ᠥᠪᠥᠷ ᠮᠣᠩᠭᠣᠯ᠎ᠤᠨ ᠵᠡᠮᠳᠡᠭ᠌ᠴᠦᠳ᠎ᠦᠨ ᠤᠷᠠᠯᠢᠭ᠎ᠤᠨ ᠪᠦᠯᠬᠦᠮ᠎ᠦᠨ ᠲᠦᠷᠦᠭᠦᠤ ᠳᠠᠯᠠᠪᠠᠢ ᠬᠠᠷᠢᠭᠤ ᠮᠡᠳᠡᠭᠦᠯᠤᠯᠳᠡ ᠵᠢᠨ ᠲᠣᠭ᠍ᠯᠠᠯᠲᠠ ᠶᠠᠪᠤᠬᠳᠠᠪᠠ
2026-01-16 10:58:29
ᠵᠣᠬᠢᠶᠠᠭ᠍ᠴᠢ᠄
​ ᠰᠠᠴᠤᠷᠠᠯ
ᠣᠩᠱᠢᠭ᠍ᠰᠠᠨ ᠣᠳᠠᠭ᠎ᠠ᠄
★★★☆☆

ᠤᠢᠷ᠎ᠠ᠎ᠳᠤ᠂ ᠥᠪᠥᠷ ᠮᠣᠩᠭᠣᠯ᠎ᠤᠨ ᠵᠡᠮᠳᠡᠭ᠌ᠴᠦᠳ᠎ᠦᠨ ᠬᠤᠯᠪᠤᠭ᠎ᠠ᠎ᠠᠴᠠ ᠭᠤᠤᠯᠯᠠᠨ ᠡᠷᠭᠢᠯᠡᠵᠦ᠍᠂ ᠥᠪᠥᠷ ᠮᠣᠩᠭᠣᠯ᠎ᠤᠨ ᠰᠣᠶᠣᠯ ᠵᠢᠭᠤᠯᠴᠢᠯᠠᠯ᠎ᠤᠨ ᠪᠦᠯᠦᠭ᠌ᠯᠡᠯ᠎ᠦᠨ ᠵᠧᠩ ᠪᠧᠶ ᠹᠠᠩ ᠬᠤᠳᠠᠯᠳᠤᠭᠠᠨ᠎ᠤ ᠶᠠᠪᠤᠳᠠᠯ᠎ᠤᠨ ᠦᠶ᠋ᠯᠡᠴᠢᠯᠡᠭᠡᠨ᠎ᠦ ᠬᠢᠵᠠᠭᠠᠷᠲᠤ ᠺᠣᠮᠫᠠᠨᠢ ᠡᠴᠡ ᠳᠠᠭᠠᠭᠠᠴᠢᠯᠠᠨ ᠡᠷᠭᠢᠯᠡᠭᠰᠡᠨ ᠥᠪᠥᠷ ᠮᠣᠩᠭᠣᠯ᠎ᠤᠨ ᠵᠡᠮᠳᠡᠭ᠌ᠴᠦᠳ᠎ᠦᠨ ᠤᠷᠠᠯᠢᠭ᠎ᠤᠨ ᠪᠦᠯᠬᠦᠮ᠎ᠦᠨ ᠲᠦᠷᠦᠭᠦᠤ ᠳᠠᠯᠠᠪᠠᠢ ᠬᠠᠷᠢᠭᠤ ᠮᠡᠳᠡᠭᠦᠯᠤᠯᠳᠡ ᠵᠢᠨ ᠲᠣᠭ᠍ᠯᠠᠯᠲᠠ ᠵᠢᠴᠢ ᠱᠢᠨ᠎ᠡ ᠵᠢᠯ ᠢ᠋ ᠤᠭ᠍ᠲᠤᠬᠤ ᠦᠵᠡᠬᠦᠯᠭᠡ᠎ᠶᠢᠨ ᠲᠣᠭ᠍ᠯᠠᠯᠲᠠ ᠥᠪᠥᠷ ᠮᠣᠩᠭᠣᠯ᠎ᠤᠨ ᠰᠣᠶᠣᠯ ᠵᠢᠭᠤᠯᠴᠢᠯᠠᠯ᠎ᠤᠨ ᠪᠦᠯᠦᠭ᠌ᠯᠡᠯ᠎ᠦᠨ ᠮᠡᠳᠡᠭᠦᠯᠦᠯᠲᠡ᠎ᠶ᠋ᠢᠨ ᠲᠢᠩᠬᠢᠮ᠎ᠳᠦ ᠲᠡᠭᠦᠰ ᠠᠮᠵᠢᠯᠲᠠ᠎ᠲᠠᠶ ᠶᠠᠪᠤᠭ᠍ᠳᠠᠪᠠ᠃

ᠦᠵᠡᠭᠦᠯᠭᠡ ᠵᠢᠨ ᠲᠤᠬᠯᠠᠯᠲᠠ ᠨᠢ ᠭᠤᠷᠪᠠᠨ ᠶᠡᠬᠡ ᠪᠦᠯᠦᠭ᠎ᠢᠶᠡᠷ ᠪᠦᠷᠢᠯᠳᠦᠵᠦ᠂ ᠭᠦᠨ ᠭᠦᠨᠵᠡᠭᠡᠶ ᠤᠷᠠᠯᠢᠭ᠎ᠤᠨ ᠪᠡᠶᠡᠴᠢ ᠣᠢᠯᠠᠭᠠᠯᠲᠠ᠎ᠶ᠋ᠢ ᠪᠣᠶ ᠪᠣᠯᠭᠠᠪᠠ᠃ ᠡᠬᠦᠨ᠎ᠳᠤ 《ᠲᠠᠯ᠎ᠠ ᠨᠤᠲᠤᠭ᠎ᠤᠨ ᠮᠠᠭ᠍ᠲᠠᠭᠠᠯ·ᠠᠴᠢ ᠡᠨᠡᠷᠢᠯ᠎ᠳᠦᠨᠢ ᠲᠠᠯᠠᠷᠬᠠᠨ ᠡᠷᠡᠮᠡᠬᠡᠢᠯᠡᠨ ᠤᠷᠤᠭ᠍ᠰᠢᠯᠠᠶ᠎ᠠ》 ᠭᠡᠬᠦ᠌ ᠪᠦᠯᠦᠭ ᠲᠦ᠍᠂ ᠪᠥᠵᠢᠭ 《ᠲᠠᠯ᠎ᠠ ᠨᠤᠲᠤᠭ᠎ᠤᠨ ᠬᠦᠰᠡᠯ ᠵᠡᠭᠦᠳᠦ᠍ ᠵᠢᠨ ᠬᠥᠭᠡᠭᠡᠴᠡᠯᠳᠦᠯ》᠂ ᠡᠷᠡᠭ᠌ᠲᠡᠢ ᠡᠮᠡᠭ᠌ᠲᠡᠢ᠎ᠶ᠋ᠢᠨ ᠨᠠᠢᠷᠠᠯ ᠳᠠᠭᠤᠤ  《ᠡᠬᠡ ᠤᠯᠤᠰ ᠮᠠᠨᠳᠤᠲᠤᠭᠠᠢ》 ᠂ ᠪᠢᠰᠭᠢᠭᠦᠷ᠎ᠦᠨ ᠭᠣᠴᠣᠯᠠᠯ ᠬᠥᠭ᠌ᠵᠢᠮ 《ᠰᠠᠷᠠᠨ᠎ᠠ ᠴᠡᠴᠡᠭ ᠮᠢᠷᠠᠯᠵᠠᠨ ᠳᠡᠯᠭᠡᠷᠡᠨ᠎ᠡ》 ᠵᠡᠷᠭᠡ  ᠪᠦᠲᠦᠭᠡᠯ ᠨᠢ ᠠᠮᠢᠳᠤ ᠴᠤᠪᠤᠭᠤᠯᠢᠭ᠂ ᠣᠷᠭᠢᠯᠤᠮ᠎ᠠ ᠬᠠᠯᠠᠭᠤᠨ ᠰᠡᠳᠭᠢᠯᠭᠡ᠎ᠪᠡᠷ ᠪᠢᠯᠬᠠᠵᠤ᠂ ᠡᠷᠡᠮᠡᠬᠡᠢᠯᠡᠨ ᠤᠷᠤᠭ᠍ᠰᠢᠯᠠᠭ᠍ᠰᠠᠨ ᠵᠣᠷᠢᠭ ᠰᠠᠨᠠᠭᠠᠨ᠎ᠤ ᠲᠦᠷᠰᠦ ᠪᠠᠢᠳᠠᠯ᠎ᠢ ᠵᠢᠷᠤᠭ᠍ᠯᠠᠪᠠ;  《ᠪᠦᠯᠬᠦᠮᠳᠡᠯ᠎ᠦᠨ ᠴᠡᠴᠡᠭᠡᠰ· ᠥᠪᠡᠷ ᠎ᠢ ᠎ᠪᠡᠨ ᠬᠦᠴᠦᠷᠬᠡᠭ᠌ᠵᠢᠭᠦᠯᠬᠦ᠌ ᠴᠣᠭ ᠵᠢᠪᠬᠤᠭ᠎ᠠ》 ᠭᠡᠬᠦ᠌ ᠪᠦᠯᠦᠭ᠎ᠲᠦ᠂ ᠡᠷᠡᠭ᠌ᠲᠡᠶ ᠡᠮᠡᠭ᠌ᠲᠡᠶ᠎ᠶ᠋ᠢᠨ ᠬᠤᠤᠰᠯᠠᠯ ᠳᠠᠭᠤᠤ 《ᠣᠪᠣᠭᠠᠨ ᠳᠡᠭᠡᠷᠡᠬᠢ ᠠᠭᠤᠯᠵᠠᠯᠲᠠ》 ᠨᠢ ᠡᠪᠯᠢᠭ ᠰᠠᠢᠬᠠᠨ ᠭᠦᠨ ᠰᠡᠳᠭᠢᠯᠭᠡ᠎ᠵᠢ ᠢᠯᠡᠷᠡᠬᠦᠯᠵᠦ᠂ ᠱᠠᠨ ᠰᠢ ᠵᠦᠴᠦᠭᠡ᠎ᠶ᠋ᠢᠨ ᠰᠣᠩᠭᠣᠮᠠᠯ ᠬᠡᠰᠡᠭ  《ᠪᠠᠶᠠᠨ ᠡᠷᠬᠢᠮ ᠵᠢᠷᠤᠭ》 ᠨᠢ ᠢᠷᠠᠭᠤ ᠰᠠᠢᠬᠠᠨ ᠬᠥᠭ ᠠᠶᠠᠰ᠎ᠲᠠᠶ ᠪᠠᠢᠵᠤ᠂ ᠲᠣᠭ᠍ᠯᠠᠭ᠍ᠴᠢᠳ ᠲᠤᠰᠭᠠᠶ ᠮᠡᠷᠭᠡᠵᠢᠯ᠎ᠦᠨ ᠲᠣᠭ᠍ᠯᠠᠯᠲᠠ᠎ᠪᠠᠷ᠎ᠢᠶᠠᠨ ᠠᠮᠢ ᠨᠠᠰᠤᠨ᠎ᠤ ᠤᠶᠠᠨ ᠬᠠᠲᠠᠨ ᠴᠢᠨᠠᠷ᠎ᠢ ᠲᠠᠢᠯᠪᠤᠷᠢᠯᠠᠪᠠ; 《ᠰᠡᠳᠭᠢᠯ ᠨᠢᠭᠡᠳᠦᠨ ᠬᠦᠰᠡᠯ ᠵᠡᠭᠦᠳᠦ᠍᠎ᠪᠡᠨ ᠲᠡᠷᠭᠡᠯᠱᠢᠭᠦᠯᠬᠦ·ᠤᠮᠠᠷᠠᠲᠤ ᠬᠢᠯᠢ᠎ᠶ᠋ᠢ ᠭᠡᠷᠡᠯᠳᠦᠭᠦᠯᠬᠦ 》 ᠭᠡᠬᠦ᠌  ᠪᠦᠯᠦᠭ᠎ᠲᠦ᠂ ᠱᠣᠭ ᠵᠦᠴᠦᠭᠡ 《ᠴᠠᠭᠠᠨ ᠰᠠᠷ᠎ᠠ》 ᠨᠢ ᠬᠠᠢᠷ᠎ᠠ ᠰᠡᠳᠭᠢᠯᠭᠡ᠎ᠶ᠋ᠢ ᠳᠤᠯᠠᠭᠠᠴᠠᠭᠤᠯᠵᠤ᠂ ᠭᠣᠴᠣᠯᠠᠯ ᠬᠥᠭ᠌ᠵᠢᠮ 《ᠳᠣᠷᠣᠨᠠᠳᠠᠬᠢᠨ᠎ᠤ ᠰᠠᠭᠤᠬᠳᠠᠯ》 ᠨᠢ  ᠤᠳᠭ᠎ᠠ ᠰᠠᠨᠠᠭ᠎ᠠ ᠭᠦᠨ ᠭᠦᠨᠵᠡᠭᠡᠢ ᠪᠠᠢᠵᠤ᠂ ᠨᠠᠢᠷᠠᠯ ᠳᠠᠭᠤᠤ 《ᠭᠡᠷᠡᠯ ᠰᠠᠴᠤᠷᠠᠩᠭᠤᠢ ᠨᠡᠷᠡᠨ ᠎ᠦ ᠳᠣᠣᠷ᠎ᠠ》 ᠨᠢ ᠲᠤᠬᠯᠠᠯᠲᠠ᠎ᠵᠢᠨ ᠠᠭᠤᠷ ᠠᠮᠢᠰᠭᠤᠯ᠎ᠢ ᠤᠷᠬᠢᠯ᠎ᠳᠤᠨᠢ ᠬᠦᠷᠭᠡᠵᠦ᠍᠂ ᠰᠡᠳᠭᠢᠯ ᠨᠢᠭᠡᠳᠦᠨ ᠬᠦᠰᠡᠯ ᠵᠡᠭᠦᠳᠦ᠍ ᠎ᠪᠡᠨ ᠲᠡᠷᠭᠡᠯᠱᠢᠭᠦᠯᠬᠦ᠌᠂ ᠢᠷᠡᠭᠡᠳᠦᠢ  ᠵᠦᠭ ᠬᠠᠮᠲᠤ ᠪᠠᠷ  ᠤᠷᠤᠭ᠍ᠰᠢᠯᠠᠬᠤ ᠰᠠᠢ᠌ᠨ ᠰᠠᠢᠬᠠᠨ ᠬᠦᠰᠡᠯ ᠡᠷᠡᠮᠡᠯᠵᠡᠯ᠎ᠢ ᠳᠠᠮᠵᠢᠭᠤᠯᠪᠠ᠃

ᠲᠣᠰ ᠤᠳᠠᠭᠠᠨ᠎ᠤ ᠠᠵᠢᠯᠯᠠᠭ᠎ᠠ ᠨᠢ ᠵᠡᠮᠳᠡᠭ ᠨᠠᠢᠵᠠ᠎ᠨᠠᠷ ᠎ᠲᠤ ᠥᠪᠡᠷ ᠎ᠢ ᠎ᠪᠡᠨ ᠢᠯᠡᠷᠡᠬᠦᠯᠬᠦ᠌ ᠲᠠᠪᠴᠠᠩ ᠬᠠᠩᠭᠠᠭ᠍ᠰᠠᠨ᠎ᠢᠶᠠᠷ ᠪᠠᠷᠠᠬᠤ ᠥᠬᠡᠶ᠂ ᠨᠠᠩ ᠴᠤ᠌ ᠥᠪᠥᠷ ᠮᠣᠩᠭᠣᠯ᠎ᠤᠨ ᠵᠡᠮᠳᠡᠭ᠌ᠴᠦᠳ᠎ᠦᠨ ᠤᠷᠠᠯᠢᠭ᠎ᠤᠨ ᠪᠦᠯᠬᠦᠮ᠎ᠦᠨ ᠨᠠᠷᠠᠲᠤ ᠲᠦᠷᠦᠯ ᠲᠡᠮᠳᠡᠭ᠎ᠦᠨ ᠳᠦᠷᠢ ᠲᠥᠷᠬᠦ᠌᠎ᠶ᠋ᠢ ᠱᠤᠭᠤᠵᠦ᠂ ᠲᠠᠷᠠᠭᠠᠴᠢ᠎ᠶ᠋ᠢᠨ  ᠲᠣᠭᠣᠷᠢᠨ  ᠲᠣᠭ᠍ᠯᠠᠯᠲᠠ ᠵᠢᠴᠢ  ᠨᠡᠢᠲᠡ᠎ᠶ᠋ᠢᠨ ᠠᠰᠠᠷᠠᠮᠵᠢ᠎ᠶ᠋ᠢᠨ ᠬᠠᠮᠲᠤᠷᠠᠯᠴᠠᠭ᠎ᠠ᠎ᠳᠤ ᠪᠠᠲᠤ ᠪᠠᠬᠢ ᠰᠠᠭᠤᠷᠢ ᠲᠠᠯᠪᠢᠵᠤ ᠥᠭ᠌ᠴᠡᠶ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号