ᠴᠠᠰᠤ ᠮᠦᠰᠦᠨ᠎ᠤ ᠰᠤᠶᠤᠯ᠎ᠤᠨ ᠵᠢᠭᠤᠯᠴᠢᠯᠠᠯ ᠡᠴᠡ ᠴᠡᠩᠨᠡᠵᠤ ᠬᠡᠮᠵᠢᠶᠡᠯᠡᠰᠢ ᠦᠭᠡᠢ ᠡᠷᠴᠢ ᠬᠦᠴᠦᠨ ᠤᠨᠳᠤᠷᠤᠨ᠎ᠠ
2026-01-16 16:08:35
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠰᠢᠨ᠎ᠡ ᠤᠨ᠎ᠤ ᠮᠠᠩᠨᠠᠢ᠎ᠳᠤ᠂ ᠥᠪᠥᠷ ᠮᠣᠩᠭᠣᠯ᠎ᠤᠨ ᠡᠯ᠎ᠡ ᠭᠠᠵᠠᠷ᠎ᠤᠨ ᠴᠠᠰᠤ ᠮᠦᠰᠦᠨ᠎ᠤ ᠵᠢᠭᠤᠯᠴᠢᠯᠠᠯ ᠦᠷᠭᠦᠯᠵᠢᠯᠡᠨ ᠢᠳᠡ ᠬᠥᠭᠵᠢᠶᠡᠨᠲᠡᠢ ᠶᠠᠪᠤᠭᠳᠠᠵᠤ᠂ ᠮᠠᠰᠢ ᠤᠯᠠᠨ ᠵᠢᠭᠤᠯᠴᠢᠳ᠎ᠤᠨ ᠠᠩᠬᠠᠷᠤᠯ᠎ᠢ ᠲᠠᠲᠠᠭᠰᠠᠭᠠᠷ᠃

ᠬᠢᠩᠭᠠᠨ ᠠᠢᠮᠠᠭ᠎ᠤᠨ ᠷᠠᠰᠢᠶᠠᠨ ᠬᠣᠲᠠ᠎ᠶᠢᠨ ᠬᠠᠮᠤᠭ᠎ᠤᠨ ᠳᠣᠣᠷ᠎ᠠ ᠠᠭᠠᠷ᠎ᠤᠨ ᠳᠤᠯᠠᠭᠠᠨ ᠣᠢᠷ᠎ᠠ᠎ᠳᠤ ᠲᠡᠭ᠎ᠡᠴᠡ ᠳᠣᠷᠣᠭ᠍ᠰᠢ 35°C ᠣᠷᠴᠢᠮ ᠬᠦᠷᠴᠦ᠂ ᠷᠠᠰᠢᠶᠠᠨ᠎ᠤ ᠬᠠᠯᠠᠭᠤᠨ ᠭᠣᠣᠯ 《ᠰᠢᠨ᠎ᠡ ᠵᠢᠯ᠎ᠦᠨ ᠠᠩᠬᠠᠨ᠎ᠤ ᠬᠦᠪᠦᠯᠲᠡ》 ᠵᠢᠨ ᠠᠵᠢᠯᠯᠠᠭ᠎ᠠ᠎ᠪᠠᠨ ᠡᠬᠢᠯᠡᠭᠦᠯᠵᠦ᠂ ᠵᠢᠭᠤᠯᠴᠢᠳ ᠠᠭᠤᠷ ᠰᠠᠪᠰᠠᠯᠠᠭᠰᠠᠨ ᠭᠣᠣᠯ ᠳᠡᠭᠡᠷ᠎ᠡ ᠰᠠᠯ ᠵᠢᠭ᠍ᠰᠠᠭᠠᠨ ᠰᠡᠯᠢᠵᠦ᠂ ᠬᠠᠬᠢᠷ ᠡᠪᠦᠯ ᠳ᠋ᠡᠬᠢ ᠠᠮᠢᠵᠢᠷᠠᠯ᠎ᠤᠨ ᠬᠦᠴᠦᠨ ᠪᠠ ᠷᠣᠮᠠᠨᠲ᠋ᠢᠭ᠋ ᠠᠬᠤᠢ ᠵᠢ ᠪᠡᠶᠡᠴᠢᠯᠡᠨ ᠣᠢᠯᠠᠭᠠᠪᠠ᠃


QQ截图20260114161434.png


ᠰᠢᠯᠢ᠎ᠶᠢᠨ ᠭᠣᠣᠯ ᠠᠢᠮᠠᠭ᠎ᠲᠤ ᠲᠤᠯᠤᠨ ᠨᠤᠤᠷ ᠰᠢᠶᠠᠨ᠎ᠤ ᠴᠠᠰᠤ ᠮᠦᠰᠦᠨ᠎ᠤ ᠬᠥᠳᠡᠯᠭᠡᠭᠡᠨ ᠢᠳᠡ ᠬᠦᠭ᠎ᠲᠠᠢ ᠶᠠᠪᠤᠭᠳᠠᠵᠤ᠂ ᠰᠢᠶᠠᠨ᠎ᠢ ᠡᠷᠬᠢᠭᠰᠡᠨ 300 ᠺᠢᠯᠤᠮᠧᠲᠷ᠎ᠤᠨ ᠠᠮᠢ ᠠᠬᠤᠢ᠎ᠶᠢᠨ ᠵᠠᠰᠠᠮᠠᠯ ᠵᠠᠮ ᠳᠡᠭᠡᠷ᠎ᠡ᠂ ᠵᠢᠭᠤᠯᠴᠢᠳ ᠲᠦᠮᠡᠨ ᠮᠦ᠍ ᠨᠠᠷᠠᠰᠤᠨ ᠤᠢ ᠪᠣᠯᠣᠨ ᠬᠥᠯᠳᠡᠭᠦᠦ ᠭᠣᠷᠤᠬ᠎ᠠ ᠪᠡᠷ ᠲᠤᠭᠤᠯᠤᠨ ᠵᠤᠷᠴᠢᠨ᠎ᠠ︔ ᠲᠤᠯᠤᠨ ᠨᠤᠤᠷ᠎ᠤᠨ ᠴᠠᠰᠤ ᠮᠦᠰᠦᠨ᠎ᠤ ᠨᠠᠢᠷ᠎ᠲᠤ᠂ ᠮᠥᠰᠥᠨ ᠳᠡᠭᠡᠷᠡᠬᠢ ᠺᠠᠷᠲ ᠮᠠᠰᠢᠨ᠂ ᠮᠥᠰᠥᠨ ᠳᠡᠭᠡᠷᠡᠬᠢ ᠪᠤᠤᠯᠢᠩ ᠪᠥᠮᠪᠥᠭᠡ ᠵᠡᠷᠭᠡ ᠲᠦᠷᠦᠯ ᠵᠦᠢᠯ ᠨᠢ ᠵᠢᠭᠤᠯᠴᠢᠳ᠎ᠲᠤ ᠠᠮᠤᠰᠬᠢᠬᠤ ᠴᠢᠯᠦᠭᠡ ᠦᠭᠬᠦ ᠦᠭᠡᠢ ᠪᠠᠢᠯ᠎ᠠ︔ ᠬᠣᠪᠣᠷ ᠲᠣᠬᠢᠶᠠᠯᠳᠤᠬᠤ ᠡᠪᠦᠯ᠎ᠦᠨ ᠠᠩᠨᠠᠯ᠎ᠤᠨ ᠶᠤᠰᠤᠯᠠᠯ ᠨᠢ ᠨᠠᠩ ᠴᠤ᠌ ᠵᠢᠭᠤᠯᠴᠢᠳ᠎ᠤᠨ ᠤᠷᠮ᠎ᠠ᠎ᠶᠢ ᠬᠥᠭᠵᠢᠭᠡᠨ᠎ᠡ᠃


QQ截图20260114155100.png


ᠬᠥᠯᠥᠨ ᠪᠤᠢ᠍ᠢᠷ ᠬᠤᠳᠠ᠎ᠶᠢᠨ ᠰᠢᠨ᠎ᠡ ᠪᠠᠷᠭᠤ ᠵᠡᠭᠦᠨ ᠬᠣᠰᠢᠭᠤᠨ᠎ᠤ ᠲᠠᠯ᠎ᠠ ᠨᠤᠲᠤᠭ᠎ᠲᠤ᠂ ᠨᠢᠭᠡᠨ ᠲᠠᠯᠠᠪᠠᠢ ᠪᠤᠤᠷ᠎ᠠ ᠰᠢᠯᠭᠠᠷᠠᠭᠤᠯᠬᠤ ᠤᠷᠤᠯᠳᠤᠭᠠᠨ ᠵᠢᠭᠤᠯᠴᠢᠳ᠎ᠤᠨ ᠠᠩᠬᠠᠷᠤᠯ᠎ᠢ ᠲᠠᠲᠠᠵᠤ᠂ ᠵᠢᠯᠤᠭᠤ ᠵᠢ ᠨᠢ ᠬᠤᠷᠢᠶᠠᠯᠭᠠᠨ᠎ᠠ᠃


QQ截图20251217111712.png

 

ᠤᠯᠠᠭᠠᠨᠴᠠᠪ᠎ᠤᠨ ᠳᠠ ᠾᠧ ᠸᠠᠨ ᠴᠠᠰᠤᠨ᠎ᠳᠤ ᠭᠤᠯᠭᠤᠬᠤ ᠲᠠᠯᠠᠪᠠᠢ᠎ᠳᠤ ᠢᠷᠡᠭᠰᠡᠨ ᠵᠢᠭᠤᠯᠴᠢᠳ᠎ᠲᠤ ᠠᠪᠴᠤ ᠬᠡᠯᠡᠪᠡᠯ᠂ ᠡᠨᠳᠡ ᠳᠠᠩ ᠴᠤᠯᠭᠤᠢ ᠪᠡᠶ᠎ᠡ᠎ᠶᠢᠨ ᠲᠠᠮᠢᠷ᠎ᠢ ᠠᠮᠲᠠᠷᠬᠠᠬᠤ ᠲᠡᠳᠦᠢ ᠪᠢᠰᠢ ᠪᠠᠢᠵᠤ᠂ ᠬᠤᠳᠠᠯᠳᠤᠭᠠᠴᠢᠳ ᠬᠡᠷᠡᠭᠯᠡᠭᠡᠨ᠎ᠦ ᠲᠡᠰ ᠲᠡᠪᠰᠢᠯᠳᠡ᠎ᠶᠢᠨ ᠰᠢᠨ᠎ᠡ ᠬᠡᠷᠡᠭᠴᠡᠭᠡ᠎ᠳᠦ ᠠᠩᠬᠠᠷᠤᠯ᠎ᠢᠶᠠᠨ ᠬᠠᠨᠳᠤᠭᠤᠯᠵᠤ᠂ ᠵᠢᠭᠤᠯᠴᠢᠯᠠᠯ᠎ᠤᠨ ᠪᠦᠲᠦᠭᠡᠯᠴᠢ ᠰᠡᠭᠦᠳᠡᠷᠯᠡᠬᠦ ᠦᠢᠯᠡᠴᠢᠯᠡᠭᠡ ᠬᠠᠩᠭᠠᠬᠤ ᠪᠤᠯᠵᠠᠢ᠃ ᠬᠦᠮᠦᠰ ᠶᠠᠩᠵᠤ ᠪᠦᠷᠢ᠎ᠶᠢᠨ ᠬᠤᠪᠴᠠᠰᠤ ᠵᠠᠰᠠᠯ᠎ᠵᠢᠡᠷ ᠭᠤᠶᠤᠯᠠᠵᠤ᠂ ᠴᠠᠨ᠎ᠠ ᠪᠡᠷ ᠭᠤᠯᠠᠰᠤᠨ ᠪᠠᠭᠤᠬᠤ ᠪᠤᠶᠤ ᠯᠠᠪᠳᠠᠭᠤᠨ ᠬᠢᠴᠢᠶᠡᠮᠵᠢᠲᠡᠢ ᠪᠡᠷ ᠪᠣᠯᠪᠠᠰᠤᠷᠠᠵᠤ ᠪᠠᠢᠭ᠎ᠠ ᠭᠱᠠᠨ᠎ᠢ ᠭᠡᠷᠡᠯ ᠵᠢᠷᠤᠭᠴᠢᠳ ᠵᠢᠷᠤᠭᠯᠠᠨ ᠠᠪᠬᠤ ᠠᠵᠢᠯ᠎ᠢ ᠬᠠᠷᠢᠭᠤᠴᠠᠳᠠᠭ᠃


QQ截图20260114161310.png 

 

ᠪᠠᠶᠠᠨᠨᠠᠭᠤᠷ ᠬᠣᠲᠠ ᠶ᠋ᠢᠨ ᠳ᠋ᠦᠸᠧ ᠯᠠᠨ ᠬᠤ᠌ ᠴᠠᠰᠤᠨ᠎ᠳᠤ ᠭᠤᠯᠭᠤᠬᠤ ᠲᠠᠯᠠᠪᠠᠶ᠎ᠳᠤ᠂ ᠵᠢᠭᠤᠯᠴᠢᠳ ᠴᠠᠰᠤᠨ ᠳᠡᠭᠡᠷ᠎ᠡ ᠳᠤᠷ᠎ᠠ ᠪᠡᠷ ᠵᠢᠡᠨ ᠭᠤᠯᠭᠤᠵᠤ᠂ ᠨᠢᠰᠬᠦ ᠮᠡᠲᠦ ᠲᠦᠷᠭᠡᠨ ᠬᠤᠷᠳᠤᠴᠠ ᠪᠠ ᠣᠷᠭᠢᠯᠤᠮ᠎ᠠ ᠰᠡᠳᠬᠢᠯᠭᠡ᠎ᠶᠢ ᠲᠠᠭ᠎ᠠ ᠪᠡᠷ ᠵᠢᠡᠨ ᠮᠡᠳᠡᠷᠡᠨ᠎ᠡ᠃ ᠴᠠᠰᠤᠨ᠎ᠳᠤ ᠭᠤᠯᠭᠤᠬᠤ ᠲᠠᠯᠠᠪᠠᠢ᠎ᠳᠤ ᠪᠠᠰᠠ ᠪᠣᠷᠣᠳᠣᠬᠣᠢ᠎ᠶᠢᠨ ᠣᠨᠴᠠᠯᠢᠭ᠍ᠲᠤ ᠡᠪᠦᠯ᠎ᠤᠨ ᠢᠳᠡᠰᠢᠨ᠎ᠤ ᠰᠢᠨ᠎ᠡ ᠵᠠᠭᠤᠰᠢ᠎ᠶᠢ ᠦᠨ᠎ᠡ ᠲᠥᠯᠥᠪᠦᠷᠢ ᠦᠭᠡᠢ᠎ᠪᠡᠷ ᠠᠮᠲᠠᠯᠠᠬᠤ ᠠᠵᠢᠯᠯᠠᠭ᠎ᠠ ᠥᠷᠨᠢᠭᠦᠯᠵᠦ᠂ ᠵᠢᠭᠤᠯᠴᠢᠳ ᠬᠠᠯᠠᠭᠤᠨ ᠠᠭᠤᠷ ᠪᠠᠭᠠᠭᠢᠭ᠍ᠰᠠᠨ ᠣᠨᠴᠠᠯᠢᠭ᠍ᠲᠤ ᠢᠳᠡᠭᠡᠨ᠎ᠢ ᠠᠮᠲᠠᠯᠠᠵᠤ ᠪᠣᠯᠣᠨ᠎ᠠ᠃


QQ截图20260114161556.png

 

ᠢᠷᠡᠯᠲᠡ᠄ ᠰᠢᠨᠬᠤᠸᠠ ᠰᠦᠯᠵᠢᠶ᠎ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号