ᠢᠤᠳ᠋ ᠪᠤᠯ ᠬᠦᠮᠤᠨᠤ ᠪᠠᠶᠠ ᠵᠢᠨ ᠦᠰᠴᠤ ᠪᠤᠢᠵᠢᠬᠤ ᠶᠠᠪᠤᠴᠠᠳᠤ ᠳᠤᠳᠠᠭᠳᠠᠵᠤ ᠪᠤᠯᠤᠰᠢ ᠦᠬᠡᠢ ᠨᠢᠬᠡ ᠵᠤᠢᠯᠤᠨ ᠪᠢᠴᠢᠯ ᠡᠯᠸᠮᠸᠨ᠋ᠲ ᠪᠤᠯᠤᠨᠠ᠃ ᠢᠤᠳ᠋ᠤᠨ ᠬᠦᠮᠤᠨᠤ ᠪᠠᠶᠠᠳᠤ ᠱᠠᠭᠠᠷᠳᠠᠭᠳᠠᠬᠤ ᠬᠡᠮᠵᠢᠶᠠ ᠨᠢ ᠲᠠᠢᠮᠤ ᠶᠡᠬᠡ ᠪᠢᠰᠢ᠂ ᠨᠠᠰᠤᠨᠳᠤ ᠬᠦᠷᠦᠭᠰᠡᠳ ᠲᠤ᠌ ᠡᠳᠤᠷ ᠪᠦᠷᠢ ᠵᠢᠨ ᠱᠠᠭᠠᠷᠳᠠᠭᠳᠠᠬᠤ ᠢᠤᠳ᠋ᠤᠨ ᠬᠡᠮᠵᠢᠶᠠ ᠨᠢ ᠨᠢᠬᠡᠨ ᠨᠠᠷᠢᠬᠠᠨ ᠬᠠᠷᠠᠨᠳᠠ ᠵᠢᠨ ᠦᠵᠤᠬᠦᠷ ᠵᠢᠡᠷ ᠴᠠᠭᠠᠰᠤᠨ ᠲᠡᠬᠡᠷᠠ ᠬᠦᠩᠬᠡᠬᠡᠨ ᠵᠢᠷᠤᠵᠤ ᠭᠠᠷᠭᠠᠭᠰᠠᠠ ᠵᠢᠷᠤᠭᠠᠰᠤ ᠲᠡᠳᠤᠢᠬᠡᠨ ᠪᠠᠭᠠ ᠪᠠᠢᠳᠠᠭ᠃ ᠲᠡᠬᠡᠯᠠ ᠴᠤ᠌ ᠬᠡᠳ ᠢᠤᠳ᠋ ᠪᠤᠯ ᠬᠦᠮᠤᠨᠤ ᠪᠠᠶᠠ ᠮᠠᠬᠠᠪᠤᠳ᠂ ᠤᠶᠤᠨ ᠮᠡᠳᠡᠷᠡᠯᠤᠨ ᠦᠰᠦᠯᠳᠠ ᠪᠤᠢᠵᠢᠯᠳᠠ ᠲᠠᠢ ᠳᠤᠢᠯᠤᠨ ᠨᠢᠬᠳᠠ ᠬᠠᠷᠢᠴᠠᠭᠠ ᠲᠠᠢ ᠪᠠᠢᠳᠠᠭ᠂ ᠢᠤᠳ᠋ ᠳᠤᠳᠠᠭᠳᠠᠪᠠᠯ ᠤᠷᠤᠨ ᠨᠤᠳᠤᠭᠤᠨ ᠴᠢᠨᠠᠷᠳᠡᠢ ᠪᠠᠮᠪᠠᠢ ᠪᠤᠯᠴᠢᠷᠬᠠᠢ ᠵᠢᠨ ᠬᠠᠪᠤᠳᠠᠷ ᠵᠡᠷᠬᠡ ᠠᠯᠢ ᠤᠯᠠᠨ ᠡᠪᠡᠳᠴᠢᠨᠢ ᠡᠬᠦᠰᠬᠡᠳᠡᠭ᠃ ᠡᠢᠮᠤ ᠡᠪᠡᠳᠴᠢᠨᠳᠤ ᠳᠤᠰᠤᠭᠰᠠᠳ ᠬᠠᠮᠤᠭᠤᠨ ᠬᠦᠨᠳᠤ ᠦᠶᠠ ᠳ᠋ᠡᠬᠡᠨ ᠡᠳᠡᠬᠡᠷᠡᠨ ᠵᠠᠰᠠᠷᠠᠬᠤᠶᠠ ᠪᠡᠷᠬᠡ ᠤᠶᠤᠨ ᠴᠢᠳᠠᠪᠤᠷᠢ ᠵᠢᠨ ᠬᠤᠬᠢᠷᠠᠯ ᠬᠡᠮᠳᠤᠯ ᠲᠠᠢ ᠪᠤᠯᠳᠠᠭ᠃

ᠪᠦᠰᠡᠬᠦᠢ ᠬᠦᠮᠤᠨᠤ ᠵᠢᠷᠮᠤᠰᠤᠨ ᠬᠤᠭᠤᠴᠠᠭᠠᠨᠳᠡᠬᠢ ᠢᠳᠡᠬᠡᠨᠤ ᠵᠤᠢᠯᠳᠤ ᠢᠤᠳ᠋ ᠳᠤᠳᠠᠭᠳᠠᠪᠠᠯ ᠤᠷᠤᠭ ᠤᠨᠠᠭᠠᠬᠤ᠂ ᠳᠤᠷᠭᠤᠨ ᠲᠦᠷᠤᠬᠦ ᠵᠡᠷᠬᠡ ᠪᠠᠢᠳᠠᠯ ᠢᠯᠡᠷᠡᠵᠤ ᠮᠡᠳᠡᠬᠦ ᠪᠤᠶᠤ ᠲᠦᠷᠦᠭᠰᠡᠠ ᠬᠡᠤᠬᠡᠳ ᠨᠢ ᠲᠦᠷᠦᠯᠬᠢ ᠵᠢᠨ ᠵᠡᠷᠡᠮᠳᠡᠭ ᠪᠢᠰᠢ ᠪᠤᠯ ᠺᠸᠲ᠋ᠢᠨ ᠡᠪᠡᠳᠴᠢᠨᠳᠤ ᠨᠡᠷᠪᠡᠭᠳᠡᠬᠦ ᠪᠤᠯᠤᠯᠴᠠᠭᠠ ᠲᠠᠢ ᠪᠠᠢᠳᠠᠭ᠃ ᠤᠷᠤᠨ ᠨᠤᠳᠤᠭᠤᠨ ᠴᠢᠨᠠᠷᠳᠡᠢ ᠪᠠᠮᠪᠠᠢ ᠪᠤᠯᠴᠢᠷᠬᠠᠢ ᠵᠢᠨ ᠬᠠᠪᠤᠳᠠᠷᠢ ᠡᠩᠤᠨ ᠶᠠᠷᠢᠶᠠᠨᠳᠤ ᠪᠠᠰᠠ 《ᠪᠤᠬᠠᠨ ᠬᠦᠵᠤᠬᠦᠳᠤ ᠡᠪᠡᠳᠴᠢᠨ》 ᠬᠡᠵᠤ ᠨᠠᠷᠡᠯᠡᠳᠡᠭ᠂ ᠡᠢᠮᠤ ᠡᠪᠡᠳᠴᠢᠨᠳᠤ ᠨᠡᠷᠪᠡᠭᠳᠡᠭᠰᠡᠳᠤᠨ ᠢᠯᠡᠷᠡᠯ ᠪᠠᠢᠳᠠᠯ ᠬᠡᠪᠡᠯ ᠬᠦᠵᠤᠬᠦᠤ ᠨᠢ ᠤᠯᠠᠮ ᠵᠢᠡᠷ ᠳᠤᠮᠤᠷᠠᠨ ᠪᠦᠳᠤᠬᠦᠷᠡᠵᠤ᠂ ᠬᠦᠩᠬᠡᠨ ᠨᠡᠷᠪᠡᠭᠳᠡᠭᠰᠡᠳ ᠨᠢ ᠡᠪᠡᠳᠴᠢᠨᠤ ᠪᠠᠢᠳᠠᠯ ᠵᠢᠠᠨ ᠦᠪᠡᠷ ᠵᠢᠠᠨ ᠰᠡᠷᠡᠵᠤ ᠮᠡᠳᠡᠬᠦ ᠦᠬᠡᠢ᠂ ᠬᠠᠷᠢᠨ ᠪᠠᠶᠠ ᠪᠠᠢᠴᠠᠭᠠᠬᠤ ᠪᠡᠷ ᠲᠠᠮᠵᠢᠨ ᠰᠠᠶᠢ ᠤᠯᠵᠤ ᠮᠡᠳᠡᠳᠡᠭ᠃ ᠬᠡᠳᠡᠯᠠ ᠪᠠᠮᠪᠠᠢ ᠪᠤᠯᠴᠢᠷᠬᠠᠢ ᠵᠢᠨ ᠬᠠᠪᠤᠳᠠᠷ ᠨᠢ ᠳᠤᠮᠤᠷᠠᠨ ᠶᠡᠬᠡᠳᠤᠬᠡᠳ ᠨᠢᠬᠡ ᠬᠡᠮᠵᠢᠶᠠᠨᠳᠤ ᠬᠦᠷᠬᠦ ᠦᠶᠠᠰ ᠳᠤᠬᠠᠢ ᠵᠢᠨ ᠬᠦᠮᠤᠨᠤ ᠪᠠᠶᠠᠳᠤ ᠠᠮᠢᠰᠬᠤᠯ ᠪᠠᠷᠢᠬᠳᠠᠬᠤ᠂ ᠶᠠᠭᠤᠮᠠ ᠵᠠᠯᠬᠢᠬᠤᠳᠤ ᠳᠤᠷᠴᠤ ᠲᠡᠬᠡᠭᠯᠡᠬᠦ᠂ ᠲᠠᠭᠤ ᠬᠤᠭᠤᠯᠠᠢ ᠪᠠᠷᠢᠬᠳᠠᠨ ᠰᠦᠬᠡᠩᠬᠢᠳᠤᠬᠦ ᠵᠡᠷᠬᠡ ᠢᠯᠡᠷᠡᠯ ᠭᠠᠷᠳᠠᠭ᠃
ᠮᠠᠨᠤ ᠤᠯᠤᠰᠤᠨ ᠤᠯᠠᠩᠬᠢ ᠭᠠᠵᠡᠷ ᠤᠷᠤᠨᠳᠤ ᠪᠦᠷ ᠢᠤᠳ᠋ ᠳᠤᠳᠠᠭᠳᠠᠬᠤ ᠪᠠᠢᠳᠠᠯ ᠢᠯᠡᠷᠡᠳᠡᠭ᠃ ᠤᠰᠤᠨᠳᠤ ᠠᠭᠤᠯᠤᠭᠳᠠᠵᠤ ᠪᠦᠬᠦᠢ ᠢᠤᠳ᠋ ᠵᠢᠡᠷ ᠠᠪᠴᠤ ᠦᠵᠡᠬᠦᠳᠤ ᠠᠭᠤᠯᠠᠷᠬᠠᠬ ᠤᠷᠤᠨᠤ ᠬᠢᠨᠢ ᠬᠠᠭᠠᠰ ᠠᠭᠤᠯᠠᠷᠬᠠᠬ ᠤᠷᠤᠨᠤ ᠬᠢ ᠡᠴᠨ ᠪᠠᠨ ᠪᠠᠭᠠ ᠪᠠᠢᠵᠤ᠂ ᠬᠠᠭᠠᠰ ᠠᠭᠤᠯᠠᠷᠬᠠᠬ ᠤᠷᠤᠨᠤ ᠬᠢᠨᠢ ᠲᠠᠯᠠ ᠭᠠᠵᠡᠷᠤᠨ ᠬᠢ ᠡᠴᠨ ᠪᠡᠨ ᠪᠠᠭᠠ ᠪᠠᠢᠵᠤ᠂ ᠲᠠᠯᠠ ᠭᠠᠵᠡᠷᠤᠨ ᠬᠢᠨᠢ ᠲᠠᠯᠠᠢ ᠲᠠᠭᠠᠤ ᠤᠷᠤᠨᠤ ᠬᠢ ᠡᠴᠨ ᠪᠡᠨ ᠪᠠᠰᠠ ᠪᠠᠭᠠ ᠪᠠᠢᠳᠠᠭ᠃
ᠢᠤᠳ᠋ ᠳᠤᠳᠠᠭᠳᠠᠬᠤ ᠬᠡᠮᠢ ᠡᠮᠨᠡᠨ ᠵᠠᠰᠠᠬᠤ ᠬᠠᠮᠤᠭᠤᠨ ᠦᠨᠳᠤᠰᠤᠨ ᠠᠷᠭᠠ ᠬᠡᠪᠡᠯ ᠢᠤᠳ᠋ ᠳᠤᠳᠠᠭᠳᠠᠭᠰᠠᠠ ᠳᠤᠬᠠᠢ ᠵᠢᠨ ᠬᠦᠮᠤᠰ ᠲᠤ᠌ ᠦᠷᠬᠦᠯᠵᠢ ᠲᠠᠰᠤᠷᠠᠯᠳᠠ ᠦᠬᠡᠢ ᠪᠡᠷ ᠬᠦᠷᠦᠯᠴᠡᠬᠡ ᠪᠦᠬᠦᠢ ᠢᠤᠳ᠋ ᠨᠦᠬᠦᠪᠤᠷᠢᠯᠡᠨ ᠦᠭᠬᠦ ᠶᠠᠪᠤᠳᠠᠯ ᠪᠤᠯᠤᠨᠠ᠃ ᠡᠳᠡᠬᠡᠷ ᠠᠷᠭᠠ ᠬᠡᠮᠵᠢᠶᠠ ᠨᠤᠬᠦᠳᠢ ᠪᠤᠳᠠᠳᠠᠢ ᠳᠤᠷᠠᠳᠪᠠᠯ᠂ ᠶᠠᠭᠤᠨᠤ ᠤᠷᠢᠳ ᠢᠤᠳ᠋ ᠳᠤᠳᠠᠭᠳᠠᠵᠤ ᠪᠦᠬᠦᠢ ᠭᠠᠵᠡᠷ ᠤᠷᠤᠨᠤ ᠬᠦᠮᠤᠰᠤᠨ ᠢᠳᠡᠬᠡᠨ ᠤᠮᠳᠠᠭᠠᠨᠢ ᠬᠠᠯᠠᠨ ᠦᠬᠡᠷᠡᠴᠢᠯᠡᠬᠦ ᠪᠤᠶᠤ ᠵᠤᠬᠢᠴᠠᠭᠤᠯᠤᠨ ᠳᠤᠬᠢᠷᠠᠭᠤᠯᠵᠤ᠂ ᠲᠠᠯᠠᠢ ᠵᠢᠨ ᠵᠢᠭᠠᠰᠤ᠂ ᠬᠠᠢᠳᠠᠢ᠂ ᠤᠯᠠᠭᠠᠨ ᠨᠤᠭᠤᠭᠠ ᠵᠡᠷᠬᠡ ᠢᠤᠳ᠋ᠤᠨ ᠠᠭᠤᠯᠤᠭᠳᠠᠴᠠ ᠦᠨᠳᠤᠷ ᠲᠠᠯᠠᠢ ᠵᠢᠨ ᠭᠠᠷᠤᠯᠳᠠ ᠵᠢ ᠦᠷᠬᠦᠯᠵᠢ ᠢᠳᠡᠬᠦᠯᠤᠨᠠ᠃ ᠲᠠᠷᠠᠭᠠᠯᠠᠪᠠᠯ ᠤᠤᠭᠤᠬᠤ ᠤᠰᠤ ᠪᠠ ᠤᠰᠤᠯᠠᠯᠳᠠᠳᠤ ᠬᠡᠷᠡᠭᠯᠡᠬᠦ ᠤᠰᠤ ᠵᠢ ᠦᠬᠡᠷᠡᠴᠢᠯᠡᠨ ᠰᠠᠢᠵᠢᠷᠠᠭᠤᠯᠤᠨᠠ᠂ ᠳᠤᠬᠠᠢᠯᠠᠪᠠᠯ ᠢᠤᠳ᠋ᠤᠨ ᠠᠭᠤᠯᠤᠭᠳᠠᠴᠠ ᠨᠢ ᠬᠢᠷᠢᠳᠤᠲᠡᠩᠴᠡᠭᠰᠡᠡ ᠤᠰᠤ ᠵᠢ ᠵᠠᠯᠠᠨ ᠠᠪᠴᠢᠷᠠᠵᠤ᠂ ᠤᠤᠯᠤᠨ ᠢᠤᠳ᠋ᠤᠨ ᠠᠭᠤᠯᠤᠭᠳᠠᠴᠠ ᠨᠢ ᠳᠤᠳᠠᠮᠠᠭ ᠤᠰᠤ ᠵᠢ ᠤᠷᠤᠯᠠᠭᠤᠯᠤᠨᠠ᠃ ᠭᠤᠷᠪᠠᠳᠤᠭᠠᠷ ᠠᠷᠭᠠ ᠨᠢ ᠵᠠᠷᠢᠮ ᠡᠳᠤᠷ ᠳᠤᠳᠤᠮᠤᠨ ᠢᠳᠡᠬᠡᠨᠤ ᠵᠤᠢᠯᠳᠤ ᠢᠤᠳ᠋ ᠨᠡᠮᠡᠨ ᠤᠷᠤᠭᠤᠯᠵᠤ᠂ ᠢᠤᠳ᠋ ᠳᠤᠳᠠᠭᠳᠠᠵᠤ ᠪᠦᠬᠦᠢ ᠭᠠᠵᠡᠷ ᠤᠷᠤᠨᠤ ᠰᠠᠭᠤᠭᠠᠯᠢ ᠠᠷᠠᠳ ᠲᠤ᠌ ᠬᠠᠩᠭᠠᠨ ᠦᠭᠬᠦᠨᠠ᠃
ᠲᠠᠪᠤᠰᠤ ᠪᠤᠯ ᠬᠦᠮᠤᠰᠤᠨ ᠡᠳᠤᠷ ᠳᠤᠳᠤᠮᠤᠨ ᠠᠮᠢᠳᠤᠷᠠᠯ ᠳᠤᠮᠳᠡᠬᠢ ᠳᠤᠳᠠᠭᠳᠠᠵᠤ ᠪᠤᠯᠤᠰᠢ ᠦᠬᠡᠢ ᠦᠨᠳᠤᠰᠤᠨ ᠬᠡᠷᠡᠭᠴᠡᠬᠡᠨᠤ ᠵᠤᠢᠯ ᠪᠤᠯᠬᠤᠷ ᠢᠤᠳ᠋ᠢ ᠢᠳᠡᠰᠢᠨ ᠲᠠᠪᠤᠰᠤᠨᠳᠤ ᠨᠡᠮᠡᠵᠤ ᠤᠷᠤᠭᠤᠯᠪᠠᠯ᠂ ᠡᠳᠤᠷ ᠪᠦᠷᠢ ᠢᠤᠳ᠋ ᠨᠦᠬᠦᠪᠤᠷᠢᠯᠡᠬᠦ ᠤᠢᠯᠠᠳᠤᠯ ᠭᠠᠷᠭᠠᠵᠤ ᠲᠠᠢᠯᠤᠨᠠ᠂ ᠬᠢᠷᠢ ᠲᠡᠩᠴᠡᠭᠰᠡᠡ ᠢᠤᠳᠢᠳᠤ ᠲᠠᠪᠤᠰᠤ ᠵᠢ ᠨᠢᠬᠡᠨᠳᠡ ᠬᠡᠷᠡᠭᠯᠡᠭᠰᠡᠡ ᠭᠠᠵᠡᠷ ᠤᠷᠤᠨ ᠨᠤᠭᠤᠳ ᠲᠤ᠌ ᠤᠨᠳᠤᠤ ᠵᠤᠢᠯᠤᠨ ᠠᠷᠭᠠ ᠬᠡᠮᠵᠢᠶᠠ ᠠᠪᠤᠭᠰᠠᠠᠤ ᠬᠡᠷᠡᠭ ᠦᠬᠡᠢ᠃ ᠪᠠᠮᠪᠠᠢ ᠪᠤᠯᠴᠢᠷᠬᠠᠢ ᠵᠢᠨ ᠠᠵᠢᠯᠯᠠᠭᠠ ᠴᠢᠩᠭᠠᠷᠠᠭᠰᠠᠳ᠂ ᠪᠠᠮᠪᠠᠢ ᠪᠤᠯᠴᠢᠷᠬᠠᠢ ᠵᠢᠨ ᠦᠷᠪᠢᠰᠤᠯ ᠤᠯᠤᠭᠰᠠᠳ ᠬᠡᠬᠦ ᠮᠡᠳᠤ ᠵᠢᠨ ᠴᠦᠬᠡᠪᠤᠷᠢ ᠬᠦᠮᠤᠰ ᠢᠤᠳᠢᠳᠤ ᠲᠠᠪᠤᠰᠤ ᠢᠳᠡᠪᠡᠯ ᠪᠠᠶᠠᠳᠤᠨᠢ ᠳᠤᠬᠢᠷᠠᠬᠤ ᠦᠬᠡᠢ ᠪᠠᠢᠳᠠᠭ᠃
ᠶᠠᠷᠤ ᠨᠢ ᠨᠡᠮ ᠪᠠ ᠵᠠᠰᠠᠭ ᠡᠴᠨ ᠢᠤᠳ᠋ ᠳᠤᠳᠠᠭᠳᠠᠬᠤ ᠵᠢᠨ ᠬᠤᠤᠷ ᠬᠦᠨᠤᠬᠡᠯᠢ ᠬᠢᠵᠠᠭᠠᠷᠯᠠᠬᠤ ᠪᠠ ᠠᠷᠢᠯᠭᠠᠬᠤ ᠠᠵᠢᠯᠢ ᠲᠡᠬᠡᠳᠤ ᠬᠡᠮᠵᠢᠶᠠ ᠪᠡᠷ ᠴᠢᠬᠤᠯᠠᠴᠢᠯᠡᠨ ᠦᠵᠡᠭᠰᠡᠬᠡᠷ ᠢᠷᠡᠵᠠᠢ᠃ ᠤᠳᠤᠬᠠᠨᠠ ᠠᠪᠴᠤ ᠪᠠᠢᠬᠤ ᠰᠡᠷᠬᠡᠢᠯᠡᠨ ᠵᠠᠰᠠᠬᠤ ᠦᠨᠳᠤᠰᠤᠨ ᠠᠷᠭᠠ ᠬᠡᠮᠵᠢᠶᠠ ᠬᠡᠪᠡᠯ᠄ ᠢᠤᠳ᠋ ᠳᠤᠳᠠᠭᠳᠠᠵᠤ ᠪᠦᠬᠦᠢ ᠭᠠᠵᠠᠷ ᠤᠷᠤᠨᠳᠤ ᠢᠤᠳ᠋ ᠨᠡᠮᠡᠵᠤ ᠤᠷᠤᠭᠤᠯᠤᠭᠰᠠᠠ ᠢᠳᠡᠬᠡᠨᠤ ᠲᠠᠪᠤᠰᠤ ᠬᠠᠩᠭᠠᠨ ᠦᠭᠴᠤ᠂ ᠤᠨᠴᠠ ᠬᠡᠷᠡᠭᠴᠡᠬᠡ ᠪᠦᠬᠦᠢ ᠬᠦᠮᠤᠰ ᠲᠤ᠌ ᠢᠤᠳ᠋ᠳᠤ ᠳᠤᠰᠤᠨ ᠦᠷᠢᠯ ᠨᠦᠬᠦᠪᠤᠷᠢᠯᠡᠨ ᠬᠡᠷᠡᠭᠯᠡᠬᠦᠯᠵᠤ ᠪᠠᠢᠨᠠ᠃ ᠤᠨᠴᠠ ᠬᠡᠷᠡᠭᠴᠡᠬᠡ ᠪᠦᠬᠦᠢ ᠬᠦᠮᠤᠰ ᠬᠡᠳᠡᠭ ᠨᠢ ᠵᠢᠷᠮᠤᠰᠤᠨ ᠪᠦᠰᠡᠬᠦᠢ᠂ ᠨᠢᠯᠬᠠ ᠨᠢᠷᠠᠢ ᠬᠡᠤᠬᠡᠳ ᠬᠢᠬᠡᠳ ᠰᠠᠶᠢ ᠤᠷᠤᠭᠯᠠᠭᠰᠠᠠ ᠬᠦᠩᠭᠡᠵᠢᠬᠦ ᠨᠠᠰᠤᠨᠤ ᠪᠦᠰᠡᠬᠦᠢᠴᠤᠳᠢ ᠵᠢᠭᠠᠵᠤ ᠪᠠᠢᠨᠠ; ᠤᠴᠢᠷ ᠨᠢ ᠲᠡᠳᠡᠬᠡᠷ ᠬᠦᠩᠬᠡᠵᠢᠬᠦ ᠨᠠᠰᠤᠨᠳᠡᠬᠢ ᠪᠦᠰᠡᠬᠦᠢᠴᠤᠳ ᠤᠳᠠᠯ ᠦᠬᠡᠢ ᠪᠦᠷ ᠵᠢᠷᠮᠤᠰᠤᠨ ᠪᠦᠰᠡᠬᠦᠢ ᠵᠢᠨ ᠡᠩᠨᠡᠬᠡᠨᠳᠤ ᠪᠠᠭᠳᠠᠯᠴᠠᠨ ᠤᠷᠤᠬᠤ ᠪᠤᠯᠤᠨᠠ᠃ ᠢᠤᠳ᠋ᠤᠨ ᠠᠭᠤᠯᠤᠭᠳᠠᠴᠠ ᠦᠬᠡᠢ ᠲᠠᠪᠤᠰᠤ ᠢᠤᠳ᠋ ᠳᠤᠳᠠᠭᠳᠠᠵᠤ ᠪᠦᠬᠦᠢ ᠭᠠᠵᠡᠷ ᠤᠷᠤᠨᠤ ᠵᠠᠬᠠ ᠲᠡᠯᠬᠡᠬᠦᠷ ᠲᠤ᠌ ᠵᠠᠪᠰᠢᠨ ᠤᠷᠤᠬᠤ ᠵᠢ ᠬᠤᠷᠢᠭᠯᠠᠨ ᠵᠤᠭᠰᠤᠭᠠᠬᠤ ᠵᠢᠨ ᠲᠦᠯᠦᠬᠡ 《ᠢᠳᠡᠰᠢᠨ ᠲᠠᠪᠤᠰᠤ ᠵᠢᠨ ᠵᠠᠬᠠ ᠲᠡᠯᠬᠡᠬᠦᠷᠤᠨ ᠬᠠᠮᠢᠶᠠᠷᠤᠯᠳᠠ ᠵᠢ ᠴᠢᠩᠭᠠᠳᠬᠠᠵᠤ᠂ ᠢᠤᠳ᠋ᠤᠨ ᠠᠭᠤᠯᠤᠭᠳᠠᠴᠠ ᠦᠬᠡᠢ ᠲᠠᠪᠤᠰᠤ ᠢᠤᠳ᠋ ᠳᠤᠳᠠᠭᠳᠠᠵᠤ ᠪᠦᠬᠦᠢ ᠭᠠᠵᠡᠷ ᠤᠷᠤᠨᠳᠤ ᠵᠠᠪᠰᠢᠨ ᠤᠷᠤᠬᠤ ᠵᠢ ᠲᠠᠰᠤ ᠵᠤᠭᠰᠤᠭᠠᠬᠤ ᠳᠤᠬᠠᠢ ᠮᠡᠳᠡᠭᠳᠡᠯ》 ᠢ᠋ ᠨᠠᠢᠳᠡᠯᠡᠨ ᠲᠠᠷᠬᠠᠭᠠᠵᠠᠢ᠃
ᠲᠠᠢᠮᠤ ᠪᠤᠯᠬᠤᠷ ᠢᠳᠡᠰᠢᠨ ᠲᠠᠪᠤᠰᠤ ᠬᠤᠳᠠᠯᠳᠤᠨ ᠠᠪᠬᠤᠳᠠᠭᠠᠨ ᠵᠠᠪᠠᠯ ᠢᠤᠳ᠋ᠳᠦ ᠲᠠᠪᠤᠰᠤ ᠬᠤᠳᠠᠯᠳᠤᠨ ᠠᠪᠬᠤ ᠬᠡᠷᠡᠭᠳᠡᠢ᠃ ᠲᠠᠪᠤᠰᠤ ᠬᠤᠳᠠᠯᠳᠤᠨ ᠠᠪᠬᠤᠳᠠᠭᠠᠨ ᠮᠠᠨᠤ ᠤᠯᠤᠰᠤᠨ ᠢᠤᠳ᠋ᠳᠦ ᠲᠠᠪᠤᠰᠤᠨᠤ ᠱᠤᠰᠢᠭᠠ ᠵᠢ ᠨᠠᠷᠢᠨ ᠲᠠᠨᠢᠵᠤ ᠠᠪᠬᠤ ᠬᠡᠷᠡᠭᠳᠡᠢ᠃ ᠡᠬᠦᠨ ᠡᠴᠨ ᠭᠠᠳᠠᠨᠠ ᠢᠤᠳ᠋ᠳᠤ ᠲᠠᠪᠤᠰᠤ ᠵᠢ ᠨᠠᠷᠠᠨᠳᠤ ᠡᠬᠡᠬᠡᠨ ᠰᠢᠷᠡᠵᠤ ᠪᠤᠯᠳᠠᠭ ᠦᠬᠡᠢ᠂ ᠦᠩᠬᠡᠳᠤ ᠯᠤᠩᠬᠤᠨᠳᠤ ᠬᠢᠵᠤ ᠬᠠᠳᠠᠭᠠᠯᠠᠪᠠᠯ ᠬᠠᠮᠤᠭᠤᠨ ᠰᠠᠢᠨ ᠪᠠᠢᠳᠠᠭ᠃ ᠨᠤᠭᠤᠭᠠ ᠬᠠᠭᠤᠷᠬᠤ ᠦᠶᠠᠰ ᠪᠤᠴᠠᠯᠤᠭᠰᠠᠠ ᠳᠤᠰᠤᠨᠳᠤ ᠢᠤᠳ᠋ᠳᠦ ᠲᠠᠪᠤᠰᠤ ᠵᠢ ᠰᠢᠭᠤᠳ ᠬᠢᠵᠤ ᠪᠤᠯᠬᠤ ᠦᠬᠡᠢ᠃ ᠨᠤᠭᠤᠭᠠ᠂ ᠱᠦᠯᠦ ᠨᠢ ᠪᠤᠯᠤᠭᠰᠠᠠᠤ ᠰᠡᠬᠦᠯᠠᠷ ᠰᠠᠶᠢ ᠲᠠᠪᠤᠰᠤ ᠪᠡᠨ ᠨᠡᠮᠡᠬᠡᠷᠡᠢ᠃
ᠮᠠᠨᠤ ᠤᠯᠤᠰᠤᠨ ᠾᠸᠪᠸᠢ᠂ ᠰᠢᠨᠵᠢᠶᠠᠩ᠂ ᠱᠠᠨᠳᠦ᠋ᠩ᠂ ᠱᠠᠨ ᠰᠢ᠂ ᠾᠸᠨᠡᠨ᠂ ᠦᠪᠤᠷ ᠮᠤᠩᠭᠤᠯ ᠪᠤᠯᠤᠨ ᠵᠢᠶᠠᠩᠰᠤ ᠵᠡᠷᠬᠡ ᠮᠤᠵᠢ (ᠤᠷᠤᠨ) ᠵᠢᠨ ᠬᠡᠰᠡᠭ ᠭᠠᠵᠡᠷ ᠤᠷᠤᠨᠤ ᠤᠷᠴᠢᠨ ᠳᠤᠭᠤᠷᠢᠨᠳᠤ (ᠳᠤᠬᠠᠢᠯᠠᠪᠠᠯ ᠤᠰᠤᠨᠳᠤ) ᠢᠤᠳ᠋ᠤᠨ ᠠᠭᠤᠯᠤᠭᠳᠠᠴᠠ ᠦᠨᠳᠤᠷ ᠪᠠᠢᠳᠠᠭ ᠪᠤᠯᠬᠤᠷ ᠡᠳᠡᠬᠡᠷ ᠭᠠᠵᠡᠷ ᠤᠷᠤᠨᠳᠤ ᠬᠠᠩᠭᠠᠨ ᠪᠤᠷᠤᠯᠠᠭᠤᠯᠵᠤ ᠪᠦᠬᠦᠢ ᠲᠠᠪᠤᠰᠤ ᠨᠢ ᠢᠤᠳ᠋ᠤᠨ ᠠᠭᠤᠯᠤᠭᠳᠠᠴᠠ ᠦᠬᠡᠢ ᠲᠠᠪᠤᠰᠤ ᠪᠤᠯᠤᠨᠠ᠃
(《ᠡᠷᠡᠬᠦᠯ ᠮᠠᠨᠳᠤ ᠵᠢᠨ 66 ᠵᠤᠷᠪᠤᠰ》 ᠨᠤᠮ ᠡᠴᠨ ᠨᠠᠢᠷᠠᠭᠤᠯᠤᠨ ᠠᠪᠤᠪᠠ)