1 ᠰᠠᠷᠠᠶᠢᠨ 17 ᠤ
ᠡᠳᠦᠷ᠂ 《ᠰᠠᠭᠤᠭᠳᠠᠯ》 ᠥᠪᠥᠷ ᠮᠣᠩᠭᠣᠯ ᠤᠨ ᠮᠣᠷᠢᠨ
ᠬᠤᠭᠤᠷᠤᠨ ᠲᠤᠰᠬᠠᠢ ᠲᠠᠯᠠᠪᠠᠢ ᠲᠠᠭᠤᠤ ᠬᠦᠭᠵᠢᠮ ᠤ᠋ᠨ ᠦᠳᠡᠰᠢᠯᠡᠭᠡ ᠶ᠋ᠢᠨ ᠪᠦᠬᠦ ᠤᠯᠤᠰᠤᠨ ᠲᠣᠭᠣᠷᠢᠨ
ᠲᠤᠭᠯᠠᠯᠳᠠᠶᠢᠨ ᠭᠤᠷᠪᠠᠳᠤᠭᠠᠷ ᠲᠠᠯᠠᠪᠠᠢ ᠲᠤᠭᠯᠠᠯᠲᠠ ᠬᠦᠬᠡᠬᠤᠳᠠ ᠶ᠋ᠢᠨ ᠪᠡᠶ᠎ᠡ ᠶ᠋ᠢᠨ ᠲᠠᠮᠢᠷ ᠤ᠋ᠨ ᠲᠥᠪ
ᠲᠤ᠌ ᠶᠠᠪᠤᠭᠳᠠᠵᠤ ᠦᠵᠡᠭᠴᠢ ᠲᠦᠮᠡᠨ ᠢ᠋ᠶ᠋ᠠᠨ ᠪᠠᠶᠠᠰᠬᠠᠯ᠎ᠠ᠃

ᠦᠳᠡᠰᠢᠯᠡᠭᠡᠨᠢ 《ᠬᠡᠢᠮᠤᠷᠢ》 ᠭᠡᠮᠡᠭᠥ ᠮᠣᠷᠢᠨ ᠬᠤᠭᠤᠷᠤᠨ
ᠤᠶᠠᠩᠭᠠᠨ ᠡᠭᠡᠰᠢᠭ ᠦᠨ ᠳᠤᠮᠳᠠ ᠬᠥᠰᠢᠭᠡᠪᠡᠨ ᠰᠡᠬᠦᠵᠦ᠂ ᠪᠦᠭᠦᠢᠯᠡ ᠲᠤᠭᠯᠠᠯᠳᠠ ᠨᠢ ᠮᠤᠷᠢᠨ ᠬᠤᠭᠤᠷ
ᠢ᠋ᠶ᠋ᠠᠷ ᠭᠤᠤᠯ ᠬᠦᠭᠵᠢᠮ ᠢ᠋ᠶ᠋ᠠᠨ ᠪᠤᠯᠭᠠᠵᠤ᠂ ᠡᠯᠧᠺᠲᠷᠦᠨ ᠬᠦᠭᠵᠢᠮ᠂ ᠡᠷᠡᠦ ᠬᠤᠭᠤᠷ᠂ ᠪᠣᠰᠤᠭ᠎ᠠ
ᠶᠠᠲᠤᠭ᠎ᠠ᠂ ᠬᠤᠯᠤᠰᠤᠨ ᠪᠢᠰᠭᠢᠬᠦᠷ᠂ ᠬᠤᠶᠠᠷ ᠤᠳᠠᠰᠤᠳᠤ ᠬᠤᠭᠤᠷ ᠵᠡᠷᠭᠡ ᠡᠯ᠎ᠡ ᠲᠦᠷᠥᠯ ᠤ᠋ᠨ ᠬᠦᠭᠵᠢᠮ ᠲᠠᠢ
ᠬᠠᠪᠰᠤᠷᠭᠠᠨ ᠬᠦᠭᠵᠢᠮᠳᠡᠵᠦ᠂ ᠮᠤᠷᠢᠨ ᠬᠤᠭᠤᠷ ᠤ᠋ᠨ ᠬᠦᠭᠵᠢᠯ ᠤ᠋ᠨ ᠱᠠᠲᠤ ᠥᠶ᠎ᠡ ᠶ᠋ᠢ ᠬᠠᠷᠠᠭᠤᠯᠵᠤ᠂ ᠮᠤᠷᠢᠨ ᠬᠤᠭᠤᠷ ᠤ᠋ᠨ ᠰᠢᠨ᠎ᠡ
ᠡᠷᠡᠨ ᠢ᠋ ᠡᠷᠢᠯᠬᠢᠯᠡᠵᠦ ᠴᠢᠳᠠᠭᠰᠠᠨ ᠢ᠋ᠶ᠋ᠠᠷ ᠢ᠋ᠶ᠋ᠠᠨ ᠦᠵᠡᠭᠴᠢᠳ ᠤ᠋ᠨ ᠬᠠᠯᠠᠭᠤᠨ ᠬᠦᠷᠢᠶᠡᠯᠡᠯ ᠢ᠋
ᠤᠯᠵᠡᠢ᠃

ᠲᠤᠰ ᠤᠳᠠᠭᠠᠨ ᠤ᠋ ᠦᠳᠡᠰᠢᠯᠡᠭᠡ ᠪᠠᠷ 《ᠮᠤᠩᠭᠤᠯ ᠮᠤᠷᠢ》᠂ 《ᠬᠤᠨ ᠭᠠᠯᠠᠭᠤ》᠂《ᠠᠷᠢᠬᠢᠨ ᠳᠠᠭᠤᠤ》᠂ 《ᠠᠯᠳᠠᠷᠭᠠᠨ᠎ᠠ 》 ᠵᠡᠷᠭᠡ 14 ᠳᠠᠭᠤᠤ
ᠬᠦᠭᠵᠢᠮ ᠤ᠋ᠨ ᠲᠣᠭᠯᠠᠯᠲᠠ ᠭᠠᠷᠭᠠᠵᠤ᠂ 《ᠲᠦᠮᠡᠨ ᠠᠭᠲᠠᠶᠢᠨ ᠲᠦᠪᠡᠷᠭᠡᠨ》 ᠭᠡᠬᠦ ᠮᠣᠷᠢᠨ
ᠬᠤᠭᠤᠷᠤᠨ ᠠᠶ᠎ᠠ ᠶ᠋ᠢᠨ ᠳᠤᠮᠳᠠ ᠦᠨᠳᠤᠷᠯᠡᠵᠦ ᠲᠦᠮᠡᠨᠤ ᠬᠠᠷᠠᠭ᠎ᠠ ᠰᠤᠨᠤᠷ ᠢ᠋ ᠮᠢᠯᠢᠶᠠᠭᠰᠠᠨ ᠪᠠᠢᠨ᠎ᠠ᠃

《ᠰᠠᠭᠤᠭᠳᠠᠯ》ᠥᠪᠥᠷ ᠮᠣᠩᠭᠣᠯᠤᠨ ᠮᠣᠷᠢᠨ ᠬᠤᠭᠤᠷᠤᠨ ᠲᠤᠰᠬᠠᠢ ᠲᠠᠯᠠᠪᠠᠢ ᠲᠠᠭᠤᠤ ᠬᠦᠭᠵᠢᠮ ᠤ᠋ᠨ
ᠦᠳᠡᠰᠢᠯᠡᠭᠡ ᠶ᠋ᠢ ᠥᠪᠥᠷ ᠮᠣᠩᠭᠣᠯᠤᠨ ᠥᠪᠡᠷᠲᠡᠭᠡᠨ ᠵᠠᠰᠠᠬᠤ ᠣᠷᠣᠨᠤ ᠨᠠᠮᠤᠨ ᠬᠣᠷᠢᠶᠠᠶᠢᠨ
ᠤᠬᠠᠭᠤᠯᠬᠤ ᠭᠡᠯᠲᠡᠰᠡᠴᠡ ᠭᠣᠣᠯᠯᠠᠨ ᠡᠷᠬᠢᠯᠡᠵᠦ᠂
ᠣᠷᠳᠣᠰ ᠬᠣᠲᠠᠶᠢᠨ ᠨᠠᠮ ᠤᠨ ᠬᠤᠷᠢᠶᠠᠨ ᠤ᠋ ᠤᠬᠠᠭᠤᠯᠬᠤ ᠬᠡᠯᠲᠡᠰ᠂ ᠣᠷᠳᠣᠰ ᠬᠣᠲᠠᠶᠢᠨ
ᠰᠣᠶᠣᠯ ᠪᠠ ᠵᠢᠭᠤᠯᠴᠢᠯᠠᠯ ᠤᠨ ᠲᠣᠪᠴᠢᠶ᠎ᠠ᠂ ᠳᠤᠮᠳᠠᠳᠤ ᠤᠯᠤᠰ ᠤᠨ ᠡᠪ ᠬᠠᠮᠲᠤ ᠨᠠᠮᠤᠨ ᠦᠦᠰᠢᠨ
ᠬᠣᠰᠢᠭᠤᠨ ᠤ ᠬᠣᠷᠢᠶ᠎ᠠ᠂ ᠦᠦᠰᠢᠨ ᠬᠣᠰᠢᠭᠤᠨ ᠤ ᠠᠷᠠᠳᠤᠨ ᠵᠠᠰᠠᠭᠤᠨ ᠣᠷᠳᠣᠨᠡᠴᠡ ᠳᠠᠭᠠᠭᠠᠴᠢᠯᠠᠨ
ᠡᠷᠬᠢᠯᠡᠵᠦ᠂ ᠦᠦᠰᠢᠨ ᠬᠣᠰᠢᠭᠤᠨ ᠤ ᠮᠣᠷᠢᠨ ᠬᠤᠭᠤᠷ
ᠤ᠋ᠨ ᠨᠠᠢᠷᠠᠯ ᠬᠥᠭᠵᠢᠮᠤᠨ ᠪᠦᠯᠬᠦᠮ ᠪᠤᠯᠤᠨ ᠣᠷᠳᠣᠰ
ᠬᠣᠲᠠᠶᠢᠨ ᠤᠯᠠᠭᠠᠨᠮᠦᠢ᠍ᠴᠢᠷᠠᠴᠠ ᠬᠠᠮᠲᠤᠷᠠᠨ ᠲᠤᠭᠯᠠᠵᠠᠢ᠃

ᠲᠤᠰ ᠤᠳᠠᠭᠠᠨ ᠤ᠋ ᠲᠣᠮᠤ
ᠭᠡᠯᠪᠡᠷᠢ ᠶ᠋ᠢᠨ ᠲᠤᠰᠬᠠᠢ ᠲᠡᠯᠡᠪᠡᠢ ᠲᠤᠭᠯᠠᠯᠳᠠ ᠪᠣᠯ
ᠲᠤᠮᠳᠠᠳᠤ ᠶ᠋ᠢᠨ ᠤᠯᠠᠮᠵᠢᠯᠠᠯᠳᠤ ᠦᠨᠳᠤᠰᠤᠳᠡᠨ ᠤ᠋ ᠬᠦᠭᠵᠢᠮ ᠪᠤᠯᠤᠨ ᠦᠷᠦᠨᠡᠳᠡᠬᠢᠨ ᠤ᠋ ᠬᠦᠭᠵᠢᠮ᠂ ᠮᠦᠨ
ᠴᠤ᠌ ᠦᠷᠦᠨᠡᠳᠡᠬᠢᠨ ᠤ᠋ ᠨᠠᠢᠷᠠᠯ ᠬᠦᠭᠵᠢᠮ ᠤ᠋ᠨ ᠪᠦᠯᠭᠦᠮ ᠪᠤᠯᠤᠨ ᠲᠤᠮᠳᠠᠳᠤ ᠶ᠋ᠢᠨ ᠦᠨᠳᠤᠰᠤᠳᠡᠨ ᠤ᠋
ᠬᠦᠭᠵᠢᠮ ᠤ᠋ᠨ ᠪᠦᠯᠭᠦᠮ ᠤ᠋ᠨ ᠨᠢᠭᠡᠨ ᠤᠳᠠᠭᠠᠨ ᠤ᠋ ᠬᠦᠨᠴᠠ ᠲᠠᠢ ᠰᠤᠯᠢᠯᠴᠠᠭ᠎ᠠ ᠪᠤᠯᠤᠭᠰᠠᠨ ᠶᠤᠮ᠃