ᠦᠪᠦᠷ ᠮᠤᠩᠭᠤᠯ 150 ᠳ᠋ᠦᠩᠰᠢᠭᠤᠷ ᠲᠦᠭᠦᠷᠢᠭ ᠤ᠋ᠨ ᠡᠳ᠋ ᠬᠦᠷᠦᠩᠭᠡ ᠶ᠋ᠢ ᠠᠮᠢᠯᠠᠭᠤᠯᠪᠠ
2026-01-18 11:14:35
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠯᠤᠰ ᠤ᠋ᠨ ᠦᠮᠴᠢᠯᠡᠯᠳᠦ ᠡᠳ᠋ ᠬᠦᠷᠦᠩᠭᠡ ᠶ᠋ᠢᠨ ᠬᠢᠨᠠᠯᠳᠠ ᠬᠠᠮᠢᠶᠠᠷᠤᠯᠳᠠ ᠶ᠋ᠢᠨ ᠵᠦᠪᠯᠡᠯ ᠡᠴᠡ ᠤᠢᠯᠠᠭᠠᠭᠰᠠᠨ ᠶ᠋ᠢᠡᠷ᠂ 2025 ᠤᠨ ᠳ᠋ᠤ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠤᠯᠤᠰ ᠤ᠋ᠨ ᠦᠮᠴᠢᠯᠡᠯᠳᠦ ᠠᠵᠤ ᠠᠬᠤᠢᠯᠠᠯ ᠠᠵᠢᠯ ᠦᠢᠯᠡᠰ ᠤ᠋ᠨ ᠨᠢᠭᠡᠴᠢ ᠵᠢᠴᠢ ᠠᠷᠠᠳ ᠤ᠋ᠨ ᠡᠵᠡᠩᠨᠡᠯᠳᠡ ᠶ᠋ᠢᠨ ᠠᠵᠤ ᠠᠬᠤᠢᠯᠠᠯ ᠤ᠋ᠨ ᠡᠯ᠎ᠠ ᠲᠦᠷᠦᠯ ᠤ᠋ᠨ ᠡᠬᠢ ᠪᠠᠶᠠᠯᠢᠭ ᠡᠳ᠋ ᠬᠦᠷᠦᠩᠭᠡ ᠶ᠋ᠢ 1.55 ᠲᠦᠮᠡᠨ ᠬᠤᠪᠢ ᠠᠮᠢᠯᠠᠭᠤᠯᠵᠤ᠂ ᠠᠮᠢᠯᠠᠭᠤᠯᠤᠭᠰᠠᠨ ᠪᠡᠯᠡ ᠮᠦᠩᠬᠦ ᠨᠢ 150 ᠳ᠋ᠦᠩᠰᠢᠭᠤᠷ ᠲᠦᠭᠦᠷᠢᠭ ᠲᠤ᠌ ᠬᠦᠷᠴᠤ᠂ ᠦᠪᠡᠷᠳᠡᠭᠡᠨ ᠵᠠᠰᠠᠬᠤ ᠤᠷᠤᠨ ᠤ᠋ ᠠᠵᠤ ᠠᠬᠤᠢ ᠨᠡᠢᠭᠡᠮ ᠤ᠋ᠨ ᠴᠢᠨᠠᠷ ᠰᠠᠢᠳᠠᠢ ᠬᠦᠭᠵᠢᠯᠳᠡ ᠳ᠋ᠤ ᠰᠢᠨ᠎ᠠ ᠬᠦᠳᠡᠯᠭᠡᠬᠦ ᠡᠨᠧᠷᠬᠢ ᠨᠡᠮᠡᠷᠢᠯᠡᠭᠰᠡᠨ ᠪᠠᠢᠨ᠎ᠠ᠃

ᠤᠢᠯᠠᠭᠠᠭᠰᠠᠨ ᠶ᠋ᠢᠡᠷ᠂ 2025 ᠤᠨ ᠳ᠋ᠤ ᠦᠪᠦᠷ ᠮᠤᠩᠭᠤᠯ ᠤ᠋ᠨ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠲᠦᠪ ᠦᠮᠴᠢᠯᠡᠯ ᠤ᠋ᠨ ᠡᠷᠬᠡ ᠶ᠋ᠢᠨ ᠠᠷᠠᠯᠵᠢᠶᠠᠨ ᠤ᠋ ᠵᠠᠬ᠎ᠠ ᠳᠡᠯᠭᠡᠭᠦᠷ ᠤ᠋ᠨ 《ᠪᠡᠯᠡ ᠤᠷᠤᠭᠤᠯᠤᠭᠴᠢ ᠶ᠋ᠢ ᠢᠯᠡᠷᠡᠭᠦᠯᠬᠦ᠂ ᠦᠷᠳᠡᠭ ᠢ᠋ ᠢᠯᠡᠷᠡᠭᠦᠯᠬᠦ》 ᠭᠤᠤᠯᠯᠠᠬᠤ ᠦᠢᠯᠡᠳᠦᠯ ᠢ᠋ ᠭᠦᠢᠴᠡᠳ ᠪᠠᠳᠠᠷᠠᠭᠤᠯᠵᠤ᠂ 《ᠨᠦᠭᠡᠴᠡ ᠡᠬᠢ ᠪᠠᠶᠠᠯᠢᠭ ᠢ᠋ ᠠᠮᠢᠯᠠᠭᠤᠯᠤᠨ᠂ ᠨᠡᠮᠡᠭᠳᠡᠯ ᠡᠬᠢ ᠪᠠᠶᠠᠯᠢᠭ ᠢ᠋ ᠰᠢᠯᠢᠳᠡᠭᠵᠢᠭᠦᠯᠬᠦ》 ᠪᠡᠷ ᠴᠢᠬᠤᠯᠠ ᠭᠠᠷᠳᠠᠴᠠ ᠪᠤᠯᠭᠠᠨ᠂ ᠪᠦᠬᠦ ᠤᠷᠤᠨ ᠤ᠋ ᠡᠬᠢ ᠪᠠᠶᠠᠯᠢᠭ ᠡᠳ᠋ ᠬᠦᠷᠦᠩᠭᠡ ᠶ᠋ᠢ ᠠᠮᠢᠯᠠᠭᠤᠯᠬᠤ ᠠᠵᠢᠯ ᠢ᠋ ᠠᠬᠢᠭᠤᠯᠤᠨ ᠪᠤᠳᠠᠳᠤ ᠦᠷ᠎ᠠ ᠪᠦᠲᠦᠮᠵᠢ ᠤᠯᠵᠠᠢ᠃ ᠡᠭᠦᠨ ᠳ᠋ᠤ ᠨᠢᠭᠡ ᠲᠠᠯ᠎ᠠ ᠪᠡᠷ᠂ ᠵᠠᠬ᠎ᠠ ᠳᠡᠯᠭᠡᠭᠦᠷᠴᠢᠯᠡᠬᠦ ᠵᠠᠷᠴᠢᠮ ᠢ᠋ ᠪᠠᠷᠢᠮᠳᠠᠯᠠᠨ ᠳᠤᠭᠳᠠᠴᠠ ᠶ᠋ᠢᠨ ᠰᠢᠨ᠎ᠠ ᠶ᠋ᠢ ᠡᠭᠦᠳᠬᠦ᠂ ᠦᠢᠯᠡᠴᠢᠯᠡᠭᠡ ᠶ᠋ᠢᠨ ᠰᠢᠨ᠎ᠠ ᠶ᠋ᠢ ᠡᠭᠦᠳᠬᠦ᠂ ᠲᠦᠷᠦᠯ ᠵᠦᠢᠯ ᠤ᠋ᠨ ᠰᠢᠨ᠎ᠠ ᠶ᠋ᠢ ᠡᠭᠦᠳᠬᠦ ᠭᠤᠷᠪᠠᠨ ᠴᠢᠭᠯᠡᠯ ᠡᠴᠡ ᠵᠡᠷᠭᠡ ᠪᠡᠷ ᠬᠦᠴᠦᠯᠡᠵᠤ᠂ ᠤᠯᠠᠮᠵᠢᠯᠠᠯᠳᠦ ᠬᠡᠪ ᠵᠠᠭᠪᠤᠷ ᠤ᠋ᠨ ᠪᠤᠭᠤᠮᠢ ᠬᠢᠵᠠᠭᠠᠷᠯᠠᠯ ᠢ᠋ ᠡᠪᠳᠡᠨ᠂ 《ᠠᠯᠢᠪᠠ ᠡᠳ᠋ ᠬᠦᠷᠦᠩᠭᠡ ᠶ᠋ᠢ ᠴᠦᠮ ᠠᠮᠢᠯᠠᠭᠤᠯᠵᠤ ᠪᠤᠯᠤᠨ᠎ᠠ》 ᠭᠡᠬᠦ ᠤᠢᠯᠠᠭᠠᠭᠳᠠᠬᠤᠨ ᠶ᠋ᠢᠡᠷ ᠬᠦᠷᠢᠶ᠎ᠠ ᠴᠠᠷᠠᠭ᠎ᠠ ᠪᠡᠨ ᠲᠠᠰᠤᠷᠠᠯᠳᠠ ᠦᠭᠡᠢ ᠦᠷᠭᠡᠳᠭᠡᠵᠤ᠂ ᠡᠯ᠎ᠠ ᠲᠦᠷᠦᠯ ᠤ᠋ᠨ ᠰᠤᠯᠠ ᠤᠷᠬᠢᠭᠳᠠᠵᠤ ᠪᠠᠢᠭ᠎ᠠ ᠡᠬᠢ ᠪᠠᠶᠠᠯᠢᠭ ᠡᠳ᠋ ᠬᠦᠷᠦᠩᠭᠡ ᠶ᠋ᠢ ᠵᠠᠬ᠎ᠠ ᠳᠡᠯᠭᠡᠭᠦᠷ ᠲᠠᠢ ᠤᠨᠤᠴᠠᠲᠠᠢ ᠵᠤᠯᠭᠠᠭᠤᠯᠤᠨ᠂ ᠰᠢᠨ᠎ᠠ ᠠᠮᠢᠵᠢᠷᠠᠯ ᠤ᠋ᠨ ᠬᠦᠴᠦᠨ ᠢ᠋ ᠨᠢ ᠪᠠᠳᠠᠷᠠᠭᠤᠯᠪᠠ᠃ ᠨᠦᠭᠦᠭᠡ ᠲᠠᠯ᠎ᠠ ᠪᠡᠷ᠂ ᠡᠳ᠋ ᠬᠦᠷᠦᠩᠭᠡ ᠶ᠋ᠢ ᠠᠮᠢᠯᠠᠭᠤᠯᠬᠤ ᠶᠠᠪᠤᠴᠠ ᠳ᠋ᠡᠬᠢ ᠬᠦᠴᠢᠷ ᠲᠦᠪᠡᠭᠲᠡᠢ ᠠᠰᠠᠭᠤᠳᠠᠯ ᠳ᠋ᠤ ᠠᠩᠬᠠᠷᠤᠯ ᠶ᠋ᠢᠡᠨ ᠲᠦᠪᠯᠡᠷᠡᠭᠦᠯᠵᠤ᠂ ᠤᠨᠤᠴᠠᠳᠠᠢ ᠪᠡᠷ ᠲᠦᠷᠦ ᠶ᠋ᠢᠨ ᠪᠤᠳᠤᠯᠭ᠎ᠠ ᠬᠡᠷᠡᠭᠵᠢᠭᠦᠯᠬᠦ᠂ ᠬᠠᠷᠠᠯᠳᠠ ᠲᠠᠢ ᠪᠡᠷ ᠬᠦᠴᠦᠯᠡᠬᠦ ᠪᠡᠷ ᠳᠠᠮᠵᠢᠨ ᠵᠠᠭᠠᠯᠳᠤᠯᠭ᠎ᠠ ᠪᠠ ᠭᠠᠢᠯᠢ ᠳᠠᠳᠠᠪᠤᠷᠢ ᠶ᠋ᠢᠨ ᠠᠰᠠᠭᠤᠳᠠᠯ ᠳ᠋ᠤ ᠬᠤᠯᠪᠤᠭᠳᠠᠬᠤ᠂ ᠡᠬᠢ ᠪᠠᠶᠠᠯᠢᠭ ᠳᠤᠳᠠᠭᠤᠳᠠᠬᠤ᠂ ᠡᠵᠡᠩᠨᠡᠯᠳᠡ ᠠᠨᠠᠢ᠂ ᠦᠷ᠎ᠠ ᠠᠰᠢᠭ ᠠᠨᠠᠢ ᠪᠤᠶᠤ ᠦᠷ᠎ᠠ ᠠᠰᠢᠭ ᠦᠭᠡᠢ ᠵᠡᠷᠭᠡ ᠵᠠᠩᠬᠢᠯᠠᠭ᠎ᠠ ᠶ᠋ᠢᠨ ᠬᠦᠴᠢᠷ ᠠᠰᠠᠭᠤᠳᠠᠯ ᠢ᠋ ᠪᠦᠬᠦ ᠬᠦᠴᠦᠨ ᠶ᠋ᠢᠡᠷ ᠰᠢᠢᠳᠪᠤᠷᠢᠯᠡᠵᠦ᠂ ᠠᠯᠢ ᠤᠯᠠᠨ ᠠᠮᠢᠯᠠᠭᠤᠯᠬᠤ ᠳ᠋ᠤ ᠬᠦᠴᠢᠷ ᠡᠳ᠋ ᠬᠦᠷᠦᠩᠭᠡ ᠶ᠋ᠢ ᠪᠤᠳᠠᠳᠠᠢ ᠪᠡᠯᠡ ᠮᠦᠩᠬᠦ ᠪᠤᠯᠭᠠᠨ ᠠᠮᠢᠯᠠᠭᠤᠯᠵᠠᠢ᠃ ᠳᠠᠬᠢᠪᠠᠯ 《ᠲᠤᠰᠬᠠᠢ ᠮᠡᠷᠭᠡᠵᠢᠯ ᠤ᠋ᠨ ᠬᠦᠮᠦᠨ ᠶ᠋ᠢᠡᠷ ᠲᠤᠰᠬᠠᠢ ᠮᠡᠷᠭᠡᠵᠢᠯ ᠤ᠋ᠨ ᠠᠵᠢᠯ ᠢ᠋ ᠬᠢᠯᠭᠡᠬᠦ》 ᠤᠢᠯᠠᠭᠠᠭᠳᠠᠬᠤᠨ ᠶ᠋ᠢᠡᠷ 《ᠲᠤᠳᠤᠷ᠎ᠠ ᠪᠡᠨ ᠪᠤᠳᠠᠳᠤ ᠠᠵᠢᠯ ᠢ᠋ ᠭᠤᠤᠯᠯᠠᠨ ᠬᠢᠬᠦ + ᠭᠠᠳᠠᠨ᠎ᠠ ᠡᠴᠡ ᠲᠤᠰᠬᠠᠢ ᠮᠡᠷᠭᠡᠵᠢᠯ ᠤ᠋ᠨ ᠬᠦᠴᠦᠨ ᠨᠡᠮᠡᠷᠢᠯᠡᠬᠦ》 ᠪᠦᠯᠬᠦᠮ ᠨᠡᠢᠳᠡ ᠪᠡᠷ ᠬᠠᠮᠳᠤᠷᠠᠯᠴᠠᠬᠤ ᠦᠢᠯᠡᠴᠢᠯᠡᠭᠡᠨ ᠤ᠋ ᠰᠢᠰᠲ᠋ᠧᠮ ᠢ᠋ ᠪᠠᠢᠭᠤᠯᠵᠤ᠂ ᠠᠮᠢᠯᠠᠭᠤᠯᠬᠤ ᠴᠢᠬᠤᠯᠠᠳᠠᠢ ᠲᠦᠷᠦᠯ ᠵᠦᠢᠯ ᠪᠤᠯᠭᠠᠨ ᠳ᠋ᠤ ᠨᠠᠷᠢᠯᠢᠭ ᠤᠨᠤᠴᠠᠳᠠᠢ ᠪᠦᠭᠡᠳ ᠲᠤᠰᠬᠠᠢᠵᠢᠭᠰᠡᠨ ᠪᠦᠯᠬᠦᠮ ᠨᠡᠢᠳᠡ ᠶ᠋ᠢᠨ ᠲᠤᠯᠭᠠᠭᠤᠷᠢᠯᠠᠯ ᠬᠠᠩᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号