ᠪᠤᠭᠤᠲᠤ ᠬᠣᠲᠠ᠎ᠶ᠋ᠢᠨ 《 ᠠᠨᠭᠬᠠᠨ᠎ᠤ ᠳᠡᠯᠭᠡᠭᠦᠷ᠎ᠦᠨ ᠠᠵᠤ ᠠᠬᠤᠶ 》 ᠱᠢᠨ᠎ᠡ ᠤᠨ᠎ᠢ ᠬᠦᠭᠵᠢᠭᠡᠪᠡ
2026-01-14 10:07:53
ᠵᠣᠬᠢᠶᠠᠭ᠍ᠴᠢ᠄
ᠼᠠᠢ ᠳ᠋ᠦᠩ ᠮᠧᠶ
ᠣᠩᠱᠢᠭ᠍ᠰᠠᠨ ᠣᠳᠠᠭ᠎ᠠ᠄
★★★☆☆

1 ᠰᠠᠷ᠎ᠠ᠎ᠶ᠋ᠢᠨ 10 ᠎ᠤ᠋ ᠣᠷᠣᠶ᠂ ᠪᠤᠭᠤᠲᠤ ᠬᠣᠲᠠ᠎ᠶ᠋ᠢᠨ ᠵᠢᠦᠶᠤᠸᠠᠨ ᠲᠣᠭᠣᠷᠢᠭ᠎ᠤᠨ ᠴᠢ ᠯᠧᠦ ᠬᠡᠰᠢᠭᠦᠨ᠎ᠤ ᠳᠡᠯᠭᠡᠭᠦᠷ᠎ᠦᠨ ᠵᠣᠭᠣᠰ ᠬᠤᠷᠢᠶᠠᠬᠤ ᠲᠠᠢᠰᠠᠨ᠎ᠤ ᠡᠮᠦᠨ᠎ᠡ ᠬᠣᠲᠠ᠎ᠶ᠋ᠢᠨ ᠠᠷᠠᠳ ᠵᠠᠩ ᠠᠪᠤᠭᠠᠶ ᠤᠯᠠᠨ ᠲᠠᠸᠠᠷ ᠰᠤᠨᠭᠭᠤᠵᠤ ᠲᠠᠩᠰᠠ ᠪᠤᠳᠤᠬᠤ᠎ᠪᠡᠷ ᠮᠦᠷᠯᠡᠵᠦ ᠪᠠᠢᠯ᠎ᠠ᠃ 《ᠭᠠᠷᠠᠭ᠎ᠤᠨ ᠰᠡᠭᠦᠯᠴᠢ ᠪᠡᠷ ᠡᠢᠮᠦ᠍ ᠣᠯᠠᠨ ᠬᠥᠮᠦᠨ ᠭᠡᠵᠦ᠍ ᠪᠣᠳᠣᠵᠤ ᠣᠯᠤᠭ᠍ᠰᠠᠨ ᠦᠭᠡᠢ᠂ ᠭᠡᠪᠡᠴᠦ᠍ ᠶᠠᠭᠤᠮ᠎ᠠ ᠬᠡᠦᠮ᠎ᠠ ᠦᠨᠡᠬᠡᠷ ᠬᠢᠮᠳᠠ᠂ ᠡᠨᠡ ᠤᠳᠠᠭ᠎ᠠ ᠢᠷᠡᠭ᠌ᠰᠡᠨ ᠪᠡᠨ᠎ᠡ᠎ᠲᠡᠶ》 ᠭᠡᠨ᠎ᠡ᠃ ᠴᠦᠨ ᠹᠸᠩ ᠱᠢ ᠯᠢ ᠵᠡᠭᠡᠯᠢ ᠳᠡᠭᠡᠷᠡᠬᠢ ᠠᠨ ᠢᠥᠢ ᠯᠸᠢ ᠬᠤᠸᠠᠷ ᠴᠡᠴᠡᠭ ᠎ᠤᠨ ᠳᠡᠯᠭᠡᠭᠦᠷ᠎ᠲᠦ ᠰᠣᠷᠭᠣᠭ ᠴᠡᠴᠡᠭ ᠬᠤᠳᠠᠯᠳᠤᠨ ᠠᠪᠬᠤ ᠵᠣᠴᠢᠳ ᠠᠷᠤ ᠠᠷᠤ ᠡᠴᠡ ᠪᠠᠨ ᠴᠤᠪᠤᠷᠠᠯᠳᠤᠵᠤ᠂ ᠵᠡᠭᠡᠯᠢ᠎ᠶ᠋ᠢᠨ ᠥᠨᠴᠥᠭ᠎ᠤᠨ ᠺᠣᠹᠧ᠎ᠶ᠋ᠢᠨ ᠮᠤᠬᠤᠯᠠᠭ᠎ᠲᠦ ᠵᠤᠴᠢᠳ ᠳᠦᠭᠦᠷᠡᠩ ᠪᠠᠢᠯ᠎ᠠ᠃

ᠡᠳᠡᠭᠡᠷ 《ᠥᠪᠥᠷ ᠮᠣᠩᠭᠣᠯ᠎ᠤᠨ ᠠᠨᠭᠬᠠᠨ᠎ᠤ ᠳᠡᠯᠭᠡᠭᠦᠷ 》᠎ᠤ᠋ᠨ ᠱᠣᠱᠢᠭ᠎ᠠ᠎ᠲᠠᠶ ᠳᠡᠯᠭᠡᠭᠦᠷ ᠰᠢᠨ᠎ᠠ ᠵᠢᠯ ᠎ᠦᠨ ᠱᠢᠨ᠎ᠡ ᠎ᠶ᠋ᠢᠨ ᠨᠢᠭᠡᠨ᠎ᠳᠦ ᠨᠡᠭᠡᠭᠡᠭ᠌ᠰᠡᠨ᠎ᠡᠴᠡ ᠨᠠᠭᠠᠰᠢ ᠬᠥᠮᠦᠰ᠎ᠦᠨ ᠠᠩᠬᠠᠷᠤᠯ᠎ᠢ ᠶᠡᠬᠡᠳᠡ ᠲᠠᠲᠠᠵᠠᠢ᠃ ᠡᠨᠡᠬᠦ᠌ 《ᠠᠨᠭᠬᠠᠨ᠎ᠤ ᠳᠡᠯᠭᠡᠭᠦᠷ᠎ᠦᠨ ᠠᠵᠤ ᠠᠬᠤᠢ 》 ᠵᠢᠨ ᠬᠦᠳᠦᠯᠥᠨ ᠳᠠᠭᠠᠭᠤᠯᠤᠭ᠍ᠰᠠᠨ ᠵᠢᠯ ᠎ᠦᠨ ᠡᠬᠢᠨ ᠎ᠦ ᠬᠡᠷᠡᠭ᠌ᠯᠡᠭᠡᠨ᠎ᠦ ᠬᠠᠯᠠᠮᠱᠢᠯ ᠨᠢ ᠪᠤᠭᠤᠲᠤ ᠬᠤᠳᠠ᠎ᠶ᠋ᠢᠨ ᠵᠠᠬ᠎ᠠ ᠳᠡᠯᠭᠡᠭᠦᠷ᠎ᠲᠦ᠎ᠦᠷᠭᠦᠯᠵᠢᠯᠡᠨ ᠠᠮᠢᠵᠢᠷᠠᠯ᠎ᠤᠨ ᠬᠦᠴᠦᠨ ᠨᠡᠮᠡᠷᠢᠯᠡᠪᠡ᠃ ᠰᠠᠶᠢᠬᠠᠨ ᠥᠩᠭᠡᠷᠡᠭ᠌ᠰᠡᠨ ᠱᠢᠨ᠎ᠡ ᠵᠢᠯ᠎ᠦᠨ ᠠᠮᠠᠷᠠᠯᠲᠠ᠎ᠶ᠋ᠢᠨ ᠬᠤᠭᠤᠴᠠᠭᠠᠨ᠎ᠳᠤ ᠪᠤᠭᠤᠲᠤ᠎ᠶ᠋ᠢᠨ ᠬᠡᠷᠡᠭ᠌ᠯᠡᠭᠡᠨ᠎ᠦ ᠵᠠᠬ᠎ᠠ ᠳᠡᠯᠭᠡᠭᠦᠷ ᠭᠢᠯᠠᠯᠵᠠᠮ᠎ᠠ ᠠᠮᠵᠢᠯᠲᠠ᠎ᠶ᠋ᠢᠨ ᠬᠠᠭᠤᠳᠠᠰᠤ ᠲᠤᠱᠢᠶᠠᠪᠠ ᠄ ᠭᠤᠤᠯᠳᠠᠯᠭ᠎ᠠ᠎ᠲᠠᠶ ᠬᠢᠨᠠᠨ ᠬᠡᠮᠵᠢᠭ᠌ᠰᠡᠨ ᠠᠷᠠᠯᠵᠢᠶ᠎ᠠ ᠬᠤᠳᠠᠯᠳᠤᠭᠠᠨ᠎ᠤ ᠭᠦᠶ᠋ᠯᠭᠡᠭᠡᠨ᠎ᠦ 774 ᠠᠵᠤ ᠠᠬᠤᠢᠯᠠᠯ᠎ᠤᠨ ᠱᠢᠨ᠎ᠡ ᠵᠢᠯ᠎ᠦᠨ ᠪᠠᠶᠠᠷ᠎ᠤᠨ ᠡᠳᠦᠷ᠎ᠤᠨ ᠪᠣᠷᠣᠯᠠᠭᠤᠯᠭ᠎ᠠ᠎ᠶ᠋ᠢᠨ ᠵᠤᠭᠤᠰ᠎ᠤᠨ ᠲᠣᠭ᠎ᠠ(ᠡᠵᠡᠩᠨᠡᠯᠲᠡ᠎ᠶ᠋ᠢᠨ ᠵᠤᠭᠤᠰ᠎ᠤᠨ ᠲᠣᠭ᠎ᠠ) 8759.89 ᠲᠦᠮᠡᠨ ᠲᠥᠭᠥᠷᠢᠭ᠎ᠢ ᠪᠡᠶᠡᠯᠡᠭᠦᠯᠵᠦ᠍᠂ ᠬᠤᠳᠠᠯᠳᠤᠭᠠᠨ᠎ᠤ ᠲᠠᠯᠠᠪᠤᠷ᠎ᠤᠨ ᠶᠡᠷᠦᠩᠬᠡᠢᠯᠡᠭ᠌ᠰᠡᠨ ᠴᠣᠭ᠍ᠴᠠ᠎ᠶ᠋ᠢᠨ ᠲᠠᠲᠠᠭ᠍ᠰᠠᠨ ᠵᠤᠴᠢᠨ᠎ᠤ ᠲᠣᠭ᠎ᠠ 41 ᠲᠦᠮᠡᠨ ᠬᠥᠮᠦᠨ ᠤᠳᠠᠭ᠎ᠠ ᠶ᠋ᠢ ᠳᠠᠪᠠᠵᠤ᠂ ᠲᠣᠭ᠍ᠲᠠᠭᠤᠨ᠎ᠢᠶᠠᠷ ᠰᠡᠷᠭᠦᠵᠦ᠍᠂ ᠬᠠᠯᠠᠭᠤᠨ ᠥᠷᠨᠢᠯᠲᠡ᠎ᠶ᠋ᠢᠨ ᠪᠠᠢᠳᠠᠯ ᠢᠯᠡᠷᠡᠪᠡ᠃ ᠡᠭᠦᠨ᠎ᠦ ᠠᠷᠤ ᠎ᠳᠤ 《ᠠᠨᠭᠬᠠᠨ᠎ᠤ ᠳᠡᠯᠭᠡᠭᠦᠷ 》 ᠨᠢ ᠵᠠᠬ᠎ᠠ ᠳᠡᠯᠭᠡᠭᠦᠷ᠎ᠢ ᠬᠦᠰᠢᠵᠦ ᠬᠥᠳᠡᠯᠭᠡᠭᠰᠡᠨ ᠴᠢᠬᠤᠯᠠ ᠲᠤᠯᠬᠤ ᠴᠡᠭ ᠪᠣᠯᠪᠠ᠃

ᠥᠪᠥᠷ ᠮᠣᠩᠭᠣᠯ᠎ᠤᠨ ᠠᠩᠬᠠᠳᠠᠭ᠍ᠴᠢ ᠱᠠᠨ ᠮᠥ᠍ ᠮᠠᠶᠢᠭ᠎ᠤᠨ ᠭᠡᠱᠢᠭᠦᠨ᠎ᠦ ᠲᠦᠷᠢᠮᠳᠤ ᠬᠠᠮ ᠳᠡᠯᠭᠡᠭᠦᠷ ᠴᠢ ᠯᠸᠤ ᠲᠤᠷᠱᠢᠨ ᠡᠵᠡᠩᠨᠡᠭ᠌ᠰᠡᠨ ᠬᠣᠶᠠᠷ ᠡᠳᠦᠷ᠎ᠲᠦ ᠠᠶᠠᠨᠴᠢᠨ ᠭᠤᠷᠪᠠᠨ ᠲᠦᠮᠡ᠎ᠶ᠋ᠢ ᠳᠠᠪᠠᠵᠤ᠂ ᠡᠵᠡᠩᠨᠡᠯᠳᠡ ᠵᠢᠨ ᠵᠤᠭᠤᠰ᠎ᠤᠨ ᠲᠣᠭ᠎ᠠ ᠨᠢ 200 ᠲᠦᠮᠡᠨ ᠲᠥᠭᠥᠷᠢᠭ᠎ᠢ ᠳᠠᠪᠠᠵᠠᠶ;  ᠴᠦᠨ ᠹᠸᠩ ᠱ᠌ᠢ ᠯᠢ ᠵᠡᠭᠡᠯᠢ ᠭᠤᠳᠤᠮᠵᠢ᠎ᠳᠤ ᠤᠯᠠᠨ 《ᠥᠪᠥᠷ ᠮᠣᠩᠭᠣᠯ᠎ᠤᠨ ᠠᠨᠭᠬᠠᠨ ᠎ᠤ ᠳᠡᠯᠭᠡᠭᠦᠷ 》ᠨᠡᠭᠡᠭᠡᠵᠦ᠂ ᠵᠡᠭᠡᠯᠢ ᠨᠡᠭᠡᠭᠡᠭ᠌ᠰᠡᠨ᠎ᠡᠴᠡ ᠠᠪᠤᠭᠠᠳ ᠪᠦᠬᠦ᠌ ᠬᠤᠳᠠ᠎ᠶ᠋ᠢᠨ ᠬᠠᠯᠠᠮᠱᠢᠯ ᠴᠡᠭ ᠪᠣᠯᠪᠠ᠃ ᠬᠣᠲᠠ᠎ᠶ᠋ᠢᠨ ᠠᠷᠠᠳ ᠸᠠᠩ ᠠᠪᠠᠬᠠᠶ ᠲᠤᠰᠭᠠᠢᠯᠠᠨ ᠬᠡᠷ᠎ᠦᠨ ᠬᠥᠮᠦᠰ᠎ᠢᠶᠡᠨ ᠳᠠᠭᠠᠭᠤᠯᠤᠨ ᠪᠡᠶᠡᠴᠢᠯᠡᠨ ᠣᠢᠯᠠᠭᠠᠬᠤ᠎ᠳᠠᠭᠠᠨ᠄ 《ᠶᠠᠭ ᠡᠲᠡᠭᠡᠷ ᠦᠵᠡᠵᠦ᠍ ᠥᠩᠭᠡᠷᠡᠭ᠌ᠰᠡᠨ ᠥᠬᠡᠶ ᠲᠦᠷᠦᠯ ᠲᠡᠮᠳᠡᠭ᠌᠎ᠢ ᠵᠣᠷᠢᠵᠤ ᠢᠷᠡᠭ᠌ᠰᠡᠨ ᠶᠤᠮ》 ᠭᠡᠪᠡ᠃ 《 ᠠᠩᠬᠠᠨ᠎ᠤ ᠳᠡᠯᠭᠡᠭᠦᠷ 》 ᠎ᠤ᠋ᠨ ᠠᠪᠴᠢᠷᠠᠭ᠍ᠰᠠᠨ ᠱᠢᠨ᠎ᠡ ᠰᠡᠪᠡᠭᠦᠨ ᠲᠥᠷᠥᠭ᠌ᠳᠡᠯ ᠪᠠ ᠴᠢᠨᠠᠷ ᠰᠠᠢᠲᠠᠶ ᠪᠡᠶᠡᠴᠢᠯᠡᠨ ᠤᠢᠯᠠᠭᠠᠯᠲᠠ᠎ᠨᠢ ᠬᠣᠲᠠ᠎ᠶ᠋ᠢᠨ ᠠᠷᠠᠳ᠎ᠤᠨ ᠬᠡᠷᠡᠭ᠌ᠯᠡᠭᠡᠨ᠎ᠦ ᠬᠦᠰᠡᠯ ᠡᠷᠡᠮᠡᠯᠵᠡᠯ᠎ᠢ ᠣᠨᠣᠴᠠᠲᠠᠶ᠎ᠪᠠᠷ ᠬᠥᠨᠳᠡᠵᠦ᠍᠂ ᠬᠦᠴᠦᠷᠬᠡᠭ ᠶᠡᠬᠡ ᠴᠤᠭ᠍ᠯᠠᠷᠠᠯ᠎ᠤᠨ ᠦᠶ᠋ᠯᠡᠳᠦᠯ᠎ᠢ ᠪᠣᠶ ᠪᠣᠯᠭᠠᠪᠠ᠃

《ᠠᠩᠬᠠᠨ᠎ᠤ ᠳᠡᠯᠭᠡᠭᠦᠷ》 ᠨᠢ ᠬᠠᠯᠠᠮᠱᠢᠯ ᠪᠤᠯᠤᠭᠰᠠᠨ ᠪᠤᠯ ᠪᠦᠬᠦ᠌ ᠣᠷᠣᠨ ᠪᠦᠰᠡ᠎ᠶ᠋ᠢᠨ ᠬᠠᠷᠠᠭᠠᠯᠵᠠᠯ ᠨᠢ ᠬᠡᠷᠡᠭ᠌ᠯᠡᠭᠡᠨ᠎ᠦ ᠬᠠᠯᠠᠮᠱᠢᠯ᠎ᠢ ᠪᠠᠲᠤᠳᠭᠠᠵᠠᠢ᠃ ᠵᠠᠰᠠᠭ᠎ᠤᠨ ᠣᠷᠳᠣᠨ ᠪᠣᠯᠤᠨ ᠵᠠᠬ᠎ᠠ ᠳᠡᠯᠭᠡᠭᠦᠷ᠎ᠦᠨ ᠬᠠᠮᠲᠤᠷᠠᠯ ᠬᠦᠴᠦᠨ᠎ᠢᠶᠡᠷ ᠬᠡᠷᠡᠭ᠌ᠯᠡᠭᠡ᠎ᠶ᠋ᠢ ᠠᠬᠢᠭᠤᠯᠬᠤ ᠠᠯᠢ ᠤᠯᠠᠨ 《ᠬᠠᠮ ᠠᠷᠭ᠎ᠠ ᠬᠡᠮᠵᠢᠶ᠎ᠡ》ᠵᠢ ᠭᠠᠷᠭᠠᠪᠠ᠃ ᠪᠤᠭᠤᠲᠤ ᠬᠣᠲᠠ᠎ᠶ᠋ᠢᠨ ᠬᠤᠳᠠᠯᠳᠤᠭᠠᠨ᠎ᠤ ᠶᠠᠪᠤᠳᠠᠯ᠎ᠤᠨ ᠰᠠᠯᠠᠭ᠎ᠠ ᠮᠥᠴᠢᠷ ᠡᠯ᠎ᠡ ᠲᠣᠮᠣ ᠬᠤᠳᠠᠯᠳᠤᠭᠠᠨ᠎ᠤ ᠲᠣᠭᠣᠷᠢᠭ᠎ᠲᠠᠶ ᠬᠣᠯᠪᠣᠭᠠᠯᠠᠨ ᠨᠡᠢᠳᠡᠮ ᠬᠡᠷᠡᠭ᠌ᠯᠡᠭᠡᠨ᠎ᠦ ᠲᠡᠮᠳᠡᠭ᠌ᠲᠦ ᠲᠠᠷᠬᠠᠭᠠᠵᠤ᠂ ᠴᠦᠨ ᠹᠸᠩ ᠱ᠌ᠢ ᠯᠢ ᠵᠡᠭᠡᠯᠢ ᠲᠤᠭᠤᠷᠢᠭ ᠤ᠋ᠨ ᠠᠩᠬᠠᠨ᠎ᠤ ᠳᠡᠯᠭᠡᠭᠦᠷ᠎ᠦᠨ ᠲᠦᠷᠦᠯ ᠲᠡᠮᠳᠡᠭ᠌ ᠨᠢ ᠰᠠᠨᠠᠭᠠᠴᠢᠯᠠᠭ᠎ᠠ ᠡᠴᠡ᠎ᠪᠠᠨ ᠦᠨ᠎ᠠ ᠨᠤᠭᠤᠯᠤᠨ ᠪᠤᠳᠤᠵᠦ᠂ ᠴᠢ ᠯᠧᠦ ᠬᠡᠲᠦ ᠳᠡᠯᠭᠡᠭᠦᠷ᠂ ᠪᠦᠦ ᠪᠠᠶ᠂ ᠸᠠᠩ ᠹᠦ᠋ ᠵᠢᠩ᠂ ᠡᠸ᠋ ᠶᠤᠸᠠᠢ ᠠᠭᠤᠳᠠᠮ ᠲᠠᠯᠠᠪᠠᠶ ᠵᠡᠷᠭᠡ ᠲᠤᠬᠠᠶ᠎ᠶ᠋ᠢᠨ ᠭᠠᠵᠠᠷ᠎ᠤᠨ ᠭᠤᠤᠯ ᠪᠣᠯᠬᠤ ᠬᠤᠳᠠᠯᠳᠤᠭᠠᠨ᠎ᠤ ᠴᠣᠭ᠍ᠴᠠ ᠴᠤ᠌ ᠣᠯᠠᠨ ᠵᠦᠶ᠋ᠯ᠎ᠦᠨ ᠬᠡᠯᠪᠡᠷᠢ᠎ᠶ᠋ᠢᠨ ᠠᠱᠢᠭ ᠬᠦᠷᠲᠡᠭᠡᠬᠦ᠌ ᠠᠵᠢᠯᠯᠠᠭ᠎ᠠ᠎ᠶ᠋ᠢ ᠥᠷᠨᠢᠭᠦᠯᠪᠡ᠃ ᠰᠦᠯᠵᠢᠶᠡᠨ ᠳᠡᠭᠡᠷᠡᠬᠢ ᠪᠠ ᠪᠤᠳᠠᠳᠤ ᠴᠤᠭᠴᠠ ᠵᠢᠨ ᠬᠠᠷᠠᠭᠠᠯᠵᠠᠯ ᠳᠠᠪᠬᠤᠴᠠᠵᠤ᠂ ᠬᠡᠷᠡᠭ᠌ᠯᠡᠭᠡᠨ᠎ᠦ ᠪᠠᠷᠢᠮᠵᠢᠶ᠎ᠠ᠎ᠶ᠋ᠢ ᠦᠨᠡᠨ ᠬᠦ᠌ ᠪᠠᠭᠤᠷᠠᠭᠤᠯᠵᠤ᠂ ᠬᠣᠲᠠ᠎ᠶ᠋ᠢᠨ ᠠᠷᠠᠳ᠎ᠤᠨ ᠪᠠᠷᠠᠭ᠎ᠠ ᠬᠤᠳᠠᠯᠳᠤᠨ ᠠᠪᠬᠤ ᠬᠠᠯᠠᠭᠤᠨ ᠰᠡᠳᠭᠢᠯᠭᠡ᠎ᠶ᠋ᠢ ᠦᠨᠡᠨ ᠪᠣᠳᠠᠲᠠᠶ ᠬᠡᠷᠡᠭ᠌ᠯᠡᠭᠡᠨ᠎ᠦ ᠠᠵᠢᠯᠯᠠᠭ᠎ᠠ ᠪᠣᠯᠭᠠᠨ ᠬᠤᠪᠢᠷᠠᠭᠤᠯᠪᠠ᠃ 《ᠬᠡᠷᠡᠭ᠌ᠯᠡᠭᠡᠨ᠎ᠦ ᠲᠡᠮᠳᠡᠭ᠌ᠲᠦ᠍᠎ᠶ᠋ᠢ ᠬᠡᠷᠡᠭ᠌ᠯᠡᠬᠦ᠌᠎ᠳᠦ ᠮᠠᠰᠢ ᠲᠣᠬᠢᠷᠠᠮᠵᠢᠲᠠᠶ᠂ ᠪᠦᠬᠦ᠌ ᠬᠣᠲᠠ᠎ᠪᠠᠷ᠎ᠢᠶᠠᠨ ᠪᠦᠷ ᠬᠢᠮᠳᠠᠷᠠᠬᠤ ᠠᠵᠢᠯᠯᠠᠭ᠎ᠠ ᠬᠢᠵᠤ ᠪᠠᠢᠬᠤ ᠱᠢᠭ᠋ ᠰᠠᠨᠠᠭ᠍ᠳᠠᠵᠤ ᠪᠠᠢᠨ᠎ᠠ》 ᠭᠡᠵᠦ᠍ ᠰᠠᠶᠢᠬᠠᠨ ᠬᠡᠷᠡᠭ᠌ᠯᠡᠭᠡᠨ᠎ᠦ ᠲᠡᠮᠳᠡᠭ᠌ᠲᠦ᠍ ᠬᠡᠷᠡᠭᠯᠡᠭᠰᠡᠨ ᠯᠢ ᠠᠪᠤᠭᠠᠶ ᠬᠡᠯᠡᠵᠡᠶ᠃ ᠵᠠᠰᠠᠭ ᠪᠠ ᠠᠵᠤ ᠠᠬᠤᠢᠯᠠᠯ ᠤ᠋ᠨ ᠵᠡᠷᠭᠡ᠎ᠪᠡᠷ ᠶᠠᠪᠤᠭᠳᠠᠭᠤᠯᠤᠭᠰᠠᠨ ᠬᠠᠷᠠᠭᠠᠯᠵᠠᠬᠤ ᠠᠷᠭ᠎ᠠ ᠬᠡᠮᠵᠢᠶ᠎ᠡ ᠨᠢ《ᠠᠩᠬᠠᠨ᠎ᠤ ᠳᠡᠯᠭᠡᠭᠦᠷ᠎ᠦᠨ ᠠᠵᠤ ᠠᠬᠤᠶ》 ᠶ᠋ᠢᠨ ᠳᠠᠢᠴᠢᠯᠠᠬᠤ ᠦᠶ᠋ᠯᠡᠳᠦᠯ᠎ᠢ ᠪᠦᠲᠦᠮᠵᠢᠲᠡᠶ ᠥᠷᠭᠡᠳᠭᠡᠵᠦ᠍᠂ ᠪᠥᠬᠥ᠌ ᠣᠷᠣᠨ ᠪᠦᠰᠡ᠎ᠶ᠋ᠢᠨ ᠬᠡᠷᠡᠭ᠌ᠯᠡᠭᠡ ᠬᠠᠮᠲᠤ᠎ᠪᠠᠷ ᠴᠡᠴᠡᠭ᠌ᠯᠡᠭ᠌ᠰᠡᠨ ᠪᠠᠢᠳᠠᠯ᠎ᠢ ᠪᠣᠶ ᠪᠣᠯᠭᠠᠪᠠ᠃

ᠡᠨᠡ ᠬᠦ᠌ ᠬᠡᠷᠡᠭ᠌ᠯᠡᠭᠡᠨ᠎ᠦ ᠬᠠᠯᠠᠭᠤᠨ ᠤᠷᠤᠰᠭᠠᠯ ᠳᠤᠮᠳᠠ ᠰᠣᠶᠣᠯ᠎ᠤᠨ ᠠᠨᠢᠷ ᠴᠸ᠋ ᠲᠤᠭᠤᠯᠳᠠᠵᠤ ᠪᠠᠢᠨ᠎ᠠ᠃ ᠪᠠᠶᠠᠠᠠᠤᠪᠤᠭ᠎ᠠ ᠠᠭᠤᠷᠬᠠᠢ᠎ᠶ᠋ᠢᠨ ᠣᠷᠣᠨ ᠪᠣᠯᠤᠨ ᠰᠣᠶᠣᠯ ᠵᠢᠭᠤᠯᠴᠢᠯᠠᠯ᠎ᠤᠨ ᠪᠦᠯᠦᠭ᠌ᠯᠡᠯ ᠴᠦᠨ ᠹᠸᠩ ᠱ᠌ᠢ ᠯᠢ ᠵᠡᠭᠡᠯᠢ ᠲᠣᠭᠣᠷᠢᠭ᠎ᠲᠤ ᠥᠪᠡᠷᠮᠢᠴᠡ ᠤᠨᠴᠠᠯᠢᠬ᠍ᠳᠤ ᠰᠣᠶᠣᠯ᠎ᠤᠨ ᠦᠵᠡᠭᠦᠯᠭᠡ᠎ᠶ᠋ᠢᠨ ᠲᠣᠭ᠍ᠯᠠᠯᠲᠠ ᠭᠠᠷᠭᠠᠵᠤ᠂ ᠪᠤᠭᠤᠲᠤ ᠬᠤᠳᠠ᠎ᠶ᠋ᠢᠨ ᠨᠣᠮ᠎ᠤᠨ ᠰᠠᠩ᠎ᠤᠨ ᠡᠷᠬᠢᠯᠡᠭ᠌ᠰᠡᠨ 《ᠵᠠᠭᠤᠨ ᠮᠸᠲᠷ᠎ᠤᠨ ᠤᠷᠳᠤ ᠡᠪᠬᠡᠮᠡᠯ ᠵᠢᠷᠤᠭ᠎ᠵᠢᠡᠷ ᠱᠢᠨ᠎ᠡ ᠵᠢᠯ ᠵᠢᠡᠨ ᠤᠭᠳᠤᠶ᠎ᠠ》 ᠠᠵᠢᠯᠯᠠᠭ᠎ᠠ ᠨᠢ ᠬᠡᠳᠦᠨ ᠵᠠᠭᠤᠨ ᠪᠠᠭᠠᠴᠤᠳ ᠬᠡᠦᠬᠡᠳ᠎ᠦᠨ ᠵᠣᠬᠢᠶᠠᠨ ᠪᠦᠲᠦᠭᠡᠯᠭᠡ᠎ᠶ᠋ᠢ ᠬᠥᠭ᠌ᠵᠢᠶᠡᠨ ᠨᠠᠷᠭᠢᠶᠠᠨᠲᠤ ᠵᠡᠭᠡᠯᠢ ᠲᠣᠭᠣᠷᠢᠭ᠎ᠤ᠋ᠨ ᠲᠤᠬᠠᠢ᠎ᠶ᠋ᠢᠨ ᠲᠠᠯᠠᠪᠠᠢ᠎ᠳ᠋ᠦ ᠨᠡᠭᠦᠯᠭᠡᠨ ᠠᠪᠠᠴᠢᠵᠤ᠂ ᠰᠤᠶᠤᠯ ᠤ᠋ᠨ ᠦᠨᠦᠷ ᠠᠮᠳᠠ ᠵᠢ ᠵᠡᠭᠡᠯᠢ ᠲᠤᠭᠤᠷᠢᠭ ᠤ᠋ᠨ ᠬᠦᠷ ᠬᠦᠭᠵᠢᠶᠡᠨ᠎ᠲᠠᠶ ᠠᠭᠤᠰᠤᠯᠴᠠᠭᠤᠯᠵᠤ᠂ ᠬᠤᠳᠠᠯᠳᠤᠭ᠎ᠠ ᠎ᠳᠤ ᠥᠪᠡᠷᠮᠢᠴᠡ ᠰᠣᠶᠣᠯ ᠢᠷᠭᠡᠨᠱᠢᠯ ᠎ᠦᠨ ᠬᠠᠯᠠᠭᠤᠨ ᠳᠤᠯᠠᠭᠠᠨ᠎ᠢ ᠣᠯᠭᠣᠪᠠ᠃ ᠬᠡᠦᠬᠡᠳ᠎ᠢᠶᠡᠨ ᠳᠠᠭᠠᠭᠤᠯᠤᠨ ᠠᠵᠢᠯᠯᠠᠭ᠎ᠠ᠎ᠳᠤ ᠣᠷᠣᠯᠴᠠᠭ᠍ᠰᠠᠨ ᠵᠠᠩ ᠠᠪᠠᠬᠠᠢ᠄《ᠵᠡᠭᠡᠯᠢ ᠲᠣᠭᠣᠷᠢᠬᠤ᠎ᠶ᠋ᠢᠨ ᠳᠠᠭᠠᠤ ᠰᠣᠶᠣᠯ᠎ᠢ ᠤᠢᠯᠠᠭᠠᠵᠤ ᠮᠡᠳᠡᠷᠡᠬᠦ ᠨᠢ ᠮᠠᠰᠢ ᠰᠠᠢᠬᠠᠨ ᠪᠠᠢᠨ᠎ᠠ 》 ᠭᠡᠵᠡᠢ᠃ ᠡᠢᠮᠦᠷᠬᠦᠦ 《ᠰᠣᠶᠣᠯ ᠎ᠢᠶᠠᠷ ᠬᠤᠳᠠᠯᠳᠤᠭ᠎ᠠ᠎ᠶ᠋ᠢ ᠠᠬᠢᠭᠤᠯᠵᠤ᠂ ᠬᠤᠳᠠᠯᠳᠤᠭ᠎ᠠ᠎ᠪᠠᠷ ᠰᠣᠶᠣᠯ᠎ᠢ ᠢᠯᠡᠷᠡᠭᠦᠯᠬᠦ᠌ 》 ᠠᠭᠤᠰᠤᠯᠴᠠᠭ᠍ᠰᠠᠨ ᠦᠶ᠋ᠯᠡᠳᠦᠯᠭᠡ᠎ᠨᠢ   ᠬᠡᠷᠡᠭ᠌ᠯᠡᠭᠡᠨ᠎ᠦ ᠠᠬᠤᠢ ᠲᠠᠯᠠᠪᠠᠶ᠎ᠶ᠋ᠢᠨ ᠴᠢᠨᠠᠷ ᠲᠠᠰ ᠪᠠ ᠲᠠᠲᠠᠬᠤ ᠬᠦᠴᠦᠨ᠎ᠢ ᠳᠡᠭᠡᠭ᠌ᠰᠢᠯᠡᠭᠦᠯᠦᠭ᠌ᠰᠡᠨ᠎ᠢᠶᠡᠷ ᠪᠠᠷᠠᠬᠤ ᠥᠬᠡᠶ ᠪᠠᠰᠠ ᠬᠣᠲᠠ᠎ᠶ᠋ᠢᠨ ᠠᠷᠠᠳ᠎ᠲᠤ ᠪᠣᠳᠠᠰ᠎ᠤᠨ ᠬᠡᠷᠡᠭ᠌ᠯᠡᠭᠡ ᠬᠢᠬᠦ᠌᠎ᠶ᠋ᠢᠨ ᠬᠠᠮᠲᠤ ᠣᠶᠤᠨ ᠰᠠᠨᠠᠭᠠᠨ᠎ᠤ ᠬᠠᠨᠤᠮᠵᠢ᠎ᠲᠠᠶ ᠪᠣᠯᠭᠠᠵᠤ᠂ ᠵᠡᠭᠡᠯᠢ ᠲᠣᠭᠣᠷᠢᠭ᠎ᠤᠨ ᠬᠥᠮᠦᠰ᠎ᠦᠨ ᠰᠡᠳᠭᠢᠯ᠎ᠢ ᠤᠯᠠᠮ ᠨᠢᠭᠡ ᠠᠯᠬᠤᠮ ᠨᠢᠭ᠍ᠲᠠᠷᠠᠭᠤᠯᠪᠠ᠃

ᠤᠯᠠᠨ᠎ᠤ ᠬᠦᠷᠢᠶᠡᠯᠡᠯ᠎ᠢ ᠣᠯᠤᠭ᠍ᠰᠠᠨ《ᠠᠩᠬᠠᠨ ᠎ᠤ ᠳᠡᠯᠭᠡᠭᠦᠷ》ᠡᠴᠡ ᠪᠦᠬᠦ᠌ ᠬᠤᠳᠠ᠎ᠪᠠᠷ᠎ᠢᠶᠠᠨ ᠬᠣᠯᠪᠣᠭᠠᠯᠠᠨ ᠬᠥᠳᠡᠯᠦᠯᠴᠡᠭ᠌ᠰᠡᠨ ᠪᠣᠳᠠᠲᠤ ᠠᠱᠢᠭ᠎ᠢᠶᠠᠷ ᠪᠣᠷᠣᠯᠠᠭᠤᠯᠭ᠎ᠠ᠎ᠪᠠᠨ ᠠᠬᠢᠭᠤᠯᠬᠤ ᠬᠦᠷᠲᠡᠯ᠎ᠡ᠂ ᠲᠠᠬᠢᠭᠠᠳ ᠰᠣᠶᠣᠯ ᠵᠢᠭᠤᠯᠴᠢᠯᠠᠯ ᠬᠤᠳᠠᠯᠳᠤᠭ᠎ᠠ ᠲᠠᠮᠢᠷ ᠤ᠋ᠨ ᠭᠦᠨᠵᠡᠭᠡᠢ ᠠᠭᠤᠰᠤᠯᠴᠠᠯ ᠬᠦᠷᠲᠡᠯ᠎ᠡ᠂ ᠪᠤᠭᠤᠲᠤ ᠬᠤᠳᠠ 《ᠠᠩᠬᠠᠨ᠎ᠤ ᠳᠡᠯᠭᠡᠭᠦᠷ᠎ᠦᠨ ᠠᠵᠤ ᠠᠬᠤᠢ》ᠪᠡᠷ ᠬᠥᠳᠡᠯᠭᠡᠭᠦᠷ ᠪᠣᠯᠭᠠᠵᠤ᠂ ᠱᠢᠨ᠎ᠡ ᠵᠢᠯ᠎ᠦᠨ ᠬᠡᠷᠡᠭ᠌ᠯᠡᠭᠡ᠎ᠶ᠋ᠢᠨ 《ᠠᠩᠬᠠᠨ᠎ᠤ ᠬᠦᠷ ᠬᠦᠭᠵᠢᠶᠡᠨ》 ᠢ᠋ ᠪᠤᠢ ᠪᠤᠯᠭᠠᠪᠠ᠃ ᠡᠨᠡ ᠬᠦ᠌ ᠬᠦᠷ ᠬᠦᠭᠵᠢᠶᠡᠨ ᠨᠢ ᠬᠤᠳᠠᠯᠳᠤᠭᠠᠨ᠎ᠤ ᠲᠠᠯᠠᠪᠤᠷ ᠲᠤ᠌ ᠮᠦᠷᠦ ᠮᠦᠷᠦ ᠪᠡᠨ ᠱᠦᠷᠭᠦᠭᠡᠮ᠎ᠡ ᠬᠦᠮᠦᠨ ᠬᠠᠷ᠎ᠠ᠂ ᠵᠣᠴᠢᠳ᠎ᠤᠨ ᠭᠠᠷ᠎ᠲᠡᠬᠢ ᠬᠦᠨᠳᠦ ᠨᠦᠰᠡᠷ ᠪᠠᠷᠠᠭ᠎ᠠ ᠲᠠᠸᠠᠷ᠂ ᠬᠤᠳᠠᠯᠳᠤᠭᠠᠴᠢᠳ᠎ᠤᠨ ᠨᠢᠭᠤᠷ ᠲᠡᠭᠡᠷᠡᠬᠢ ᠢᠨᠢᠶᠡᠮᠰᠦᠭ᠌ᠯᠡᠯ ᠪᠠᠢᠵᠤ᠂ ᠨᠡᠩ ᠴᠤ᠌ ᠡᠨᠡ ᠬᠦ᠌ ᠬᠤᠳᠠ᠎ᠶ᠋ᠢᠨ ᠬᠡᠷᠡᠭ᠌ᠯᠡᠭᠡᠨ᠎ᠦ ᠢᠲᠡᠭᠡᠯ ᠵᠣᠷᠢᠭ ᠲᠠᠬᠢᠨ ᠳᠡᠭᠡᠭ᠌ᠰᠢᠯᠡᠵᠦ᠍᠂ ᠬᠤᠳᠠᠯᠳᠤᠭᠠᠨ᠎ᠤ ᠬᠡᠯᠪᠡᠷᠢ ᠪᠠᠢᠳᠠᠯ ᠱᠢᠨ᠎ᠡ ᠳᠦᠷᠰᠦ ᠪᠠᠢᠳᠠᠯ ᠲᠠᠢ᠎ᠪᠣᠯᠤᠭ᠍ᠰᠠᠨ ᠪᠠᠢᠨ᠎ᠠ᠃ ᠲᠡᠷᠡ᠎ᠨᠢ ᠪᠥᠬᠥ᠌ ᠵᠢᠯ᠎ᠦᠨ ᠬᠡᠷᠡᠭ᠌ᠯᠡᠭᠡᠨ᠎ᠦ ᠵᠠᠬ᠎ᠠ ᠳᠡᠯᠭᠡᠭᠦᠷ᠎ᠦᠨ ᠦᠷᠭᠦᠯᠵᠢᠯᠡᠨ ᠰᠡᠷᠭᠦᠬᠦ᠌ ᠪᠠ ᠴᠢᠨᠠᠷ ᠰᠠᠢᠲᠠᠶ ᠬᠥᠭ᠌ᠵᠢᠬᠦ᠌᠎ᠳᠦ ᠬᠦᠰᠡᠯ ᠡᠷᠡᠮᠡᠯᠵᠡᠯ᠎ᠢᠶᠡᠷ ᠪᠢᠯᠬᠠᠮ᠎ᠠ ᠡᠬᠢᠯᠡᠯᠲᠡ ᠪᠤᠯᠤᠭᠰᠠᠨ ᠪᠠᠢᠨ᠎ᠠ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号