《ᠮᠢᠨᠦ ᠬᠡᠦᠭᠡᠳ ᠶᠡᠭᠡ ᠰᠤᠷᠭᠠᠭᠤᠯᠢ ᠲᠡᠭᠦᠰᠦᠭᠰᠡᠨ ᠪᠤᠯᠪᠠᠴᠤ ᠠᠵᠢᠯ ᠤᠯᠬᠤ ᠦᠭᠡᠢ ᠪᠠᠢᠨ᠎ᠠ》 ᠬᠡᠵᠦ ᠠᠷᠭ᠎ᠠ ᠮᠤᠬᠤᠷᠳᠠᠭᠰᠠᠨ ᠴᠸ᠋ ᠶᠤᠮ ᠰᠢᠭ᠋᠂ ᠪᠠᠰᠠ ᠭᠤᠮᠤᠳᠠᠵᠦ ᠪᠠᠢᠭ᠎ᠠ ᠴᠸ᠋ ᠶᠤᠮ ᠰᠢᠭ᠋ ᠶᠠᠷᠢᠵᠦ ᠪᠠᠢᠬᠤ ᠭᠡᠷᠤᠨ ᠠᠬᠠᠮᠠᠳ ᠲᠠᠢ ᠴᠦᠭᠡᠨ ᠪᠤᠰᠤ ᠲᠠᠭᠠᠷᠠᠯᠳᠤᠵᠤ ᠪᠠᠢᠨ᠎ᠠ᠃ ᠬᠡᠴᠢᠨᠠᠨ ᠵᠢᠯ ᠰᠤᠷᠭᠠᠭᠤᠯᠢ ᠰᠤᠶᠤᠯᠤᠨ ᠮᠦᠷ ᠬᠦᠭᠡᠭᠡᠯᠭᠡᠵᠦ᠂ ᠬᠡᠴᠢᠨᠠᠨ ᠶᠡᠭᠡ ᠮᠦᠨᠭᠭᠦ ᠲᠦᠭᠦᠷᠢᠭ ᠵᠠᠷᠤᠵᠤ᠂ ᠪᠠᠶ᠎ᠠ ᠰᠡᠳᠬᠢᠯ ᠶᠤᠭᠡᠨ ᠵᠦᠳᠡᠭᠡᠨ ᠪᠠᠢᠵᠦ ᠶᠡᠭᠡ ᠰᠤᠷᠭᠠᠭᠤᠯᠢ ᠲᠡᠭᠦᠰᠭᠡᠭᠰᠡᠨ ᠪᠤᠯᠪᠠᠴᠤ ᠠᠵᠢᠯ ᠤᠯᠬᠤ ᠦᠭᠡᠢ ᠪᠠᠢᠨ᠎ᠠ ᠬᠡᠳᠡᠭ ᠪᠤᠯ ᠦᠨᠡᠭᠡᠷ ᠰᠠᠨᠠᠭ᠎ᠠ ᠵᠤᠪᠠᠮᠠᠷ ᠵᠦᠢᠯ ᠮᠦᠨ᠃ ᠬᠡᠪᠡᠴᠤ ᠪᠢᠳᠠᠨᠦ ᠲᠤᠨᠭᠭᠠᠨ ᠪᠤᠳᠤᠬᠤ ᠴᠢᠬᠤᠯᠠᠳᠠᠢ ᠵᠦᠢᠯ ᠴᠸ᠋ ᠤᠯᠠᠨ ᠪᠤᠢ᠃
ᠶᠠᠭᠤᠨᠤ ᠡᠮᠦᠨ᠎ᠡ᠂ ᠦᠨᠠᠨ ᠳ᠋ᠡᠭᠡᠨ ᠶᠡᠭᠡ ᠰᠤᠷᠭᠠᠭᠤᠯᠢ ᠲᠡᠬᠦᠰᠬᠦ ᠪᠤᠯᠤᠨ ᠠᠵᠢᠯ ᠤᠯᠬᠤ ᠬᠤᠶᠠᠷ ᠨᠢ ᠤᠳᠤ ᠲᠠᠮᠡᠢ ᠶᠡᠭᠡ ᠬᠤᠯᠪᠤᠭ᠎ᠠ ᠦᠭᠡᠢ ᠪᠤᠯᠵᠤ ᠪᠠᠢᠭ᠎ᠠ ᠬᠡᠯᠳᠡᠢ᠃ ᠬᠡᠷᠪᠡ ᠬᠤᠯᠪᠤᠭ᠎ᠠ ᠲᠠᠢ ᠬᠡᠪᠡᠯ ᠶᠡᠭᠡ ᠰᠤᠷᠭᠠᠭᠤᠯᠢ ᠲᠡᠭᠦᠰᠦᠭᠰᠡᠨ ᠰᠤᠷᠤᠯᠭ᠎ᠠ ᠵᠢᠨ ᠨᠠᠮᠳᠠᠷ ᠨᠢ ᠵᠠᠷᠢᠮ ᠠᠵᠢᠯᠤᠨ ᠪᠠᠢᠷᠢ ᠵᠢᠨ ᠵᠠᠪᠠᠯ ᠱᠠᠭᠠᠷᠳᠠᠳᠠᠭ ᠨᠢᠭᠡ ᠨᠦᠭᠦᠴᠡᠯ ᠲᠠᠳᠦᠢ᠃ ᠬᠡᠪᠡᠴᠦ 《ᠶᠡᠭᠡ ᠰᠤᠷᠭᠠᠭᠤᠯᠢ ᠲᠡᠭᠦᠰᠦᠭᠰᠡᠨ ᠪᠤᠯᠪᠠᠴᠤ ᠠᠵᠢᠯ ᠤᠯᠬᠤ ᠦᠭᠡᠢ》 ᠬᠡᠵᠦ ᠡᠨᠡ ᠬᠤᠶᠠᠷ ᠶᠠᠪᠤᠳᠠᠯᠢ ᠬᠤᠯᠪᠤᠵᠤ ᠶᠠᠷᠢᠬᠤ ᠨᠢ ᠶᠠᠭᠠᠬᠢᠬᠤ ᠵᠢᠨ ᠠᠷᠭ᠎ᠠ ᠦᠭᠡᠢ ᠤᠤᠯᠤᠨ ᠶᠡᠭᠡ ᠰᠤᠷᠭᠠᠭᠤᠯᠢ ᠲᠡᠭᠦᠰᠪᠠᠯ ᠤᠯᠤᠰ ᠡᠴᠡ ᠠᠵᠢᠯ ᠬᠤᠪᠢᠶᠠᠷᠢᠯᠠᠳᠠᠭ ᠪᠠᠢᠭᠰᠠᠨ ᠦᠶ᠎ᠠ ᠵᠢ ᠰᠠᠨᠠᠭᠳᠠᠭᠤᠯᠤᠨ᠎ᠠ᠃ ᠮᠡᠳᠡᠭᠡᠵᠢ ᠪᠡᠷ᠂ ᠭᠤᠴᠢ ᠰᠢᠬᠠᠮ ᠵᠢᠯᠤᠨ ᠡᠮᠦᠨ᠎ᠡ ᠶᠡᠭᠡ ᠰᠤᠷᠭᠠᠭᠤᠯᠢ ᠲᠡᠭᠦᠰᠦᠭᠰᠡᠳ ᠲᠤ᠌ ᠤᠯᠤᠰ ᠡᠴᠡ ᠦᠨᠡᠬᠡᠷ ᠠᠵᠢᠯ ᠬᠤᠪᠢᠶᠠᠷᠢᠯᠠᠳᠠᠭ ᠪᠠᠢᠭᠰᠠᠨ᠃ ᠲᠠᠷᠠ ᠦᠶ᠎ᠠ ᠳ᠋ᠤ ᠦᠨᠳᠦᠷ ᠰᠤᠷᠤᠯᠭ᠎ᠠ ᠵᠢᠨ ᠨᠡᠮᠳᠡᠷ ᠲᠠᠢ ᠬᠦᠮᠦᠨ ᠬᠠᠷᠢᠴᠠᠨᠭᠭᠤᠢ ᠴᠦᠭᠡᠨ ᠪᠠᠢᠵᠦ᠂ ᠶᠡᠭᠡ ᠰᠤᠷᠭᠠᠭᠤᠯᠢ ᠲᠡᠭᠦᠰᠪᠡᠯ ᠠᠵᠢᠯ ᠬᠤᠪᠢᠶᠠᠷᠢᠯᠠᠳᠠᠭ ᠪᠤᠯᠬᠤᠷ ᠠᠶᠠᠨᠳᠠᠭᠠᠨ ᠠᠯᠪᠠᠨ ᠠᠵᠢᠯ ᠲᠠᠢ ᠪᠤᠯᠴᠢᠬᠠᠳᠠᠭ ᠪᠠᠢᠬᠰᠠᠨ᠃ ᠰᠡᠬᠦᠯᠠᠷ ᠨᠢ ᠤᠯᠤᠰ ᠡᠴᠡ ᠠᠵᠢᠯ ᠬᠤᠪᠢᠶᠠᠷᠢᠯᠠᠬᠤ ᠦᠭᠡᠢ ᠪᠤᠯᠤᠭᠰᠠᠨ ᠪᠤᠯᠪᠠᠴᠤ ᠠᠷᠪᠠᠭᠠᠳ ᠵᠢᠯᠤᠨ ᠡᠮᠦᠨᠡᠭᠡᠨ ᠪᠤᠯᠳᠠᠯ᠎ᠠ ᠶᠡᠭᠡ ᠰᠤᠷᠭᠠᠭᠤᠯᠢ ᠲᠡᠭᠦᠰᠦᠭᠰᠡᠨ ᠤᠶᠤᠳᠠᠨ ᠳ᠋ᠤ ᠬᠤᠰᠢᠭᠤ ᠰᠢᠶᠠᠨᠦ ᠱᠠᠳᠤ ᠪᠠᠷ ᠪᠠᠰᠠ ᠬᠠᠶᠠ ᠵᠠᠷᠢᠮ ᠳ᠋ᠠᠭᠠᠨ ᠠᠵᠢᠯ ᠬᠤᠪᠢᠶᠠᠷᠢᠯᠠᠴᠢᠬᠠᠳᠠᠭ ᠪᠠᠢᠬᠰᠠᠨ ᠪᠢᠯᠡ᠃ ᠭᠡᠳᠡᠯ᠎ᠡ ᠦᠨᠦᠳᠦᠷ ᠵᠠᠰᠠᠭ ᠵᠠᠬᠢᠷᠭᠠᠨ᠂ ᠠᠵᠢᠯ ᠦᠢᠯᠡᠰᠤᠨ ᠨᠢᠭᠡᠴᠢᠳᠤ ᠠᠵᠢᠯᠯᠠᠬᠤ ᠬᠡᠪᠡᠯ ᠵᠠᠪᠠᠯ ᠠᠯᠪᠠᠳᠠᠨᠦ ᠰᠢᠯᠭᠠᠯᠳᠠ᠂ ᠠᠵᠢᠯ ᠦᠢᠯᠡᠰᠤᠨ ᠨᠢᠭᠡᠴᠢ ᠵᠢᠨ ᠬᠦᠮᠦᠨ ᠡᠯᠰᠡᠬᠦ ᠰᠢᠯᠭᠠᠯᠳᠠ ᠵᠢ ᠲᠠᠮᠵᠢᠬᠤ ᠬᠡᠷᠡᠭᠳᠡᠢ ᠪᠤᠯᠵᠠᠢ᠃
ᠲᠠᠷᠠᠭᠠᠯᠠᠪᠠᠯ᠂ 《ᠠᠵᠢᠯ》 ᠬᠡᠳᠡᠭᠤᠨ ᠲᠤᠬᠠᠢ ᠪᠢᠳᠠ ᠤᠢᠯᠠᠭᠠᠯᠳᠠ ᠲᠠᠨᠢᠯᠳᠠ ᠪᠠᠨ ᠬᠤᠪᠢᠷᠠᠭᠤᠯᠬᠤ ᠴᠢᠬᠤᠯᠠᠳᠠᠢ ᠪᠤᠯᠵᠠᠢ᠃ ᠬᠡᠴᠢᠨᠠᠨ ᠵᠢᠯᠤᠨ ᠲᠤᠷᠰᠢ ᠪᠢᠳᠠ ᠤᠯᠤᠰᠤᠨ ᠡᠳ᠋ᠤᠨ ᠵᠠᠰᠠᠭ ᠡᠴᠡ ᠴᠠᠯᠢᠩ ᠠᠪᠳᠠᠭ ᠠᠵᠢᠯᠢ ᠯᠠ 《ᠠᠵᠢᠯ》 ᠵᠢᠡᠷ ᠦᠵᠡᠭᠰᠡᠭᠡᠷ ᠢᠷᠠᠵᠠᠢ᠃ ᠦᠨᠡᠨ ᠳ᠋ᠡᠭᠡᠨ ᠬᠤᠭᠤᠯᠠᠨ ᠭᠡᠷᠤᠨ ᠦᠢᠯᠡᠴᠢᠯᠡᠭᠴᠢ᠂ ᠮᠠᠰᠢᠨ ᠲᠡᠷᠭᠡᠨᠦ ᠵᠠᠰᠠᠪᠤᠷᠢᠴᠢᠨ ᠪᠤᠯᠬᠤ ᠪᠤᠶᠤ ᠦᠪᠠᠷᠢᠶᠡᠨ ᠵᠢᠵᠢᠭ ᠺᠤᠮᠫᠠᠨᠢ ᠡᠷᠬᠢᠯᠡᠬᠦ᠂ ᠬᠤᠭᠤᠯᠠᠨ ᠬᠡᠷ ᠨᠡᠭᠡᠭᠡᠬᠦ᠂ ᠲᠠᠷᠢᠶ᠎ᠠ ᠲᠠᠷᠢᠵᠤ ᠮᠠᠯ ᠮᠠᠯᠯᠠᠬᠤ ᠨᠢ ᠪᠦᠷ ᠠᠵᠢᠯ ᠮᠦᠨ᠃ ᠨᠠᠢᠭᠡᠮᠤᠨ ᠵᠦᠪ ᠲᠠᠯ᠎ᠠ ᠵᠢᠨ ᠲᠠᠯ᠎ᠠ ᠲᠠᠯ᠎ᠠ ᠵᠢᠨ ᠬᠡᠷᠡᠭᠴᠡᠭᠡ ᠱᠠᠭᠠᠷᠳᠠᠯᠭ᠎ᠠ ᠵᠢ ᠬᠠᠨᠭᠭᠠᠵᠦ᠂ ᠦᠷᠳᠡᠭ ᠪᠦᠳᠦᠭᠡᠵᠦ ᠪᠠᠢᠭ᠎ᠠ ᠬᠦᠳᠡᠯᠮᠤᠷᠢ ᠪᠦᠬᠦᠨᠢ 《ᠠᠵᠢᠯ》 ᠬᠡᠵᠦ ᠦᠵᠡᠬᠦ ᠶᠤᠰᠤᠳᠠᠢ᠃ ᠤᠳᠤᠬᠠᠨᠦ 《ᠠᠵᠢᠯᠪᠠᠢᠪᠠᠴᠤ ᠬᠢᠬᠦ ᠬᠦᠮᠦᠨ ᠦᠭᠡᠢ; ᠬᠦᠮᠦᠨ ᠪᠠᠢᠪᠠᠴᠤ ᠠᠵᠢᠯᠢ ᠨᠢ ᠬᠢᠬᠦ ᠦᠭᠡᠢ》 ᠬᠠᠴᠢᠨ ᠦᠵᠡᠭᠳᠡᠯᠤᠨ ᠬᠠᠮᠤᠭᠤᠨ ᠭᠤᠤᠯ ᠰᠢᠯᠳᠠᠭᠠᠨ ᠪᠤᠯ ᠡᠨᠡᠬᠦ 《ᠠᠵᠢᠯ》ᠤ᠋ᠨ ᠲᠤᠬᠠᠢ ᠤᠯᠠᠮᠵᠢᠯᠠᠯᠳᠤ ᠬᠡᠯᠪᠠᠢᠬᠦᠦ ᠤᠢᠯᠠᠭᠠᠯᠳᠠ ᠲᠠᠨᠢᠯᠳᠠ ᠡᠴᠡ ᠪᠤᠯᠤᠭᠰᠠᠨ ᠪᠠᠢᠳᠠᠯ ᠲᠠᠢ᠃
ᠡᠢᠮᠦᠷᠬᠦᠤ ᠠᠬᠤᠢ ᠪᠠᠢᠳᠠᠯ ᠲᠤᠤᠷ᠎ᠠ᠂ ᠮᠠᠨᠦ ᠬᠡᠷᠤᠨ ᠠᠬᠠᠮᠠᠳ ᠪᠤᠯᠤᠭᠰᠠᠳ ᠬᠡᠦᠭᠡᠳ ᠵᠢᠡᠨ ᠵᠠᠪᠠᠯ ᠶᠡᠭᠡ ᠰᠤᠷᠭᠠᠭᠤᠯᠢᠳᠤ ᠰᠤᠷᠤᠯᠴᠠᠭᠤᠯᠬᠤ ᠪᠡᠷ ᠠᠯᠪᠠᠳᠠᠬᠤ ᠬᠡᠷᠡᠭᠳᠡᠢ ᠤᠤ ᠦᠭᠡᠢ ᠤᠤ ᠬᠡᠳᠡᠭᠢ ᠬᠢᠨᠠᠮᠠᠭᠠᠢ ᠪᠤᠳᠤᠯᠬᠢᠯᠠᠬᠤ ᠬᠡᠷᠡᠭᠳᠡᠢ ᠪᠤᠯᠵᠤ ᠪᠠᠢᠨ᠎ᠠ᠃ ᠢᠯᠠᠨᠭᠭᠤᠶ᠎ᠠ ᠪᠢᠴᠢᠭ ᠨᠤᠮ ᠰᠤᠷᠬᠤ ᠲᠤᠷ᠎ᠠ ᠦᠭᠡᠢ᠂ ᠰᠠᠢᠨ ᠰᠤᠷᠴᠤ ᠲᠡᠢᠯᠭᠦ ᠦᠭᠡᠢ ᠬᠡᠦᠭᠡᠳᠢ ᠵᠠᠪᠠᠯ ᠶᠡᠭᠡ ᠰᠤᠷᠭᠠᠭᠤᠯᠢᠳᠤ ᠰᠢᠯᠭᠠᠨ ᠤᠷᠤᠬᠤ ᠬᠡᠷᠡᠭᠳᠡᠢ ᠬᠡᠵᠦ ᠲᠠᠰᠢᠭᠤᠷᠳᠠᠵᠦ ᠠᠯᠪᠠᠳᠠᠬᠤ ᠨᠢ ᠴᠤᠬᠤᠮ ᠶᠠᠭᠤᠨᠦ ᠲᠦᠯᠦᠭᠡ ᠪᠤᠢ ᠬᠡᠳᠡᠭ ᠵᠢᠡᠨ ᠲᠤᠨᠭᠭᠠᠵᠦ ᠪᠤᠳᠤᠭᠤᠰᠢᠳᠠᠢ᠃ ᠵᠦᠪᠭᠡᠨ ᠰᠢᠯᠭᠠᠯᠳᠠ ᠵᠢᠨ ᠦᠨᠳᠦᠷ ᠬᠤᠪᠢ᠂ ᠰᠤᠷᠤᠯᠭ᠎ᠠ ᠵᠢᠨ ᠦᠨᠳᠦᠷ ᠨᠠᠮᠳᠡᠷ ᠵᠢᠡᠷ ᠨᠢᠭᠡ ᠬᠦᠮᠦᠨᠢ ᠬᠡᠮᠵᠢᠶᠠᠯᠠᠵᠦ ᠪᠤᠯᠬᠤ ᠦᠭᠡᠢ᠂ ᠬᠠᠷᠢᠨ ᠴᠤᠪᠤᠭᠤ ᠰᠡᠷᠭᠦᠯᠡᠩ᠂ ᠪᠠᠶ᠎ᠠ ᠳ᠋ᠡᠭᠡᠨ ᠢᠳᠡᠭᠡᠯ ᠲᠠᠢ᠂ ᠡᠷᠡᠭᠦᠯ ᠰᠡᠳᠬᠢᠴᠠ ᠲᠠᠢ ᠬᠦᠮᠦᠨ ᠪᠤᠯᠤᠨ ᠬᠦᠮᠦᠵᠢᠬᠦ ᠨᠢ ᠨᠡᠩ ᠴᠢᠬᠤᠯᠠ ᠪᠢᠰᠢ ᠤᠤ ⁈ ᠤᠢᠷ᠎ᠠ ᠵᠢᠨ ᠵᠢᠯ ᠡᠴᠡ ᠰᠤᠷᠤᠭᠴᠢᠳᠢ ᠠᠨᠭᠬ᠎ᠠ ᠲᠤᠮᠳᠠᠳᠤ ᠡᠴᠡ ᠡᠬᠢᠯᠡᠵᠦ ᠨᠢᠭᠡ ᠪᠦᠯᠦᠭᠢ ᠨᠢ ᠠᠵᠢᠯ ᠮᠡᠷᠭᠡᠵᠢᠯᠤᠨ ᠰᠤᠷᠭᠠᠭᠤᠯᠢ ᠦᠭᠡᠳᠡ ᠬᠦᠳᠦᠯᠦᠨ ᠵᠢᠯᠤᠭᠤᠳᠴᠤ ᠪᠠᠢᠭ᠎ᠠ ᠵᠢ ᠰᠡᠷᠭᠡᠭᠢᠶᠡᠷ ᠲᠠᠨᠢᠪᠡᠯ ᠵᠤᠬᠢᠨ᠎ᠠ᠃
ᠡᠭᠦᠨᠳᠤ ᠤᠨᠴᠠᠭᠠᠢᠯᠠᠨ ᠲᠤᠳᠤᠷᠬᠠᠢᠯᠠᠭᠤᠰᠢᠳᠠᠢ ᠨᠢᠭᠡ ᠵᠦᠢᠯ ᠬᠡᠪᠡᠯ᠂ ᠲᠤᠰ ᠪᠠᠶ᠎ᠠ ᠵᠢᠨ ᠰᠤᠶᠤᠯ ᠪᠤᠯᠪᠠᠰᠤᠷᠠᠯ ᠵᠢᠡᠨ ᠲᠡᠭᠡᠭᠰᠢᠯᠡᠬᠦᠯᠵᠦ᠂ ᠦᠷᠭᠡᠨ ᠲᠡᠯᠭᠡᠷ ᠡᠷᠳᠡᠮ ᠮᠡᠳᠡᠯᠭᠡ ᠡᠵᠡᠮᠰᠢᠬᠦ ᠬᠦᠰᠡᠯ ᠲᠠᠢ᠂ ᠰᠤᠷᠴᠤ ᠰᠤᠳᠤᠯᠬᠤ ᠲᠤᠷ᠎ᠠ ᠲᠠᠢ ᠬᠦᠮᠦᠨᠦ ᠶᠡᠭᠡ ᠰᠤᠷᠭᠠᠭᠤᠯᠢᠳᠤ ᠰᠢᠯᠭᠠᠨ ᠤᠷᠤᠵᠦ ᠤᠶᠤᠳᠠᠨ᠂ ᠴᠢᠨᠠᠭᠰᠢᠯᠠᠨ ᠮᠠᠰᠲ᠋ᠸᠷ᠂ ᠳ᠋ᠤᠺᠲ᠋ᠤᠷ ᠪᠤᠯᠬᠤ ᠵᠢ ᠪᠢᠳᠠ ᠪᠠᠶᠠᠷᠯᠠᠨ ᠵᠤᠷᠢᠭᠵᠢᠭᠤᠯᠬᠤ ᠶᠤᠰᠤᠳᠠᠢ᠃ ᠬᠠᠷᠢᠨ ᠶᠡᠭᠡ ᠰᠤᠷᠭᠠᠭᠤᠯᠢᠳᠤ ᠤᠷᠤᠵᠤ ᠰᠤᠷᠤᠯᠴᠠᠬᠤ ᠨᠢ ᠠᠯᠪᠠᠨ ᠠᠵᠢᠯ ᠤᠯᠬᠤ ᠵᠢᠨ ᠲᠦᠯᠦᠭᠡ ᠬᠡᠰᠡᠨ ᠵᠤᠷᠢᠯᠭ᠎ᠠ ᠲᠠᠢ ᠪᠠᠢᠪᠠᠯ ᠶᠠᠮᠠᠷ ᠰᠤᠷᠭᠠᠭᠤᠯᠢ᠂ ᠶᠠᠮᠠᠷ ᠲᠤᠰᠬᠠᠢ ᠮᠡᠷᠭᠡᠵᠢᠯ ᠰᠤᠨᠭᠭᠤᠬᠤ ᠪᠠᠨ ᠰᠠᠢᠨ ᠰᠤᠳᠤᠯᠬᠤ ᠬᠡᠷᠡᠭᠳᠡᠢ ᠪᠦᠭᠡᠳ ᠰᠢᠯᠭᠠᠨ ᠤᠷᠤᠭᠰᠠᠨᠦ ᠲᠠᠷᠠᠭ᠎ᠠ ᠪᠠᠰᠠ ᠪᠠᠶ᠎ᠠ ᠪᠠᠨ ᠰᠤᠯᠠ ᠲᠠᠯᠪᠢᠵᠦ ᠪᠤᠯᠬᠤ ᠦᠭᠡᠢ᠂ ᠪᠠᠶ᠎ᠠ ᠳ᠋ᠡᠭᠡᠨ ᠬᠠᠷᠢᠭᠤᠴᠠᠨ ᠰᠠᠢᠨ ᠰᠤᠷᠬᠤ ᠭᠡᠷᠡᠭᠳᠡᠢ ᠬᠡᠵᠦ ᠲᠡᠭᠦᠦ ᠨᠠᠷ ᠲᠡᠭᠡᠨ ᠵᠦᠪᠯᠡᠶᠠ᠃