ᠰᠢᠨ᠎ᠡ ᠶᠠᠭᠣᠮ᠎ᠠ ᠰᠢᠵᠢᠷ ᠮᠡᠲᠦ
2026-01-21 10:19:49
ᠵᠣᠬᠢᠶᠠᠭ᠍ᠴᠢ᠄
ᠬᠤᠰᠢᠭᠤᠴᠢ
ᠣᠩᠱᠢᠭ᠍ᠰᠠᠨ ᠣᠳᠠᠭ᠎ᠠ᠄
★★★☆☆

ᠨᠢᠭᠡ ᠪᠣᠲᠣᠬᠣᠯ᠎ᠠ 《ᠰᠢᠨ᠎ᠡ》 ᠭᠡᠰᠡᠨ ᠢ᠋ ᠵᠦᠪᠬᠡᠨ ᠰᠣᠨᠢᠨ ᠮᠡᠳᠡᠭᠡ ᠵᠠᠭᠣᠴᠢᠯᠠᠭᠣᠷ ᠤ᠋ᠨ ᠬᠢᠨ ᠬᠦᠭᠡᠭᠡᠴᠡᠯᠲᠦᠵᠦ ᠵᠢᠳᠬᠦᠯᠡᠲᠡᠭ ᠦᠭᠡᠢ ᠶᠣᠮ ᠪᠠᠢᠨ᠎ᠠ᠃

ᠰᠢᠨ᠎ᠡ ᠤᠨ ᠤ᠋ ᠪᠣᠱᠣᠭᠠᠨ ᠲᠡᠭᠡᠷ᠎ᠡ ᠦᠢᠮᠡᠯᠲᠦᠨ ᠪᠣᠵᠢᠬᠢᠨᠠᠯᠲᠣᠬᠣ ᠣᠯᠠᠨ ᠬᠦᠮᠦᠨ ᠤ᠋ ᠪᠡᠷ᠎ᠡ ᠵᠢ ᠬᠠᠷᠠᠬᠤ᠂ ᠡᠰᠡᠬᠦᠯ᠎ᠠ ᠪᠠᠶᠠᠷ ᠤ᠋ᠨ ᠡᠳᠦᠷ ᠤ᠋ᠨ ᠠᠭᠣᠷ ᠠᠮᠢᠰᠬᠣᠯ ᠶ᠋ᠢᠡᠷ ᠴᠢᠮᠡᠭᠰᠡᠨ ᠬᠣᠲᠠ ᠵᠡᠭᠡᠯᠢ ᠵᠢᠨ ᠦᠩᠭᠡᠲᠦ ᠳ᠋ᠸᠩ᠂ ᠡᠯᠲᠡᠪ ᠶᠠᠩᠵᠦ ᠵᠢᠨ ᠴᠢᠮᠡᠭᠯᠡᠯ ᠢ᠋ ᠬᠠᠷᠠᠬᠣ ᠪᠣᠯᠭᠠᠨ ᠰᠢᠨ᠎ᠡ ᠬᠢᠭᠡᠳ ᠬᠠᠭᠣᠴᠢᠨ ᠭᠡᠲᠡᠭ ᠨᠢ ᠵᠦᠪᠬᠡᠨ ᠴᠠᠬ ᠬᠣᠭᠣᠴᠠᠭᠠᠨ ᠤ᠋ ᠡᠭᠡᠯᠵᠢ ᠲᠠᠷᠠᠭᠠᠯᠠᠯ ᠲᠡᠳᠦᠢ ᠪᠣᠰᠣ᠂ ᠬᠠᠷᠢᠨ ᠰᠡᠳᠬᠢᠯ ᠬᠦᠰᠡᠯ ᠤ᠋ᠨ ᠲᠡᠮᠡᠦᠯᠦᠯ ᠪᠣᠯᠬᠣ ᠵᠢ ᠡᠷᠬᠡ ᠦᠭᠡᠢ ᠮᠡᠲᠡᠷᠡᠯ᠎ᠠ᠃ ᠲᠡᠷᠡᠴᠢᠯᠡᠨ ᠮᠢᠩᠭᠠᠨᠲᠠ ᠦᠵᠡᠵᠦ ᠲᠦᠮᠡᠨᠲᠡ ᠰᠣᠨᠣᠰᠴᠣ ᠪᠠᠢᠭᠰᠠᠨ ᠵᠡᠭᠡᠯᠢ ᠵᠢᠨ ᠬᠣᠶᠠᠷ ᠬᠠᠵᠠᠭᠣ ᠵᠢᠨ ᠬᠣᠲᠠᠯᠲᠣᠭ᠎ᠠ ᠲᠡᠯᠭᠡᠬᠦᠷ ᠤ᠋ᠨ ᠦᠩᠭᠡ ᠵᠢᠰᠦ ᠴᠦ᠍ ᠦᠭᠡᠷᠡᠴᠢᠯᠡᠭᠲᠡᠨ ᠰᠢᠨᠡᠳᠴᠦ᠂ ᠬᠠᠩᠬᠢᠨᠠᠨ ᠴᠣᠣᠷᠢᠶᠠᠲᠣᠬᠣ ᠬᠦᠭᠵᠢᠮ ᠲᠠᠭᠣᠣ ᠨᠢ ᠴᠦ᠍ ᠴᠢᠬᠢᠨ ᠳ᠋ᠦ ᠠᠶᠠᠲᠠᠢ ᠰᠠᠨᠠᠬᠲᠠᠵᠦ᠂ ᠴᠡᠭᠡᠵᠢᠨ ᠳ᠋ᠦ ᠨᠠᠷᠠ ᠣᠷᠭᠣᠵᠦ ᠰᠡᠳᠬᠢᠯ ᠳ᠋ᠦ ᠴᠡᠴᠡᠭ ᠲᠡᠯᠭᠡᠷᠡᠭᠰᠡᠨ ᠮᠡᠲᠦ ᠪᠣᠯᠬᠣ ᠶᠣᠮ᠃

ᠰᠢᠨ᠎ᠡ ᠶᠠᠭᠣᠮ᠎ᠠ ᠣᠷᠣᠰᠬᠠᠯ ᠪᠣᠯᠵᠦ᠂ ᠬᠠᠭᠣᠴᠢᠨ ᠶᠠᠭᠣᠮ᠎ᠠ ᠲᠣᠷᠠᠰᠬᠠᠯ ᠪᠣᠯᠣᠨ᠎ᠠ ᠭᠡᠵᠦ ᠬᠦᠮᠦᠰ ᠶᠠᠷᠢᠲᠠᠬ᠃ ᠣᠷᠣᠰᠣᠨ ᠦᠩᠭᠡᠷᠡᠬᠦ ᠴᠠᠬ ᠬᠣᠭᠣᠴᠠᠭᠠᠨ ᠤ᠋ ᠬᠣᠢᠨ᠎ᠠ ᠡᠴᠡ ᠢᠩᠬᠢᠵᠦ ᠰᠠᠨᠠᠵᠦ ᠪᠣᠲᠣᠯᠭᠠᠰᠢᠷᠠᠬᠣ ᠲᠣᠰᠣᠮ 《ᠰᠢᠨᠡᠯᠡᠭᠰᠡᠭᠡᠷ ᠰᠢᠨᠡᠯᠡᠭᠰᠡᠭᠡᠷ ᠴᠢ ᠪᠢᠳᠡ ᠪᠦᠷ ᠬᠠᠭᠣᠴᠢᠷᠠᠴᠢᠬᠠᠨ᠎ᠠ》 ᠭᠡᠰᠡᠨ ᠬᠡᠨ ᠨᠢᠭᠡᠨ ᠤ᠋ ᠬᠡᠯᠡᠭᠰᠡᠨ ᠦᠭᠡ ᠤᠷᠭᠤᠨ ᠰᠠᠨᠠᠬᠲᠠᠨ᠎ᠠ᠃ ᠲᠡᠢᠮᠦ ᠡ᠂ ᠬᠦᠮᠦᠰ ᠤᠨ ᠵᠢᠯ ᠢ᠋ ᠲᠣᠭᠣᠷᠢᠨ ᠭᠠᠷᠲᠠᠬ ᠦᠭᠡᠢ ᠲᠣᠭᠣᠯᠣᠨ ᠭᠠᠲᠣᠯᠲᠠᠬ᠃ ᠲᠡᠭᠡᠬᠦ ᠳ᠋ᠡᠭᠡᠨ ᠡᠯᠡᠭᠡᠵᠦ ᠦᠩᠭᠡᠷᠡᠬᠦᠯᠦᠭᠰᠡᠨ ᠡᠳᠦᠷ ᠬᠣᠨᠣᠬ ᠶ᠋ᠢᠡᠨ ᠬᠠᠭᠣᠴᠢᠨ ᠳ᠋ᠦ ᠪᠠᠬᠲᠠᠭᠠᠨ ᠦᠬᠦᠯᠡᠵᠦ᠂ ᠣᠬᠲᠣᠨ ᠢᠷᠡᠬᠦ ᠴᠠᠬ ᠬᠣᠭᠣᠴᠠᠭ᠎ᠠ ᠪᠠᠨ ᠰᠢᠨ᠎ᠡ ᠪᠡᠷ ᠰᠡᠳᠬᠢᠨ ᠣᠷᠭᠣᠭᠣᠯᠵᠦ ᠲᠦᠰᠦᠭᠡᠯᠡᠬᠦ ᠲᠣᠷᠠᠲᠠᠢ ᠪᠦᠭᠡᠳ ᠰᠢᠨ᠎ᠡ ᠤᠨ ᠶ᠋ᠢᠡᠨ ᠣᠬᠲᠣᠨ ᠲᠡᠮᠲᠡᠭᠯᠡᠬᠦ ᠭᠡᠵᠦ ᠬᠡᠦᠬᠡᠳ ᠪᠠᠭᠠᠴᠣᠳ ᠡᠴᠡ ᠡᠬᠢᠯᠡᠨ ᠬᠣᠲᠠᠯᠲᠣᠭ᠎ᠠ ᠲᠡᠯᠭᠡᠬᠦᠷ ᠬᠦᠷᠲᠡᠯ᠎ᠡ ᠨᠠᠭᠠᠳᠴᠣ ᠨᠠᠷᠬᠢᠯᠲᠣᠬᠣ᠂ ᠲᠣᠭᠣᠷᠢᠵᠦ ᠵᠣᠭᠠᠴᠠᠬᠣ ᠭᠡᠬᠦᠴᠢᠯᠡᠨ ᠣᠯᠠᠨ ᠶᠠᠩᠵᠦ ᠵᠢᠨ ᠠᠵᠢᠯᠯᠠᠭ᠎ᠠ ᠰᠡᠳᠦᠵᠦ ᠵᠣᠬᠢᠶᠠᠨ ᠪᠠᠢᠭᠣᠯᠲᠠᠬ ᠨᠢ ᠰᠣᠨᠢᠷᠬᠠᠯᠲᠠᠢ ᠪᠢᠰᠢ᠃

ᠬᠠᠭᠣᠴᠢᠨ ᠬᠢᠭᠡᠳ ᠰᠢᠨ᠎ᠡ ᠰᠦᠯᠵᠢᠯᠲᠦᠨ ᠰᠤᠯᠪᠢᠴᠠᠵᠤ ᠬᠦᠭᠵᠢᠯᠲᠡ ᠬᠣᠪᠢᠷᠠᠯᠲᠠ ᠵᠢ ᠬᠦᠣᠷᠨᠢᠨ᠎ᠠ᠃ ᠠᠩᠬ᠎ᠠ ᠠᠵᠢᠯ ᠤ᠋ᠨ ᠭᠠᠷᠣᠭ᠎ᠠ ᠡᠯᠬᠦᠬᠦ ᠳ᠋ᠦ ᠪᠢᠳᠡᠨ ᠢ᠋ ᠣᠬᠲᠣᠨ ᠠᠪᠴᠦ᠂ ᠠᠯᠪᠠᠨ ᠰᠢᠷᠡᠭᠡᠨ ᠤ᠋ ᠴᠠᠭᠠᠨ᠎ᠠ ᠲᠦᠪᠯᠡᠬᠦᠨ ᠰᠠᠭᠤᠭᠠᠳ ᠡᠷᠳᠡᠮ ᠪᠤᠯᠪᠠᠰᠤᠷᠠᠯ ᠵᠢᠡᠨ ᠬᠠᠷᠠᠮ ᠦᠬᠡᠢ ᠤᠯᠠᠮᠵᠢᠯᠠᠵᠤ ᠪᠠᠢᠬᠰᠠᠨ ᠪᠠᠬᠰᠢ ᠨᠠᠷ ᠮᠢᠨᠢ ᠨᠠᠰᠣ ᠵᠢᠯ ᠤ᠋ᠨ ᠡᠷᠬᠡ ᠪᠡᠷ ᠠᠵᠢᠯ ᠡᠴᠡ ᠪᠠᠨ ᠠᠮᠠᠷᠠᠵᠦ ᠲᠠᠷᠬᠠᠯᠠᠬᠲᠠᠬᠰᠠᠭᠠᠷ᠃ ᠲᠡᠳᠡᠨ ᠢ᠋ ᠵᠠᠯᠭᠠᠵᠦ ᠨᠢᠲᠦᠨ ᠳ᠋ᠡᠭᠡᠨ ᠭᠠᠯ ᠲᠠᠢ ᠨᠢᠭᠣᠷ ᠲᠠᠭᠠᠨ ᠴᠣᠬ ᠲᠠᠢ ᠵᠠᠯᠠᠭᠣᠰ ᠪᠠᠰᠠ ᠰᠢᠨ᠎ᠡ ᠬᠦᠴᠦᠨ ᠪᠣᠯᠵᠦ ᠨᠡᠮᠡᠭᠲᠡᠭᠰᠡᠭᠡᠷ ᠃ ᠠᠬᠢᠭᠠᠳ ᠬᠡᠳᠦᠨ ᠠᠷᠪᠠᠨ ᠵᠢᠯ ᠦᠩᠭᠡᠷᠡᠬᠦ ᠳ᠋ᠦ ᠡᠳᠡᠭᠡᠷ ᠵᠠᠯᠠᠭᠣᠰ ᠢ᠋ ᠪᠠᠰᠠ ᠨᠡᠩ ᠰᠢᠨ᠎ᠡ ᠦᠶ᠎ᠡ ᠵᠢᠨ ᠬᠢᠨ ᠦᠷᠬᠦᠯᠵᠢᠯᠡᠨ ᠵᠠᠯᠭᠠᠮᠵᠢᠯᠠᠬᠣ ᠨᠢ ᠶᠠᠷᠢᠶᠡᠨ ᠦᠬᠡᠢ᠃ ᠡᠨᠡ ᠮᠡᠲᠦ ᠪᠡᠷ ᠰᠢᠨ᠎ᠡ ᠬᠢᠭᠡᠳ ᠬᠠᠭᠣᠴᠢᠨ ᠤ᠋ ᠡᠭᠡᠯᠵᠢ ᠰᠣᠯᠢᠬᠲᠠᠯ ᠤ᠋ᠨ ᠵᠢᠮ᠎ᠡ ᠪᠡᠷ ᠣᠷᠴᠢᠯᠠᠩ ᠶᠢᠷᠲᠢᠨᠴᠦ ᠰᠢᠨᠡᠲᠦᠨ ᠬᠦᠭᠵᠢᠵᠦ᠂ ᠴᠢ ᠪᠢᠳᠡᠨ ᠳ᠋ᠦ ᠦᠯᠦ ᠲᠠᠨᠢᠬᠲᠠᠮ᠎ᠠ 《ᠰᠢᠨ᠎ᠡ》 ᠶ᠋ᠢ ᠲᠠᠰᠣᠷᠠᠯᠲᠠ ᠦᠭᠡᠢ ᠡᠬᠦᠳᠲᠡᠭ ᠣᠴᠢᠷᠲᠠᠢ᠃

ᠪᠢᠳᠡ ᠰᠠᠢᠬᠠᠨ ᠳ᠋ᠦ ᠲᠣᠷᠠᠲᠠᠢ᠂ ᠰᠠᠢᠬᠠᠨ ᠪᠣᠯᠭᠠᠨ ᠤ᠋ ᠲᠣᠲᠣᠳᠬᠠᠯ ᠪᠣᠯᠣᠬᠰᠠᠨ ᠰᠢᠨ᠎ᠡ ᠳ᠋ᠦ ᠨᠡᠩ ᠲᠣᠷᠠᠲᠠᠢ ᠶᠤᠮ᠃ ᠦᠩᠭᠡᠷᠡᠵᠦ ᠣᠲᠣᠬᠰᠠᠨ ᠤᠨ ᠵᠢᠯ ᠡᠬᠦᠷᠢᠳᠡ ᠮᠠᠷᠲᠠᠬᠲᠠᠰᠢ ᠦᠭᠡᠢ ᠲᠣᠷᠠᠳᠬᠠᠯ ᠤ᠋ᠨ ᠬᠠᠭᠣᠲᠠᠰᠣᠨ ᠳ᠋ᠦ ᠦᠩᠭᠡ ᠪᠣᠲᠣᠬ ᠨᠡᠮᠡᠷᠢᠯᠡᠭᠰᠡᠨ ᠶ᠋ᠢᠡᠷ ᠶ᠋ᠢᠡᠨ᠂ ᠰᠡᠳᠬᠢᠨ ᠲᠣᠩᠭᠠᠬᠣ ᠣᠬᠠᠭ᠎ᠠ ᠲᠠᠮᠢᠷ ᠬᠠᠢᠷᠠᠯᠠᠬᠰᠠᠨ ᠶ᠋ᠢᠡᠷ ᠶ᠋ᠢᠡᠨ ᠦᠨ᠎ᠡ ᠲᠠᠢ ᠮᠦᠷᠲᠡᠭᠡᠨ ᠦᠷᠬᠦᠯᠵᠢ ᠲᠣᠷᠠᠰᠬᠣ ᠣᠴᠢᠷ ᠲᠠᠢ ᠪᠢᠯᠡ᠃ ᠲᠡᠭᠡᠬᠦ ᠳ᠋ᠡᠭᠡᠨ ᠣᠷᠭᠣᠵᠦ ᠵᠢᠷᠭᠠᠬᠣ ᠨᠠᠷᠠᠨ ᠤ᠋ ᠡᠭᠡᠯᠵᠢ᠂ ᠣᠷᠴᠢᠨ ᠣᠯᠠᠷᠢᠬᠣ ᠴᠠᠬ ᠤ᠋ᠨ ᠬᠦᠷᠲᠦ ᠵᠢ ᠲᠠᠭᠠᠵᠦ ᠰᠢᠨ᠎ᠡ ᠶᠠᠭᠣᠮ᠎ᠠ ᠬᠠᠭᠣᠴᠢᠷᠠᠲᠠᠬ ᠴᠦ᠍ ᠰᠢᠨ᠎ᠡ ᠵᠢ ᠬᠦᠰᠡᠨ ᠪᠠᠬᠠᠲᠣᠵᠦ᠂ ᠰᠢᠨ᠎ᠡ ᠵᠢ ᠵᠤᠷᠢᠨ ᠲᠡᠮᠡᠤᠯᠬᠦ ᠬᠦᠮᠦᠰ ᠤ᠋ᠨ ᠣᠷᠮᠠᠰ ᠰᠡᠳᠬᠢᠯᠭᠡ ᠬᠡᠵᠢᠶᠡᠲᠡ ᠬᠠᠭᠣᠴᠢᠷᠠᠲᠠᠬ ᠦᠭᠡᠢ ᠶᠤᠮ᠃

ᠪᠢᠳᠡ ᠪᠦᠬᠦᠲᠡᠭᠡᠷ ᠶ᠋ᠢᠡᠨ ᠰᠢᠨ᠎ᠡ ᠤᠨ ᠤ᠋ ᠠᠯᠬᠣᠭ᠎ᠠ ᠵᠢ ᠲᠠᠭᠠᠵᠦ ᠰᠢᠨ᠎ᠠ ᠵᠢ ᠵᠤᠷᠢᠨ ᠲᠡᠮᠡᠤᠯᠵᠡᠬᠡᠶ᠎ᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号