ᠣᠯᠠᠨ ᠨᠡᠢᠲᠡ᠎ᠶ᠋ᠢᠨ ᠳᠠᠯᠠᠪᠠᠢ ᠲᠠᠯᠠᠪᠤᠷ᠎ᠤᠨ ᠬᠦᠢᠰᠦ ᠵᠢᠨ ᠢᠯᠭᠠᠯ᠎ᠤᠨ ᠡᠷᠬᠡ ᠠᠱᠢᠭ᠎ᠤᠨ ᠪᠠᠲᠤᠯᠠᠭ᠎ᠠ ᠪᠣᠯ ᠠᠷᠠᠳ ᠢᠷᠭᠡᠨ᠎ᠤ ᠦᠨᠳᠦᠰᠦᠨ ᠡᠷᠬᠡ ᠠᠱᠢᠭ᠎ᠢ ᠬᠠᠮᠠᠭᠠᠯᠠᠬᠤ᠂ ᠨᠡᠢᠭᠡᠮ᠎ᠤᠨ ᠵᠠᠰᠠᠯᠲᠠ᠎ᠶ᠋ᠢᠨ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠬᠦ᠌ ᠲᠠᠢ ᠬᠤᠯᠪᠣᠭ᠍ᠳᠠᠬᠤ ᠠᠷᠠᠳ᠎ᠤ᠋ᠨ ᠠᠮᠢᠳᠣᠷᠠᠯ ᠤ᠋ᠨ ᠴᠢᠬᠤᠯᠠ ᠵᠥᠪᠯᠡᠬᠦ᠌ ᠰᠡᠳᠦᠪ ᠪᠣᠯᠣᠨ᠎ᠠ᠂ ᠨᠠᠩ ᠴᠤ᠌ ᠬᠢᠯᠢ ᠬᠢᠵᠠᠭᠠᠷ ᠤ᠋ᠨ ᠦᠨᠳᠦᠰᠦᠲᠡᠨ᠎ᠤ ᠭᠠᠵᠠᠷ ᠣᠷᠣᠨ᠎ᠤ ᠦᠨᠳᠦᠰᠦᠲᠡᠨ᠎ᠤ ᠪᠦᠯᠬᠦᠮᠳᠡᠯ᠎ᠢ ᠪᠠᠬᠢᠵᠢᠭᠦᠯᠬᠦ᠂ ᠨᠡᠢᠭᠡᠮ᠎ᠤᠨ ᠡᠶ᠎ᠡ ᠵᠣᠬᠢᠴᠠᠡᠭᠭᠤᠢ ᠲᠣᠭ᠍ᠲᠠᠭᠤᠨ᠎ᠢ ᠠᠬᠢᠭᠤᠯᠬᠤ ᠵᠠᠩᠭᠢᠯᠠᠭ᠎ᠠ᠎ᠶ᠋ᠢᠨ ᠭᠤᠭ᠍ᠴᠤᠭ᠎ᠠ ᠪᠣᠯᠣᠨ᠎ᠠ᠃ ᠦᠨᠳᠦᠰᠦᠲᠡᠨ ᠵᠣᠬᠢᠴᠠᠯᠳᠤᠭᠰᠠᠨ᠂ ᠰᠣᠶᠣᠯ ᠠᠭᠤᠰᠤᠯᠴᠠᠭᠰᠠᠨ᠂ ᠨᠠᠷᠢᠯᠢᠭ᠋ ᠣᠨᠣᠪᠴᠢᠲᠠᠢ ᠪᠥᠭᠡᠳ ᠥᠨᠳᠥᠷ ᠪᠦᠲᠦᠮᠵᠢᠲᠡᠢ ᠪᠠᠲᠤᠯᠠᠭ᠎ᠠ᠎ᠶᠢᠨ ᠰᠢᠰᠲᠧᠮ ᠪᠠᠶ᠋ᠢᠭᠤᠯᠬᠤ ᠨᠢ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠤᠯᠠᠨ ᠨᠡᠶ᠋ᠢᠲᠡ᠎ᠶᠢᠨ ᠣᠷᠣᠨ ᠵᠠᠢ᠎ᠳᠠᠬᠢ ᠠᠮᠤᠷ ᠲᠦᠪᠰᠢᠨ᠎ᠦ ᠡᠷᠬᠡ ᠠᠰᠢᠭ᠋᠎ᠢ ᠦᠨᠡᠨ ᠬᠦ᠌ ᠪᠠᠲᠤᠯᠠᠵᠤ ᠴᠢᠳᠠᠬᠤ ᠮᠥᠷᠲᠡᠭᠡᠨ ᠦᠨᠳᠦᠰᠦᠲᠡᠨ᠎ᠨᠦᠭᠦᠳ᠎ᠦᠨ ᠬᠠᠷᠢᠯᠴᠠᠨ ᠬᠦᠨᠳᠦᠳᠬᠡᠬᠦ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠬᠠᠮᠲᠤ᠎ᠶᠢᠨ ᠲᠠᠨᠢᠯᠲᠠ᠎ᠶᠢ ᠴᠢᠨᠠᠭᠰᠢᠳᠠ ᠨᠢᠭ᠍ᠲᠠᠷᠠᠭᠤᠯᠵᠤ᠂ ᠦᠨᠳᠦᠰᠦᠲᠡᠨ᠎ᠦ ᠪᠦᠯᠬᠦᠮᠳᠡᠯ ᠲᠠᠪᠰᠢᠯᠳᠠ᠎ᠶᠢᠨ ᠦᠢᠯᠡᠰ᠎ᠢ ᠠᠬᠢᠭᠤᠯᠬᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ᠎ᠳᠤ ᠪᠠᠲᠤ ᠪᠡᠬᠢ ᠲᠤᠯᠭᠠᠭᠤᠷᠢᠯᠠᠯ ᠬᠠᠩᠭᠠᠵᠤ ᠴᠢᠳᠠᠨ᠎ᠠ᠃
ᠨᠢᠭᠡ᠂ ᠣᠷᠣᠰᠢᠵᠣ ᠪᠠᠢᠭ᠎ᠠ ᠬᠦᠴᠢᠷᠳᠡᠯ
(ᠨᠢᠭᠡ) ᠪᠦᠯᠬᠦᠮ ᠨᠡᠢᠳᠠ᠎ᠶ᠋ᠢᠨ ᠲᠠᠨᠢᠯᠳᠠ᠎ᠶ᠋ᠢᠨ ᠵᠦᠷᠢᠶᠡᠢᠯᠡᠷᠬᠡᠢ ᠡᠴᠡ ᠪᠣᠯᠵᠤ᠂ ᠬᠠᠮᠲᠤ᠎ᠶ᠋ᠢᠨ ᠲᠠᠨᠢᠯᠲᠠ᠎ᠶ᠋ᠢ ᠨᠢᠭᠡᠳᠭᠡᠬᠦ᠎ᠳᠤ ᠬᠦᠴᠢᠷ᠃ ᠪᠠᠢᠴᠠᠭᠠᠨ ᠰᠤᠳᠤᠯᠤᠭ᠍ᠰᠠᠨ ᠲᠤᠭ᠎ᠠ ᠪᠠᠷᠢᠮᠲᠠ᠎ᠶ᠋ᠢ ᠦᠨᠳᠦᠰᠦᠯᠡᠪᠠᠯ᠂ 21.6%᠎ᠶ᠋ᠢᠨ ᠰᠤᠷᠪᠤᠯᠵᠢᠯᠠᠭ᠎ᠠ ᠬᠦᠯᠢᠶᠡᠭ᠌ᠰᠡᠳ ᠬᠦᠢᠰᠦ ᠵᠢᠨ ᠢᠯᠭᠠᠯ᠎ᠤᠨ ᠡᠷᠬᠡ ᠠᠱᠢᠭ᠎ᠤᠨ ᠬᠠᠯᠳᠠᠯᠭ᠎ᠠ᠎ᠳᠤ ᠱᠢᠭᠤᠳ ᠪᠤᠶᠤ ᠳᠠᠮ᠎ᠢᠶᠠᠷ ᠤᠴᠠᠷᠠᠭ᠍ᠰᠠᠨ ᠪᠣᠯᠪᠠᠴᠤ᠌᠂ ᠭᠠᠵᠠᠷ ᠣᠷᠣᠨ᠎ᠤ ᠵᠦᠷᠢᠶ᠎ᠠ᠂ ᠰᠤᠷᠭᠠᠨ ᠬᠥᠮᠦᠵᠢᠯ ᠬᠦᠷᠳᠡᠭ᠌ᠰᠡᠨ ᠪᠠᠢᠳᠠᠯ᠎ᠤᠨ ᠠᠳᠠᠯᠢ ᠪᠣᠰᠤ᠎ᠠᠴᠠ ᠪᠣᠯᠵᠤ ᠡᠨᠡᠬᠦ ᠦᠢᠯᠡ ᠠᠵᠢᠯᠯᠠᠭ᠎ᠠ᠎ᠶ᠋ᠢᠨ ᠲᠤᠬᠠᠶ ᠲᠠᠨᠢᠯᠲᠠ᠎ᠨᠢ ᠢᠯᠡᠳᠲᠡ ᠵᠥᠷᠢᠶ᠎ᠡ᠎ᠲᠠᠢ ᠪᠠᠢᠨ᠎ᠠ᠃ ᠣᠨᠴᠠᠭᠠᠢᠯᠠᠨ ᠣᠯᠠᠨ ᠦᠨᠳᠦᠰᠦᠲᠡᠨ ᠲᠥᠪᠯᠡᠷᠡᠨ ᠰᠠᠭᠤᠭ᠎ᠠ ᠣᠷᠣᠨ ᠳᠤ᠂ ᠤᠯᠠᠮᠵᠢᠯᠠᠯᠲᠤ ᠰᠣᠶᠣᠯ ᠵᠠᠩ ᠦᠢᠯᠡ ᠬᠢᠭᠡᠳ ᠣᠲᠣ ᠦᠶ᠎ᠡ᠎ᠶ᠋ᠢᠨ ᠬᠠᠤᠯᠢ᠎ᠪᠠᠷ ᠵᠠᠰᠠᠬᠤ ᠣᠢᠯᠠᠭᠠᠭ᠍ᠳᠠᠬᠤᠨ᠎ᠤ ᠠᠭᠤᠰᠤᠯᠴᠠᠯ᠎ᠤᠨ ᠬᠡᠮᠵᠢᠶ᠎ᠡ ᠠᠳᠠᠯᠢ ᠪᠤᠰᠤ᠎ᠠᠴᠠ ᠪᠣᠯᠵᠣ᠂ ᠰᠦᠯᠵᠢᠶᠡᠨ᠎ᠤ ᠬᠡᠯᠪᠡᠷᠢ᠎ᠪᠠᠷ ᠬᠦᠢᠰᠦ ᠵᠢᠨ ᠢᠯᠭᠠᠯ᠎ᠤᠨ ᠬᠠᠯᠳᠠᠯᠭ᠎ᠠ ᠬᠢᠬᠦ᠂ ᠳᠠᠯᠳᠠ ᠦᠭᠡ᠎ᠪᠠᠷ ᠬᠦᠩᠭᠡᠪᠳᠦᠷ ᠬᠠᠯᠳᠠᠬᠤ ᠵᠡᠷᠭᠡ ᠱᠢᠨ᠎ᠡ ᠬᠡᠯᠪᠡᠷᠢ᠎ᠶ᠋ᠢᠨ ᠡᠷᠬᠡ᠎ᠳᠤ ᠬᠠᠯᠳᠠᠬᠤ ᠠᠵᠢᠯᠯᠠᠭ᠎ᠠ᠎ᠶ᠋ᠢᠨ ᠳᠣᠬᠠᠢ ᠲᠠᠨᠢᠯᠳᠠ ᠨᠡᠢᠳᠡᠮ᠎ᠳᠡᠭᠡᠨ ᠳᠣᠣᠷ᠎ᠠ ᠪᠠᠢᠨ᠎ᠠ᠃ ᠮᠠᠯᠵᠢᠬᠤ ᠲᠠᠷᠢᠶᠠᠯᠠᠬᠤ ᠣᠷᠣᠨ᠎ᠳᠤ 《ᠲᠠᠨᠢᠯ ᠬᠥᠮᠦᠨ᠎ᠤ ᠨᠡᠢᠭᠡᠮ》᠎ᠤᠨ ᠶᠣᠰᠣ ᠰᠤᠷᠲᠠᠬᠤᠨ᠎ᠤ ᠬᠦᠯᠢᠶᠡᠰᠦᠯᠡᠯ ᠡᠴᠡ ᠪᠣᠯᠵᠣ᠂ ᠲᠠᠨᠢᠯ ᠬᠥᠮᠦᠨ᠎ᠤ ᠬᠤᠭᠤᠷᠤᠨᠳᠤᠬᠢ ᠨᠡᠢᠬᠡᠮ᠎ᠤᠨ ᠬᠠᠷᠢᠴᠠᠭᠠᠨ᠎ᠤ ᠵᠠᠢ᠎ᠶ᠋ᠢ ᠵᠠᠭᠠᠭ᠍ᠯᠠᠨ ᠲᠣᠭ᠍ᠲᠠᠭᠠᠬᠤ᠎ᠳᠤ ᠬᠦᠴᠢᠷ; ᠰᠤᠶᠤᠯ᠎ᠤᠨ ᠬᠡᠮᠵᠢᠶ᠎ᠠ ᠳᠤᠤᠷ᠎ᠠ ᠪᠦᠯᠬᠦᠮ ᠨᠡᠢᠳᠡ ᠨᠡᠢᠳᠡᠮ᠎ᠳᠡᠭᠡᠨ ᠬᠠᠤᠯᠢ ᠴᠠᠭᠠᠵᠠ᠎ᠶ᠋ᠢᠨ ᠲᠠᠨᠢᠯᠲᠠ ᠳᠤᠲᠠᠮᠠᠭ ᠪᠠᠢᠵᠤ᠂ ᠬᠦᠢᠰᠦ ᠵᠢᠨ ᠢᠯᠭᠠᠯ᠎ᠤᠨ ᠠᠮᠣᠷ ᠲᠦᠪᠰᠢᠨ ᠤ᠋ ᠬᠠᠯᠳᠠᠯᠭ᠎ᠠ᠎ᠶ᠋ᠢ 《ᠯᠦᠢᠪᠠᠷᠳᠠᠵᠣ》 ᠪᠠᠢᠬᠣ ᠪᠠᠷ ᠦᠵᠡᠵᠦ᠍ ᠪᠣᠢ᠃ ᠬᠡᠰᠡᠭ ᠢᠳᠡᠷ ᠨᠠᠰᠤᠨ᠎ᠤ ᠡᠷᠡᠭ᠌ᠳᠡᠢᠴᠦᠳ 《ᠡᠷᠡᠭ᠌ᠲᠡᠶ ᠬᠥᠮᠦᠨ ᠬᠦᠢᠰᠦ ᠵᠢᠨ ᠢᠯᠭᠠᠯ᠎ᠤᠨ ᠬᠠᠯᠳᠠᠯᠭ᠎ᠠ᠎ᠳᠤ ᠤᠴᠠᠷᠠᠬᠤ ᠦᠭᠡᠢ》 ᠭᠡᠬᠦ᠌ ᠬᠡᠪᠱᠢᠮᠡᠯ ᠳᠠᠨᠢᠯᠳᠠ᠎ᠲᠠᠢ᠃ ᠡᠨᠡ ᠭᠤᠷᠪᠠᠨ ᠪᠦᠯᠬᠦᠮ ᠨᠡᠢᠳᠡ᠎ᠶ᠋ᠢᠨ ᠲᠠᠨᠢᠯᠳᠠ᠎ᠶ᠋ᠢᠨ ᠵᠥᠷᠢᠶ᠎ᠡ᠎ᠨᠢ ᠡᠨᠡ ᠲᠤᠬᠠᠢ ᠤᠬᠠᠭᠤᠯᠭ᠎ᠠ᠎ᠵᠢᠨ ᠬᠠᠮᠲᠤ᠎ᠶ᠋ᠢᠨ ᠲᠠᠨᠢᠯᠲᠠ᠎ᠶ᠋ᠢ ᠪᠦᠷᠢᠯᠳᠦᠭᠦᠯᠬᠦ ᠳ᠋ᠦᠬᠦᠴᠢᠷᠳᠡᠯ ᠠᠪᠴᠢᠷᠠᠨ ᠦᠭᠴᠡᠢ᠃
(ᠬᠤᠶᠠᠷ) ᠡᠷᠬᠡ ᠠᠱᠢᠭ᠎ᠤᠨ ᠪᠠᠲᠤᠯᠠᠭ᠎ᠠ᠎ᠶ᠋ᠢᠨ ᠱᠢᠰᠲ᠋ᠧᠮ᠎ᠳᠤ ᠪᠦᠲᠦᠴᠡ᠎ᠶ᠋ᠢᠨ ᠴᠢᠨᠠᠷᠲᠠᠢ ᠰᠠᠭᠠᠳ ᠣᠷᠣᠱᠢᠵᠤ᠂ ᠰᠣᠶᠣᠯ᠎ᠤᠨ ᠵᠣᠬᠢᠴᠠᠬᠤ ᠴᠢᠨᠠᠷ ᠬᠦᠷᠦᠯᠴᠡᠬᠦ᠌ ᠦᠭᠡᠢ ᠪᠠᠢᠨ᠎ᠠ᠃ ᠮᠠᠨ᠎ᠤ ᠣᠷᠣᠨ᠎ᠤ ᠬᠦᠢᠰᠦ ᠵᠢᠨ ᠢᠯᠭᠠᠯ᠎ᠤᠨ ᠠᠮᠣᠷ ᠲᠦᠪᠰᠢᠨ ᠤ᠋ ᠬᠠᠯᠳᠠᠯᠭ᠎ᠠ᠎ᠳᠤ ᠤᠴᠠᠷᠠᠭ᠍ᠰᠠᠳ ᠤ᠋ᠨ ᠳᠤᠭᠤᠶ ᠥᠩᠭᠡᠷᠡᠭᠡᠬᠦ᠌ ᠨᠣᠷᠮ᠎ᠠ ᠥᠨᠳᠥᠷ ᠪᠠᠢᠵᠤ᠂ 58.42%᠎ᠤᠨ ᠬᠠᠯᠳᠠᠯᠭ᠎ᠠ᠎ᠳᠤ ᠤᠴᠠᠷᠠᠭ᠍ᠰᠠᠳ ᠶᠠᠮᠠᠷᠪᠠ ᠠᠯᠪᠠᠨ᠎ᠤ ᠲᠠᠯ᠎ᠠ᠎ᠶ᠋ᠢᠨ ᠠᠷᠭ᠎ᠠ ᠵᠠᠮ᠎ᠢᠶᠠᠷ ᠲᠤᠰᠠᠯᠠᠮᠵᠢ ᠭᠤᠶᠤᠴᠢᠯᠠᠭᠰᠠᠨ ᠥᠬᠡᠶ᠃ ᠱᠢᠶᠠᠩ ᠪᠠᠯᠭᠠᠰᠤ ᠪᠣᠯᠤᠨ ᠮᠠᠯᠵᠢᠬᠤ ᠲᠠᠷᠢᠶᠠᠯᠠᠬᠤ ᠣᠷᠣᠨ᠎ᠳᠤ᠂ ᠬᠠᠮᠢᠶᠠᠷᠣᠭᠴᠢᠳ ᠤ᠋ᠨ ᠱᠢᠭᠤᠤᠨ ᠭᠠᠷ ᠬᠦᠷᠦᠭ᠌ᠰᠡᠨ ᠪᠣᠰᠤ ᠬᠠᠯᠳᠠᠯᠭ᠎ᠠ᠎ᠵᠢ ᠱᠢᠢᠳᠪᠦᠷᠢᠯᠡᠬᠦ᠌ ᠴᠢᠳᠠᠪᠤᠷᠢ ᠬᠦᠷᠦᠯᠴᠡᠬᠦ᠌ ᠦᠭᠡᠢ ᠪᠠᠢᠨ᠎ᠠ᠂ ᠬᠡᠰᠡᠭ ᠣᠯᠠᠨ ᠦᠨᠳᠦᠰᠦᠲᠡᠨ ᠲᠥᠪᠯᠡᠷᠡᠨ ᠰᠠᠭᠤᠭ᠎ᠠ ᠣᠷᠣᠨ᠎ᠤ ᠬᠦᠢᠰᠦ ᠵᠢᠨ ᠢᠯᠭᠠᠯ᠎ᠤᠨ ᠬᠠᠯᠳᠠᠯᠭ᠎ᠠ᠎ᠳᠤ ᠤᠴᠠᠷᠠᠭ᠍ᠰᠠᠳᠤᠨ ᠲᠤᠰᠭᠠᠭ᠍ᠰᠠᠨ᠎ᠢᠶᠠᠷ ᠬᠠᠤᠯᠢ ᠶᠤᠰᠤᠭᠠᠷ ᠲᠤᠰᠠᠯᠠᠮᠵᠢ ᠭᠤᠶᠤᠴᠢᠯᠠᠭ᠍ᠰᠠᠨ ᠪᠣᠯᠪᠠᠴᠤ᠌ ᠬᠠᠶᠠᠨ᠎ᠳᠤᠨᠢ ᠬᠠᠶᠠᠭ᠍ᠳᠠᠭ᠍ᠰᠠᠨ ᠦᠵᠡᠭ᠌ᠳᠡᠯ ᠵᠦᠩᠳᠡᠭᠡᠨ ᠪᠠᠢᠨ᠎ᠠ; ᠤᠯᠠᠮᠵᠢᠯᠠᠯᠲᠤ ᠬᠦᠢᠰᠦ ᠵᠢᠨ ᠢᠯᠭᠠᠯ᠎ᠤᠨ ᠰᠣᠶᠣᠯ᠎ᠤᠨ ᠨᠥᠯᠥᠭᠡ᠎ᠡᠴᠡ ᠪᠣᠯᠵᠣ᠂ ᠡᠷᠡᠭ᠌ᠲᠡᠢᠴᠣᠳ ᠬᠦᠢᠰᠦ ᠵᠢᠨ ᠢᠯᠭᠠᠯ᠎ᠤᠨ ᠡᠷᠬᠡ ᠠᠱᠢᠭ ᠨᠢ ᠬᠠᠯᠳᠠᠯᠭ᠎ᠠ ᠳ᠋ᠦ ᠣᠴᠠᠷᠠᠬᠣ ᠦᠶ᠎ᠡ ᠳ᠋ᠦ ᠨᠡᠢᠳᠡᠮ ᠳ᠋ᠡᠭᠡᠨ ᠳᠣᠭᠣᠢ ᠦᠩᠭᠡᠷᠡᠭᠡᠵᠦ᠂ ᠣᠳᠣ ᠵᠢᠨ ᠪᠠᠢᠭ᠎ᠠ ᠳᠡᠮᠵᠢᠯᠭᠡ ᠦᠢᠯᠡᠴᠢᠯᠡᠭᠡ ᠡᠨᠡᠬᠦ ᠪᠦᠯᠬᠦᠮ ᠨᠡᠢᠳᠡ ᠵᠢᠨ ᠬᠡᠷᠡᠭᠴᠡᠭᠡ ᠵᠢ ᠪᠦᠳᠦᠮᠵᠢᠳᠡᠢ ᠪᠦᠷᠬᠦᠵᠦ ᠳᠡᠢᠯᠬᠦ ᠦᠭᠡᠢ ᠪᠠᠢᠨ᠎ᠠ᠃
(ᠭᠤᠷᠪᠠ) ᠬᠠᠮᠵᠢᠯᠴᠠᠨ ᠵᠠᠰᠠᠬᠤ ᠲᠣᠭ᠍ᠲᠠᠴᠠ ᠲᠡᠭᠦᠯᠳᠡᠷᠵᠢᠭᠡᠳᠦᠢ᠂ ᠦᠨᠳᠦᠰᠦᠲᠡᠨ᠎ᠤ ᠰᠣᠶᠣᠯ᠎ᠤᠨ ᠡᠬᠢ ᠪᠠᠶᠠᠯᠢᠭ᠎ᠢ ᠭᠦᠢᠴᠡᠳ ᠬᠦᠭ᠌ᠵᠢᠭᠡᠭᠡᠳᠦᠢ ᠪᠠᠢᠭᠰᠠᠭᠠᠷ᠃ ᠣᠳᠣᠬᠠᠨ᠎ᠳᠤ ᠬᠦᠢᠰᠦ ᠵᠢᠨ ᠢᠯᠭᠠᠯ᠎ᠤᠨ ᠠᠮᠣᠷ ᠲᠦᠪᠰᠢᠨ ᠤ᠋ ᠪᠠᠳᠣᠯᠠᠭ᠎ᠠ ᠵᠢᠨ ᠠᠵᠢᠯ᠎ᠳᠤ ᠰᠠᠯᠠᠭ᠎ᠠ ᠮᠥᠴᠢᠷ ᠰᠠᠯᠤᠩᠭᠢᠷᠠᠭ᠍ᠰᠠᠨ ᠰᠣᠶᠣᠯ ᠰᠠᠯᠣᠩᠬᠢᠷᠠᠭᠰᠠᠨ ᠠᠰᠠᠭᠤᠳᠠᠯ ᠣᠷᠣᠱᠢᠵᠤ᠂ ᠣᠯᠠᠨ ᠳᠠᠯ᠎ᠠ ᠪᠡᠷ ᠬᠠᠮᠲᠤᠷᠠᠨ ᠬᠥᠳᠡᠯᠦᠯᠴᠡᠬᠦ᠌ ᠪᠠᠢᠩᠭᠤᠵᠢᠭ᠍ᠰᠠᠨ ᠲᠣᠭ᠍ᠲᠠᠴᠠ ᠳᠤᠲᠠᠭ᠍ᠳᠠᠵᠤ ᠪᠠᠢᠨ᠎ᠠ᠃ ᠡᠯ᠎ᠡ ᠦᠨᠳᠦᠰᠦᠲᠡᠨ᠎ᠤ ᠤᠯᠠᠮᠵᠢᠯᠠᠯᠲᠤ ᠪᠠᠶᠠᠷ ᠳᠤᠷᠠᠰᠭᠠᠯ᠎ᠤᠨ ᠠᠵᠢᠯᠯᠠᠭ᠎ᠠ᠂ ᠵᠢᠱ᠌ᠢᠶᠡᠯᠡᠪᠡᠯ ᠨᠠᠭᠠᠳᠤᠮ᠎ᠤᠨ ᠬᠤᠷᠠᠯ ᠵᠡᠷᠭᠡ᠎ᠨᠢ ᠬᠥᠮᠦᠨ ᠠᠮᠠ ᠬᠤᠷᠣᠮᠬᠠᠨ ᠵᠠᠭᠤᠷ᠎ᠠ ᠣᠯᠠᠨ ᠴᠤᠭ᠍ᠯᠠᠷᠠᠨ ᠬᠠᠮᠢᠶᠠᠷᠤᠯᠲᠠ᠎ᠶ᠋ᠢᠨ ᠬᠦᠴᠦᠨ ᠬᠦᠷᠦᠯᠴᠡᠬᠦ᠌ ᠥᠬᠡᠶ ᠪᠣᠯᠵᠣ᠂ 67.4%᠎ᠶ᠋ᠢᠨ ᠰᠤᠷᠪᠤᠯᠵᠢᠯᠠᠭ᠎ᠠ ᠬᠦᠯᠢᠶᠡᠭ᠌ᠰᠡᠳ ᠡᠭᠦᠨ ᠢ᠋ ᠬᠦᠢᠰᠦ ᠵᠢᠨ ᠢᠯᠭᠠᠯ᠎ᠤᠨ ᠠᠮᠣᠷ ᠲᠦᠪᠰᠢᠨ ᠤ᠋ ᠪᠠᠳᠣᠯᠠᠭ᠎ᠠ ᠵᠢᠨ ᠪᠠᠭᠤᠷᠠᠶ ᠭᠤᠭ᠍ᠴᠤᠭ᠎ᠠ ᠭᠡᠵᠦ᠍ ᠦᠵᠡᠵᠦ᠍ ᠪᠠᠢᠨ᠎ᠠ; ᠭᠡᠬᠦ ᠮᠦᠷᠳᠡᠭᠡᠨ ᠦᠨᠳᠦᠰᠦᠲᠡᠨ᠎ᠤ ᠣᠨᠴᠠᠯᠢᠭ᠎ᠲᠠᠢ ᠤᠯᠠᠭᠠᠨᠮᠥ᠋ᠴᠢᠷ᠎ᠤᠨ ᠲᠣᠭ᠍ᠯᠠᠯᠲᠠ᠂ ᠣᠯᠠᠨ ᠬᠡᠯᠡᠨ᠎ᠤ ᠤᠬᠠᠭᠤᠯᠭ᠎ᠠ᠎ᠶ᠋ᠢᠨ ᠮᠠᠲ᠋ᠧᠷᠢᠶᠠᠯ ᠵᠡᠷᠭᠡ ᠣᠷᠣᠨ ᠨᠤᠲᠤᠭ ᠤ᠋ᠨ ᠠᠴᠢᠶᠠᠯᠠᠪᠤᠷᠢ ᠱᠢᠰᠲ᠋ᠧᠮ᠎ᠲᠠᠢ ᠠᠰᠢᠭᠯᠠᠭᠳᠠᠭᠰᠠᠨ ᠦᠭᠡᠢ ᠡᠴᠡ ᠪᠣᠯᠵᠣ᠂ ᠰᠣᠶᠣᠯ᠎ᠤᠨ ᠬᠥᠲᠥᠯᠥᠨ ᠳᠠᠭᠠᠭᠤᠯᠬᠤ ᠦᠢᠯᠡᠳᠦᠯ ᠭᠦᠢᠴᠡᠳ ᠪᠠᠳᠠᠷᠠᠭᠤᠯᠣᠭᠳᠠᠵᠣ ᠳᠡᠢᠯᠬᠦ ᠦᠭᠡᠢ ᠪᠠᠢᠨ᠎ᠠ᠃
(ᠳᠥᠷᠪᠡ) ᠪᠠᠲᠤᠯᠠᠭ᠎ᠠ᠎ᠶ᠋ᠢᠨ ᠡᠬᠢ ᠪᠠᠶᠠᠯᠢᠭ᠎ᠤᠨ ᠬᠤᠪᠢᠶᠠᠷᠢᠯᠠᠯᠲᠠ ᠲᠡᠩᠴᠡᠭᠦᠷᠢ ᠦᠭᠡᠢ᠂ ᠬᠢᠯᠢ ᠬᠢᠵᠠᠭᠠᠷ ᠤ᠋ᠨ ᠮᠠᠯᠵᠢᠬᠤ ᠣᠷᠣᠨ᠎ᠳᠤ ᠵᠠᠰᠠᠯᠲᠠ᠎ᠶ᠋ᠢᠨ ᠬᠤᠭᠤᠰᠤᠨ ᠣᠷᠣᠨ ᠣᠷᠣᠱᠢᠵᠤ ᠪᠣᠢ᠃ ᠡᠯ᠎ᠡ ᠭᠠᠵᠠᠷ ᠤ᠋ᠨ ᠪᠠᠲᠤᠯᠠᠭ᠎ᠠ᠎ᠶ᠋ᠢᠨ ᠡᠬᠢ ᠪᠠᠶᠠᠯᠢᠭ ᠨᠢ ᠬᠦᠢᠰᠦ ᠵᠢᠨ ᠢᠯᠭᠠᠯ᠎ᠤᠨ ᠬᠠᠯᠳᠠᠯᠭ᠎ᠠ ᠣᠯᠠᠨ ᠡᠭᠦᠰᠳᠡᠭ ᠬᠤᠲᠠ᠎ᠶ᠋ᠢᠨ ᠵᠠᠮ ᠬᠠᠷᠢᠯᠴᠠᠭᠠᠨ᠎ᠤ ᠬᠦᠢᠰᠦ᠂ ᠬᠤᠳᠠᠯᠳᠤᠭᠠᠨ᠎ᠤ ᠲᠠᠯᠠᠪᠤᠷ ᠵᠡᠷᠭᠡ ᠭᠠᠵᠠᠷ ᠲᠦ ᠲᠥᠪᠯᠡᠷᠡᠵᠦ ᠪᠠᠢᠨ᠎ᠠ᠃ ᠪᠤᠢᠳᠠ ᠪᠥᠭ᠌ᠯᠡᠭᠦᠦ ᠣᠯᠠᠨ ᠦᠨᠳᠦᠰᠦᠲᠡᠨ ᠲᠥᠪᠯᠡᠷᠡᠨ ᠰᠠᠭᠤᠭ᠎ᠠ ᠣᠷᠣᠨ ᠪᠣᠯᠤᠨ ᠬᠢᠯᠢ ᠬᠢᠵᠠᠭᠠᠷ ᠤ᠋ᠨ ᠮᠠᠯᠵᠢᠬᠤ ᠣᠷᠣᠨ ᠰᠦᠯᠵᠢᠶ᠎ᠡ᠂ ᠵᠠᠮ ᠬᠠᠷᠢᠯᠴᠠᠭ᠎ᠠ ᠵᠡᠷᠭᠡ ᠵᠢᠨ ᠬᠢᠵᠠᠭᠠᠷᠯᠠᠯ᠎ᠡᠴᠡ ᠪᠣᠯᠵᠤ᠂ ᠤᠷᠲᠤ ᠬᠤᠭᠤᠴᠠᠭ᠎ᠠ᠎ᠪᠠᠷ ᠬᠠᠮᠢᠶᠠᠷᠤᠯᠲᠠ ᠳᠤᠲᠠᠭ᠍ᠳᠠᠭ᠍ᠰᠠᠨ ᠪᠠᠢᠳᠠᠯ ᠣᠷᠣᠱᠢᠵᠤ ᠪᠣᠢ; ᠣᠯᠠᠨ ᠦᠨᠳᠦᠰᠦᠲᠡᠨ᠎ᠤ ᠨᠡᠭᠦᠳᠡᠯ ᠬᠥᠮᠦᠨ ᠠᠮᠠ ᠲᠥᠪᠯᠡᠷᠡᠭ᠌ᠰᠡᠨ ᠰᠥᠨᠢ᠎ᠶ᠋ᠢᠨ ᠢᠳᠡᠭᠡᠨ ᠤᠮᠳᠠᠭᠠᠨ ᠵᠤᠭ᠎ᠠ ᠴᠡᠩᠭᠡᠯ᠎ᠤᠨ ᠲᠠᠯᠠᠪᠤᠷ᠎ᠨᠢ ᠠᠷᠢᠬᠢ ᠲᠠᠷᠠᠰᠤ᠎ᠶ᠋ᠢᠨ ᠦᠢᠯᠡᠳᠦᠯ᠂ ᠬᠠᠮᠢᠶᠠᠷᠤᠯᠲᠠ ᠪᠠᠭᠤᠷᠠᠶ ᠵᠡᠷᠭᠡ ᠱᠢᠯᠳᠠᠭᠠᠨ᠎ᠠᠴᠠ ᠪᠣᠯᠵᠣ ᠬᠦᠢᠰᠦ ᠵᠢᠨ ᠢᠯᠭᠠᠯ᠎ᠤᠨ ᠬᠠᠯᠳᠠᠯᠭ᠎ᠠ ᠵᠢᠨ ᠬᠡᠷᠡᠭ ᠣᠯᠠᠨ ᠡᠭᠦᠰᠭᠦ ᠣᠷᠣᠨ ᠪᠣᠯᠵᠣ᠂ ᠴᠢᠭᠯᠡᠭᠦᠯᠦᠯᠳᠦ ᠴᠢᠨᠠᠷᠲᠠᠶ ᠪᠠᠲᠤᠯᠠᠭ᠎ᠠ᠎ᠶ᠋ᠢᠨ ᠠᠷᠭ᠎ᠠ ᠬᠡᠮᠵᠢᠶ᠎ᠡ᠎ᠶ᠋ᠢ ᠬᠠᠷᠠᠬᠠᠨ ᠳᠣᠭᠳᠠᠭᠠᠭᠠᠳᠣᠢ ᠪᠠᠢᠭᠰᠠᠭᠠᠷ᠃
ᠬᠤᠶᠠᠷ᠂ ᠪᠣᠳᠠᠳᠠᠢ ᠰᠠᠨᠠᠭᠤᠯᠭ᠎ᠠ
(ᠨᠢᠭᠡ) ᠣᠨᠣᠪᠴᠢᠳᠠᠢ ᠲᠠᠨᠢᠨ ᠮᠡᠳᠡᠭᠦᠢ ᠵᠢ ᠳᠡᠭᠡᠭ᠌ᠰᠢᠯᠡᠭᠦᠯᠬᠦ᠌ ᠱᠢᠰᠲ᠋ᠧᠮ ᠪᠠᠢᠭᠤᠯᠵᠤ᠂ ᠦᠨᠳᠦᠰᠦᠲᠡᠨ᠎ᠨᠦᠭᠦᠳ᠎ᠤᠨ ᠬᠠᠮᠲᠤ᠎ᠪᠠᠷ ᠪᠠᠲᠤᠯᠠᠬᠤ ᠦᠵᠡᠯ ᠰᠠᠨᠠᠭᠠᠨ᠎ᠤ ᠰᠠᠭᠤᠷᠢ᠎ᠶ᠋ᠢ ᠪᠠᠳᠣ ᠴᠣᠭᠴᠠᠯᠠᠬᠣ ᠬᠡᠷᠡᠭᠳᠡᠢ᠃ ᠨᠢᠭᠡ᠎ᠳᠤ᠂ ᠣᠯᠠᠨ ᠬᠡᠯᠡᠨ᠎ᠤ᠂ ᠣᠯᠠᠨ ᠠᠷᠭ᠎ᠠ ᠵᠠᠮ᠎ᠢᠶᠠᠷ ᠬᠠᠤᠯᠢ ᠲᠦᠭᠡᠮᠡᠯᠵᠢᠭᠦᠯᠬᠦ᠌ ᠤᠬᠠᠭᠤᠯᠭ᠎ᠠ᠎ᠶ᠋ᠢᠨ ᠵᠢᠭᠰᠠᠭᠠᠯ ᠪᠠᠢᠭᠤᠯᠬᠣ ᠬᠡᠷᠡᠭᠳᠡᠢ᠃ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠣᠯᠠᠨ ᠨᠡᠢᠲᠡ᠎ᠶ᠋ᠢᠨ ᠳᠠᠯᠠᠪᠠᠢ ᠲᠠᠯᠠᠪᠤᠷ᠎ᠤᠨ ᠬᠦᠢᠰᠦ ᠵᠢᠨ ᠢᠯᠭᠠᠯ᠎ᠤᠨ ᠠᠮᠣᠷ ᠲᠦᠪᠰᠢᠨ ᠤ᠋ ᠪᠠᠳᠣᠯᠠᠭ᠎ᠠ ᠵᠢᠨ ᠵᠢᠯᠣᠭᠤᠳᠤᠮᠵᠢ》 ᠵᠢ ᠨᠠᠢᠷᠠᠭᠤᠯᠤᠨ ᠵᠣᠬᠢᠶᠠᠵᠤ᠂ ᠣᠯᠠᠨ ᠦᠨᠳᠦᠰᠦᠲᠡᠨ᠎ᠤ ᠶᠠᠪᠤᠯᠴᠠᠭ᠎ᠠ ᠵᠢᠨ ᠠᠬᠤᠶ ᠪᠠᠢᠳᠠᠯ᠎ᠳᠤ ᠬᠤᠯᠪᠣᠭ᠍ᠳᠠᠭ᠍ᠰᠠᠨ ᠨᠡᠢᠲᠡᠯᠢᠭ ᠬᠡᠷᠡᠭ᠎ᠤᠨ ᠵᠢᠱ᠌ᠢᠶ᠎ᠡ᠎ᠶ᠋ᠢ ᠭᠤᠤᠯᠳᠠᠯᠭ᠎ᠠ᠎ᠲᠠᠢ᠎ᠪᠠᠷ ᠬᠣᠷᠢᠶᠠᠨ ᠴᠣᠭᠯᠠᠭᠣᠯᠵᠣ᠂ ᠲᠠᠨᠢᠯ ᠬᠥᠮᠦᠰ᠎ᠤᠨ ᠬᠠᠷᠢᠯᠴᠠᠭ᠎ᠠ᠂ ᠪᠠᠶᠠᠷ ᠳᠤᠷᠠᠰᠭᠠᠯ᠎ᠤᠨ ᠠᠵᠢᠯᠯᠠᠭ᠎ᠠ᠎ᠶ᠋ᠢᠨ ᠲᠤᠮᠳᠠᠬᠢ ᠬᠤᠪᠢ ᠬᠦᠮᠦᠨ᠎ᠤ ᠠᠵᠢᠯᠯᠠᠭ᠎ᠠ᠎ᠶ᠋ᠢᠨ ᠵᠢᠷᠤᠮᠵᠢᠯ ᠪᠠ ᠬᠦᠮᠦᠰ᠎ᠤᠨ ᠨᠡᠢᠭᠡᠮ᠎ᠤᠨ ᠬᠠᠷᠢᠯᠴᠠᠭᠠᠨ᠎ᠤ ᠵᠠᠢ᠎ᠶ᠋ᠢ ᠮᠠᠭᠠᠳᠯᠠᠬᠤ ᠪᠠᠷᠢᠮᠵᠢᠶ᠎ᠠ᠎ᠶ᠋ᠢ ᠲᠤᠳᠤᠷᠬᠠᠢᠯᠠᠬᠤ ᠬᠡᠷᠡᠭ᠌ᠳᠡᠢ᠃ ᠬᠤᠶᠠᠷ᠎ᠲᠤ᠂ ᠡᠯ᠎ᠡ ᠦᠨᠳᠦᠰᠦᠲᠡᠨ᠎ᠤ ᠲᠥᠯᠥᠭᠡᠯᠡᠭ᠌ᠴᠢᠳ᠎ᠤᠨ ᠵᠢᠱ᠌ᠢᠶ᠎ᠡ ᠦᠵᠡᠭᠦᠯᠦᠨ ᠳᠠᠭᠠᠭᠤᠯᠬᠤ ᠦᠢᠯᠡᠳᠦᠯ᠎ᠢ ᠪᠠᠳᠠᠷᠠᠭᠤᠯᠬᠤ ᠬᠡᠷᠡᠭ᠌ᠳᠡᠢ᠃ ᠡᠯ᠎ᠡ ᠦᠨᠳᠦᠰᠦᠲᠡᠨ ᠡᠯ᠎ᠡ ᠡᠲᠡᠭᠡᠳ᠎ᠤᠨ ᠲᠥᠯᠥᠭᠡᠯᠡᠬᠦ᠌ ᠴᠢᠨᠠᠷᠲᠠᠶ ᠬᠥᠮᠦᠰ᠎ᠢ ᠱᠢᠯᠢᠨ ᠰᠣᠩᠭᠤᠵᠤ᠂ ᠬᠦᠢᠰᠦ ᠵᠢᠨ ᠢᠯᠭᠠᠯ᠎ᠤᠨ ᠠᠮᠣᠷ ᠲᠦᠪᠰᠢᠨ ᠤ᠋ ᠪᠠᠳᠣᠯᠠᠭ᠎ᠠ ᠵᠢᠨ ᠤᠬᠠᠭᠤᠯᠤᠨ ᠲᠠᠢᠯᠪᠤᠷᠢᠯᠠᠬᠤ ᠪᠦᠯᠬᠦᠮ ᠪᠠᠢᠭᠤᠯᠤᠨ᠂ ᠰᠤᠮᠤ ᠱᠢᠶᠠᠩ ᠪᠠᠯᠭᠠᠰᠤ᠂ ᠴᠤᠭ᠍ᠯᠠᠭ᠎ᠠ ᠮᠠᠢᠮᠠᠶ᠎ᠪᠠᠷ ᠭᠦᠨᠵᠡᠭᠡᠢᠷᠡᠨ ᠬᠠᠮᠢᠶ᠎ᠠ ᠪᠦᠬᠦᠢ ᠮᠡᠳᠡᠯᠭᠡ᠎ᠶ᠋ᠢ ᠤᠬᠠᠭᠤᠯᠤᠨ ᠲᠠᠢᠯᠪᠤᠷᠢᠯᠠᠵᠤ᠂ ᠬᠠᠤᠯᠢ ᠴᠠᠭᠠᠵᠠ ᠬᠢᠭᠡᠳ ᠠᠷᠠᠳ᠎ᠤᠨ ᠵᠠᠩ ᠦᠢᠯᠡ᠎ᠶ᠋ᠢᠨ ᠲᠠᠨᠢᠯᠲᠠ ᠰᠠᠯᠤᠩᠭᠢᠷᠠᠭ᠍ᠰᠠᠨ ᠠᠰᠠᠭᠤᠳᠠᠯ᠎ᠢ ᠱᠢᠢᠳᠪᠦᠷᠢᠯᠡᠬᠦ ᠬᠡᠷᠡᠭᠳᠡᠢ᠃ ᠭᠤᠷᠪᠠ᠎ᠳᠤ᠂ ᠠᠳᠠᠯᠢ ᠪᠤᠰᠤ ᠬᠦᠮᠦᠰ᠎ᠲᠤ ᠴᠢᠭ᠌ᠯᠡᠭᠦᠯᠦᠨ ᠠᠳᠠᠯᠢ ᠪᠤᠰᠤ ᠲᠠᠨᠢᠨ ᠮᠡᠳᠡᠬᠦᠢ᠎ᠶ᠋ᠢᠨ ᠪᠣᠯᠪᠠᠰᠤᠷᠠᠯ ᠥᠷᠨᠢᠬᠦᠯᠬᠦ᠌ ᠬᠡᠷᠡᠭ᠌ᠳᠡᠢ᠃ ᠠᠳᠠᠯᠢ ᠪᠤᠰᠤ ᠦᠨᠳᠦᠰᠦᠲᠡᠨ᠎ᠤ ᠣᠨᠴᠠᠯᠢᠭᠲᠤ ᠴᠢᠭᠯᠡᠭᠦᠯᠦᠨ᠂ ᠡᠷᠡᠭ᠌ᠳᠡᠢᠴᠦᠳ ᠬᠦᠢᠰᠦ ᠵᠢᠨ ᠢᠯᠭᠠᠯ᠎ᠤᠨ ᠠᠮᠣᠷ ᠲᠦᠪᠰᠢᠨ ᠤ᠋ ᠡᠷᠬᠡ ᠠᠱᠢᠭ᠎ᠢᠶᠠᠨ ᠬᠡᠷᠬᠢᠨ ᠬᠠᠮᠠᠭᠠᠯᠠᠬᠤ᠂ ᠡᠷᠬᠡ ᠠᠱᠢᠭ᠎ᠢ ᠬᠠᠮᠠᠭᠠᠯᠠᠬᠤ ᠤᠷ᠎ᠠ ᠮᠡᠷᠭᠡᠵᠢᠯ᠎ᠤᠨ ᠲᠤᠰᠭᠠᠶ ᠰᠡᠳᠦᠪᠲᠦ ᠪᠣᠯᠪᠠᠰᠤᠷᠠᠯ ᠦᠷᠨᠢᠭᠦᠯᠬᠦ ᠬᠡᠷᠡᠭ᠌ᠲᠡᠶ; ᠣᠯᠠᠨ ᠦᠨᠳᠦᠰᠦᠲᠡᠨ ᠲᠥᠪᠯᠡᠷᠡᠨ ᠰᠠᠭᠤᠭ᠎ᠠ ᠣᠷᠣᠨ᠎ᠤ ᠦᠨᠳᠦᠰᠦᠨ ᠱᠠᠲᠤᠨ᠎ᠤ ᠬᠠᠮᠢᠶᠠᠷᠤᠭ᠍ᠴᠢᠳᠲᠦ ᠴᠢᠭᠯᠡᠭᠦᠯᠦᠨ᠂ ᠱᠢᠭᠤᠳ ᠭᠠᠷ ᠬᠦᠷᠦᠭ᠌ᠰᠡᠨ ᠪᠤᠰᠤ ᠬᠦᠢᠰᠦ ᠵᠢᠨ ᠢᠯᠭᠠᠯ᠎ᠤᠨ ᠬᠠᠯᠳᠠᠯᠭ᠎ᠠ᠎ᠶ᠋ᠢ ᠢᠯᠭᠠᠨ ᠲᠠᠨᠢᠬᠤ᠂ ᠣᠯᠠᠨ ᠦᠨᠳᠦᠰᠦᠲᠡᠨ᠎ᠤ ᠬᠠᠷᠢᠯᠴᠠᠬᠤ ᠤᠷ᠎ᠠ ᠮᠡᠷᠭᠡᠵᠢᠯ᠎ᠤᠨ ᠪᠣᠳᠠᠲᠤ ᠪᠣᠯᠪᠠᠰᠤᠷᠠᠯ᠎ᠢ ᠴᠢᠩᠭᠠᠳᠭᠠᠬᠤ ᠴᠢᠬᠤᠯᠠᠳᠠᠢ᠃
(ᠬᠣᠶᠠᠷ) ᠣᠯᠠᠨ ᠦᠨᠳᠦᠰᠦᠲᠡᠨ ᠳ᠋ᠤ ᠲᠤᠬᠢᠷᠠᠬᠤ ᠡᠷᠬᠡ ᠠᠰᠢᠭ᠋᠎ᠤᠨ ᠪᠠᠲᠤᠯᠠᠭ᠎ᠠ ᠵᠢ ᠳᠡᠮᠵᠢᠬᠦ ᠰᠦᠯᠵᠢᠶᠡᠪᠠᠢᠭᠤᠯᠵᠤ᠂ ᠬᠦᠰᠡᠯ ᠱᠠᠭᠠᠷᠳᠠᠯᠭ᠎ᠠ᠎ᠪᠠᠨ ᠢᠯᠡᠳᠬᠡᠬᠦ ᠥᠪᠡᠷ᠎ᠦᠨ ᠥᠷᠲᠡᠭ᠎ᠢ ᠪᠠᠭᠤᠷᠠᠭᠤᠯᠬᠣ ᠬᠡᠷᠡᠭᠳᠡᠢ᠃ ᠨᠢᠭᠡ᠎ᠳᠦ᠂ ᠨᠢᠭᠡ ᠴᠣᠭᠴᠠᠵᠢᠭᠤᠯᠤᠭᠰᠠᠨ ᠢᠯᠡᠴᠢᠯᠡᠨ ᠮᠡᠳᠡᠭᠦᠯᠬᠦ ᠦᠢᠯᠡᠴᠢᠯᠡᠭᠡᠨ᠎ᠦ ᠲᠠᠪᠴᠠᠩ ᠪᠠᠢᠭᠤᠯᠬᠣ ᠬᠡᠷᠡᠭᠳᠡᠢ᠃ ᠲᠦᠭᠰᠢᠭᠦᠷᠢ ᠵᠢ ᠮᠡᠳᠡᠭᠦᠯᠬᠦ ᠰᠢᠰᠲᠧᠮ᠂ ᠦᠢᠯᠡᠴᠢᠯᠡᠭᠡᠨ᠎ᠦ ᠬᠠᠯᠠᠮᠰᠢᠯ ᠤᠲᠠᠰᠤ ᠵᠡᠷᠭᠡ᠎ᠶᠢ ᠨᠡᠢᠳᠬᠡᠵᠦ᠂ ᠰᠦᠯᠵᠢᠶᠡᠨ ᠳᠡᠭᠡᠷ᠎ᠡ ᠪᠠ ᠪᠤᠳᠠᠳᠤ ᠠᠬᠤᠢ ᠵᠢᠨ ᠢᠯᠡᠴᠢᠯᠡᠨ ᠮᠡᠳᠡᠭᠦᠯᠬᠦ ᠵᠠᠮ ᠰᠤᠪᠠᠭ᠎ᠢ ᠪᠠᠢᠭᠤᠯᠤᠨ᠂ ᠪᠣᠶ᠋ᠢᠳᠠ ᠪᠥᠭᠯᠡᠭᠦᠦ ᠣᠯᠠᠨ ᠦᠨᠳᠦᠰᠦᠲᠡᠨ ᠲᠥᠪᠯᠡᠷᠡᠨ ᠰᠠᠭᠤᠭ᠎ᠠ ᠣᠷᠣᠨ ᠪᠠ ᠬᠢᠯᠢ ᠬᠢᠵᠠᠭᠠᠷ᠎ᠤᠨ ᠮᠠᠯᠵᠢᠬᠤ ᠣᠷᠣᠨ᠎ᠤ ᠵᠠᠮ ᠬᠠᠷᠢᠯᠴᠠᠭ᠎ᠠ᠎ᠶᠢᠨ ᠬᠦᠢᠰᠦ᠂ ᠬᠤᠳᠠᠯᠳᠤᠭᠠᠨ᠎ᠤ ᠲᠥᠪ᠂ ᠪᠠᠶᠠᠷ ᠳᠤᠷᠠᠰᠬᠠᠯ᠎ᠤ᠋ᠨ ᠠᠵᠢᠯᠯᠠᠭ᠎ᠠ᠎ᠶᠢᠨ ᠳᠠᠯᠠᠪᠠᠢ ᠲᠠᠯᠠᠪᠤᠷ ᠲᠤ ᠢᠯᠡᠴᠢᠯᠡᠨ ᠮᠡᠳᠡᠭᠦᠯᠬᠦ ᠴᠡᠭ ᠲᠣᠬᠢᠷᠠᠭᠤᠯᠵᠤ᠂ ᠵᠠᠭᠠᠯᠳᠤᠯᠭ᠎ᠠ᠎ᠶᠢ ᠭᠥᠯᠢᠶᠡᠨ ᠠᠪᠬᠤ᠂ ᠰᠢᠯᠵᠢᠭᠦᠯᠦᠨ ᠭᠦᠢᠴᠡᠳᠬᠡᠬᠦ᠂ ᠳᠠᠭᠠᠬᠤ᠂ ᠬᠠᠷᠢᠭᠤ ᠲᠤᠰᠬᠠᠬᠤ ᠪᠥᠬᠥ ᠶᠠᠪᠤᠴᠠ ᠵᠢᠨ ᠦᠢᠯᠡᠴᠢᠯᠡᠭᠡ ᠬᠠᠩᠭᠠᠬᠣ ᠬᠡᠷᠡᠭᠳᠡᠢ᠃ ᠬᠣᠶᠠᠷ᠎ᠲᠤ᠂ ᠦᠨᠳᠦᠰᠦᠲᠡᠨ᠎ᠦ ᠵᠠᠩ ᠦᠢᠯᠡ᠎ᠳᠤ ᠴᠠᠭᠠᠷᠠᠭᠰᠠᠨ ᠡᠶᠡᠳᠡᠭᠦᠯᠬᠦ ᠡᠩᠨᠡᠭᠡ ᠵᠢ ᠬᠥᠮᠥᠵᠢᠭᠦᠯᠬᠦ ᠬᠡᠷᠡᠭᠳᠡᠢ᠃ ᠤᠯᠠᠨ ᠦᠨᠳᠦᠰᠦᠲᠡᠨ ᠴᠤᠭᠯᠠᠷᠠᠭᠰᠠᠨ ᠰᠤᠮᠤᠨ᠎ᠤ ᠴᠤᠭᠯᠠᠭ᠎ᠠ ᠮᠠᠢᠮᠠᠢ᠂ ᠮᠠᠯᠵᠢᠬᠤ ᠲᠠᠷᠢᠶᠠᠯᠠᠬᠤ ᠣᠷᠣᠨ᠎ᠤ ᠬᠦᠳᠡᠯᠭᠡᠭᠡᠨ᠎ᠤ ᠲᠥᠪ᠎ᠲᠦ 《ᠲᠠᠨᠢᠯ ᠡᠶᠡᠳᠡᠭᠦᠯᠦᠭᠴᠢ》 ᠵᠢᠨ ᠠᠵᠢᠯ᠎ᠤᠨ ᠪᠠᠢᠷᠢ ᠭᠠᠷᠭᠠᠵᠤ᠂ ᠲᠤᠬᠠᠢ᠎ᠶᠢᠨ ᠭᠠᠵᠠᠷ᠎ᠤᠨ ᠵᠠᠩ ᠦᠢᠯᠡ᠎ᠶᠢ ᠰᠠᠢᠨ ᠮᠡᠳᠡᠳᠡᠭ᠂ ᠤᠯᠠᠨ ᠬᠡᠯᠡᠨ᠎ᠳᠦ ᠴᠠᠭᠠᠷᠠᠭᠰᠠᠨ ᠨᠠᠮ᠎ᠤᠨ ᠭᠡᠰᠢᠭᠦᠨ᠂ ᠲᠣᠰᠬᠣᠨ᠎ᠤ ᠺᠠᠳ᠋ᠷ ᠵᠡᠷᠭᠡ ᠬᠥᠮᠥᠰ᠎ᠢᠶᠡᠷ ᠬᠠᠷᠢᠭᠤᠴᠠᠭᠤᠯᠬᠣ ᠬᠡᠷᠡᠭᠳᠡᠢ᠃ ᠭᠤᠷᠪᠠ᠎ᠳᠤ᠂ ᠡᠯ᠎ᠡ ᠲᠥᠷᠥᠯ᠎ᠦᠨ ᠪᠦᠯᠬᠦᠮ ᠨᠡᠢᠲᠡ ᠵᠢ ᠬᠠᠮᠤᠷᠤᠭᠰᠠᠨ ᠡᠷᠬᠡ ᠠᠰᠢᠭ᠋᠎ᠨᠢ ᠬᠠᠯᠳᠠᠯᠭ᠎ᠠ᠎ᠳᠤ ᠤᠴᠠᠷᠠᠭᠰᠠᠳᠢ ᠳᠡᠮᠵᠢᠬᠦ ᠦᠢᠯᠡᠴᠢᠯᠡᠭᠡ᠎ᠶᠢ ᠲᠡᠭᠦᠯᠳᠡᠷᠵᠢᠭᠦᠯᠵᠦ᠂ ᠦᠨᠳᠦᠰᠦᠲᠡᠨ᠎ᠦ ᠦᠭᠡ ᠬᠡᠯᠡᠨ᠎ᠳᠦ ᠴᠠᠭᠠᠷᠠᠭᠰᠠᠨ ᠬᠠᠤᠯᠢᠴᠢ᠂ ᠰᠡᠳᠬᠢᠴᠡ᠎ᠶᠢᠨ ᠵᠥᠪᠯᠡᠯᠭᠡ ᠥᠭᠭᠦᠭᠴᠢ᠎ᠶᠢᠨ ᠰᠠᠢᠨ ᠳᠤᠷ᠎ᠠ᠎ᠶᠢᠨ ᠦᠢᠯᠡᠴᠢᠯᠡᠭᠡᠨ᠎ᠦ ᠠᠩᠭᠢ ᠵᠣᠬᠢᠶᠠᠨ ᠪᠠᠢᠭᠤᠯᠬᠣ ᠬᠡᠷᠡᠭᠳᠡᠢ; ᠤᠯᠠᠨ ᠲᠦᠷᠦᠯ᠎ᠦᠨ ᠡᠷᠬᠡ ᠠᠰᠢᠭ᠋ ᠨᠢ ᠬᠠᠯᠳᠠᠯᠭ᠎ᠠ ᠳ᠋ᠤ ᠤᠴᠠᠷᠠᠭᠰᠠᠳ᠎ᠤᠨ ᠰᠣᠶᠣᠯ᠎ᠤᠨ ᠣᠨᠴᠠᠯᠢᠭ᠋᠎ᠲᠤ ᠴᠢᠭᠯᠡᠭᠦᠯᠦᠨ ᠲᠤᠰᠬᠠᠢ ᠵᠥᠪᠯᠡᠯᠭᠡ ᠥᠭᠬᠦ ᠠᠷᠭ᠎ᠠ ᠵᠠᠮ ᠭᠠᠷᠭᠠᠵᠤ᠂ ᠰᠣᠶᠣᠯ᠎ᠤᠨ ᠵᠥᠷᠢᠶ᠎ᠡ᠎ᠡᠴᠡ ᠪᠣᠯᠤᠭᠰᠠᠨ ᠡᠷᠬᠡ ᠠᠰᠢᠭ᠋᠎ᠢ ᠪᠠᠲᠤᠯᠠᠬᠤ ᠬᠠᠷᠰᠢ ᠰᠠᠭᠠᠳ᠎ᠢ ᠠᠷᠢᠯᠭᠠᠬᠣ ᠬᠡᠷᠡᠭᠳᠡᠢ᠃
(ᠭᠤᠷᠪᠠ) ᠣᠯᠠᠨ ᠭᠣᠣᠯ ᠴᠣᠭᠴᠠ᠎ᠶᠢᠨ ᠬᠠᠮᠵᠢᠯᠴᠠᠨ ᠵᠠᠰᠠᠬᠤ᠎ᠶᠢ ᠴᠢᠩᠭᠠᠷᠠᠭᠤᠯᠵᠤ᠂ ᠦᠨᠳᠦᠰᠦᠲᠡᠨ᠎ᠦ ᠰᠣᠶᠣᠯ᠎ᠤᠨ ᠴᠢᠳᠠᠮᠵᠢ ᠣᠯᠭᠣᠬᠤ ᠦᠢᠯᠡᠳᠦᠯ᠎ᠢ ᠭᠦᠢᠴᠡᠳ ᠪᠠᠳᠠᠷᠠᠭᠤᠯᠬᠣ ᠬᠡᠷᠡᠭᠳᠡᠢ᠃ ᠨᠢᠭᠡ᠎ᠳᠦ᠂ ᠣᠯᠠᠨ ᠡᠰᠢᠵᠢᠭᠰᠡᠨ ᠬᠣᠯᠪᠤᠭᠠᠯᠠᠨ ᠬᠥᠳᠡᠯᠦᠯᠴᠡᠬᠦ ᠲᠣᠭᠲᠠᠴᠠ ᠪᠠᠢᠭᠤᠯᠬᠣ ᠬᠡᠷᠡᠭᠳᠡᠢ᠃ ᠨᠢᠭᠡᠳᠦᠮᠡᠯ ᠹᠷᠣᠨᠲ᠎ᠤᠨ ᠬᠡᠯᠲᠡᠰ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠵᠤ᠂ ᠳᠣᠲᠣᠭᠠᠳᠤ᠎ᠶᠢ ᠬᠠᠮᠠᠭᠠᠯᠠᠬᠤ᠂ ᠡᠮᠡᠭᠲᠡᠢᠴᠦᠳ᠎ᠦᠨ ᠬᠣᠯᠪᠣᠭ᠎ᠠ᠂ ᠰᠣᠶᠣᠯ ᠵᠢᠭᠤᠯᠴᠢᠯᠠᠯ᠂ ᠦᠨᠳᠦᠰᠦᠲᠡᠨ᠎ᠦ ᠬᠡᠷᠡᠭ ᠡᠷᠭᠢᠯᠡᠬᠦ ᠵᠥᠪᠯᠡᠯ᠂ ᠲᠠᠯᠠᠪᠤᠷ ᠭᠠᠵᠠᠷ᠎ᠤᠨ ᠬᠠᠮᠢᠶᠠᠷᠤᠯᠲᠠ᠎ᠶᠢᠨ ᠲᠠᠯ᠎ᠠ ᠵᠡᠷᠭᠡ 《ᠲᠠᠪᠤᠨ ᠲᠠᠯ᠎ᠠ᠎ᠪᠠᠷ ᠬᠣᠯᠪᠤᠭᠠᠯᠠᠨ ᠬᠥᠳᠡᠯᠦᠯᠴᠡᠬᠦ》 ᠲᠣᠭᠲᠠᠴᠠ ᠪᠠᠢᠭᠤᠯᠵᠤ᠂ ᠲᠣᠭᠲᠠᠮᠠᠯ ᠬᠤᠭᠤᠴᠠᠭ᠎ᠠ᠎ᠲᠠᠢ᠎ᠪᠠᠷ ᠬᠠᠮᠲᠤᠷᠠᠭᠰᠠᠨ ᠬᠤᠷᠠᠯ ᠬᠤᠷᠠᠯᠳᠤᠭᠤᠯᠵᠤ᠂ ᠬᠦᠢᠰᠦ᠎ᠶᠢᠨ ᠢᠯᠭᠠᠯ᠎ᠤᠨ ᠠᠮᠤᠷ ᠲᠦᠪᠰᠢᠨ᠎ᠦ ᠪᠠᠲᠤᠯᠠᠭ᠎ᠠ᠎ᠶᠢ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢ ᠡᠭᠦᠳᠦᠨ ᠪᠠᠶ᠋ᠢᠭᠤᠯᠬᠤ ᠠᠵᠢᠯ ᠢ᠋ ᠰᠢᠯᠭᠠᠨ ᠬᠢᠨᠠᠬᠤ ᠭᠦᠢᠴᠡᠳᠬᠡᠬᠦ ᠲᠣᠭ᠎ᠠ᠎ᠶᠢᠨ ᠰᠢᠰᠲᠧᠮ᠎ᠳᠦ ᠣᠷᠣᠭᠤᠯᠬᠤᠳ᠋ᠦ ᠣᠷᠣᠭᠣᠯᠵᠣ ᠪᠣᠯᠣᠨ᠎ᠠ᠃ ᠬᠣᠶᠠᠷ᠎ᠲᠤ᠂ᠦᠨᠳᠦᠰᠦᠲᠡᠨ᠎ᠦ ᠰᠣᠶᠣᠯ ᠬᠢᠭᠡᠳ ᠪᠠᠲᠤᠯᠠᠭ᠎ᠠ᠎ᠶᠢᠨ ᠠᠵᠢᠯ᠎ᠤᠨ ᠭᠦᠨᠵᠡᠭᠡᠢ ᠠᠭᠤᠰᠤᠯᠴᠠᠯ᠎ᠢ ᠠᠬᠢᠭᠤᠯᠬᠣ ᠬᠡᠷᠡᠭᠳᠡᠢ᠃ ᠤᠯᠠᠭᠠᠨᠮᠥ᠋ᠴᠢᠷ᠎ᠦᠨ 《ᠬᠤᠪᠢᠰᠬᠠᠯᠲᠤ ᠤᠳᠬ᠎ᠠ ᠤᠷᠠᠯᠢᠭ᠋᠎ᠤᠨ ᠬᠥᠩᠭᠡᠨ ᠮᠣᠷᠢᠲᠤ ᠴᠡᠷᠢᠭ》᠎ᠤ᠋ᠨ ᠳᠠᠪᠠᠭᠤᠯᠢᠭ᠋᠎ᠲᠤ ᠲᠦᠰᠢᠭᠯᠡᠨ᠂ ᠦᠨᠳᠦᠰᠦᠲᠡᠨ᠎ᠨᠦᠭᠦᠳ᠎ᠦᠨ ᠰᠢᠯᠢᠳᠡᠭ ᠤᠯᠠᠮᠵᠢᠯᠠᠯᠲᠤ ᠰᠣᠶᠣᠯ᠎ᠤᠨ ᠬᠦᠴᠦᠨ ᠵᠦᠢᠯ᠎ᠢ ᠠᠭᠤᠰᠤᠯᠴᠠᠭᠤᠯᠤᠭᠰᠠᠨ ᠬᠦᠢᠰᠦ᠎ᠶᠢᠨ ᠢᠯᠭᠠᠯ᠎ᠤᠨ ᠠᠮᠤᠷ ᠲᠦᠪᠰᠢᠨ᠎ᠦ ᠪᠠᠲᠤᠯᠠᠭ᠎ᠠ ᠵᠢᠨ ᠮᠡᠳᠡᠯᠭᠡ ᠤᠳᠬ᠎ᠠ ᠤᠷᠠᠯᠢᠭ᠋᠎ᠤᠨ ᠪᠦᠲᠦᠭᠡᠯ᠎ᠢ ᠵᠣᠬᠢᠶᠠᠨ ᠪᠦᠲᠦᠭᠡᠵᠦ᠂ ᠦᠨᠳᠦᠰᠦᠲᠡᠨ ᠨᠤᠭᠦᠳ᠎ᠦᠨ ᠪᠠᠶᠠᠷ ᠳᠤᠷᠠᠰᠬᠠᠯ᠎ᠤᠨ ᠠᠵᠢᠯᠯᠠᠭ᠎ᠠ ᠳᠤᠮᠳᠠ ᠲᠣᠭᠣᠷᠢᠨ ᠲᠤᠭᠯᠠᠵᠣ ᠪᠣᠯᠣᠨ᠎ᠠ᠃ ᠭᠤᠷᠪᠠ᠎ᠳᠤ᠂ ᠣᠯᠠᠨ ᠨᠡᠶ᠋ᠢᠲᠡ᠎ᠶᠢᠨ ᠲᠠᠯᠠᠪᠤᠷ᠎ᠤᠨ ᠬᠠᠮᠢᠶᠠᠷᠤᠯᠲᠠ᠎ᠶᠢᠨ ᠲᠠᠯ᠎ᠠ᠎ᠶᠢᠨ ᠭᠣᠣᠯ ᠴᠣᠭᠴᠠ᠎ᠶᠢᠨ ᠬᠠᠷᠢᠭᠤᠴᠠᠯᠭ᠎ᠠ᠎ᠶᠢ ᠪᠣᠳᠠᠲᠠᠢᠵᠢᠭᠤᠯᠬᠣ ᠬᠡᠷᠡᠭᠳᠡᠢ᠃ ᠵᠠᠮ ᠬᠠᠷᠢᠯᠴᠠᠭᠠᠨ᠎ᠤ ᠬᠦᠢᠰᠦ᠂ ᠬᠤᠳᠠᠯᠳᠤᠭᠠᠨ᠎ᠤ ᠲᠥᠪ᠂ ᠰᠥᠨᠢ᠎ᠶᠢᠨ ᠢᠳᠡᠭᠡᠨ ᠤᠮᠳᠠᠭᠠᠨ᠎ᠤ ᠲᠠᠯᠠᠪᠤᠷ ᠭᠠᠵᠠᠷ ᠵᠡᠷᠭᠡ ᠣᠯᠠᠨ ᠡᠭᠦᠰᠳᠡᠭ ᠣᠷᠣᠨ ᠪᠦᠰᠡ᠎ᠳᠦ ᠬᠢᠨᠠᠨ ᠡᠵᠡᠮᠳᠡᠬᠦ᠎ᠶᠢ ᠪᠦᠷᠬᠦᠭᠦᠯᠵᠦ᠂ ᠨᠢᠭᠡ ᠳᠠᠷᠤᠪᠴᠢ᠎ᠪᠠᠷ ᠲᠦᠭᠰᠢᠭᠦᠷᠢ ᠮᠡᠳᠡᠭᠦᠯᠬᠦ ᠲᠥᠬᠦᠭᠡᠷᠦᠮᠵᠢᠣᠭᠰᠠᠷᠠᠵᠣ᠂ ᠠᠮᠤᠷ᠎ᠢ ᠬᠠᠮᠠᠭᠠᠯᠠᠬᠤ ᠠᠵᠢᠯᠲᠠᠨ᠎ᠳᠤ ᠦᠨᠳᠦᠰᠦᠲᠡᠨ᠎ᠦ ᠲᠥᠷᠥ᠎ᠶᠢᠨ ᠪᠣᠳᠣᠯᠭ᠎ᠠ᠂ ᠵᠠᠩ ᠳᠠᠳᠬᠠᠯ᠎ᠤᠨ ᠴᠡᠭᠡᠷ ᠵᠡᠷᠭᠡ ᠲᠤᠰᠬᠠᠢ ᠪᠣᠯᠪᠠᠰᠤᠷᠠᠯ ᠬᠦᠷᠳᠡᠭᠡᠵᠦ᠂ ᠣᠯᠠᠨ ᠦᠨᠳᠦᠰᠦᠲᠡᠨ᠎ᠦ ᠣᠯᠠᠨ ᠲᠦᠮᠡᠨ᠎ᠦ ᠬᠦᠰᠡᠯ ᠱᠠᠭᠠᠷᠳᠠᠯᠭ᠎ᠠ᠎ᠶᠢ ᠢᠯᠭᠠᠨ ᠲᠠᠨᠢᠵᠤ ᠳᠡᠶ᠋ᠢᠯᠬᠦ᠎ᠶᠢ ᠦᠨᠡᠨᠬᠦ ᠪᠠᠲᠤᠯᠠᠵᠤ᠂ ᠦᠨᠳᠦᠰᠦᠲᠡᠨ ᠠᠯᠤᠰᠯᠠᠭᠰᠠᠨ ᠬᠦᠢᠰᠦ᠎ᠶᠢᠨ ᠢᠯᠭᠠᠯ᠎ᠤᠨ ᠠᠮᠤᠷ ᠲᠦᠪᠰᠢᠨ᠎ᠳᠦ ᠬᠠᠯᠳᠠᠭᠰᠠᠨ ᠬᠡᠷᠡᠭ᠎ᠢ ᠵᠢᠷᠤᠮᠵᠢᠭᠤᠯᠤᠨ ᠰᠢᠢᠳᠪᠦᠷᠢᠯᠡᠬᠦ ᠬᠡᠷᠡᠭᠳᠡᠢ᠃
(ᠳᠥᠷᠪᠡ) ᠡᠬᠢ ᠪᠠᠶᠠᠯᠢᠭ᠋᠎ᠤᠨ ᠲᠣᠬᠢᠷᠠᠭᠤᠯᠤᠯᠲᠠ᠎ᠶᠢ ᠰᠢᠯᠢᠳᠡᠭᠵᠢᠭᠦᠯᠵᠦ᠂ ᠬᠢᠯᠢ ᠬᠢᠵᠠᠭᠠᠷ ᠮᠠᠯᠵᠢᠬᠤ ᠣᠷᠣᠨ᠎ᠤ ᠵᠠᠰᠠᠯᠲᠠ᠎ᠶᠢᠨ ᠬᠣᠭᠣᠰᠤᠨ᠎ᠢ ᠬᠦᠴᠦᠯᠡᠨ ᠰᠢᠢᠳᠪᠦᠷᠢᠯᠡᠬᠦ ᠬᠡᠷᠡᠭᠳᠡᠢ᠃ ᠨᠢᠭᠡ᠎ᠳᠦ ᠂ᠪᠠᠲᠤᠯᠠᠭ᠎ᠠ ᠵᠢᠨ ᠡᠬᠢ ᠪᠠᠶᠠᠯᠢᠭ᠋᠎ᠢ ᠣᠨᠣᠴᠠᠳᠠᠢ ᠪᠡᠷ ᠳᠣᠷᠣᠭ᠍ᠰᠢ ᠪᠠᠭᠤᠯᠭᠠᠬᠤ ᠢᠨᠵᠧᠨᠧᠷᠢᠩ᠎ᠢ ᠬᠡᠷᠡᠭᠵᠢᠭᠦᠯᠬᠦ ᠬᠡᠷᠡᠭᠳᠡᠢ᠃ ᠣᠯᠠᠨ ᠦᠨᠳᠦᠰᠦᠲᠡᠨ ᠲᠥᠪᠯᠡᠷᠡᠨ ᠰᠠᠭᠤᠭ᠎ᠠ ᠪᠠ ᠬᠢᠯᠢ ᠬᠢᠵᠠᠭᠠᠷ ᠣᠷᠣᠨ᠎ᠳᠠᠬᠢ ᠣᠷᠣᠭᠤᠯᠤᠯᠲᠠ ᠪᠠᠨ ᠨᠡᠮᠡᠭᠳᠡᠭᠦᠯᠵᠦ᠂ ᠰᠢᠶᠠᠩ ᠰᠤᠮᠤᠨ᠎ᠤ ᠴᠤᠭᠯᠠᠭ᠎ᠠ ᠮᠠᠢᠮᠠᠢ᠂ ᠮᠠᠯᠵᠢᠬᠤ ᠣᠷᠣᠨ᠎ᠤ ᠠᠵᠢᠯᠯᠠᠭᠠᠨ᠎ᠤ ᠲᠠᠯᠠᠪᠠᠶ᠎ᠳᠤ ᠠᠮᠤᠷ ᠲᠦᠪᠰᠢᠨ᠎ᠦ ᠰᠡᠷᠭᠡᠢᠯᠡᠯᠲᠡ᠎ᠶᠢᠨ ᠲᠦᠭᠦᠭᠡᠷᠦᠮᠵᠢ ᠤᠭᠰᠠᠷᠠᠬᠣ ᠬᠡᠷᠡᠭᠳᠡᠢ; ᠨᠡᠭᠦᠳᠡᠯ ᠤᠬᠠᠭᠤᠯᠭ᠎ᠠ᠎ᠶᠢᠨ ᠲᠡᠷᠭᠡ᠂ ᠨᠡᠭᠦᠳᠡᠯ ᠦᠢᠯᠡᠴᠢᠯᠡᠭᠡᠨ᠎ᠦ ᠥᠷᠲᠡᠭᠡ᠎ᠶᠢ ᠠᠰᠢᠭ᠍ᠯᠠᠨ᠂ 《ᠬᠦᠢᠰᠦ ᠵᠢᠨ ᠢᠯᠭᠠᠯ᠎ᠤᠨ ᠠᠮᠤᠷ ᠲᠦᠪᠰᠢᠨ᠎ᠦ ᠪᠠᠲᠤᠯᠠᠭ᠎ᠠ ᠵᠢᠨ ᠮᠡᠳᠡᠯᠭᠡ᠎ᠶᠢ ᠬᠢᠯᠢ ᠬᠢᠵᠠᠭᠠᠷ ᠮᠠᠯᠵᠢᠬᠤ ᠣᠷᠣᠨ᠎ᠳᠤ ᠣᠷᠣᠭᠤᠯᠬᠤ》 ᠠᠵᠢᠯᠯᠠᠭ᠎ᠠ ᠦᠷᠨᠢᠭᠦᠯᠬᠦ ᠬᠡᠷᠡᠭᠳᠡᠢ᠃ ᠬᠣᠶᠠᠷ᠎ᠲᠤ᠂ ᠣᠷᠣᠨ ᠪᠦᠰᠡ ᠠᠯᠤᠰᠯᠠᠨ ᠬᠠᠮᠵᠢᠯᠴᠠᠨ ᠪᠠᠲᠤᠯᠠᠬᠤ ᠲᠣᠭᠲᠠᠴᠠ᠎ᠶᠢ ᠪᠠᠢᠭᠤᠯᠬᠣ ᠬᠡᠷᠡᠭᠳᠡᠢ᠃ ᠬᠢᠯᠢ ᠬᠢᠵᠠᠭᠠᠷ ᠣᠷᠣᠨ᠎ᠤ ᠣᠯᠠᠨ ᠦᠨᠳᠦᠰᠦᠲᠡᠨ᠎ᠦ ᠨᠡᠭᠦᠳᠡᠯ ᠬᠥᠮᠥᠨ ᠠᠮᠠ᠎ᠶᠢᠨ ᠣᠨᠴᠠᠯᠢᠭ᠋᠎ᠲᠤ ᠴᠢᠭᠯᠡᠭᠦᠯᠦᠨ᠂ ᠳᠣᠲᠣᠭᠠᠳᠤ᠎ᠶᠢ ᠬᠠᠮᠠᠭᠠᠯᠠᠬᠤ᠂ ᠬᠢᠯᠢ᠎ᠶᠢᠨ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠲᠠᠢ ᠬᠠᠮᠲᠤᠷᠠᠨ᠂ 《ᠬᠦᠢᠰᠦ᠎ᠶᠢᠨ ᠢᠯᠭᠠᠯ᠎ᠤᠨ ᠠᠮᠤᠷ ᠲᠦᠪᠰᠢᠨ᠎ᠳᠦ ᠬᠠᠯᠳᠠᠭᠰᠠᠨ ᠬᠡᠷᠡᠭ᠎ᠢ ᠣᠷᠣᠨ ᠪᠦᠰᠡ ᠠᠯᠤᠰᠯᠠᠨ ᠬᠠᠮᠵᠢᠯᠴᠠᠨ ᠪᠠᠢᠴᠠᠭᠠᠬᠤ》 ᠲᠣᠭᠲᠠᠴᠠ ᠪᠠᠢᠭᠤᠯᠬᠣ ᠬᠡᠷᠡᠭᠳᠡᠢ᠃ ᠭᠤᠷᠪᠠ᠎ᠳᠤ᠂ ᠣᠶᠤᠨᠴᠢᠯᠠᠭᠰᠠᠨ ᠪᠠᠲᠤᠯᠠᠭ᠎ᠠ᠎ᠶᠢᠨ ᠲᠤᠷᠰᠢᠯᠲᠠ᠎ᠶᠢᠨ ᠴᠡᠭ᠎ᠦᠨ ᠪᠠᠢᠭᠤᠯᠤᠯᠲᠠ᠎ᠶᠢ ᠥᠷᠨᠢᠭᠦᠯᠬᠦ ᠬᠡᠷᠡᠭᠳᠡᠢ᠃ ᠦᠨᠳᠦᠰᠦᠲᠡᠨ᠎ᠦ ᠪᠦᠯᠬᠦᠮᠳᠡᠯ ᠳᠠᠪᠰᠢᠯᠲᠠ᠎ᠶᠢᠨ ᠵᠢᠱ᠌ᠢᠶ᠎ᠡ ᠦᠵᠡᠭᠦᠯᠬᠦ ᠭᠠᠵᠠᠷ ᠣᠷᠣᠨ᠎ᠳᠤ ᠠᠮᠤᠷ ᠲᠦᠪᠰᠢᠨ᠎ᠦ ᠥᠷᠲᠡᠭᠡ ᠴᠡᠭ᠎ᠦᠨ ᠵᠠᠮᠴᠢᠯᠠᠭᠤᠷ ᠵᠡᠷᠭᠡ ᠣᠶᠤᠨᠴᠢ ᠠᠮᠤᠷ ᠲᠦᠪᠰᠢᠨ᠎ᠦ ᠰᠡᠷᠭᠡᠢᠯᠡᠯᠲᠡ᠎ᠶᠢᠨ ᠲᠥᠬᠦᠭᠡᠷᠦᠮᠵᠢ᠎ᠶᠢ ᠲᠤᠷᠰᠢᠨ ᠳᠡᠯᠭᠡᠷᠡᠭᠦᠯᠵᠦ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠣᠭᠴᠠᠯᠠᠬᠤ᠎ᠳᠤ ᠠᠮᠤᠷ ᠲᠦᠪᠰᠢᠨ᠎ᠦ ᠪᠠᠲᠤᠯᠠᠭ᠎ᠠ ᠬᠠᠩᠭᠠᠬᠣ ᠬᠡᠷᠡᠭᠳᠡᠢ᠃
(ᠵᠣᠬᠢᠶᠠᠭᠴᠢ ᠵᠢᠨ ᠬᠠᠶᠢᠭ᠄ ᠥᠪᠥᠷ ᠮᠣᠩᠭᠤᠯ᠎ᠤᠨ ᠡᠳ᠋᠎ᠤᠨ ᠵᠠᠰᠠᠭ ᠠᠵᠤ ᠠᠬᠤᠶ᠎ᠶ᠋ᠢᠨ ᠶᠡᠭᠡ ᠰᠤᠷᠭᠠᠭᠤᠯᠢ)