— ᠲᠦᠩᠯᠢᠶᠣᠤ ᠬᠣᠲᠠ ᠵᠢᠨ ᠦᠨᠳᠦᠰᠦᠨ ᠱᠠᠲᠤᠨ᠎ᠤ ᠵᠠᠰᠠᠯᠲᠠ᠎ᠶ᠋ᠢᠨ ᠱᠢᠨ᠎ᠡ ᠦᠶ᠋ᠯᠡᠳᠦᠯᠭᠡ᠎ᠶ᠋ᠢ ᠲᠡᠮᠳᠡᠭᠯᠡᠪᠡ
ᠲᠦᠩᠯᠢᠶᠣᠤ ᠬᠣᠲᠠ᠎ᠶ᠋ᠢᠨ ᠡᠯ᠎ᠡ ᠬᠣᠲᠠ ᠪᠠᠯᠭᠠᠰᠤ ᠨᠡᠢᠭᠡᠮ ᠲᠣᠭᠣᠷᠢᠭ ᠭᠠᠴᠠᠭ᠎ᠠ ᠲᠣᠰᠭᠣᠨ᠎ᠳᠤ 《ᠪᠢᠴᠢᠯ ᠵᠠᠰᠠᠯᠲᠠ》 ᠪᠠᠷ ᠠᠷᠠᠳ᠎ᠤᠨ ᠠᠮᠢᠳᠤᠷᠠᠯ᠎ᠤᠨ ᠬᠦᠴᠢᠷ ᠠᠰᠠᠭᠤᠳᠠᠯ᠎ᠢ ᠱᠢᠶ᠋ᠳᠪᠦᠷᠢᠯᠡᠬᠦ᠌ ᠦᠶ᠋ᠯᠡᠳᠦᠯᠭᠡ ᠭᠦᠭᠵᠢᠶᠡᠨᠳᠡᠢ ᠶᠠᠪᠤᠭ᠍ᠳᠠᠵᠦ ᠪᠤᠢ᠄ ᠠᠵᠤ ᠠᠬᠤᠢᠯᠠᠯ᠎ᠤᠨ ᠪᠠᠯᠠ ᠮᠥᠩᠭᠥ᠎ᠶ᠋ᠢᠨ ᠡᠷᠭᠢᠯᠲᠡ ᠬᠦᠴᠢᠷᠲᠡᠶ ᠪᠠᠢᠭ᠎ᠠ ᠪᠠᠢᠳᠠᠯ ᠳ᠋ᠤ ᠴᠢᠭᠯᠡᠬᠦᠯᠦᠨ ᠶᠡᠷᠦᠩᠬᠡᠢᠯᠡᠨ ᠵᠠᠰᠠᠬᠤ ᠲᠥᠪ ᠲᠦᠷᠦᠭᠦᠯᠡᠨ ᠣᠯᠠᠨ ᠲᠠᠯ᠎ᠠ᠎ᠶ᠋ᠢᠨ ᠬᠦᠴᠦᠨ᠎ᠢ ᠵᠣᠬᠢᠴᠠᠭᠤᠯᠵᠤ ᠵᠢᠭᠡᠯᠡᠯᠭᠡ᠎ᠶ᠋ᠢᠨ ᠬᠤᠭᠤᠴᠠᠭ᠎ᠠ᠎ᠶ᠋ᠢ ᠤᠷᠲᠤᠳᠭᠠᠪᠡ; ᠬᠦᠷᠰᠢ ᠵᠡᠷᠭᠡᠯᠡᠳᠡᠭᠡ᠎ᠵᠢᠨ ᠬᠢᠨ ᠠᠰᠠᠷ᠎ᠤᠨ ᠭᠤᠳᠤᠮᠵᠢ᠎ᠳᠤ ᠡᠳ᠋ ᠪᠤᠳᠠᠰ ᠣᠪᠣᠭᠠᠯᠠᠬᠰᠠᠨᠠᠴᠠ ᠵᠦᠷᠢᠴᠡᠯ ᠮᠦᠷᠬᠦᠯᠳᠦᠭᠡᠨ ᠭᠠᠷᠴᠤ ᠪᠠᠢᠭ᠎ᠠ ᠪᠠᠢᠳᠠᠯ ᠳ᠋ᠤ ᠴᠢᠭᠯᠡᠬᠦᠯᠦᠨ᠂ ᠲᠣᠣᠷᠵᠢᠯ ᠤ᠋ᠨ ᠨᠠᠮ᠎ᠤᠨ ᠳᠤᠭᠤᠢᠯᠠᠩ ᠰᠠᠢᠳᠤᠷ ᠡᠶᠡᠳᠡᠭᠦᠯᠦᠨ ᠵᠤᠬᠢᠴᠠᠭᠤᠯᠤᠨ᠎ᠠ; ᠭᠤᠨᠢ ᠨᠠᠰᠤᠲᠠᠨ ᠡᠮ ᠬᠤᠳᠠᠯᠳᠤᠨ ᠠᠪᠬᠤ ᠴᠢᠬᠤᠯᠠᠲᠠᠶ ᠪᠤᠯ ᠭᠠᠷ ᠤᠲᠠᠰᠤᠨ᠎ᠤ ᠺᠣᠳ᠋ ᠵᠢᠡᠨ ᠱᠢᠷᠪᠢᠪᠡᠯ ᠡᠷᠬᠢᠨ ᠲᠣᠭᠣᠷᠢᠨ᠎ᠤ ᠡᠮ᠎ᠦᠨ ᠳᠡᠯᠭᠡᠭᠦᠷ᠎ᠦᠨ ᠤᠷᠤᠨ ᠪᠠᠢᠷᠢ᠎ᠶ᠋ᠢ ᠮᠡᠳᠡᠵᠦ᠍ ᠪᠣᠯᠤᠨ᠎ᠠ ᠁ ᠲᠦᠩᠯᠢᠶᠣᠤ ᠬᠣᠲᠠ ᠨᠠᠮ᠎ᠤᠨ ᠪᠠᠢᠭᠤᠯᠤᠯᠲᠠ᠎ᠪᠠᠷ ᠬᠦᠳᠦᠯᠦᠨ ᠳᠠᠭᠠᠭᠤᠯᠵᠦ᠂ ᠲᠤᠤᠷᠵᠢᠯ᠎ᠢᠶᠠᠷ ᠰᠠᠭᠤᠷᠢ ᠪᠣᠯᠭᠠᠵᠤ᠂ ᠲᠣᠭᠠᠴᠢᠯᠠᠯᠲᠠ᠎ᠪᠠᠷ ᠵᠢᠭᠦᠷ ᠪᠣᠯᠭᠠᠵᠤ᠂ ᠨᠡᠢᠭᠡᠮ᠎ᠦᠨ ᠵᠠᠰᠠᠯᠲᠠ᠎ᠶ᠋ᠢ ᠦᠨᠳᠦᠰᠦᠨ ᠱᠠᠲᠤᠨ᠎ᠤ 《ᠨᠠᠷᠢᠨ ᠰᠤᠳᠠᠯ》 ᠬᠦᠷᠲᠡᠯ᠎ᠡ ᠤᠷᠲᠤᠳᠭᠠᠵᠤ᠂ ᠣᠨᠣᠴᠠᠲᠠᠶ ᠦᠶ᠋ᠯᠡᠴᠢᠯᠡᠭᠡ᠎ᠪᠡᠷ ᠠᠷᠠᠳ᠎ᠤᠨ ᠠᠮᠢᠳᠤᠷᠠᠯ᠎ᠤᠨ ᠵᠦᠷᠢᠴᠡᠯ ᠵᠠᠭᠤᠷᠠᠯᠳᠤᠭᠠᠨ ᠢ᠋ ᠲᠤᠬᠢᠳᠠᠢ ᠰᠠᠢᠬᠠᠨ ᠰᠢᠢᠳᠪᠤᠷᠢᠯᠠᠨ᠎ᠠ᠃
ᠡᠲᠡᠭᠡᠷ ᠠᠯᠢ ᠣᠯᠠᠨ ᠠᠷᠠᠳ᠎ᠲᠤ ᠲᠥᠬᠥᠮ ᠦᠵᠡᠭᠦᠯᠬᠦ᠌ ᠥᠨᠳᠥᠷ ᠪᠦᠲᠦᠮᠵᠢᠲᠡᠶ ᠵᠠᠰᠠᠯᠲᠠ᠎ᠶ᠋ᠢᠨ ᠠᠷᠭ᠎ᠠ ᠬᠡᠮᠵᠢᠶ᠎ᠡ ᠨᠤᠬᠦᠳ ᠨᠢ ᠨᠢᠭᠡᠨ ᠴᠢᠩᠭ᠎ᠠ ᠬᠦᠴᠦᠲᠡᠶ ᠨᠢᠭᠡᠳᠦᠯᠲᠡᠶ ᠲᠥᠯᠥᠪᠯᠡᠨ ᠵᠣᠬᠢᠴᠠᠭᠤᠯᠬᠤ 《ᠶᠡᠬᠡ ᠲᠠᠷᠢᠬᠢ》 ᠡᠴᠡ ᠰᠠᠯᠵᠤ ᠴᠢᠳᠠᠬᠤ ᠦᠭᠡᠢ ᠶᠤᠮ᠃ ᠲᠡᠷᠡ ᠨᠢ ᠲᠠᠷᠤᠢ ᠲᠦᠩᠯᠢᠶᠣᠤ ᠬᠣᠲᠠ᠎ᠶ᠋ᠢᠨ ᠨᠡᠢᠭᠡᠮ᠎ᠦᠨ ᠠᠮᠤᠷ ᠢ ᠬᠠᠮᠠᠭᠠᠯᠠᠬᠤ ᠶᠡᠷᠦᠩᠬᠡᠢᠯᠡᠨ ᠵᠠᠰᠠᠬᠤ ᠲᠥᠪ ᠪᠤᠯᠤᠨ᠎ᠠ᠃ ᠶᠡᠷᠦᠩᠬᠡᠢᠯᠡᠨ ᠵᠠᠰᠠᠬᠤ ᠲᠥᠪ᠎ᠦᠨ 9600 ᠭᠠᠷᠤᠶ ᠲᠡᠭ᠌ᠰᠢ ᠳᠥᠷᠪᠡᠯᠵᠢᠨ ᠮᠧᠲ᠋ᠷ᠎ᠦᠨ ᠠᠯᠪᠠᠯᠠᠬᠤ ᠲᠤᠭᠤᠷᠢᠭ ᠲᠸ᠋ ᠬᠦᠷᠪᠡᠯ᠂ ᠵᠥᠷᠢᠴᠡᠯ ᠵᠠᠭᠤᠷᠠᠯᠳᠤᠭᠠᠨ᠎ᠢ ᠭᠥᠯᠢᠶᠡᠨ ᠠᠪᠴᠤ᠌ ᠱᠢᠶ᠋ᠳᠪᠦᠷᠢᠯᠡᠬᠦ᠌᠂ ᠵᠠᠷᠭᠤ ᠵᠠᠭᠠᠯᠳᠤᠯᠭ᠎ᠠ᠎ᠶ᠋ᠢᠨ ᠦᠶ᠋ᠯᠡᠴᠢᠯᠡᠭᠡ᠂ ᠵᠠᠬᠢᠳᠠᠯ ᠰᠤᠷᠪᠤᠯᠵᠢᠯᠠᠯ ᠢ᠋ ᠭᠥᠯᠢᠶᠡᠨ ᠠᠪᠬᠤ ᠵᠡᠷᠭᠡ ᠴᠣᠩᠬᠣᠪᠴᠢ ᠪᠦᠷᠢᠨ ᠪᠠᠢᠵᠤ᠂ 10 ᠭᠠᠷᠤᠶ ᠡᠶᠡᠳᠡᠭᠦᠯᠬᠦ᠌ ᠲᠠᠰᠤᠭ ᠵᠢᠭᠳᠡ ᠵᠢᠭ᠍ᠰᠠᠵᠤ᠂ ᠳᠣᠲᠣᠭᠠᠳᠤ᠎ᠶ᠋ᠢ ᠬᠠᠮᠠᠭᠠᠯᠠᠬᠤ᠂ ᠬᠠᠤᠯᠢ ᠴᠠᠭᠠᠵᠠ᠂ ᠮᠥᠩᠭᠥᠨ ᠭᠦᠶ᠋ᠯᠭᠡᠭᠡᠨ᠂ ᠡᠮ ᠡᠮᠨᠡᠯᠭᠡ ᠵᠡᠷᠭᠡ 34 ᠨᠢᠭᠡᠴᠢ ᠪᠠᠢᠩᠭᠤ ᠰᠠᠭᠤᠵᠤ ᠬᠠᠮᠵᠢᠯᠴᠠᠨ ᠬᠣᠯᠪᠣᠭᠠᠯᠠᠨ ᠬᠥᠳᠡᠯᠦᠯᠴᠡᠵᠦ᠍᠂ 9 ᠬᠣᠱᠢᠭᠤ ᠱᠢᠶᠠᠨ ᠬᠣᠲᠠ ᠲᠣᠭᠣᠷᠢᠭ᠎ᠤᠨ 129 ᠰᠤᠮᠤ ᠱᠢᠶᠠᠩ ᠪᠠᠯᠭᠠᠰᠤ ᠵᠡᠭᠡᠯᠢ ᠭᠤᠳᠤᠮᠵᠢ᠎ᠶ᠋ᠢᠨ ᠶᠡᠷᠦᠩᠬᠡᠢᠯᠡᠨ ᠵᠠᠰᠠᠬᠤ ᠲᠥᠪ᠎ᠢ ᠭᠤᠯᠳᠤ᠎ᠪᠠᠷ ᠨᠡᠪᠲᠡᠷᠡᠭᠦᠯᠬᠦ᠌᠎ᠶ᠋ᠢ ᠨᠢᠭᠡᠳᠦᠯᠲᠡᠶ ᠲᠥᠯᠥᠪᠯᠡᠨ ᠠᠬᠢᠭᠤᠯᠵᠤ᠂ ᠣᠯᠠᠨ ᠲᠦᠮᠡᠨ᠎ᠳᠦ ᠱᠢᠭᠤᠳ ᠬᠠᠨᠳᠤᠬᠰᠠᠨ ᠨᠢᠭᠡ ᠥᠷᠲᠡᠭᠡᠴᠢᠯᠡᠭᠰᠡᠨ ᠬᠡᠯᠪᠡᠷᠢ ᠵᠢᠨ ᠵᠠᠰᠠᠯᠳᠠ ᠵᠢᠨ ᠦᠶ᠋ᠯᠡᠴᠢᠯᠡᠭᠡᠨ᠎ᠦ ᠵᠢᠭ᠍ᠰᠠᠭᠠᠯ᠎ᠤᠨ ᠭᠠᠵᠠᠷ᠎ᠢ ᠪᠠᠢᠭᠤᠯᠪᠠ᠃
2025 ᠤᠨ᠎ᠤ 12 ᠰᠠᠷ᠎ᠠ᠎ᠶ᠋ᠢᠨ 13 ᠤ᠋ ᠡᠳᠦᠷ᠂ ᠶᠡᠷᠦᠩᠬᠡᠢᠯᠡᠨ ᠵᠠᠰᠠᠬᠤ ᠲᠥᠪ᠎ᠦᠨ ᠡᠶᠡᠳᠡᠭᠦᠯᠬᠦ᠌ ᠲᠠᠰᠤᠭ᠎ᠲᠤ ᠮᠥᠩᠭᠥᠨ ᠭᠦᠶ᠋ᠯᠭᠡᠭᠡᠨ᠎ᠦ ᠵᠠᠭᠤᠷᠠᠯᠳᠤᠭᠠᠨ᠎ᠢ ᠡᠶᠡᠳᠡᠭᠦᠯᠬᠦ᠌ ᠠᠵᠢᠯ ᠶᠠᠭ ᠶᠠᠪᠤᠭ᠍ᠳᠠᠵᠤ ᠪᠠᠢᠯ᠎ᠠ᠃ ᠬᠠᠮᠢᠶ᠎ᠠ ᠪᠦᠬᠦᠢ ᠠᠵᠢᠯᠲᠠᠨ ᠡᠴᠡ ᠶᠣᠰᠣ ᠤᠴᠢᠷ᠎ᠢ ᠲᠠᠢᠯᠪᠤᠷᠢᠯᠠᠨ ᠬᠦᠯᠢᠴᠡᠡᠭᠭᠦᠢ ᠪᠡᠷ ᠢᠳᠬᠠᠵᠤ᠂ ᠡᠴᠦᠰ᠎ᠲᠡᠬᠡᠨ ᠵᠣᠭᠣᠰ ᠥᠷᠢᠲᠦᠭ᠌ᠰᠡᠨ ᠲᠠᠯ᠎ᠠ ᠨᠢ ᠲᠡᠷᠡ ᠲᠠᠷᠤᠢᠬᠠᠨ ᠳᠠᠩᠰᠠ ᠱᠢᠯᠵᠢᠭᠦᠯᠵᠦ᠍᠂ ᠬᠣᠶᠠᠷ ᠲᠠᠯ᠎ᠠ᠎ᠪᠠᠷ᠎ᠢᠶᠠᠨ ᠡᠶᠡᠳᠡᠪᠡ᠃ ᠡᠢᠨ ᠬᠦ᠌ ᠤᠷᠤᠭ᠍ᠰᠢᠲᠠᠢ ᠡᠶᠡᠳᠡᠭᠦᠯᠬᠡ ᠨᠢ 《ᠵᠠᠭᠠᠯᠳᠤᠯᠭ᠎ᠠ ᠪᠠ ᠡᠶᠡᠳᠡᠭᠦᠯᠬᠡ᠎ᠶ᠋ᠢ ᠵᠣᠯᠭᠠᠭᠤᠯᠬᠤ》᠂ 《ᠴᠠᠭ᠍ᠳᠠᠭ᠎ᠠ ᠪᠠ ᠡᠶᠡᠳᠡᠭᠦᠯᠬᠡ᠎ᠶ᠋ᠢ ᠵᠣᠯᠭᠠᠭᠤᠯᠬᠤ》᠂ 《ᠰᠤᠷᠪᠤᠯᠵᠢᠯᠠᠯ ᠪᠠ ᠡᠶᠡᠳᠡᠭᠦᠯᠬᠡ᠎ᠶ᠋ᠢ ᠵᠣᠯᠭᠠᠭᠤᠯᠬᠤ》 ᠲᠣᠭ᠍ᠲᠠᠴᠠ᠎ᠵᠢ ᠬᠡᠷᠡᠭᠵᠢᠬᠦᠯᠦᠭᠰᠡᠨ ᠡᠴᠡ ᠪᠤᠯᠤᠭᠰᠠᠨ ᠶᠤᠮ᠃ ᠤᠯᠠᠨ ᠰᠠᠯᠠᠭ᠎ᠠ ᠮᠥᠴᠢᠷ ᠬᠠᠮᠵᠢᠯᠴᠠᠨ ᠬᠠᠮᠲᠤᠷᠠᠯᠴᠠᠵᠤ᠂ ᠵᠥᠷᠢᠴᠡᠯ ᠵᠠᠭᠤᠷᠠᠯᠳᠤᠭᠠᠨ᠎ᠢ ᠴᠤᠬᠤᠢᠯᠳᠠ ᠵᠢᠨ ᠬᠤᠭᠤᠴᠠᠭᠠᠨ᠎ᠳᠦ᠎ᠨᠢ ᠱᠢᠢᠳᠪᠦᠷᠢᠯᠡᠵᠦ᠍᠂ ᠤᠯᠠᠨ ᠲᠦᠮᠡᠨ᠎ᠳᠦ ᠥᠪᠡᠷ᠎ᠦᠨ ᠦᠷᠳᠡᠭᠲᠤᠤᠷᠠ᠂ ᠦᠷ᠎ᠡ ᠪᠦᠲᠦᠮᠵᠢ ᠦᠨᠳᠦᠷ᠂ ᠰᠣᠩᠭᠣᠯᠲᠠᠤᠯᠠᠨ ᠵᠠᠭᠤᠷᠠᠯᠳᠤᠭᠠᠨ᠎ᠢ ᠱᠢᠢᠳᠪᠦᠷᠢᠯᠡᠬᠦ᠌ ᠠᠷᠭ᠎ᠠ ᠵᠠᠮ᠎ᠢ ᠬᠠᠩᠭᠠᠵᠤ᠂ ᠤᠯᠠᠨ ᠲᠦᠮᠡᠨ᠎ᠦ ᠬᠦᠰᠡᠯ ᠱᠠᠭᠠᠷᠳᠠᠯᠭ᠎ᠠ ᠨᠢᠭᠡᠪᠦᠷᠢ᠎ᠶ᠋ᠢ ᠱᠢᠢᠳᠪᠦᠷᠢᠯᠡᠬᠦ᠌ ᠬᠥᠮᠦᠨ᠎ᠲᠡᠶ ᠪᠦᠭᠡᠳ ᠬᠠᠤᠯᠢ ᠶᠣᠰᠣᠭᠠᠷ ᠱᠢᠢᠳᠪᠦᠷᠢᠯᠡᠬᠦ᠌᠎ᠶ᠋ᠢ ᠪᠠᠲᠤᠯᠠᠭ᠍ᠰᠠᠨ ᠪᠠᠢᠨ᠎ᠠ᠃ ᠶᠡᠷᠦᠩᠬᠡᠢᠯᠡᠨ ᠵᠠᠰᠠᠬᠤ ᠲᠥᠪ᠎ᠨᠢ 2024 ᠣᠨ᠎ᠤ 9 ᠰᠠᠷ᠎ᠠ᠎ᠳᠤ ᠠᠵᠢᠯᠯᠠᠭᠠᠨ ᠵᠢᠡᠨ ᠡᠬᠢᠯᠡᠬᠦᠯᠦᠭᠰᠡᠨ᠎ᠠᠴᠠ ᠨᠠᠭᠠᠰᠢ᠂ ᠡᠯ᠎ᠡ ᠲᠥᠷᠥᠯ᠎ᠦᠨ ᠵᠥᠷᠢᠴᠡᠯ ᠵᠠᠭᠤᠷᠠᠯᠳᠤᠭᠠᠨ᠎ᠢ ᠨᠢᠭᠡᠨᠲᠡ 8826 ᠬᠤᠪᠢ ᠱᠢᠶ᠋ᠳᠪᠦᠷᠢᠯᠡᠵᠦ᠍᠂ ᠱᠢᠶ᠋ᠳᠪᠦᠷᠢᠯᠡᠭ᠌ᠰᠡᠨ ᠨᠣᠷᠮ᠎ᠠ᠎ᠨᠢ 94.8% ᠳ᠋ᠤ ᠬᠦᠷᠴᠡᠶ᠃
ᠬᠡᠷᠪᠡ ᠶᠡᠷᠦᠩᠬᠡᠢᠯᠡᠨ ᠵᠠᠰᠠᠬᠤ ᠲᠥᠪ᠎ᠢ ᠨᠢᠭᠡᠳᠦᠯᠲᠡᠶ ᠲᠥᠯᠥᠪᠯᠡᠨ ᠵᠣᠬᠢᠴᠠᠭᠤᠯᠬᠤ 《ᠶᠡᠬᠡ ᠲᠠᠷᠢᠬᠢ》 ᠭᠡᠵᠦ᠍ ᠬᠡᠯᠡᠬᠦ᠌᠎ᠳᠦ ᠭᠦᠷᠪᠡᠯ᠂ ᠬᠣᠲᠠ ᠬᠥᠳᠡᠭᠡ᠎ᠳᠦ ᠨᠡᠢᠳᠡᠮ ᠲᠠᠷᠬᠠᠵᠤ ᠪᠠᠢᠭ᠎ᠠ ᠲᠤᠤᠷᠵᠢᠯ ᠪᠣᠯ ᠠᠷᠠᠳ᠎ᠤᠨ ᠪᠠᠢᠳᠠᠯ᠎ᠢ ᠣᠢᠯᠠᠭᠠᠬᠤ 《ᠰᠡᠷᠡᠯ᠎ᠦᠨ ᠲᠡᠮᠳᠡᠷᠢᠬᠦᠯ》 ᠮᠥᠨ᠃ ᠣᠢᠷ᠎ᠠ᠎ᠶ᠋ᠢᠨ ᠵᠢᠯ᠎ᠦᠨ ᠲᠤᠷᠰᠢ᠂ ᠲᠦᠩᠯᠢᠶᠣᠤ ᠬᠣᠲᠠ ᠱᠢᠨ᠎ᠡ ᠴᠠᠭ ᠦᠶ᠎ᠡ᠎ᠶ᠋ᠢᠨ 《ᠹᠧᠩᠴᠢᠶᠣᠤ᠎ᠶ᠋ᠢᠨ ᠲᠤᠷᠱᠢᠯᠭ᠎ᠠ》 ᠶ᠋ᠢ ᠪᠠᠷᠢᠮᠲᠠᠯᠠᠨ ᠬᠥᠭ᠌ᠵᠢᠭᠦᠯᠵᠦ᠍᠂ ᠶᠡᠷᠦᠩᠬᠡᠢᠯᠡᠨ ᠵᠠᠰᠠᠬᠤ ᠲᠥᠪ᠎ᠦᠨ ᠵᠢᠷᠤᠮᠵᠢᠭ᠍ᠰᠠᠨ ᠪᠠᠢᠭᠤᠯᠤᠯᠲᠠ᠎ᠶ᠋ᠢ ᠠᠬᠢᠭᠤᠯᠬᠤ᠎ᠪᠠᠷ ᠳᠡᠮᠵᠢᠨ᠂ 《ᠲᠤᠤᠷᠵᠢᠯ ᠤ᠋ᠨ ᠨᠠᠮ᠎ᠤᠨ ᠳᠤᠭᠤᠢᠯᠠᠩ + ᠲᠤᠤᠷᠵᠢᠯ ᠤ᠋ᠨ ᠨᠠᠮ᠎ᠤᠨ ᠭᠡᠱᠢᠭᠦᠨ + ᠠᠰᠠᠷ (ᠬᠣᠯᠪᠣᠭᠠᠲᠤ ᠡᠷᠦᠬᠡ)᠎ᠤ᠋ᠨ ᠳᠠᠷᠤᠭ᠎ᠠ》 ᠶ᠋ᠢᠨ ᠪᠢᠴᠢᠯ ᠵᠠᠰᠠᠯᠲᠠ᠎ᠶ᠋ᠢᠨ ᠱᠢᠰᠲ᠋ᠧᠮ᠎ᠢ ᠪᠠᠢᠭᠤᠯᠵᠤ᠂ 7390 ᠲᠤᠤᠷᠵᠢᠯ᠎ᠤᠨ ᠨᠠᠮ᠎ᠤᠨ ᠳᠤᠭᠤᠢᠯᠠᠩ᠎ᠢ ᠣᠯᠠᠨ ᠲᠦᠮᠡᠨ᠎ᠳᠦ ᠦᠶ᠋ᠯᠡᠴᠢᠯᠡᠬᠦ᠌ ᠬᠠᠮᠤᠭ᠎ᠤᠨ ᠡᠮᠦᠨ᠎ᠡ ᠹᠷᠣᠨᠲ ᠪᠣᠯᠭᠠᠨ ᠪᠠᠢᠭᠤᠯᠵᠤ᠂ 1.3 ᠲᠦᠮᠡᠨ ᠲᠤᠤᠷᠵᠢᠯ ᠤ᠋ᠨ ᠨᠠᠮ᠎ᠤᠨ ᠭᠡᠱᠢᠭᠦᠨ ᠪᠠ 3.9 ᠲᠦᠮᠡᠨ ᠠᠰᠠᠷ (ᠬᠣᠯᠪᠣᠭᠠᠲᠤ ᠡᠷᠦᠬᠡ) ᠤ᠋ᠨ ᠲᠠᠷᠤᠭ᠎ᠠ ᠵᠢ 《ᠠᠷᠠᠳ᠎ᠤᠨ ᠪᠠᠢᠳᠠᠯ᠎ᠤᠨ ᠬᠠᠷᠠᠭᠤᠯ》 ᠪᠣᠯᠭᠠᠨ ᠬᠤᠪᠢᠷᠠᠭᠤᠯᠵᠤ᠂ ᠠᠷᠠᠳ᠎ᠤᠨ ᠪᠠᠢᠳᠠᠯ᠎ᠢ ᠤᠢᠯᠠᠭᠠᠵᠤ᠂ ᠬᠦᠰᠡᠯ ᠱᠠᠭᠠᠷᠳᠠᠯᠭ᠎ᠠ᠎ᠶ᠋ᠢ ᠬᠣᠷᠢᠶᠠᠨ ᠴᠤᠭ᠍ᠯᠠᠭᠤᠯᠵᠤ᠂ ᠣᠯᠠᠨ ᠲᠦᠮᠡᠨ᠎ᠦ ᠬᠦᠰᠡᠯ ᠱᠠᠭᠠᠷᠳᠠᠯᠭᠠᠳ᠋ᠤ ᠬᠠᠷᠢᠭᠤ ᠦᠭᠭᠦ ᠬᠥᠮᠦᠨ᠎ᠲᠡᠶ᠂ ᠬᠦᠴᠢᠷ ᠠᠰᠠᠭᠤᠳᠠᠯ᠎ᠢ ᠬᠠᠮᠢᠶᠠᠷᠤᠨ ᠰᠢᠢᠳᠪᠤᠷᠢᠯᠡᠬᠦ ᠬᠥᠮᠦᠨ᠎ᠲᠡᠶ ᠪᠣᠯᠭᠠᠪᠠ᠃
ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠤ ᠣᠪᠣᠭ᠎ᠠ ᠰᠤᠮᠤ 《ᠨᠠᠮ᠎ᠤᠨ ᠤᠳᠤᠷᠢᠳᠬᠤ ᠪᠠᠭ᠎ᠠ ᠳᠤᠭᠤᠢᠯᠠᠩ + ᠲᠤᠤᠷᠵᠢᠯ᠎ᠤᠨ ᠠᠵᠢᠯᠲᠠᠨ + ᠬᠣᠯᠪᠣᠭᠠᠯᠠᠭ᠍ᠰᠠᠨ ᠡᠷᠦᠭᠡ᠎ᠶᠢᠨ ᠳᠠᠷᠤᠭ᠎ᠠ》᠎ᠶ᠋ᠢᠨ ᠵᠠᠭ᠍ᠪᠤᠷ᠎ᠲᠤ ᠲᠦᠱᠢᠭ᠌ᠯᠡᠨ᠂ 32 ᠲᠤᠤᠷᠵᠢᠯ᠎ᠤᠨ ᠨᠠᠮ᠎ᠤᠨ ᠤᠳᠤᠷᠢᠳᠬᠤ ᠪᠠᠭ᠎ᠠ ᠳᠤᠭᠤᠢᠯᠠᠩ᠂ 64 ᠲᠤᠤᠷᠵᠢᠯ᠎ᠤᠨ ᠠᠵᠢᠯᠲᠠᠨ ᠪᠣᠯᠤᠨ 128 ᠬᠣᠯᠪᠣᠭᠠᠯᠠᠭ᠍ᠰᠠᠨ ᠡᠷᠦᠭᠡ᠎ᠶᠢᠨ ᠳᠠᠷᠤᠭ᠎ᠠ ᠲᠣᠬᠢᠷᠠᠭᠤᠯᠵᠤ᠂ ᠪᠦᠬᠦᠨ᠎ᠢ ᠬᠠᠮᠤᠷᠤᠭ᠍ᠰᠠᠨ ᠵᠠᠰᠠᠯᠲᠠ᠎ᠶ᠋ᠢᠨ ᠲᠤᠤᠷ᠎ᠢ ᠨᠢᠭ᠍ᠲᠠ ᠰᠦᠯᠵᠢᠪᠡ᠃ 《ᠣᠯᠠᠨ ᠲᠦᠮᠡᠨ ᠬᠠᠭᠤᠳᠠᠰᠤ ᠵᠠᠬᠢᠶᠠᠯᠠᠬᠤ — ᠲᠤᠤᠷᠵᠢᠯ ᠡᠴᠡ ᠬᠠᠭᠤᠳᠠᠰᠤ ᠲᠣᠮᠢᠯᠠᠬᠤ — ᠨᠠᠮ᠎ᠤᠨ ᠭᠡᠱᠢᠭᠦᠨ ᠬᠠᠭᠤᠳᠠᠰᠤ ᠲᠣᠰᠭᠤ》 ᠲᠤᠭᠤᠷᠢᠬᠯᠠᠬᠰᠠᠨ ᠴᠤᠪᠤᠷᠠᠯ᠎ᠤᠨ ᠲᠣᠭ᠍ᠲᠠᠴᠠ ᠵᠢᠨ ᠱᠢᠨ᠎ᠡ᠎ᠶ᠋ᠢ ᠡᠭᠦᠳᠴᠦ᠂ 《ᠨᠠᠮ᠎ᠤᠨ ᠡᠭᠦᠷ᠎ᠦᠨ ᠱᠦᠵᠢ》 ᠶ᠋ᠢᠨ ᠡᠶᠡᠳᠡᠭᠦᠯᠬᠦ᠌ ᠲᠠᠰᠤᠭ᠎ᠲᠤ ᠲᠦᠱᠢᠭ᠌ᠯᠡᠨ ᠵᠥᠷᠢᠴᠡᠯ ᠵᠠᠭᠤᠷᠠᠯᠳᠤᠭᠠᠨ᠎ᠢ ᠡᠶᠡᠳᠡᠭᠦᠯᠵᠦ᠍᠂ ᠲᠣᠰᠭᠣᠨ᠎ᠤ ᠠᠷᠠᠳ᠎ᠤᠨ ᠬᠡᠷᠡᠭ ᠵᠥᠪᠯᠡᠬᠦ ᠬᠤᠷᠠᠯ᠎ᠢ ᠠᠱᠢᠭ᠍ᠯᠠᠨ ᠲᠣᠰᠭᠣᠨ᠎ᠤ ᠠᠷᠠᠳ᠎ᠤᠨ ᠠᠩᠬᠠᠷᠴᠤ᠌ ᠪᠠᠢᠭ᠎ᠠ ᠠᠰᠠᠭᠤᠳᠠᠯ᠎ᠢ ᠰᠢᠢᠳᠪᠦᠷᠢᠯᠡᠵᠦ᠂ ᠬᠤᠪᠢ ᠬᠤᠷᠠᠮᠳᠤᠭᠤᠯᠬᠤ ᠬᠡᠲᠦ ᠳᠡᠯᠭᠡᠭᠦᠷ᠎ᠦᠨ ᠤᠷᠮᠠᠱᠢᠭᠤᠯᠬᠤ ᠲᠣᠭ᠍ᠲᠠᠴᠠ ᠨᠢ ᠲᠣᠰᠭᠣᠨ᠎ᠤ ᠠᠷᠠᠳ᠎ᠤᠨ ᠲᠥᠷᠥ᠎ᠶ᠋ᠢᠨ ᠪᠣᠳᠣᠯᠭ᠎ᠠ᠎ᠶ᠋ᠢᠨ ᠤᠬᠠᠭᠤᠯᠭ᠎ᠠ ᠪᠠ ᠣᠷᠴᠢᠨ ᠲᠣᠭᠣᠷᠢᠨ᠎ᠢ ᠴᠡᠭ᠌ᠴᠡᠯᠡᠨ ᠵᠠᠰᠠᠬᠤ᠎ᠳᠤ ᠣᠷᠣᠯᠴᠠᠬᠤ ᠬᠠᠯᠠᠭᠤᠨ ᠰᠡᠳᠭᠢᠯᠭᠡ᠎ᠶ᠋ᠢ ᠨᠠᠩ ᠬᠥᠭ᠌ᠵᠢᠭᠡᠪᠡ᠃
ᠪᠤᠳᠠᠲᠦ ᠴᠤᠬᠴᠠ᠎ᠶᠢᠨ ᠵᠠᠰᠠᠯᠲᠠ᠎ᠶᠢᠨ ᠡᠷᠴᠢᠮ᠎ᠢ ᠴᠢᠩᠭᠠᠷᠠᠭᠤᠯᠵᠤ᠂ ᠰᠦᠯᠵᠢᠶᠡᠨ ᠳᠡᠭᠡᠷᠡᠬᠢ ᠦᠢᠯᠡᠴᠢᠯᠡᠭᠡ ᠵᠢᠨ ᠬᠤᠷᠳᠤᠴᠠ᠎ᠵᠢ ᠳᠡᠭᠡᠭ᠌ᠰᠢᠯᠡᠭᠦᠯᠪᠡ᠃ 2025 ᠣᠨ᠎ᠠᠴᠠ ᠨᠠᠭᠠᠰᠢ᠂ ᠲᠦᠩᠯᠢᠶᠣᠤ ᠬᠣᠲᠠ ᠥᠪᠡᠷᠲᠡᠭᠡᠨ ᠵᠠᠰᠠᠬᠤ ᠣᠷᠣᠨ᠎ᠤ ᠶᠡᠷᠦᠩᠬᠡᠢᠯᠡᠨ ᠵᠠᠰᠠᠬᠤ ᠪᠠ ᠲᠤᠤᠷᠵᠢᠯᠳᠠ ᠵᠢᠨ ᠮᠡᠳᠡᠭᠡ ᠵᠠᠩᠭᠢ᠎ᠶ᠋ᠢᠨ ᠱᠢᠰᠲ᠋ᠧᠮ᠎ᠢ ᠪᠥᠬᠥ᠌ ᠲᠠᠯ᠎ᠠ᠎ᠪᠠᠷ ᠳᠡᠯᠭᠡᠷᠡᠭᠦᠯᠦᠨ ᠬᠡᠷᠡᠭ᠌ᠯᠡᠵᠦ᠍᠂ ᠦᠨᠳᠦᠰᠦᠨ ᠱᠠᠲᠤᠨ᠎ᠤ ᠪᠣᠳᠠᠲᠤ ᠦᠢᠯᠡᠳᠦᠯᠭᠡ᠎ᠳᠤ ᠬᠦᠴᠦᠨ ᠤᠯᠭᠤᠵᠦ᠂ ᠵᠠᠰᠠᠯᠲᠠ᠎ᠶ᠋ᠢᠨ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠪᠡ᠃ 10 ᠰᠠᠷ᠎ᠠ᠎ᠳᠤ᠂ ᠲᠦᠩᠯᠢᠶᠣᠤ ᠬᠣᠲᠠ᠎ᠶ᠋ᠢᠨ ᠶᠡᠷᠦᠩᠬᠡᠢᠯᠡᠨ ᠵᠠᠰᠠᠬᠤ ᠲᠥᠪ 《ᠰᠦᠯᠵᠢᠶᠡᠨ ᠳᠡᠭᠡᠷᠡᠬᠢ ᠹᠸᠩ ᠴᠢᠶᠣᠤ᠎ᠶ᠋ᠢᠨ ᠦᠭᠡ ᠦᠯᠡᠳᠡᠭᠡᠬᠦ᠌ ᠰᠠᠮᠪᠠᠷ᠎ᠠ》 ᠵᠢᠷᠬᠢᠶ᠎ᠡ᠎ᠶᠢᠨ ᠵᠢᠵᠢᠭ ᠫᠷᠤᠭ᠌ᠷᠠᠮ᠎ᠢ ᠵᠢᠩᠬᠢᠨᠢ᠎ᠪᠡᠷ ᠨᠡᠪᠲᠡᠷᠡᠭᠦᠯᠵᠦ᠍᠂ ᠬᠠᠤᠯᠢ ᠴᠠᠭᠠᠵᠠ᠎ᠶ᠋ᠢᠨ ᠵᠥᠪᠯᠡᠯᠭᠡ ᠥᠭ᠌ᠬᠦ᠂ ᠬᠦᠰᠡᠯ ᠱᠠᠭᠠᠷᠳᠠᠯᠭ᠎ᠠ᠎ᠪᠠᠨ ᠳᠡᠭᠡᠭ᠌ᠰᠢ ᠮᠡᠳᠡᠭᠦᠯᠬᠦ᠌᠂ ᠠᠬᠢᠴᠠ᠎ᠪᠠᠨ ᠪᠠᠢᠴᠠᠭᠠᠨ ᠯᠠᠪᠯᠠᠬᠤ ᠵᠡᠷᠭᠡ 7 ᠶᠡᠬᠡ ᠴᠢᠳᠠᠮᠵᠢ᠎ᠶ᠋ᠢ ᠡᠮᠬᠢᠯᠡᠨ ᠨᠡᠢᠯᠡᠭᠦᠯᠵᠦ᠍᠂ ᠣᠯᠠᠨ ᠲᠦᠮᠡᠨ ᠺᠣᠳ᠋ ᠱᠢᠷᠪᠢᠪᠡᠯ ᠳᠠᠷᠤᠶ 《ᠵᠠᠬᠢᠶᠠᠯᠠᠭ᠎ᠠ ᠥᠭ᠌ᠴᠦ》᠂ 《ᠠᠯᠠᠭᠠᠨ ᠳᠡᠭᠡᠷ᠎ᠡ ᠭᠦᠶ᠋ᠴᠡᠳᠭᠡᠬᠦ᠌᠂ ᠴᠠᠭ ᠲᠤᠬᠠᠶ᠎ᠳᠤᠨᠢ ᠦᠵᠡᠬᠦ᠌᠂ ᠪᠥᠬᠥ᠌ ᠶᠠᠪᠤᠴᠠ᠎ᠵᠢ ᠱᠠᠯᠠᠪᠳᠠᠭᠤᠯᠬᠤ》 ᠶ᠋ᠢ ᠪᠡᠶᠡᠯᠡᠭᠦᠯᠵᠦ᠍᠂ ᠦᠨᠳᠦᠰᠦᠨ ᠱᠠᠲᠤᠨ᠎ᠤ ᠨᠡᠢᠲᠡ 489 ᠭᠠᠷᠤᠶ ᠵᠠᠭᠤᠷᠠᠯᠳᠤᠭᠠᠨ᠎ᠢ ᠱᠢᠶ᠋ᠳᠪᠦᠷᠢᠯᠡᠪᠡ᠃
ᠬᠣᠷᠴᠢᠨ ᠲᠣᠭᠣᠷᠢᠭ᠎ᠤᠨ ᠰᠢ ᠮᠸᠨ ᠵᠡᠭᠡᠯᠢ ᠭᠤᠳᠤᠮᠵᠢ᠎ᠵᠢᠨ ᠬᠡᠷᠡᠭ ᠡᠷᠬᠢᠯᠡᠬᠦ ᠭᠠᠵᠠᠷ᠎ᠲᠤ᠂ 《ᠤᠶᠤᠨᠴᠢ ᠬᠠᠮᠳᠦ ᠪᠡᠷ ᠡᠳ᠋ᠯᠡᠬᠦ ᠰᠢ ᠮᠸᠨ》 ᠲᠠᠪᠴᠠᠩ ᠨᠢ ᠱᠢᠰᠲ᠋ᠧᠮ᠎ᠦᠨ ᠦᠢᠯᠡᠳᠦᠯ ᠴᠢᠳᠠᠮᠵᠢ᠎ᠶ᠋ᠢ ᠤᠯᠠᠮ ᠨᠢᠭᠡ ᠠᠯᠬᠤᠮ ᠤᠷᠲᠤᠳᠭᠠᠵᠤ᠂ ᠲᠣᠭ᠎ᠠ ᠪᠠᠷᠢᠮᠲᠠ᠎ᠶ᠋ᠢᠨ ᠪᠡᠬᠢᠯᠡᠯᠲᠡ᠎ᠶ᠋ᠢ ᠡᠪᠳᠡᠵᠦ᠍᠂ ᠵᠡᠭᠡᠯᠢ ᠭᠤᠳᠤᠮᠵᠢ᠎ᠵᠢᠨ ᠬᠡᠷᠡᠭ ᠡᠷᠬᠢᠯᠡᠬᠦ ᠭᠠᠵᠠᠷ᠂ ᠨᠡᠢᠭᠡᠮ ᠲᠣᠭᠣᠷᠢᠭ᠂ ᠲᠤᠤᠷᠵᠢᠯ ᠭᠤᠷᠪᠠᠨ ᠱᠠᠲᠤ᠎ᠶ᠋ᠢ ᠭᠤᠯᠳᠤ᠎ᠪᠠᠷ ᠨᠡᠪᠲᠡᠷᠡᠭᠦᠯᠵᠦ᠍᠂ ᠡᠯ᠎ᠡ ᠡᠭᠦᠷᠭᠡ ᠴᠢᠳᠠᠪᠬᠢᠲᠤ ᠰᠠᠯᠠᠭ᠎ᠠ ᠮᠥᠴᠢᠷ᠎ᠢ ᠬᠥᠨᠳᠡᠯᠡᠨ᠎ᠢᠶᠡᠷ ᠬᠣᠯᠪᠣᠨ ᠨᠡᠪᠲᠡᠷᠡᠭᠦᠯᠵᠦ᠍᠂ ᠰᠠᠭᠤᠭᠠᠯᠢ ᠠᠷᠠᠳ ᠳᠡᠯᠭᠡᠴᠡ᠎ᠶᠢ ᠬᠦᠩᠭᠡᠭᠡᠨ ᠲᠤᠪᠴᠢᠳᠠᠪᠠᠯ ᠡᠷᠬᠢᠨ ᠲᠣᠭᠣᠷᠢᠨ᠎ᠤ 3 ᠺᠢᠯᠣᠮᠧᠲ᠋ᠷ᠎ᠦᠨ ᠳᠣᠲᠣᠷᠠᠬᠢ ᠠᠷᠠᠳ᠎ᠲᠤ ᠲᠥᠬᠥᠮ ᠦᠵᠡᠭᠦᠯᠬᠦ᠌ ᠦᠶ᠋ᠯᠡᠴᠢᠯᠡᠭᠡᠨ᠎ᠦ ᠡᠬᠢ ᠪᠠᠶᠠᠯᠢᠭ᠂ ᠰᠠᠭᠤᠭᠠᠯᠢ ᠠᠷᠠᠳ᠎ᠤᠨ ᠲᠤᠰᠬᠠᠬᠰᠠᠨ ᠠᠰᠠᠷ᠎ᠤᠨ ᠵᠠᠮ᠎ᠤᠨ ᠳ᠋ᠧᠩ ᠡᠪᠳᠡᠷᠡᠭᠰᠡᠨ᠂ ᠤᠰᠤ ᠬᠤᠷᠠᠭ᠍ᠰᠠᠨ ᠵᠡᠷᠭᠡ ᠠᠰᠠᠭᠤᠳᠠᠯ᠎ᠢ ᠪᠠᠢᠴᠠᠭᠠᠨ ᠯᠠᠪᠯᠠᠵᠤ᠂ 2 ᠴᠠᠭ᠎ᠤᠨ ᠳᠣᠲᠣᠷ᠎ᠠ ᠳᠠᠷᠤᠶ ᠨᠠᠷᠢᠨ ᠣᠨᠣᠪᠴᠢᠲᠠᠶ᠎ᠪᠠᠷ ᠵᠠᠬᠢᠶᠠᠯᠠᠭᠠᠲᠤᠮᠢᠯᠠᠨ ᠱᠢᠶ᠋ᠳᠪᠦᠷᠢᠯᠡᠨ᠎ᠠ᠃ ᠨᠠᠰᠤᠲᠠᠢᠴᠤᠳ ᠵᠡᠷᠭᠡ ᠣᠨᠴᠠᠭᠠᠢ ᠬᠥᠮᠦᠰ᠎ᠲᠦ ᠴᠢᠭ᠌ᠯᠡᠭᠦᠯᠦᠨ᠂ ᠲᠠᠪᠴᠠᠩ ᠨᠢ 《ᠠᠬᠠᠮᠠᠳ᠎ᠦᠨ ᠵᠠᠭ᠍ᠪᠤᠷ》᠎ᠢ᠋ ᠭᠠᠷᠭᠠᠵᠤ᠂ ᠨᠡᠢᠭᠡᠮ ᠲᠣᠭᠣᠷᠢᠭ ᠨᠢ ᠪᠠᠰᠠ 《ᠵᠣᠯ ᠵᠢᠷᠭᠠᠯᠲᠤ ᠵᠠᠬᠢᠶᠠᠯᠠᠭ᠎ᠠ᠎ᠶ᠋ᠢᠨ ᠬᠣᠭᠣᠯᠠ ᠬᠦᠷᠭᠡᠬᠦ᠌ ᠠᠩᠬᠢ》 ᠵᠢ ᠵᠣᠬᠢᠶᠠᠨ ᠪᠠᠢᠭᠤᠯᠵᠤ ᠨᠠᠰᠤᠲᠠᠢᠴᠤᠳ᠎ᠲᠤ ᠬᠣᠭᠣᠯᠠ ᠬᠦᠷᠭᠡᠬᠦ᠌ ᠦᠢᠯᠡᠴᠢᠯᠡᠭᠡ ᠬᠠᠩᠭᠠᠵᠤ᠂ ᠲᠣᠭᠠᠴᠢᠯᠠᠭ᠍ᠰᠠᠨ ᠦᠢᠯᠡᠴᠢᠯᠡᠭᠡ᠎ᠶ᠋ᠢ ᠬᠤᠷᠳᠤᠴᠠ᠎ᠲᠠᠶ ᠮᠥᠷᠲᠡᠭᠡᠨ ᠳᠤᠯᠠᠭᠠᠴᠠ ᠲᠠᠢ ᠪᠣᠯᠭᠠᠪᠠ᠃
ᠳᠤᠤᠷᠵᠢᠯ᠎ᠤᠨ 《ᠪᠠᠭ᠎ᠠ ᠶᠠᠪᠤᠳᠠᠯ》 ᠡᠴᠡ ᠠᠵᠤ ᠠᠬᠤᠢᠯᠠᠯ᠎ᠤᠨ 《ᠪᠠᠴᠢᠮ ᠶᠠᠪᠤᠳᠠᠯ》 ᠬᠦᠷᠲᠡᠯ᠎ᠡ᠂ ᠰᠦᠯᠵᠢᠶᠡᠨ ᠳᠡᠭᠡᠷᠡᠬᠢ 《ᠬᠦᠰᠡᠯ ᠱᠠᠭᠠᠷᠳᠠᠯᠭ᠎ᠠ》 ᠡᠴᠡ ᠪᠤᠳᠠᠳᠦ ᠴᠤᠬᠴᠠ᠎ᠶᠢᠨ 《ᠦᠢᠯᠡᠴᠢᠯᠡᠭᠡ》 ᠬᠦᠷᠲᠡᠯ᠎ᠡ᠂ ᠲᠦᠩᠯᠢᠶᠣᠤ ᠬᠤᠳᠠ᠎ᠶ᠋ᠢᠨ ᠬᠢᠨ ᠨᠠᠷᠢᠯᠢᠭ ᠣᠨᠣᠪᠴᠢᠲᠠᠢ ᠠᠷᠭ᠎ᠠ᠎ᠪᠠᠷ ᠠᠷᠠᠳ᠎ᠤᠨ ᠠᠮᠢᠳᠤᠷᠠᠯ᠎ᠤᠨ ᠠᠯᠢ ᠤᠯᠠᠨ ᠲᠦᠭ᠌ᠵᠢᠷᠡᠯ᠎ᠢ ᠠᠷᠢᠯᠭᠠᠪᠠ᠃ ᠥᠨᠥᠳᠦᠷ᠎ᠦᠨ ᠲᠦᠩᠯᠢᠶᠣᠤ᠎ᠳᠤ᠂ ᠡᠷᠡᠭᠦᠦ᠍᠎ᠶ᠋ᠢᠨ ᠬᠡᠷᠡᠭ᠎ᠦᠨ ᠴᠠᠭ᠍ᠳᠠᠭᠠᠨ᠎ᠤ ᠪᠠᠢᠳᠠᠯ ᠠᠳᠠᠯᠢ ᠬᠤᠭᠤᠴᠠᠭᠠᠨ᠎ᠤ᠎ᠬᠢ᠎ᠡᠴᠡ 17.2% ᠵᠢᠡᠷ ᠪᠠᠭᠤᠷᠠᠵᠤ᠂ ᠵᠠᠬᠢᠳᠠᠯ ᠰᠤᠷᠪᠤᠯᠵᠢᠯᠠᠯ᠎ᠤᠨ ᠵᠦᠶ᠋ᠯᠡᠰ᠎ᠢ ᠱᠢᠶ᠋ᠳᠪᠦᠷᠢᠯᠡᠵᠦ᠍ ᠳᠠᠭᠤᠰᠭᠠᠭ᠍ᠰᠠᠨ ᠨᠣᠷᠮ᠎ᠠ 93.5%᠎ᠳ᠋ᠤ ᠬᠦᠷᠴᠦ᠍᠂ ᠣᠯᠠᠨ ᠲᠦᠮᠡᠨ ᠤᠯᠠᠮ ᠡᠴᠡ ᠤᠯᠠᠮ 《ᠠᠮᠤᠷ ᠲᠦᠪᠱᠢᠨ ᠳᠡᠷᠭᠡᠳᠡ ᠪᠠᠢᠬᠤ᠂ ᠵᠣᠯ ᠵᠢᠷᠭᠠᠯ ᠭᠠᠷ᠎ᠲᠤ ᠪᠠᠷᠢᠭ᠍ᠳᠠᠮ᠎ᠠ》 ᠪᠤᠲᠠᠳᠦ ᠲᠦᠷᠦᠭᠳᠡᠯ ᠲᠠᠢ ᠪᠤᠯᠵᠠᠢ᠃ ᠲᠦᠩᠯᠢᠶᠣᠤ ᠬᠣᠲᠠ 《ᠪᠢᠴᠢᠯ ᠵᠠᠰᠠᠯᠲᠠ》 ᠵᠢᠨ ᠬᠠᠳᠭᠤᠮᠠᠯ ᠬᠠᠳᠭᠤᠬᠤ ᠡᠷᠳᠡᠮ᠎ᠢᠶᠡᠷ ᠠᠷᠠᠳ᠎ᠤᠨ ᠠᠮᠢᠳᠤᠷᠠᠯ᠎ᠤᠨ ᠬᠠᠷᠢᠭᠤᠯᠲᠠ᠎ᠶ᠋ᠢᠨ ᠬᠠᠭᠤᠳᠠᠰᠤ᠎ᠶ᠋ᠢ ᠣᠯᠠᠨ ᠲᠦᠮᠡᠨ᠎ᠦ ᠰᠡᠳᠭᠢᠯ᠎ᠳᠦ ᠬᠠᠳᠠᠩᠱᠢᠭᠤᠯᠵᠤ᠂ ᠦᠨᠳᠦᠰᠦᠨ ᠱᠠᠲᠤᠨ᠎ᠤ ᠵᠠᠰᠠᠯᠲᠠ᠎ᠶ᠋ᠢᠨ ᠣᠳᠣᠬᠢᠴᠢᠯᠠᠯᠲᠠ᠎ᠳᠤ ᠥᠪᠡᠷᠮᠢᠴᠡ ᠣᠨᠴᠠᠯᠢᠭ᠎ᠲᠠᠶ ᠦᠶ᠋ᠯᠡᠳᠦᠯᠭᠡ᠎ᠶ᠋ᠢᠨ ᠠᠷᠭ᠎ᠠ ᠵᠠᠮ᠎ᠢ ᠬᠠᠢᠨ ᠰᠦᠪᠡᠭ᠌ᠴᠢᠯᠡᠵᠦ ᠭᠠᠷᠭᠠᠪᠠ᠃