᠎ᠠ ᠢ᠋ᠢᠨ ᠨᠡᠢᠭᠡᠮ᠎ᠦᠨ ᠠᠵᠢᠯ᠎ᠤᠨ ᠬᠡᠯᠲᠡᠰ᠎ᠡᠴᠡ ᠲᠠᠨᠢᠯᠴᠠᠭᠤᠯᠤᠬᠰᠠᠨ 《ᠴᠢᠩᠱᠠᠨ᠎ᠤ 〈ᠰᠢᠨ᠎ᠡ〉 ᠭᠠᠯ ᠠᠭᠤᠯᠠ᠎ᠶᠢ ᠰᠢᠲᠠᠭᠠᠨ᠎ᠠ —〈ᠳᠥᠷᠪᠡ ᠵᠢ ᠬᠦᠴᠦᠷᠭᠡᠭᠵᠢᠭᠦᠯᠦᠨ ᠳᠥᠷᠪᠡᠨ ᠬᠦᠴᠦᠨ᠎ᠢ ᠨᠢᠭ᠍ᠲᠠᠷᠠᠭᠤᠯᠬᠤ〉 ᠪᠡᠷ ᠰᠢᠨ᠎ᠡ᠎ᠪᠡᠷ ᠮᠠᠨᠳᠤᠭᠰᠠᠨ ᠬᠦᠷᠢᠶᠡᠨ᠎ᠳᠡᠬᠢ ᠬᠥᠭᠵᠢᠯᠲᠡ᠎ᠶᠢᠨ ᠬᠥᠳᠡᠯᠭᠡᠭᠦᠷ᠎ᠢ ᠬᠦᠭᠵᠢᠭᠡᠶ᠎ᠡ》 ᠵᠡᠷᠭᠡ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号