ᠥᠪᠥᠷ ᠮᠣᠩᠭᠣᠯ ᠤ᠋ᠨ ᠦᠬᠡᠷ ᠤ᠋ᠨ ᠮᠢᠬᠠᠨ ᠤ᠋ ᠵᠢᠯ᠎ᠤᠨ ᠭᠠᠷᠤᠯᠲᠠ ᠠᠩᠬ᠎ᠠ ᠤᠳᠠᠭ᠎ᠠ 100 ᠲᠦᠮᠡᠨ ᠲᠣᠨ ᠢ᠋ ᠳᠠᠪᠠᠪᠠ
2026-01-21 09:16:52
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠦᠪᠤᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠲᠠᠷᠢᠶᠠᠯᠠᠩ ᠮᠠᠯ ᠠᠵᠤ ᠠᠬᠤᠶ ᠪᠠ ᠬᠥᠳᠡᠭᠡ ᠲᠣᠰᠭᠣᠨ ᠮᠠᠯᠵᠢᠬᠤ ᠣᠷᠣᠨ ᠤ᠋ ᠲᠢᠩᠬᠢᠮ ᠡᠴᠡ ᠣᠢᠯᠠᠭᠠᠭ᠍ᠰᠠᠨ ᠵᠢᠡᠷ᠂ 2025 ᠣᠨ ᠳ᠋ᠦ ᠮᠠᠨ ᠤ᠋ ᠤᠷᠤᠨ ᠤ᠋ ᠦᠬᠡᠷ ᠤ᠋ᠨ ᠮᠢᠬᠠᠨ ᠤ᠋ ᠵᠢᠯ ᠎ᠤᠨ ᠭᠠᠷᠤᠯᠲᠠ ᠠᠩᠬ᠎ᠠ ᠤᠳᠠᠭ᠎ᠠ 100 ᠲᠦᠮᠡᠨ ᠲᠣᠨ ᠢ᠋ ᠳᠠᠪᠠᠵᠤ᠂ ᠪᠥᠬᠥ᠌ ᠤᠯᠤᠰ ᠤ᠋ᠨ ᠦᠬᠡᠷ ᠤ᠋ᠨ ᠮᠢᠬᠠᠨ ᠤ᠋ ᠨᠡᠮᠡᠭ᠌ᠳᠡᠯ ᠤ᠋ᠨ ᠬᠡᠮᠵᠢᠶ᠎ᠡ ᠶ᠋ᠢᠨ 50% ᠡᠴᠡ ᠳᠡᠭᠡᠭᠰᠢᠬᠢ ᠵᠢ ᠡᠵᠡᠯᠡᠪᠡ᠃

2025 ᠣᠨ ᠳ᠋ᠦ ᠮᠠᠨ ᠤ᠋ ᠤᠷᠤᠨ ᠭᠠᠳᠠᠭᠠᠳᠤ ᠡᠴᠡ ᠣᠷᠣᠭᠤᠯᠬᠤ ᠦᠬᠡᠷ ᠤ᠋ᠨ ᠮᠢᠬᠠᠨ ᠤ᠋ ᠲᠠᠭᠠᠷᠢᠯᠲᠠ ᠵᠢ ᠰᠠᠨᠠᠭᠠᠴᠢᠯᠠᠭ᠎ᠠ ᠡᠴᠡ ᠪᠠᠨ ᠠᠷᠭᠠᠴᠠᠭᠠᠨ᠂ ᠢᠳᠡᠪᠬᠢᠲᠡᠶ ᠠᠷᠭ᠎ᠠ ᠬᠡᠮᠵᠢᠶ᠎ᠡ ᠠᠪᠴᠤ᠌ ᠮᠢᠬᠠᠨ ᠤ᠋ ᠦᠬᠡᠷ ᠤ᠋ᠨ ᠠᠵᠤ ᠦᠶ᠋ᠯᠡᠰ ᠤ᠋ᠨ ᠬᠦᠴᠢᠷᠳᠡᠯ ᠢ᠋ ᠱᠢᠶ᠋ᠳᠪᠦᠷᠢᠯᠡᠨ ᠲᠣᠭ᠍ᠲᠠᠪᠤᠷᠢᠵᠢᠭᠤᠯᠬᠤ ᠵᠢ ᠠᠬᠢᠭᠤᠯᠵᠤ᠂ ᠪᠦᠬᠦ ᠵᠢᠯ ᠳ᠋ᠤ 873.4 ᠲᠦᠮᠡᠨ ᠮᠢᠬᠠᠨ ᠤ᠋ ᠦᠬᠡᠷ ᠲᠠᠵᠢᠬᠡᠨ᠂ ᠦᠬᠡᠷ ᠤ᠋ᠨ ᠭᠠᠷᠭᠠᠯᠲᠠ 594.7 ᠲᠦᠮᠡ᠂ ᠦᠬᠡᠷ ᠤ᠋ᠨ ᠮᠢᠬᠠᠨ ᠤ᠋ ᠭᠠᠷᠤᠯᠲᠠ 101.7 ᠲᠦᠮᠡᠨ ᠲᠣᠨ ᠳ᠋ᠦ ᠬᠦᠷᠴᠦ᠍᠂ ᠲᠠᠬᠡᠷ᠎ᠠ ᠵᠢᠯ ᠤ᠋ᠨ ᠬᠢ ᠡᠴᠡ ᠪᠠᠨ ᠲᠣᠰ ᠲᠣᠰ 12.7%᠂ 12.8% ᠪᠠ 14.2% ᠶ᠋ᠢᠡᠷ ᠨᠡᠮᠡᠭ᠌ᠳᠡᠵᠦ᠍᠂ ᠦᠷᠭᠦᠯᠵᠢᠯᠡᠨ ᠪᠥᠬᠥ᠌ ᠤᠯᠤᠰ ᠲᠦ᠍ ᠲᠦᠷᠦᠬᠦᠯᠡᠪᠡ᠃ ᠡᠬᠦᠨ ᠳ᠋ᠤ ᠦᠬᠡᠷ ᠤ᠋ᠨ ᠮᠢᠬᠠᠨ ᠤ᠋ ᠭᠠᠷᠤᠯᠲᠠ 2024 ᠤᠨ ᠤ᠋ ᠬᠢ ᠡᠴᠡ 12.6 ᠲᠦᠮᠡᠨ ᠳᠤᠨ ᠨᠡᠮᠡᠭᠳᠡᠵᠦ᠂ ᠪᠦᠬᠦ ᠤᠯᠤᠰ ᠤ᠋ᠨ ᠦᠬᠡᠷ ᠤ᠋ᠨ ᠮᠢᠬᠠᠨ ᠤ᠋ ᠨᠡᠮᠡᠭᠳᠡᠯ ᠤ᠋ᠨ ᠬᠡᠮᠵᠢᠶ᠎ᠡ ᠶ᠋ᠢᠨ 57% ᠵᠢ ᠡᠵᠡᠯᠡᠪᠡ᠃

ᠮᠠᠨ ᠤ᠋ ᠤᠷᠤᠨ 《ᠤᠮᠠᠷᠠᠲᠤ ᠶ᠋ᠢᠨ ᠦᠬᠡᠷ ᠢ᠋ ᠡᠮᠦᠨᠡᠰᠢ ᠵᠦᠭᠡᠭᠡᠪᠦᠷᠢᠯᠡᠬᠦ᠂ ᠱᠢᠨ᠎ᠡ ᠰᠣᠷᠭᠣᠭ ᠦᠬᠡᠷ ᠤ᠋ᠨ ᠮᠢᠬ᠎ᠠ ᠵᠢ ᠭᠤᠸᠠᠩᠳᠦ᠋ᠩ᠎ᠳᠦ ᠪᠤᠷᠤᠯᠠᠭᠤᠯᠠᠬᠤ》 ᠦᠶ᠋ᠯᠡᠳᠪᠦᠷᠢᠯᠡᠯ ᠪᠣᠷᠣᠯᠠᠭᠤᠯᠭ᠎ᠠ ᠵᠢ ᠵᠣᠯᠭᠠᠭᠤᠯᠬᠤ ᠠᠵᠢᠯᠯᠠᠭ᠎ᠠ ᠥᠷᠨᠢᠭᠦᠯᠵᠦ᠍᠂ ᠪᠥᠬᠥ᠌ ᠣᠷᠣᠨ ᠤ᠋ ᠳᠠᠭᠠᠭᠤᠯᠤᠭᠴᠢ ᠠᠵᠤ ᠠᠬᠤᠢᠯᠠᠯ ᠬᠢᠭᠡᠳ ᠭᠤᠸᠠᠩᠳᠦ᠋ᠩ ᠱᠢᠶᠠᠩᠭᠠᠩ ᠣᠣᠮᠧᠨ᠎ᠦ ᠲᠣᠮᠣ ᠪᠤᠯᠤᠩ ᠤ᠋ᠨ ᠣᠷᠣᠨ ᠤ᠋ ᠠᠷᠠᠯᠵᠢᠶᠠᠴᠢᠳ ᠵᠢᠡᠷ ᠪᠦᠷᠢᠯᠳᠦᠭᠰᠡᠨ 《ᠥᠪᠥᠷ ᠮᠣᠩᠭᠣᠯ ᠭᠤᠸᠠᠩᠳᠦ᠋ᠩ ᠤ᠋ᠨ ᠮᠢᠬᠠᠨ ᠤ᠋ ᠦᠬᠡᠷ ᠤ᠋ᠨ ᠠᠵᠤ ᠦᠶ᠋ᠯᠡᠰ ᠤ᠋ᠨ ᠬᠣᠯᠪᠣᠭ᠎ᠠ》 ᠵᠢ ᠪᠠᠢᠭᠤᠯᠵᠤ᠂ ᠵᠢᠯ ᠪᠦᠷᠢ ᠭᠤᠸᠠᠡᠭᠳᠦ᠋ᠡᠭ ᠮᠤᠵᠢ ᠳ᠋ᠦ ᠬᠠᠡᠭᠭᠠᠵᠤ ᠪᠠᠢᠭ᠎ᠠ ᠳᠡᠭᠡᠳᠦ ᠳᠡᠰ ᠤ᠋ᠨ ᠮᠢᠬᠠᠨ ᠤ᠋ ᠦᠭᠡᠷ 100 ᠲᠦᠮᠡ ᠵᠢ ᠳᠠᠪᠠᠪᠠ᠃ ᠡᠬᠦᠨ ᠤ᠋ ᠬᠠᠮᠳᠤ ᠪᠡᠭᠡᠵᠢᠩ ᠲᠢᠶᠠᠨᠵᠢᠨ ᠾᠧᠪᠧᠢ ᠶ᠋ᠢᠨ ᠥᠪᠥᠷ ᠮᠣᠩᠭᠣᠯ ᠤ᠋ᠨ ᠦᠬᠡᠷ ᠬᠣᠨᠢ ᠵᠢ ᠤᠷᠢᠳᠴᠢᠯᠡᠨ ᠨᠢᠲᠤᠯᠵᠤ ᠡᠳ᠋ᠰᠢᠭᠦᠯᠦᠨ ᠪᠤᠯᠪᠠᠰᠤᠷᠠᠭᠤᠯᠬᠤ ᠲᠥᠪ ᠢ᠋ ᠪᠠᠢᠭᠤᠯᠤᠨ ᠠᠱᠢᠭ᠍ᠯᠠᠯᠲᠠ ᠳ᠋ᠦ ᠣᠷᠣᠭᠤᠯᠵᠤ᠂ 《ᠴᠠᠭ ᠲᠤᠬᠠᠢ ᠳ᠋ᠤᠨᠢ ᠨᠢᠲᠤᠯᠬᠤ + ᠱᠢᠨ᠎ᠡ ᠰᠣᠷᠭᠣᠭ ᠶ᠋ᠢᠡᠷ ᠲᠤᠬᠢᠷᠠᠭᠤᠯᠤᠨ ᠬᠦᠷᠭᠡᠬᠦ᠌》 ᠦᠢᠯᠡᠴᠢᠯᠡᠭᠡ ᠦᠷᠨᠢᠭᠦᠯᠪᠡ᠃ ᠪᠠᠰᠠ ᠦᠬᠡᠷ ᠤ᠋ᠨ ᠮᠢᠬ᠎ᠠ ᠵᠢᠨ ᠠᠷᠠᠯᠵᠢᠶᠠᠨ ᠤ᠋ ᠲᠥᠪ ᠤ᠋ᠨ ᠪᠦᠲᠦᠭᠡᠨ ᠪᠠᠢᠭᠤᠯᠤᠯᠲᠠ ᠵᠢ ᠠᠬᠢᠭᠤᠯᠵᠤ᠂ ᠨᠡᠢᠲᠡ 18490 ᠲᠦᠮᠡᠨ ᠲᠥᠭᠥᠷᠢᠭ᠎ᠤ᠋ᠨ ᠠᠷᠠᠯᠵᠢᠶ᠎ᠠ ᠪᠦᠲᠦᠬᠡᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号