ᠤᠯᠠᠭᠠᠨᠴᠠᠪ ᠬᠤᠲᠠ ᠵᠢᠨ 6856 ᠣᠷᠴᠢᠨ ᠲᠣᠭᠣᠷᠢᠨ᠎ᠤ ᠴᠡᠪᠡᠷᠯᠡᠭᠴᠢ ᠲᠤᠰᠭᠠᠶ ᠭᠡᠨᠡᠳᠲᠡ ᠵᠢᠨ ᠭᠡᠮᠲᠦᠯ᠎ᠦᠨ ᠳᠠᠭᠠᠳᠭᠠᠯ᠎ᠲᠠᠶ ᠪᠣᠯᠪᠠ
2026-01-21 10:56:26
ᠵᠣᠬᠢᠶᠠᠭ᠍ᠴᠢ᠄
​ ᠬᠠᠶ ᠵᠢᠶᠦ᠋ᠨ
ᠣᠩᠱᠢᠭ᠍ᠰᠠᠨ ᠣᠳᠠᠭ᠎ᠠ᠄
★★★☆☆

《ᠲᠠ ᠨᠠᠷ ᠪᠠᠢᠬᠰᠨᠨ ᠡᠴᠡ ᠬᠣᠲᠠ ᠭᠣᠶᠣᠵᠢᠨ᠎ᠠ᠂ ᠱᠢᠨᠬᠤᠸᠠ ᠺᠣᠮᠫᠠᠨᠢ ᠲᠠᠨ ᠤ᠋ ᠲᠡᠷᠭᠡᠳᠡ ᠪᠤᠢ》 ᠭᠡᠬᠦ ᠣᠷᠴᠢᠨ ᠲᠣᠭᠣᠷᠢᠨ᠎ᠤ ᠴᠡᠪᠡᠷᠯᠡᠭᠴᠢ ᠵᠢ ᠬᠠᠯᠠᠮᠵᠢᠯᠠᠬᠤ ᠲᠣᠮᠣ ᠬᠡᠯᠪᠡᠷᠢ᠎ᠶ᠋ᠢᠨ ᠨᠡᠢᠲᠡ᠎ᠶ᠋ᠢᠨ ᠠᠰᠠᠷᠠᠮᠵᠢ᠎ᠶ᠋ᠢᠨ ᠠᠵᠢᠯᠯᠠᠭ᠎ᠠ ᠤᠢᠷ᠎ᠠ ᠳ᠋ᠤ ᠱᠢᠨᠬᠤᠸᠠ ᠳᠠᠭᠠᠳᠭᠠᠯ᠎ᠤᠨ ᠤᠯᠠᠭᠠᠨᠴᠠᠪ᠎ᠤᠨ ᠲᠥᠪ ᠰᠠᠯᠪᠤᠷᠢ ᠺᠣᠮᠫᠠᠨᠢ᠎ᠶ᠋ᠢᠨ ᠬᠤᠷᠠᠯ᠎ᠤᠨ ᠬᠡᠷ᠎ᠲᠦ ᠶᠠᠪᠤᠭ᠍ᠳᠠᠪᠠ᠃ ᠲᠤᠰ ᠠᠵᠢᠯᠯᠠᠭ᠎ᠠ ᠤᠯᠠᠭᠠᠨᠴᠠᠪ ᠬᠣᠲᠠ᠎ᠶ᠋ᠢᠨ ᠡᠮᠦᠨ᠎ᠡ ᠹᠷᠣᠨᠲ᠎ᠤᠨ 6856 ᠣᠷᠴᠢᠨ ᠲᠣᠭᠣᠷᠢᠨ᠎ᠤ ᠴᠡᠪᠡᠷᠯᠡᠭᠴᠢ᠎ᠳᠤ ᠲᠤᠰᠭᠠᠶ ᠭᠡᠨᠡᠳᠲᠡ ᠵᠢᠨ ᠭᠡᠮᠲᠦᠯ᠎ᠦᠨ ᠳᠠᠭᠠᠳᠭᠠᠯ ᠵᠢᠴᠢ ᠡᠪᠦᠯ᠎ᠦᠨ ᠤᠯᠠᠷᠢᠯ᠎ᠤᠨ ᠬᠠᠯᠠᠮᠵᠢᠯᠠᠨ ᠲᠣᠬᠣᠨᠢᠭᠤᠯᠬᠤ ᠪᠤᠳᠠᠰ ᠬᠦᠷᠭᠡᠵᠡᠢ᠃

ᠦᠳᠡ᠎ᠶ᠋ᠢᠨ ᠡᠮᠦᠨᠡᠬᠢ 9 ᠴᠠᠭ᠎ᠲᠤ᠂ ᠱᠢᠨᠬᠤᠸᠠ ᠳᠠᠭᠠᠳᠭᠠᠯ᠎ᠤᠨ ᠤᠯᠠᠭᠠᠨᠴᠠᠪ᠎ᠤᠨ ᠲᠥᠪ ᠰᠠᠯᠪᠤᠷᠢ ᠺᠣᠮᠫᠠᠨᠢ᠎ᠶ᠋ᠢᠨ ᠠᠵᠢᠯᠲᠠᠳ ᠠᠵᠢᠯᠯᠠᠭ᠎ᠠ ᠵᠢᠨ ᠲᠤᠬᠠᠢ ᠵᠢᠨ ᠲᠠᠯᠠᠪᠠᠢ ᠳ᠋ᠤ ᠤᠷᠢᠳᠴᠢᠯᠠᠨ ᠬᠦᠷᠦᠭᠡᠳ᠂ ᠬᠦᠵᠦᠭᠦᠨ᠎ᠤ ᠤᠷᠢᠶᠠᠯᠲᠠ᠂ ᠪᠡᠭᠡᠯᠡᠶ ᠵᠡᠷᠭᠡ ᠲᠣᠬᠣᠨᠢᠭᠤᠯᠬᠤ ᠪᠣᠳᠠᠰ᠎ᠢ ᠨᠢᠭᠡᠳ ᠨᠢᠭᠡ᠎ᠪᠡᠷ ᠡᠮᠬᠢᠯᠡᠵᠦ᠍ ᠳᠠᠭᠤᠰᠭᠠᠪᠠ᠃ ᠤᠯᠠᠪᠤᠷ ᠥᠩᠭᠡ᠎ᠲᠡᠶ ᠠᠵᠢᠯ᠎ᠤᠨ ᠬᠤᠪᠴᠠᠰᠤ ᠡᠮᠦᠰᠦᠭ᠌ᠰᠡᠨ ᠣᠷᠴᠢᠨ ᠲᠣᠭᠣᠷᠢᠨ᠎ᠤ ᠴᠡᠪᠡᠷᠯᠡᠭᠴᠢ ᠵᠢᠨ ᠲᠥᠯᠥᠭᠡᠯᠡᠭ᠌ᠴᠢ ᠡᠮᠬᠢ ᠲᠠᠷᠠᠭ᠎ᠠ᠎ᠲᠠᠶ᠎ᠲᠠᠯᠠᠪᠠᠶ᠎ᠳᠤ ᠣᠷᠣᠬᠤ᠎ᠳᠦ ᠠᠯᠠᠭ᠎ᠠ ᠲᠠᠰᠢᠬᠤ ᠲᠠᠭᠤᠨ ᠨᠢᠵᠢᠭᠢᠨᠡᠨ᠂ ᠡᠷᠭᠡ ᠦᠭᠡᠢ  ᠵᠢᠷᠦᠭᠡ ᠰᠡᠳᠬᠢᠯ᠎ᠢ ᠳᠤᠭᠳᠤᠯᠤᠭᠤᠯᠤᠨ᠎ᠠ᠃

ᠱᠢᠨᠬᠤᠸᠠ ᠳᠠᠭᠠᠳᠭᠠᠯ᠎ᠤᠨ ᠤᠯᠠᠭᠠᠨᠴᠠᠪ᠎ᠤᠨ ᠲᠥᠪ ᠰᠠᠯᠪᠤᠷᠢ ᠺᠣᠮᠫᠠᠨᠢ᠎ᠶ᠋ᠢᠨ ᠨᠠᠮ᠎ᠤᠨ ᠡᠭᠦᠷ᠎ᠦᠨ ᠱᠦᠵᠢ᠂ ᠶᠡᠷᠦᠩᠬᠡᠶ ᠳᠠᠭᠠᠭᠠᠮᠠᠯ ᠵᠠᠩ ᠵᠧᠨ ᠯᠠᠶ᠄ 《ᠣᠷᠴᠢᠨ ᠲᠣᠭᠣᠷᠢᠨ᠎ᠤ ᠴᠡᠪᠡᠷᠯᠡᠭᠴᠢ ᠦᠷ᠎ᠤᠨ ᠳᠥᠷᠪᠡᠨ ᠴᠠᠭ᠎ᠠᠴᠠ ᠠᠵᠢᠯᠯᠠᠵᠤ ᠡᠬᠢᠯᠡᠨ᠂ ᠬᠣᠲᠠ᠎ᠶ᠋ᠢᠨ ᠠᠷᠢᠭᠤᠨ ᠴᠡᠪᠡᠷ ᠢ᠋ ᠪᠠᠲᠤᠯᠠᠵᠤ ᠪᠠᠢᠳᠠᠭ᠃ ᠬᠡᠬᠦ ᠳ᠋ᠤ ᠲᠡᠳᠡᠨ᠎ᠦ ᠠᠵᠢᠯ᠎ᠳᠤ ᠵᠠᠮ ᠬᠠᠷᠢᠯᠴᠠᠭᠠᠨ᠎ᠤ ᠡᠨᠳᠡᠯ ᠵᠡᠷᠭᠡ ᠠᠮᠤᠷ ᠲᠦᠪᠱᠢᠨ᠎ᠦ ᠲᠦᠭᠰᠢᠭᠦᠷᠢ ᠤᠷᠤᠰᠢᠵᠤ ᠪᠠᠢᠳᠠᠭ᠃ ᠪᠥᠬᠥ᠌ ᠬᠣᠲᠠ᠎ᠶ᠋ᠢᠨ ᠤᠯᠠᠩᠬᠢ ᠡᠮᠦᠨ᠎ᠡ ᠹᠷᠣᠨᠲ᠎ᠤᠨ ᠣᠷᠴᠢᠨ ᠲᠤᠭᠤᠷᠢᠨ ᠤ᠋ ᠴᠡᠪᠡᠷᠯᠡᠭᠴᠢ ᠵᠢᠨ ᠨᠠᠰᠤ ᠨᠢ 65 ᠵᠢ ᠲᠠᠪᠠᠵᠤ᠂ ᠪᠡᠶ᠎ᠡ ᠮᠠᠬᠠᠪᠣᠳ᠎ᠤᠨ ᠨᠥᠬᠥᠴᠡᠯ ᠪᠠ ᠨᠠᠰᠤᠨ᠎ᠤ ᠬᠢᠵᠠᠭᠠᠷ᠎ᠠᠴᠠ ᠪᠣᠯᠵᠣ᠂ ᠬᠤᠳᠠᠯᠳᠤᠭᠠᠨ᠎ᠤ ᠳᠠᠭᠠᠳᠭᠠᠯ᠎ᠳᠤ ᠣᠷᠣᠯᠴᠠᠬᠤ᠎ᠳᠦ ᠬᠦᠴᠢᠷ ᠪᠠᠢᠵᠤ᠂ ᠠᠷᠠᠳ᠎ᠤᠨ ᠠᠮᠢᠳᠤᠷᠠᠯ᠎ᠤᠨ ᠪᠠᠲᠤᠯᠠᠭ᠎ᠠ᠎ᠶ᠋ᠢᠨ ᠬᠦᠷᠢᠶᠡᠨ᠎ᠳᠡᠬᠢ ᠪᠠᠭᠤᠷᠠᠶ ᠭᠣᠭ᠍ᠴᠣᠭ᠎ᠠ ᠪᠣᠯᠵᠣ ᠪᠠᠢᠳᠠᠭ︾ᠬᠡᠵᠤ ᠰᠤᠷᠪᠤᠯᠵᠢᠯᠠᠭᠴᠢ᠎ᠳᠤ ᠲᠠᠨᠢᠯᠴᠠᠭᠤᠯᠪᠠ᠃

ᠡᠨᠡ ᠬᠦ᠌ ᠠᠰᠠᠭᠤᠳᠠᠯ᠎ᠢ ᠱᠢᠶ᠋ᠳᠪᠦᠷᠢᠯᠡᠬᠦ᠌᠎ᠶ᠋ᠢᠨ ᠲᠥᠯᠥᠭᠡ᠂ ᠱᠢᠨᠬᠤᠸᠠ ᠳᠠᠭᠠᠳᠭᠠᠯ᠎ᠤᠨ ᠤᠯᠠᠭᠠᠨᠴᠠᠪ᠎ᠤᠨ ᠲᠥᠪ ᠰᠠᠯᠪᠤᠷᠢ ᠺᠣᠮᠫᠠᠨᠢ ᠭᠤᠷᠪᠠᠨ ᠰᠠᠷ᠎ᠠ᠎ᠶ᠋ᠢᠨ ᠪᠠᠢᠴᠠᠭᠠᠨ ᠰᠤᠳᠤᠯᠤᠯᠲᠠ ᠪᠠ ᠰᠤᠷᠪᠤᠯᠵᠢᠯᠠᠭ᠎ᠠ ᠬᠢᠵᠦ᠂ ᠣᠷᠴᠢᠨ ᠲᠤᠭᠤᠷᠢᠨ ᠢ᠋ ᠴᠡᠪᠡᠷᠯᠡᠬᠦ ᠠᠵᠢᠯ᠎ᠤᠨ ᠡᠮᠦᠨ᠎ᠡ ᠹᠷᠣᠨᠲ᠎ᠲᠤ ᠭᠦᠨᠵᠡᠭᠡᠢᠷᠡᠨ᠂ ᠪᠣᠳᠠᠲᠠᠶ ᠬᠡᠷᠡᠭ᠌ᠴᠡᠭᠡ᠎ᠶ᠋ᠢ ᠣᠢᠯᠠᠭᠠᠵᠤ᠂ ᠣᠷᠴᠢᠨ ᠲᠤᠭᠤᠷᠢᠨ ᠤ᠋ ᠴᠡᠪᠡᠷᠯᠡᠭᠴᠢ ᠵᠢᠨ ᠲᠤᠰᠭᠠᠶ ᠭᠡᠨᠡᠳᠲᠡ ᠵᠢᠨ ᠭᠡᠮᠲᠦᠯ᠎ᠦᠨ ᠳᠠᠭᠠᠳᠭᠠᠯ᠎ᠢ ᠲᠣᠭ᠍ᠲᠠᠭᠠᠪᠠ᠃ ᠬᠠᠨᠳᠢᠪᠯᠠᠬᠤ ᠵᠦᠪᠯᠡᠯᠴᠡᠭᠡᠷ᠎ᠢ ᠦᠨᠳᠦᠰᠦᠯᠡᠪᠡᠯ᠂ ᠱᠢᠨᠬᠤᠸᠠ ᠳᠠᠭᠠᠳᠭᠠᠯ᠎ᠤᠨ ᠤᠯᠠᠭᠠᠨᠴᠠᠪ᠎ᠤᠨ ᠲᠥᠪ ᠰᠠᠯᠪᠤᠷᠢ ᠺᠣᠮᠫᠠᠨᠢ᠎ᠡᠮᠦᠨ᠎ᠡ ᠹᠷᠣᠨᠲ᠎ᠤᠨ 6856 ᠣᠷᠴᠢᠨ ᠲᠣᠭᠣᠷᠢᠨ ᠤ᠋ ᠴᠡᠪᠡᠷᠯᠡᠭᠴᠢ ᠳ᠋ᠤ ᠬᠥᠮᠦᠨ ᠪᠦᠷᠢ᠎ᠳᠦ 10 ᠲᠦᠮᠡᠨ ᠲᠥᠭᠥᠷᠢᠭ᠎ᠦᠨ ᠭᠡᠨᠡᠳᠲᠡ ᠵᠢᠨ ᠬᠡᠮᠳᠤᠯ ᠤ᠋ᠨ ᠪᠠᠲᠤᠯᠠᠭ᠎ᠠ ᠬᠠᠩᠭᠠᠵᠤ᠂ ᠲᠦᠭ᠌ᠰᠢᠭᠦᠷᠢ᠎ᠶ᠋ᠢᠨ ᠪᠠᠲᠤᠯᠠᠭ᠎ᠠ᠎ᠶ᠋ᠢᠨ ᠵᠤᠭᠤᠰ ᠤ᠋ᠨ ᠬᠡᠮᠵᠢᠶ᠎ᠡ᠎ᠨᠢ ᠨᠡᠢᠲᠡ 6.856 ᠳ᠋ᠦᠩᠱᠢᠭᠤᠷ ᠲᠥᠭᠥᠷᠢᠭ᠎ᠲᠦ ᠬᠦᠷᠴᠦ᠍᠂ ᠪᠠᠲᠤᠯᠠᠭ᠎ᠠ᠎ᠶ᠋ᠢᠨ ᠬᠡᠪᠴᠢᠶ᠎ᠡ᠎ᠨᠢ ᠭᠡᠨᠡᠳᠲᠡ ᠨᠠᠰᠤ ᠪᠠᠷᠠᠬᠤ᠂ ᠭᠡᠨᠡᠳᠲᠡ ᠵᠡᠮᠳᠡᠭ ᠪᠣᠯᠬᠤ ᠵᠢᠴᠢ ᠭᠡᠨᠡᠳᠲᠡ ᠡᠮᠨᠡᠯᠭᠡ᠎ᠳᠤ ᠰᠠᠭᠤᠬᠤ ᠵᠡᠷᠭᠡ ᠭᠤᠤᠯᠯᠠᠬᠤ ᠡᠷᠬᠡ ᠠᠱᠢᠭ᠎ᠢ ᠬᠠᠮᠤᠷᠴᠤ᠌᠂ ᠣᠷᠴᠢᠨ ᠲᠣᠭᠣᠷᠢᠨ᠎ᠤ ᠴᠡᠪᠡᠷᠯᠡᠭᠴᠢ ᠵᠢᠨ ᠠᠵᠢᠯ᠎ᠤᠨ ᠠᠮᠤᠷ ᠲᠦᠪᠱᠢᠨ᠎ᠳᠦ ᠪᠥᠬᠥ᠌ ᠲᠠᠯ᠎ᠠ᠎ᠶ᠋ᠢᠨ ᠪᠠᠲᠤᠯᠠᠭ᠎ᠠ ᠬᠠᠩᠭᠠᠪᠠ᠃

ᠶᠣᠰᠣᠯᠠᠯ᠎ᠤᠨ ᠲᠤᠬᠠᠢ᠎ᠶ᠋ᠢᠨ ᠲᠠᠯᠠᠪᠠᠢ᠎ᠳᠤ᠂ ᠱᠢᠨᠬᠤᠸᠠ ᠳᠠᠭᠠᠳᠭᠠᠯ᠎ᠤᠨ ᠤᠯᠠᠭᠠᠨᠴᠠᠪ᠎ᠤᠨ ᠲᠥᠪ ᠰᠠᠯᠪᠤᠷᠢ ᠺᠣᠮᠫᠠᠨᠢ᠎ᠶ᠋ᠢᠨ ᠬᠠᠷᠢᠭᠤᠴᠠᠯᠭᠠᠲᠠᠨ ᠤᠯᠠᠭᠠᠨᠴᠠᠪ ᠬᠤᠳᠠ᠎ᠶ᠋ᠢᠨ ᠣᠷᠴᠢᠨ ᠲᠣᠭᠣᠷᠢᠨ᠎ᠤ ᠠᠷᠢᠭᠤᠨ ᠴᠡᠪᠡᠷ᠎ᠤᠨ ᠦᠢᠯᠡᠴᠢᠯᠡᠭᠡᠨ᠎ᠦ ᠠᠵᠤ ᠠᠬᠤᠢᠯᠠᠯ᠎ᠤᠨ ᠲᠥᠯᠥᠭᠡᠯᠡᠭ᠌ᠴᠢ᠎ᠲᠡᠶ ᠬᠠᠨᠳᠢᠪᠯᠠᠬᠤ ᠵᠥᠪᠯᠡᠯᠴᠡᠭᠡᠷ᠎ᠲᠦ ᠭᠠᠷ᠎ᠤᠨ ᠦᠰᠦᠭ ᠵᠢᠷᠤᠪᠠ᠃ ᠲᠣᠬᠣᠨᠢᠭᠤᠯᠬᠤ ᠪᠣᠳᠠᠰ ᠲᠦᠭᠡᠭᠡᠬᠦ ᠭᠣᠭ᠍ᠴᠣᠭᠠᠨ᠎ᠳᠤ ᠠᠵᠢᠯᠲᠠᠳ ᠳᠤᠯᠠᠭᠠᠯᠠᠭ᠎ᠠ ᠵᠢᠨ ᠪᠣᠳᠠᠰ᠎ᠢ ᠨᠢᠭᠡᠳ ᠨᠢᠭᠡ᠎ᠪᠡᠷ ᠣᠷᠴᠢᠨ ᠲᠣᠭᠣᠷᠢᠨ᠎ᠤ ᠴᠡᠪᠡᠷᠯᠡᠭᠴᠢ ᠵᠢᠨ ᠲᠥᠯᠥᠭᠡᠯᠡᠭ᠌ᠴᠢ ᠳ᠋ᠤ ᠭᠠᠷᠳᠠᠭᠤᠯᠪᠠ᠃

ᠣᠷᠴᠢᠨ ᠲᠣᠭᠣᠷᠢᠨ᠎ᠤ ᠴᠡᠪᠡᠷᠯᠡᠭᠴᠢ ᠰᠦᠨ ᠵᠢᠶᠠᠨ ᠡᠸ᠋ ᠣᠷᠴᠢᠨ ᠲᠣᠭᠣᠷᠢᠨ ᠤ᠋ ᠠᠷᠢᠭᠤᠨ ᠴᠡᠪᠡᠷ ᠤ᠋ᠨ ᠠᠵᠢᠯ᠎ᠢ ᠨᠢᠭᠡᠨᠲᠡ 8 ᠵᠢᠯ ᠬᠢᠵᠦ᠍᠂ ᠡᠳᠦᠷ ᠪᠦᠷᠢ ᠦᠷ᠎ᠤᠨ 5 ᠴᠠᠭ᠎ᠲᠤ ᠠᠵᠢᠯ᠎ᠤᠨ ᠪᠠᠢᠷᠢᠨ᠎ᠳᠠᠭᠠᠨ ᠭᠠᠷᠳᠠᠭ᠃ 《ᠬᠠᠢᠷ᠎ᠠ ᠬᠠᠯᠠᠮᠵᠢ ᠬᠦᠷᠭᠡᠵᠤ ᠪᠠᠢᠭ᠎ᠠ ᠠᠵᠤ ᠠᠬᠤᠢᠯᠠᠯ᠎ᠤᠨ ᠭᠡᠨᠡᠳᠲᠡ ᠵᠢᠨ ᠬᠡᠮᠳᠤᠯ ᠤ᠋ᠨ ᠳᠠᠭᠠᠳᠭᠠᠯ ᠪᠠ ᠳᠤᠯᠠᠭᠠᠯᠠᠭ᠎ᠠ ᠵᠢᠨ ᠡᠳ᠋ ᠪᠤᠳᠠᠰ᠎ᠢ ᠲᠤᠰᠤᠭᠠᠳ ᠪᠠᠶᠠᠷᠯᠠᠵᠤ ᠪᠠᠢᠨ᠎ᠠ᠃ ᠤᠤᠯ᠎ᠳᠠᠭᠠᠨ ᠠᠵᠢᠯᠯᠠᠬᠤ ᠦᠶᠡᠰ ᠡᠨᠳᠡᠯ ᠭᠠᠷᠬᠤ᠎ᠠᠴᠠ ᠵᠣᠪᠠᠳᠠᠭ᠂ ᠣᠳᠣ ᠳᠠᠭᠠᠳᠭᠠᠯ᠎ᠲᠠᠶ ᠪᠣᠯᠣᠭᠠᠳ ᠰᠠᠨᠠᠭ᠎ᠠ ᠠᠮᠤᠷ ᠪᠣᠯᠤᠯ᠎ᠠ᠃ ᠪᠢᠳᠡ ᠦᠷᠭᠦᠯᠵᠢᠯᠡᠨ ᠪᠦᠬᠦ᠌ ᠰᠡᠳᠭᠢᠯ ᠪᠦᠬᠦ᠌ ᠵᠣᠷᠢᠭ᠎ᠢᠶᠠᠷ ᠵᠢᠡᠨ ᠤᠷᠴᠢᠨ ᠲᠤᠭᠤᠷᠢᠨ ᠤ᠋ ᠠᠷᠢᠭᠤᠨ ᠴᠡᠪᠡᠷ ᠤ᠋ᠨ ᠠᠵᠢᠯ᠎ᠵᠢᠡᠨ ᠰᠠᠢᠲᠤᠷ ᠬᠢᠵᠦ᠍᠂ ᠡᠨᠡ ᠬᠦ᠌ ᠬᠠᠢᠷ᠎ᠠ ᠬᠠᠯᠠᠮᠵᠢ᠎ᠶ᠋ᠢ ᠬᠥᠰᠡᠷᠳᠡᠭᠦᠯᠬᠦ᠌ ᠦᠭᠡᠢ︾ ᠬᠡᠵᠤ ᠰᠦᠨ ᠵᠢᠶᠠᠨ ᠦ᠋ ᠴᠠᠭᠠᠪᠤᠷᠢᠯᠠᠵᠤ ᠪᠠᠢᠯ᠎ᠠ᠃

ᠣᠢᠯᠠᠭᠠᠭ᠍ᠰᠠᠨ᠎ᠢᠶᠠᠷ᠂ ᠱᠢᠨᠬᠤᠸᠠ ᠳᠠᠭᠠᠳᠭᠠᠯ᠎ᠤᠨ ᠺᠤᠮᠫᠠᠨᠢ ᠵᠢᠨ ᠲᠣᠰ ᠤᠳᠠᠭᠠᠨ᠎ᠤ ᠨᠡᠢᠲᠡ᠎ᠶ᠋ᠢᠨ ᠠᠰᠠᠷᠠᠮᠵᠢ᠎ᠶ᠋ᠢᠨ ᠬᠠᠨᠳᠢᠪ ᠪᠣᠯ ᠪᠥᠬᠥ᠌ ᠤᠯᠤᠰ᠎ᠤᠨ ᠣᠷᠴᠢᠨ ᠲᠣᠭᠣᠷᠢᠨ᠎ᠤ ᠴᠡᠪᠡᠷᠯᠡᠭᠴᠢ ᠵᠢ ᠬᠠᠯᠠᠮᠵᠢᠯᠠᠬᠤ ᠨᠡᠢᠲᠡ᠎ᠶ᠋ᠢᠨ ᠠᠰᠠᠷᠠᠮᠵᠢ᠎ᠶ᠋ᠢᠨ ᠠᠵᠢᠯᠯᠠᠭ᠎ᠠ᠎ᠶ᠋ᠢᠨ ᠨᠢᠭᠡ ᠬᠡᠰᠡᠭ ᠪᠣᠯᠤᠨ᠎ᠠ᠃ ᠱᠢᠨᠬᠤᠸᠠ ᠠᠮᠢ ᠨᠠᠰᠤᠨ᠎ᠤ ᠳᠠᠭᠠᠳᠭᠠᠯ᠎ᠤᠨ ᠨᠡᠢᠲᠡ᠎ᠶ᠋ᠢᠨ ᠠᠰᠠᠷᠠᠮᠵᠢ᠎ᠶ᠋ᠢᠨ ᠰᠠᠭᠤᠷᠢ ᠮᠥᠩᠭᠥᠨ᠎ᠦ ᠨᠡᠢᠭᠡᠮᠯᠢᠭ ᠲᠣᠰ ᠠᠵᠢᠯᠯᠠᠭ᠎ᠠ᠎ᠶ᠋ᠢ 2017 ᠣᠨ᠎ᠳᠤ ᠪᠥᠬᠥ᠌ ᠤᠯᠤᠰ᠎ᠲᠤ ᠡᠬᠢᠯᠡᠭᠦᠯᠦᠭᠡᠳ᠂ ᠣᠲᠣ ᠪᠣᠯᠲᠠᠯ᠎ᠠ ᠨᠢᠭᠡᠨᠲᠡ 187 ᠬᠣᠲᠠ᠎ᠶ᠋ᠢ ᠬᠠᠮᠤᠷᠴᠤ᠌᠂ ᠨᠡᠢᠲᠡ 498 ᠤᠳᠠᠭ᠎ᠠ ᠲᠥᠯᠥᠪᠦᠷᠢ ᠮᠦᠡᠭᠬᠦ ᠭᠠᠷᠭᠠᠵᠤ᠂ ᠳᠥᠯᠥᠪᠤᠷᠢ ᠮᠦᠡᠭᠬᠦ ᠵᠢᠨ ᠬᠡᠮᠵᠢᠶ᠎ᠠ ᠨᠢ 4500 ᠲᠦᠮᠡᠨ ᠲᠥᠭᠥᠷᠢᠭ᠎ᠲᠦ ᠬᠦᠷᠴᠡᠶ᠃ ᠲᠣᠰ ᠺᠣᠮᠫᠠᠨᠢ ᠤᠯᠠᠭᠠᠨᠴᠠᠪ ᠲᠦ᠍ ᠨᠢᠭᠡᠨᠲᠡ 12 ᠤᠳᠠᠭ᠎ᠠ ᠲᠥᠯᠥᠪᠦᠷᠢ ᠮᠦᠡᠭᠬᠦ ᠭᠠᠷᠭᠠᠵᠤ᠂ ᠲᠦᠯᠦᠪᠦᠷᠢ ᠮᠦᠡᠭᠬᠦ ᠵᠢᠨ ᠬᠡᠮᠵᠢᠶ᠎ᠠ ᠨᠢ 120 ᠲᠦᠮᠡᠨ ᠲᠥᠭᠥᠷᠢᠭ ᠲᠤ᠌ ᠬᠦᠷᠪᠠ᠃ 2024 ᠣᠨ᠎ᠠᠴᠠ ᠡᠬᠢᠯᠡᠨ᠂ ᠨᠡᠢᠲᠡ᠎ᠶ᠋ᠢᠨ ᠠᠰᠠᠷᠠᠮᠵᠢ᠎ᠶ᠋ᠢᠨ ᠬᠠᠨᠳᠢᠪᠯᠠᠬᠤ ᠬᠡᠪᠴᠢᠶ᠎ᠡ᠎ᠶ᠋ᠢ ᠵᠢᠨᠢᠩ ᠲᠣᠭᠣᠷᠢᠭ᠎ᠠᠴᠠ ᠴᠠᠬᠠᠷ ᠪᠠᠷᠠᠭᠤᠨ ᠭᠠᠷᠤᠨ ᠡᠮᠦᠨᠡᠲᠦ ᠬᠣᠱᠢᠭᠤ᠂ ᠴᠠᠬᠠᠷ ᠪᠠᠷᠠᠭᠤᠨ ᠭᠠᠷᠤᠨ ᠳᠤᠮᠳᠠᠳᠤ ᠬᠣᠱᠢᠭᠤ᠂ ᠱᠠᠩᠳᠤ ᠰᠢᠶᠠᠨ ᠵᠡᠷᠭᠡ ᠭᠠᠵᠠᠷ ᠬᠦᠷᠲᠡᠯ᠎ᠡ ᠥᠷᠭᠡᠳᠭᠡᠵᠦ᠍᠂ 2025 ᠤᠨ᠎ᠳᠦ ᠵᠢᠨᠢᠩ ᠲᠣᠭᠣᠷᠢᠭ᠎ᠤᠨ ᠴᠡᠴᠡᠷᠯᠢᠭ᠎ᠦᠨ ᠣᠷᠴᠢᠨ ᠲᠣᠭᠣᠷᠢᠨ᠎ᠤ ᠠᠷᠢᠭᠤᠨ ᠴᠡᠪᠡᠷ᠎ᠦᠨ ᠦᠶ᠋ᠯᠡᠴᠢᠯᠡᠭᠡᠨ᠎ᠦ ᠲᠥᠪ᠂ ᠪᠥᠬᠥ᠌ ᠬᠣᠲᠠ᠎ᠶ᠋ᠢᠨ 6856 ᠤᠷᠴᠢᠨ ᠲᠤᠭᠤᠷᠢᠨ ᠤ᠋ ᠴᠡᠪᠡᠷᠯᠡᠭᠴᠢ ᠵᠢ ᠬᠠᠮᠤᠷᠴᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号