《ᠲᠠᠷᠢᠶᠠᠯᠠᠩ᠎ᠤᠨ ᠰᠤᠯᠠ ᠰᠡᠯᠡᠭᠦᠦ ᠴᠠᠭ》 ᠨᠢ ᠲᠠᠷᠢᠶᠠᠴᠢᠳ ᠤ᠋ᠨ 《ᠣᠷᠣᠯᠭ᠎ᠠ ᠪᠡᠨ ᠨᠡᠮᠡᠭ᠌ᠳᠡᠭᠦᠯᠬᠦ᠌ ᠱᠢᠵᠢᠷ ᠠᠯᠲᠠᠨ ᠴᠠᠭ》 ᠪᠤᠯᠪᠠ
2026-01-22 10:50:59
ᠵᠣᠬᠢᠶᠠᠭ᠍ᠴᠢ᠄
ᠸᠠᠡᠭ ᠲᠠᠨ᠎ᠠ
ᠣᠩᠱᠢᠭ᠍ᠰᠠᠨ ᠣᠳᠠᠭ᠎ᠠ᠄
★★★☆☆

《ᠥᠩᠭᠡᠷᠡᠭ᠌ᠰᠡᠨ᠎ᠳᠦ ᠲᠠᠷᠢᠶᠠᠯᠠᠩ᠎ᠤᠨ ᠰᠡᠯᠡᠭᠦᠦ ᠴᠠᠭ᠎ᠲᠤ ᠵᠥᠪᠬᠡᠨ ᠭᠡᠷ᠎ᠲᠡᠬᠡᠨ ᠰᠠᠭᠤᠳᠠᠭ᠃ ᠣᠳᠣ ᠲᠣᠰᠭᠤᠨ᠎ᠤ ᠡᠮᠤᠨᠡᠬᠢ ᠮᠠᠯᠵᠢᠯ᠎ᠤᠨ ᠲᠠᠯᠠᠪᠠᠢ ᠵᠢᠨ ᠦᠢᠯᠡᠳᠪᠦᠷᠢᠯᠡᠯ ᠤ᠋ᠨ ᠲᠠᠰᠤᠭ᠎ᠲᠤ ᠨᠠᠡᠭᠬᠢ ᠡᠷᠳᠡᠨᠢ ᠱᠢᠰᠢ ᠱᠠᠭᠠᠯᠵᠤ ᠢᠯᠭᠠᠪᠠᠯ ᠰᠠᠷ᠎ᠠ ᠳ᠋ᠦ ᠪᠠᠰᠠ 2000 ᠭᠠᠷᠤᠶ ᠲᠥᠭᠦᠷᠢᠭ ᠣᠯᠵᠤ ᠲᠡᠢᠯᠬᠦ ᠪᠥᠭᠡᠳ ᠬᠡᠤᠬᠡᠳ ᠪᠡ ᠨᠠᠰᠤᠲᠠᠨ᠎ᠢᠶᠠᠨ ᠴᠤ᠌ ᠠᠰᠠᠷᠠᠨ ᠬᠠᠷᠠᠭᠠᠯᠵᠠᠵᠤ ᠲᠡᠢᠯᠴᠢᠬᠡᠨ᠎ᠡ》 ᠬᠡᠵᠦ ᠪᠠᠭᠠᠷᠢᠨ ᠪᠠᠷᠠᠭᠤᠨ ᠬᠤᠱᠢᠭᠤᠨ᠎ᠤ ᠳ᠋ᠠᠪᠠᠨ ᠪᠠᠯᠭᠠᠰᠤᠨ᠎ᠤ ᠮᠦᠷᠭᠦᠴᠡᠭ ᠭᠠᠴᠠᠭᠠᠨ᠎ᠤ ᠬᠤᠩ ᠶᠦᠨ ᠲᠠᠷᠢᠶᠠᠯᠠᠩ ᠮᠠᠯ ᠠᠵᠤ ᠠᠬᠤᠶ᠎ᠶ᠋ᠢᠨ ᠬᠡᠷ ᠪᠦᠯᠢ᠎ᠶ᠋ᠢᠨ ᠮᠠᠯᠵᠢᠯ᠎ᠤᠨ ᠲᠠᠯᠠᠪᠠᠶ᠎ᠶ᠋ᠢᠨ ᠨᠠᠡᠭᠬᠢ ᠡᠷᠳᠡᠨᠢ ᠱᠢᠰᠢ ᠡᠳ᠋ᠱᠢᠭᠦᠯᠦᠨ ᠪᠤᠯᠪᠠᠰᠤᠷᠠᠭᠤᠯᠬᠤ ᠦᠢᠯᠡᠳᠪᠦᠷᠢᠯᠡᠯ ᠤ᠋ᠨ ᠲᠠᠰᠤᠭ᠎ᠲᠤ ᠭᠠᠴᠠᠭᠠᠨ ᠤ᠋ ᠠᠷᠠᠳ ᠸᠠᠡᠭ ᠷᠦᠢ ᠳ᠋ᠦᠡᠭ ᠡᠷᠳᠡᠨᠢ ᠰᠢᠰᠢ ᠱᠠᠭᠠᠯᠬᠤ ᠵᠠᠭᠤᠷ᠎ᠠ ᠪᠠᠶᠠᠷᠲᠠᠢᠬᠠᠨ ᠬᠡᠯᠡᠨ᠎ᠠ᠃ ᠲᠣᠰ ᠮᠠᠯᠵᠢᠯ᠎ᠤᠨ ᠲᠠᠯᠠᠪᠠᠶ᠎ᠶ᠋ᠢᠨ ᠡᠷᠳᠡᠨᠢ ᠱᠢᠰᠢ᠎ᠶ᠋ᠢᠨ ᠦᠢᠯᠡᠳᠪᠦᠷᠢᠯᠡᠯ᠎ᠤᠨ ᠱᠤᠭᠤᠮ ᠠᠱᠢᠭ᠍ᠯᠠᠯᠲᠠ ᠎ᠳᠤ ᠣᠷᠣᠬᠤ᠎ᠶ᠋ᠢ ᠳᠠᠭᠠᠯᠳᠤᠨ᠂ ᠲᠤᠬᠠᠶ᠎ᠶ᠋ᠢᠨ ᠭᠠᠵᠠᠷ᠎ᠤᠨ ᠠᠷᠠᠳ ᠤᠯᠠᠨ᠎ᠲᠠᠷᠢᠶᠠᠯᠠᠩ ᠎ᠤᠨ ᠰᠡᠯᠡᠭᠦᠦ ᠴᠠᠭ ᠵᠢᠡᠨ ᠠᠰᠢᠭᠯᠠᠨ ᠤᠷᠤᠯᠭ᠎ᠠ ᠪᠡᠨ ᠨᠡᠮᠡᠭᠲᠡᠬᠦᠯᠵᠦ ᠪᠠᠢᠭ᠎ᠠ ᠨᠢ ᠡᠨᠡ ᠪᠢᠯᠡ᠃

3000 ᠲᠡᠭ᠌ᠰᠢ ᠳᠥᠷᠪᠡᠯᠵᠢᠨ ᠮᠧᠲᠷ ᠎ᠤᠨ ᠡᠳ᠋ᠱᠢᠭᠦᠯᠦᠨ ᠪᠤᠯᠪᠠᠰᠤᠷᠠᠭᠤᠯᠬᠤ ᠦᠢᠯᠡᠳᠪᠦᠷᠢᠯᠡᠯ ᠤ᠋ᠨ ᠲᠠᠰᠤᠭ᠎ᠲᠤ᠂ ᠮᠠᠰᠢᠨ ᠳᠠᠮᠵᠢᠭᠤᠯᠭ᠎ᠠ ᠵᠢᠨ ᠪᠦᠰᠡ᠎ᠨᠢ ᠰᠠᠶᠢᠬᠠᠨ ᠱᠠᠭᠠᠯᠤᠭᠰᠠᠨ ᠨᠠᠡᠭᠬᠢ ᠡᠷᠳᠡᠨᠢ ᠱᠢᠰᠢ᠎ᠶ᠋ᠢ ᠡᠮᠬᠢ ᠵᠢᠷᠤᠮ᠎ᠲᠠᠢ ᠬᠦᠷᠭᠡᠬᠦ ᠳ᠋ᠦ ᠂ ᠠᠵᠢᠯᠴᠢᠳ ᠴᠸ᠋ ᠬᠤᠶᠠᠷ ᠬᠥᠮᠦᠨ ᠨᠢᠭᠡ ᠲᠤᠭᠤᠢᠯᠠᠡᠭ ᠪᠤᠯᠵᠦ᠂ ᠡᠷᠳᠡᠨᠢ ᠱᠢᠰᠢ᠎ᠶ᠋ᠢ ᠳᠠᠷᠠᠭ᠎ᠠ ᠨᠢᠭᠡ ᠠᠵᠢᠯ ᠎ᠤᠨ ᠶᠠᠪᠤᠴᠠ᠎ᠳᠤᠨᠢ ᠬᠦᠷᠭᠡᠨ᠎ᠠ᠃ ᠤᠬᠢᠶᠠᠵᠤ ᠴᠡᠪᠡᠷᠯᠡᠬᠦ᠌᠂ ᠵᠢᠩᠨᠡᠵᠦ᠍ ᠴᠢᠨᠠᠬᠤ᠂ ᠥᠨᠳᠥᠷ ᠳᠤᠯᠠᠭᠠᠨ ᠵᠢᠡᠷ ᠪᠠᠺᠲ᠋ᠧᠷᠢ ᠠᠯᠠᠬᠤ᠂ ᠠᠭᠠᠷ ᠦᠭᠡᠢᠳᠡᠬᠦᠯᠦᠨ ᠪᠣᠭᠣᠳᠠᠯᠯᠠᠬᠤ ᠁ ᠵᠡᠷᠭᠡ ᠨᠠᠷᠢᠯᠢᠭ ᠪᠣᠯᠪᠠᠰᠤᠷᠠᠭᠤᠯᠬᠤ ᠠᠵᠢᠯ᠎ᠤᠨ ᠶᠠᠪᠤᠴᠠ ᠪᠡᠷ ᠲᠠᠮᠵᠢᠭᠤᠯᠤᠨ ᠤᠤᠯ᠎ᠨᠢ ᠱᠢᠪᠠᠷ ᠱᠢᠷᠣᠶ ᠨᠠᠭᠠᠯᠳᠤᠵᠤ ᠪᠠᠢᠭᠰᠠᠨ ᠱᠢᠨ᠎ᠡ ᠰᠣᠷᠭᠤᠭ ᠨᠠᠩᠭᠢ ᠡᠷᠳᠡᠨᠢ ᠱᠢᠰᠢ᠎ᠶᠢ ᠱᠢᠭᠤᠳ ᠢᠳᠡᠵᠦ᠍ ᠪᠣᠯᠬᠤ ᠴᠡᠪᠡᠷ ᠪᠦᠳᠦᠭᠡᠭᠳᠡᠬᠦᠨ ᠪᠣᠯᠭᠠᠵᠤ᠂ ᠵᠠᠬᠢᠶᠠᠯᠠᠭ᠎ᠠ᠎ᠪᠠᠷ ᠪᠡᠭᠡᠵᠢᠩ᠂ ᠱᠠᠩᠬᠠᠶ᠂ ᠶᠦᠨᠨᠠᠨ ᠵᠡᠷᠭᠡ ᠣᠯᠠᠨ ᠭᠠᠵᠠᠷ᠎ᠤᠨ ᠵᠠᠬ᠎ᠠ ᠳᠡᠯᠭᠡᠭᠦᠷ᠎ᠲᠤ ᠪᠤᠷᠤᠯᠠᠭᠤᠯᠵᠤ ᠪᠤᠢ᠃

《ᠲᠠᠷᠢᠶᠠᠯᠠᠩ ᠎ᠤᠨ ᠰᠡᠯᠡᠭᠦᠦ ᠴᠠᠭ᠎ᠲᠤ ᠬᠥᠳᠡᠯᠮᠦᠷᠢ ᠬᠦᠴᠦ᠍ ᠬᠠᠷᠢᠴᠠᠩᠭᠤᠢ ᠡᠯᠪᠡᠭ ᠪᠤᠯᠬᠤᠷ ᠮᠠᠨ᠎ᠤ ᠡᠨᠡ ᠬᠦ᠌ ᠦᠢᠯᠡᠳᠪᠦᠷᠢᠯᠡᠯ᠎ᠤᠨ ᠱᠤᠭᠤᠮ ᠨᠢ ᠶᠠᠭ ᠡᠳᠡᠭᠡᠷ 〈ᠰᠤᠯᠠ ᠰᠡᠯᠡᠭᠦᠦ ᠴᠠᠭ〉 ᠲᠠᠢ ᠲᠣᠰᠭᠤᠨ᠎ᠤ ᠠᠷᠠᠳ᠎ᠢ ᠬᠡᠷᠡᠭᠯᠡᠵᠦ ᠪᠤᠯᠳᠠᠭ᠃ ᠦᠢᠯᠡᠳᠪᠦᠷᠢᠯᠡᠯ ᠤ᠋ᠨ ᠱᠤᠭᠤᠮ᠎ᠢ ᠵᠢᠯ᠎ᠤᠨ ᠡᠬᠢᠨ ᠎ᠠᠴᠠ ᠡᠬᠢᠯᠡᠨ ᠪᠠᠢᠭᠤᠯᠵᠤ᠂ ᠲᠤᠰᠭᠠᠢᠵᠢᠭ᠍ᠰᠠᠨ ᠡᠳ᠋ᠱᠢᠭᠦᠯᠦᠨ ᠪᠤᠯᠪᠠᠰᠤᠷᠠᠭᠤᠯᠬᠤ ᠦᠢᠯᠡᠳᠪᠦᠷᠢᠯᠡᠯ ᠤ᠋ᠨ ᠲᠠᠰᠤᠭ᠎ᠢ ᠱᠢᠨ᠎ᠡ᠎ᠪᠠᠷ ᠪᠠᠢᠭᠤᠯᠤᠭ᠍ᠰᠠᠨ ᠵᠢᠡᠷ ᠪᠠᠷᠠᠬᠤ ᠦᠭᠡᠢ᠂ ᠪᠠᠰᠠ ᠤᠬᠢᠶᠠᠵᠤ ᠴᠡᠪᠡᠷᠯᠡᠬᠦ᠂ ᠪᠠᠺᠲ᠋ᠧᠷᠢ ᠤᠰᠠᠳᠭᠠᠬᠤ ᠲᠡᠷᠢᠭᠦᠨ᠎ᠤ ᠲᠥᠬᠦᠭᠡᠷᠦᠮᠵᠢ᠎ᠶ᠋ᠢ ᠣᠷᠣᠭᠤᠯᠤᠨ ᠠᠪᠴᠢᠷᠠᠵᠤ᠂ ᠨᠠᠩᠭᠢ ᠡᠷᠳᠡᠨᠢ ᠱᠢᠰᠢ᠎ᠶ᠋ᠢ ᠰᠢᠭᠤᠳ ᠢᠳᠡᠵᠦ ᠪᠤᠯᠬᠤ ᠠᠮᠳᠠᠲᠤ ᠢᠳᠡᠭᠡᠨ ᠪᠣᠯᠭᠠᠵᠠᠢ᠃ ᠪᠠᠭᠠᠷᠢᠨ ᠪᠠᠷᠠᠭᠤᠨ ᠬᠤᠱᠢᠭᠤᠨ᠎ᠤ ᠥᠪᠡᠷᠮᠢᠴᠡ ᠭᠠᠵᠠᠷ ᠵᠦᠶ ᠠᠭᠤᠷ ᠠᠮᠢᠰᠭᠤᠯ ᠎ᠤᠨ ᠨᠥᠬᠦᠴᠡᠯ ᠡᠴᠨ ᠪᠣᠯᠵᠣ᠂ ᠲᠤᠬᠠᠶ᠎ᠶ᠋ᠢᠨ ᠭᠠᠵᠠᠷ᠎ᠤᠨ ᠲᠠᠷᠢᠭ᠍ᠰᠠᠨ ᠨᠠᠩᠭᠢ ᠡᠷᠳᠡᠨᠢ ᠱᠢᠰᠢ ᠨᠢ ᠬᠡᠷᠡᠭ᠌ᠯᠡᠭ᠌ᠴᠢᠳ᠎ᠤᠨ ᠲᠠᠭᠠᠱᠢᠶᠠᠯ᠎ᠢ ᠣᠯᠵᠤ᠂ ᠦᠢᠯᠡᠳᠪᠦᠷᠢᠯᠡᠯ᠎ᠤᠨ ᠱᠤᠭᠤᠮ ᠠᠱᠢᠭ᠍ᠯᠠᠯᠲᠠ᠎ᠳᠤ ᠤᠷᠤᠭ᠍ᠰᠠᠨ᠎ᠤ ᠳᠠᠷᠠᠭ᠎ᠠ ᠵᠠᠬᠢᠶᠠᠯᠠᠭ᠎ᠠ᠎ᠶ᠋ᠢᠨ ᠬᠠᠭᠤᠳᠠᠰᠤ ᠲᠠᠰᠤᠷᠠᠭ᠎ᠠ ᠦᠬᠡᠢ᠂ ᠣᠳᠣᠬᠠᠨ᠎ᠳᠤ ᠨᠢᠭᠡᠨᠲᠡ ᠡᠷᠬᠢᠨ ᠲᠣᠭᠤᠷᠢᠨ᠎ᠤ 50 ᠭᠠᠷᠤᠶ ᠠᠷᠠᠳ᠎ᠲᠤ ᠲᠣᠭ᠍ᠲᠠᠪᠤᠷᠢᠲᠠᠶ ᠠᠵᠢᠯ ᠣᠯᠭᠤᠪᠠ᠂ ᠡᠭᠦᠨ᠎ᠳᠤ ᠣᠯᠠᠩᠬᠢ ᠨᠢ ᠲᠠᠷᠢᠶᠠᠯᠠᠩ᠎ᠤᠨ ᠰᠡᠯᠡᠭᠦᠦ ᠴᠠᠭ᠎ᠲᠠᠭᠠᠨ ᠠᠵᠢᠯᠯᠠᠵᠤ ᠪᠠᠢᠨ᠎ᠠ》 ᠬᠡᠵᠦ ᠮᠠᠯᠵᠢᠯ᠎ᠤᠨ ᠲᠠᠯᠠᠪᠠᠢ᠎ᠶ᠋ᠢᠨ ᠬᠠᠷᠢᠭᠤᠴᠠᠯᠭᠠᠲᠠᠨ ᠵᠧᠦ ᠭᠤᠸᠠᠩ ᠯᠦᠩ ᠲᠠᠨᠢᠯᠴᠠᠭᠤᠯᠤᠨ᠎ᠠ᠃

ᠦᠢᠯᠡᠳᠪᠦᠷᠢᠯᠡᠯ᠎ᠤᠨ ᠲᠠᠰᠤᠭ ᠎ᠲᠤ ᠠᠵᠢᠯᠯᠠᠵᠤ ᠪᠠᠢᠭ᠎ᠠ ᠠᠷᠠᠳ ᠡᠳᠦᠷ ᠪᠦᠷᠢ ᠴᠠᠭ᠎ᠲᠠᠭᠠᠨ ᠠᠵᠢᠯ᠎ᠳᠤ ᠭᠠᠷᠬᠤ ᠵᠢᠨ ᠬᠠᠮᠳᠦ ᠭᠡᠷ ᠪᠦᠯᠢ ᠵᠢᠨ ᠬᠢᠨ ᠵᠢᠡᠨ ᠴᠸ᠋ ᠬᠠᠷᠠᠭᠠᠯᠵᠠᠵᠤ ᠳᠡᠢᠯᠬᠦ᠌ ᠮᠥᠷᠲᠡᠭᠡᠨ ᠪᠠᠰᠠ ᠲᠣᠭ᠍ᠲᠠᠪᠤᠷᠢᠲᠠᠢ ᠣᠷᠣᠯᠭ᠎ᠠ ᠣᠯᠵᠤ ᠲᠡᠢᠯᠦᠨ᠎ᠡ᠃ 《ᠮᠠᠨ᠎ᠤ ᠬᠢᠨ ᠨᠠᠰᠤᠲᠠᠨ ᠵᠢᠡᠨ ᠬᠠᠷᠠᠭᠠᠯᠵᠠᠬᠤ ᠴᠢᠬᠤᠯᠠ ᠲᠠᠶ ᠪᠤᠯᠬᠤᠷ ᠭᠠᠳᠠᠭ᠍ᠰᠢ ᠭᠠᠷᠴᠤ᠌ ᠬᠥᠯᠥᠰᠥᠨ ᠠᠵᠢᠯ ᠬᠢᠬᠦ᠌᠎ᠶ᠋ᠢᠨ ᠠᠷᠭ᠎ᠠ ᠥᠬᠡᠶ᠂ ᠡᠭᠦᠨ᠎ᠡᠴᠨ ᠡᠮᠦᠨ᠎ᠡ ᠲᠠᠷᠢᠶᠠᠯᠠᠩ᠎ᠤᠨ ᠰᠡᠯᠡᠭᠦᠦ ᠴᠠᠭ᠎ᠲᠤ ᠠᠷᠰᠠᠷ ᠠᠵᠢᠯ ᠬᠢᠵᠦ ᠵᠢᠭᠠᠬᠠᠨ ᠤᠷᠤᠯᠭ᠎ᠠ ᠤᠯᠳᠠᠭ᠃ ᠣᠳᠣ ᠠᠳᠡ ᠠᠵᠢᠯ ᠤᠯᠵᠤ ᠬᠢᠪᠡᠯ ᠶᠠᠳᠠᠷᠠᠬᠤ ᠦᠬᠡᠢ ᠮᠦᠷᠳᠡᠬᠡᠨ ᠭᠡᠷ᠎ᠡᠴᠨ᠎ᠪᠠᠰᠠ ᠣᠢᠷᠠᠬᠠᠨ ᠪᠠᠢᠵᠤ᠂ ᠰᠠᠷ᠎ᠠ᠎ᠶ᠋ᠢᠨ ᠴᠠᠯᠢᠩ ᠵᠢᠡᠨ ᠴᠠᠭ᠎ᠲᠠᠭᠠᠨ ᠤᠯᠳᠠᠭ》 ᠬᠡᠵᠦ ᠮᠦᠷᠭᠦᠴᠡᠭ ᠭᠠᠴᠠᠭᠠᠨ ᠎ᠤ ᠠᠷᠠᠳ ᠵᠠᠩ ᠯᠢ ᠷᠦᠩ ᠰᠡᠳᠭᠢᠯ᠎ᠤᠨ ᠦᠭᠡ ᠪᠡᠨ ᠲᠡᠯᠭᠡᠨ᠎ᠡ᠃ ᠦᠢᠯᠡᠳᠪᠦᠷᠢᠯᠡᠯ ᠎ᠤᠨ ᠱᠤᠭᠤᠮ ᠨᠢ ᠠᠵᠢᠯ ᠣᠯᠭᠤᠯᠲᠠ᠎ᠶ᠋ᠢ ᠲᠠᠢᠴᠢᠯᠠᠭᠰᠠᠨ ᠡᠴᠡ ᠤᠤᠯ᠎ᠤᠨ 《ᠲᠠᠷᠢᠶᠠᠯᠠᠩ ᠎ᠤᠨ ᠰᠤᠯᠠ ᠰᠡᠯᠡᠭᠦᠦ ᠴᠠᠭ》 ᠢ᠋ ᠭᠠᠴᠠᠭ᠎ᠠ ᠲᠣᠰᠭᠤᠨ᠎ᠤ ᠠᠷᠠᠳ ᠤᠯᠠᠨ ᠤ᠋ 《ᠣᠷᠣᠯᠭ᠎ᠠ ᠪᠡᠨ ᠨᠡᠮᠡᠭ᠌ᠳᠡᠭᠦᠯᠬᠦ᠌ ᠱᠢᠵᠢᠷ ᠠᠯᠲᠠᠨ ᠴᠠᠭ》 ᠪᠣᠯᠭᠠᠵᠠᠢ᠃

ᠡᠨᠡ᠎ᠬᠦ ᠠᠷᠭ᠎ᠠ ᠬᠡᠮᠵᠢᠶ᠎ᠠ ᠨᠢ ᠲᠤᠬᠠᠢ᠎ᠶ᠋ᠢᠨ ᠭᠠᠵᠠᠷ᠎ᠤᠨ ᠵᠠᠰᠠᠭ᠎ᠤᠨ ᠣᠷᠳᠣᠨ᠎ᠤ ᠨᠠᠷᠢᠯᠢᠭ ᠤᠨᠤᠪᠴᠢᠲᠠᠢ ᠬᠠᠪᠰᠤᠷᠤᠯᠭ᠎ᠠ ᠲᠡᠮᠵᠢᠯᠭᠡ᠎ᠡᠴᠨ ᠰᠠᠯᠵᠤ ᠴᠢᠳᠠᠬᠤ ᠦᠭᠡᠢ ᠶᠤᠮ᠂ ᠠᠵᠤ ᠠᠬᠤᠢᠯᠠᠯ᠎ᠢ ᠢᠳᠡᠪᠬᠢᠲᠡᠶ᠎ᠪᠠᠷ ᠬᠥᠲᠥᠯᠦᠨ ᠵᠢᠯᠣᠭᠤᠳᠴᠤ᠌᠂ ᠲᠣᠰ ᠭᠠᠵᠠᠷ᠎ᠤᠨ ᠡᠬᠢ ᠪᠠᠶᠠᠯᠢᠭ᠎ᠤᠨ ᠳᠠᠪᠠᠭᠤᠯᠢᠭ᠎ᠲᠠᠭᠠᠨ ᠰᠠᠭᠤᠷᠢᠯᠠᠨ᠂ ᠲᠠᠷᠢᠮᠠᠯ᠎ᠤᠨ ᠪᠦᠲᠦᠴᠡ᠎ᠳᠤ ᠰᠠᠢᠲᠤᠷ ᠲᠣᠬᠢᠷᠠᠭᠤᠯᠤᠯᠲᠠ ᠬᠢᠵᠦ᠍᠂ ᠨᠠᠩᠭᠢ ᠡᠷᠳᠡᠨᠢ ᠱᠢᠰᠢ᠎ᠶ᠋ᠢᠨ ᠠᠵᠤ ᠦᠢᠯᠡᠰ ᠢ᠋ 《ᠲᠠᠷᠢᠵᠤ ᠤᠷᠭᠤᠭᠤᠯᠬᠤ》 ᠡᠴᠨ《ᠳᠠᠷᠢᠬᠤ — ᠡᠳ᠋ᠱᠢᠭᠦᠯᠦᠨ ᠪᠤᠯᠪᠠᠰᠤᠷᠠᠭᠤᠯᠬᠤ — ᠪᠣᠷᠣᠯᠠᠭᠤᠯᠬᠤ》 ᠪᠥᠬᠦ᠌ ᠬᠡᠯᠬᠢᠶ᠎ᠡ ᠳᠠᠢᠰᠢ ᠲᠠᠰ ᠳᠡᠪᠱᠢᠭᠦᠯᠬᠦ᠌᠎ᠶ᠋ᠢ ᠠᠬᠢᠭᠤᠯᠪᠠ᠂ ᠬᠣᠩ ᠶᠦᠨ ᠲᠠᠷᠢᠶᠠᠯᠠᠩ ᠮᠠᠯ ᠠᠵᠤ ᠠᠬᠤᠶ᠎ᠶ᠋ᠢᠨ ᠭᠡᠷ ᠪᠦᠯᠢ᠎ᠶ᠋ᠢᠨ ᠮᠠᠯᠵᠢᠯ᠎ᠤᠨ ᠲᠠᠯᠠᠪᠠᠶ᠎ᠶ᠋ᠢᠨ ᠡᠨᠡ ᠬᠦ᠌ ᠦᠢᠯᠡᠳᠪᠦᠷᠢᠯᠡᠯ᠎ᠤᠨ ᠱᠤᠭᠤᠮ ᠨᠢ ᠶᠠᠭ ᠣᠷᠣᠨ ᠪᠦᠰᠡ᠎ᠶ᠋ᠢᠨ ᠣᠨᠴᠠᠯᠢᠭ᠍ᠲᠤ ᠠᠵᠤ ᠦᠢᠯᠡᠰ᠎ᠤᠨ ᠪᠠᠢᠷᠢᠱᠢᠯ᠎ᠢ ᠪᠠᠢᠭᠤᠯᠬᠤ᠎ᠴᠢᠬᠤᠯᠠ ᠭᠤᠭ᠍ᠴᠤᠭ᠎ᠠ ᠪᠠᠢᠵᠤ᠂ ᠨᠠᠨᠭᠭᠢ ᠡᠷᠲᠡᠨᠢ ᠰᠢᠰᠢ ᠵᠢᠨ ᠪᠤᠷᠤᠯᠠᠭᠤᠯᠭ᠎ᠠ ᠵᠢᠨ ᠠᠷᠭ᠎ᠠ ᠵᠠᠮ ᠢ᠋ ᠦᠷᠭᠡᠳᠭᠡᠭᠰᠡᠨ ᠵᠢᠡᠷ ᠪᠠᠷᠠᠬᠤ ᠦᠭᠡᠢ᠂ ᠲᠠᠷᠢᠶᠠᠯᠠᠩ ᠤ᠋ᠨ ᠰᠡᠯᠡᠬᠦᠦ ᠴᠠᠭ ᠤ᠋ᠨ ᠬᠦᠳᠡᠯᠮᠦᠷᠢ ᠬᠦᠴᠦᠨ ᠢ᠋ ᠠᠵᠤ ᠦᠢᠯᠡᠰ ᠤ᠋ᠨ ᠬᠦᠭᠵᠢᠬᠦᠯᠦᠯᠳᠡ ᠵᠢᠨ ᠭᠤᠤᠯ ᠬᠦᠴᠦᠨ ᠪᠤᠯᠭᠠᠨ ᠬᠤᠪᠢᠷᠠᠭᠤᠯᠤᠭᠰᠠᠨ ᠪᠠᠢᠨ᠎ᠠ᠃

《ᠪᠢᠳᠡ ᠦᠷᠭᠦᠯᠵᠢᠯᠡᠨ ᠡᠨᠡ᠎ᠬᠦ ᠠᠵᠢᠯ ᠵᠢᠡᠨ ᠰᠠᠢᠳᠦᠷ ᠬᠢᠵᠦ᠂ ᠲᠠᠷᠢᠶᠠᠯᠠᠩ᠎ᠤᠨ ᠠᠵᠤ ᠦᠢᠯᠡᠰ᠎ᠤᠨ ᠬᠥᠭ᠌ᠵᠢᠯᠲᠡ᠎ᠶ᠋ᠢᠨ ᠱᠢᠨ᠎ᠡ ᠵᠠᠭ᠍ᠪᠤᠷ᠎ᠢ ᠰᠦᠪᠡᠭ᠌ᠴᠢᠯᠡᠵᠦ᠍᠂ ᠣᠷᠣᠨ ᠨᠤᠲᠤᠭ ᠤ᠋ᠨ ᠪᠠᠢᠳᠠᠯ᠎ᠳᠠᠭᠠᠨ ᠲᠣᠬᠢᠷᠠᠭᠤᠯᠤᠨ ᠨᠠᠩ ᠣᠯᠠᠨ ᠣᠨᠴᠠᠯᠢᠭ᠍ᠲᠤ ᠲᠠᠷᠢᠮᠠᠯ ᠳᠠᠷᠢᠵᠤ᠂ ᠡᠳ᠋ᠱᠢᠭᠦᠯᠦᠨ ᠪᠤᠯᠪᠠᠰᠤᠷᠠᠭᠤᠯᠬᠤ ᠲᠥᠷᠥᠯ ᠵᠦᠢᠯ᠎ᠢ ᠠᠬᠢᠭᠤᠯᠵᠤ᠂ ᠠᠵᠤ ᠦᠢᠯᠡᠰ᠎ᠤᠨ ᠬᠡᠯᠬᠢᠶ᠎ᠡ᠎ᠶ᠋ᠢ ᠲᠠᠰᠤᠷᠠᠯᠲᠠ ᠦᠭᠡᠢ ᠲᠡᠭᠦᠯᠳᠡᠷᠵᠢᠭᠦᠯᠵᠦ᠍᠂ ᠨᠠᠩ ᠣᠯᠠᠨ ᠭᠠᠴᠠᠭ᠎ᠠ ᠲᠤᠰᠬᠤᠨ᠎ᠤ ᠠᠷᠠᠳ ᠤᠯᠠᠨ ᠳ᠋ᠦ ᠬᠡᠷ᠎ᠤᠨ ᠬᠢᠨᠢ ᠤᠢᠷᠠᠯᠴᠠᠭ᠎ᠠ ᠲᠣᠭ᠍ᠲᠠᠪᠤᠷᠢᠲᠠᠢ ᠠᠵᠢᠯ ᠣᠯᠭᠤᠵᠤ᠂ ᠬᠥᠳᠡᠭᠡ ᠲᠣᠰᠭᠤᠨ ᠢ᠋ ᠪᠥᠬᠦ᠌ ᠲᠠᠯ᠎ᠠ᠎ᠪᠠᠷ ᠬᠥᠭ᠌ᠵᠢᠭᠦᠯᠦᠨ ᠮᠠᠨᠳᠤᠭᠤᠯᠬᠤ᠎ᠳᠤ ᠨᠠᠩ ᠣᠯᠠᠨ ᠬᠥᠳᠡᠯᠭᠡᠬᠦ᠌ ᠬᠦᠴᠦᠨ ᠨᠡᠮᠡᠷᠢᠯᠡᠨ᠎ᠡ》 ᠬᠡᠵᠦ ᠳ᠋ᠠᠪᠠᠨ ᠪᠠᠯᠭᠠᠰᠤᠨ ᠎ᠤ ᠨᠡᠢᠭᠡᠮ᠎ᠤᠨ ᠪᠠᠲᠤᠯᠠᠭ᠎ᠠ᠎ᠶ᠋ᠢᠨ ᠠᠵᠢᠯ᠎ᠤᠨ ᠬᠠᠷᠢᠭᠤᠴᠠᠯᠭᠠᠲᠠᠨ ᠵᠠᠩ ᠶᠠᠨ ᠯᠢ  ᠶᠠᠷᠢᠵᠤ ᠪᠠᠢᠯ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号