​ᠪᠤᠭᠤᠷᠤᠯ ᠰᠠᠢᠨ ᠲᠤᠷᠠᠴᠤᠳ᠎ᠤᠨ ᠪᠠᠢᠭᠤᠯᠤᠭᠰᠠᠨ 《ᠠᠨᠠᠷ᠎ᠤᠨ ᠦᠷ᠎ᠡ᠎ᠬᠢᠴᠢᠶᠡᠯ᠎ᠦᠨ ᠲᠠᠩᠬᠢᠮ》
2026-01-25 12:24:16
ᠵᠣᠬᠢᠶᠠᠭ᠍ᠴᠢ᠄
ᠯᠢ ᠵᠢᠶᠠ ᠢᠦᠢ
ᠣᠩᠱᠢᠭ᠍ᠰᠠᠨ ᠣᠳᠠᠭ᠎ᠠ᠄
★★★☆☆

2025 ᠣᠨ᠎ᠤ 12 ᠰᠠᠷ᠎ᠠ᠎ᠶᠢᠨ 22᠎ᠤ᠋ᠨ ᠣᠷᠣᠢ᠎ᠶᠢᠨ 7 ᠴᠠᠭ᠎ᠤᠨ ᠦᠶ᠎ᠡ᠎ᠪᠡᠷ᠂ ᠲᠦᠩᠯᠢᠶᠣᠣ ᠬᠤᠳᠠ᠎ᠶᠢᠨ ᠠᠵᠤ ᠠᠬᠤᠢ ᠮᠡᠷᠭᠡᠵᠢᠯ᠎ᠦᠨ ᠨᠡᠭᠡᠭᠡᠨ ᠬᠥᠭᠵᠢᠭᠦᠯᠦᠯᠲᠡ᠎ᠶᠢᠨ ᠲᠣᠭᠣᠷᠢᠭ᠋᠎ᠤᠨ ᠪᠢᠨ ᠡᡁᠸ ᠵᠡᠭᠡᠯᠢ ᠭᠤᠳᠤᠮᠵᠢ᠎ᠶᠢᠨ ᠪᠢ ᠬᠦᠢ ᠶᠤᠸᠠᠨ ᠨᠡᠢᠭᠡᠮ ᠲᠣᠭᠣᠷᠢᠭ᠋᠎ᠤᠨ ᠾᠧ ᠶᠤᠸᠠᠢ ᠭᠡᠷ ᠪᠦᠯᠢ᠎ᠶᠢᠨ ᠬᠥᠮᠦᠵᠢᠯ᠎ᠦᠨ ᠵᠢᠯᠤᠭᠤᠳᠬᠤ ᠲᠦᠪ ᠲᠤ᠌ ᠪᠡᠬᠡ᠎ᠶᠢᠨ ᠦᠨᠦᠷ ᠬᠠᠩᠬᠤᠯᠵᠤ᠂ ᠰᠠᠢᠨ ᠳᠤᠷᠠᠴᠤᠤᠯ ᠴᠢ ᠰᠢᠶᠣᠣ ᠭᠤᠸᠠᠩ ᠰᠠᠭᠤᠭᠠᠯᠢ ᠠᠷᠠᠳ᠎ᠢ ᠵᠢᠯᠣᠭᠣᠳᠤᠨ ᠤᠷᠠᠨ ᠪᠢᠴᠢᠯᠭᠡ ᠵᠢᠨ ᠪᠤᠯᠪᠠᠰᠤᠷᠠᠯ ᠬᠦᠷᠳᠡᠬᠡᠵᠦ᠂ ᠬᠢᠲᠠᠳ᠂ ᠮᠣᠩᠭᠣᠯ᠂ ᠬᠣᠲᠣᠩ᠂ ᠪᠠᠢ ᠵᠡᠷᠭᠡ ᠦᠨᠳᠦᠰᠦᠲᠡᠨ᠎ᠨᠦᠭᠦᠳ᠎ᠦᠨ ᠰᠤᠷᠤᠯᠭᠠᠳᠠᠳ ᠬᠠᠮᠲᠤ ᠪᠡᠷ 《ᠦᠨᠳᠦᠰᠦᠲᠡᠨ᠎ᠨᠦᠬᠦᠳ ᠪᠦᠯᠬᠦᠮᠳᠡᠨ ᠨᠢᠭᠡ ᠭᠡᠷ᠎ᠦᠨ ᠬᠥᠮᠥᠨ ᠮᠡᠳᠤ ᠳᠤᠳᠤᠨᠤ》 ᠭᠡᠬᠦ ᠤᠷᠠᠨ ᠪᠢᠴᠢᠯᠭᠡ᠎ᠶᠢᠨ ᠪᠦᠲᠦᠭᠡᠯ ᠪᠢᠴᠢᠭᠯᠡᠨ᠎ᠡ᠃ ᠡᠨᠡ ᠬᠦ᠌ 《ᠠᠨᠠᠷ᠎ᠤᠨ ᠦᠷ᠎ᠡ᠎ᠬᠢᠴᠢᠶᠡᠯ᠎ᠦᠨ ᠲᠠᠩᠬᠢᠮ》 ᠨᠢ ᠰᠤᠩᠭᠤᠳᠠᠭ ᠰᠤᠳᠤᠯᠤᠯ᠂ ᠤᠷᠠᠨ ᠪᠢᠴᠢᠯᠭᠡ᠂ ᠪᠦᠯᠬᠦᠮᠳᠡᠯ᠎ᠦᠨ ᠥᠯᠢᠭᠡᠷ ᠵᠡᠷᠭᠡ 11 ᠲᠥᠷᠥᠯ᠎ᠦᠨ ᠬᠢᠴᠢᠶᠡᠯ᠎ᠢᠶᠡᠷ ᠬᠣᠯᠪᠣᠭᠠᠰᠤ ᠪᠣᠯᠭᠠᠵᠤ᠂ 7 ᠦᠨᠳᠦᠰᠦᠲᠡᠨ᠎ᠦ ᠰᠠᠭᠤᠭᠠᠯᠢ ᠠᠷᠠᠳ ᠤ᠋ᠨ ᠬᠠᠮᠲᠤ᠎ᠪᠠᠷ ᠰᠤᠷᠤᠯᠴᠠᠨ ᠬᠠᠮᠲᠤ᠎ᠪᠠᠷ ᠴᠡᠩᠭᠡᠯᠳᠦᠬᠦ ᠳᠤᠮᠳᠠ ᠭᠦᠨ ᠵᠤᠵᠠᠭᠠᠨ ᠨᠥᠬᠥᠷᠯᠡᠯ ᠪᠠᠢᠭᠤᠯᠵᠤ᠂ ᠨᠡᠢᠭᠡᠮ ᠲᠣᠭᠣᠷᠢᠭ᠋᠎ᠤᠨ ᠦᠨᠳᠦᠰᠦᠲᠡᠨ᠎ᠦ ᠪᠦᠯᠬᠦᠮᠳᠡᠯ᠎ᠦᠨ ᠠᠮᠢᠳᠤᠯᠢᠭ᠋ ᠵᠢᠷᠤᠭᠯᠠᠯ ᠪᠤᠯᠵᠠᠢ᠃

ᠡᠨᠡ᠎ᠬᠦ ᠬᠠᠯᠠᠭᠤᠨ ᠳᠤᠯᠠᠭᠠᠨ ᠵᠢᠷᠤᠭᠯᠠᠯ ᠪᠤᠯ ᠨᠢᠭᠡ ᠪᠦᠯᠦᠭ ᠪᠤᠭᠤᠷᠤᠯᠴᠤᠳ᠎ᠤᠨ  ᠬᠠᠷᠢᠭᠤᠴᠠᠯᠭ᠎ᠠ ᠡᠬᠦᠷᠭᠡᠯᠡᠯ ᠡᠴᠨ ᠰᠠᠯᠵᠤ ᠴᠢᠳᠠᠰᠢ ᠦᠭᠡᠢ ᠶᠤᠮ᠃  2021 ᠣᠨ᠎ᠳᠤ᠂ ᠠᠵᠢᠯ᠎ᠠᠴᠠ᠎ᠪᠠᠨ ᠠᠮᠠᠷᠠᠭᠰᠠᠨ ᠠᠵᠤ ᠠᠬᠤᠢᠯᠠᠯᠲᠠᠨ ᠰᠢᠦᠢ ᠬᠦᠢ ᠬᠣᠩ ᠰᠠᠭᠤᠭ᠎ᠠ ᠨᠡᠢᠭᠡᠮ ᠲᠣᠭᠣᠷᠢᠭ᠋᠎ᠲᠤ ᠮᠠᠰᠢ ᠤᠯᠠᠨ ᠠᠳᠠᠯᠢ ᠪᠤᠰᠤ ᠦᠨᠳᠦᠰᠦᠲᠡᠨ᠎ᠦ ᠰᠠᠭᠤᠭᠠᠯᠢ ᠠᠷᠠᠳ ᠰᠠᠭᠤᠷᠢᠰᠢᠵᠤ ᠪᠠᠢᠭ᠎ᠠ ᠪᠠᠢᠳᠠᠯ ᠳ᠋ᠤ ᠴᠢᠭᠯᠡᠬᠦᠯᠦᠨ᠂ ᠬᠦᠷᠰᠢ ᠵᠡᠷᠬᠡᠯᠡᠳᠡᠬᠡ ᠵᠢᠨ ᠬᠢᠨ᠎ᠤ᠋  ᠰᠡᠳᠬᠢᠯ᠎ᠢ ᠬᠤᠯᠪᠤᠬᠤ ᠳᠠᠪᠴᠠᠩ᠎ᠢ ᠪᠠᠢᠭᠤᠯᠬᠤ ᠪᠤᠳᠤᠯ ᠤᠷᠤᠵᠤ᠂ ᠨᠡᠢᠭᠡᠮ ᠲᠣᠭᠣᠷᠢᠭ᠋᠎ᠤᠨ ᠠᠵᠢᠯ᠎ᠡᠴᠠ᠎ᠪᠠᠨ ᠠᠮᠠᠷᠠᠭᠰᠠᠨ 4 ᠠᠬᠠᠮᠠᠳ ᠪᠠᠭ᠍ᠰᠢ᠎ᠯᠤᠭ᠎ᠠ ᠬᠠᠮᠳᠤᠷᠠᠵᠤ᠂ ᠪᠢ ᠬᠦᠢ ᠶᠤᠸᠠᠨ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ᠎ᠳᠤ ᠨᠡᠶ᠋ᠢᠲᠡ᠎ᠶᠢᠨ ᠠᠰᠠᠷᠠᠮᠵᠢ᠎ᠶᠢᠨ ᠬᠢᠴᠢᠶᠡᠯ᠎ᠦᠨ ᠲᠠᠩᠬᠢᠮ ᠨᠡᠭᠡᠭᠡᠬᠦ᠎ᠶᠢ ᠰᠠᠨᠠᠭᠠᠴᠢᠯᠠᠪᠠ᠃ ᠰᠠᠨᠠᠭᠤᠯᠭ᠎ᠠ ᠨᠢ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ᠎ᠶᠢᠨ ᠳᠡᠮᠵᠢᠯᠭᠡ᠎ᠶᠢ ᠤᠯᠵᠤ᠂ ᠨᠡᠢᠭᠡᠮ ᠲᠣᠭᠣᠷᠢᠭ᠋᠎ᠤᠨ ᠬᠢᠨ ᠠᠵᠢᠯᠯᠠᠭᠠᠨ᠎ᠤ ᠥᠷᠥᠭᠡ ᠰᠤᠯᠠᠯᠠᠨ ᠭᠠᠷᠭᠠᠵᠤ᠂ ᠪᠢᠴᠢᠭ᠎ᠦᠨ ᠥᠷᠥᠭᠡᠨ᠎ᠦ ᠳᠥᠷᠪᠡᠨ ᠡᠷᠳᠡᠨᠢ᠂ ᠰᠤᠩᠭᠤᠳᠠᠭ ᠰᠤᠳᠤᠯᠤᠯ᠎ᠤᠨ ᠨᠣᠮ ᠪᠢᠴᠢᠭ ᠵᠡᠷᠭᠡ ᠡᠳ᠋ ᠪᠣᠳᠠᠰ᠎ᠢ ᠨᠡᠮᠡᠵᠦ᠂ 《ᠠᠨᠠᠷ᠎ᠤᠨ ᠦᠷ᠎ᠡ ᠬᠢᠴᠢᠶᠡᠯ᠎ᠦᠨ ᠲᠠᠩᠬᠢᠮ》 ᠎ᠢ᠋ ᠨᠡᠬᠡᠬᠡᠪᠡ᠃

《ᠠᠨᠠᠷ᠎ᠤᠨ ᠦᠷ᠎ᠡ ᠬᠢᠴᠢᠶᠡᠯ᠎ᠦᠨ ᠲᠠᠩᠬᠢᠮ》 ᠨᠢ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠢ ᠨᠢᠭᠳᠠᠷᠠᠭᠤᠯᠵᠤ ᠴᠢᠳᠠᠭᠰᠠᠨ ᠨᠢ ᠬᠢᠴᠢᠶᠡᠯ᠎ᠦᠨ ᠲᠦᠰᠦᠪ ᠲᠥᠯᠥᠪᠯᠡᠭᠡ ᠨᠢ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ᠋ ᠪᠠᠳᠤ ᠴᠤᠭᠴᠠᠯᠠᠬᠤ ᠪᠡᠷ ᠭᠣᠣᠯ ᠰᠢᠵᠢᠮ ᠪᠤᠯᠭᠠᠵᠤ᠂ ᠰᠣᠶᠣᠯ᠎ᠵᠢᠡᠷ ᠠᠳᠠᠯᠢ ᠪᠤᠰᠤ ᠦᠨᠳᠦᠰᠦᠲᠡᠨ ᠤ᠋ ᠣᠶᠤᠨ ᠰᠠᠨᠠᠭ᠎ᠠ ᠵᠢ ᠤᠮᠳᠠᠯᠠᠭᠰᠠᠨ ᠳ᠋ᠤ ᠪᠠᠢᠭ᠎ᠠ ᠶᠤᠮ᠃ ᠰᠢᠦᠢ ᠬᠦᠢ ᠬᠣᠩ ᠰᠠᠢᠨ ᠲᠤᠷ᠎ᠠ ᠵᠢᠨ  ᠪᠠᠭ᠍ᠰᠢ ᠨᠠᠷ᠎ᠲᠠᠢ᠎ᠪᠠᠨ ᠬᠢᠴᠢᠶᠡᠯ ᠪᠣᠯᠭᠠᠨ᠎ᠢ ᠨᠢᠮᠪᠠᠢ ᠪᠡᠯᠡᠳᠬᠡᠵᠦ᠂ ᠤᠯᠠᠮᠵᠢᠯᠠᠯᠲᠤ ᠰᠣᠶᠣᠯ᠎ᠢ ᠦᠨᠳᠦᠰᠦᠲᠡᠨ᠎ᠦ ᠪᠦᠯᠬᠦᠮᠳᠡᠯ᠎ᠦᠨ 《ᠨᠢᠭᠳᠠᠷᠠᠭᠤᠯᠤᠭᠴᠢ》 ᠪᠣᠯᠭᠠᠪᠠ᠃ ᠰᠤᠩᠭᠤᠳᠠᠭ ᠰᠤᠳᠤᠯᠤᠯ᠎ᠤᠨ ᠬᠢᠴᠢᠶᠡᠯ ᠳᠡᠭᠡᠷ᠎ᠡ᠂ ᠲᠡᠳᠡ 《ᠰᠢᠭᠦᠮᠵᠢᠯᠡᠯ ᠥᠭᠦᠯᠡᠯ》᠂ 《ᠮᠧᠩᠽᠢ》 ᠵᠢᠨ ᠥᠷᠥᠰᠢᠶᠡᠯ ᠬᠠᠢᠷ᠎ᠠ᠎ᠶᠢᠨ ᠪᠦᠯᠦᠭ᠎ᠢ ᠰᠤᠩᠭᠤᠵᠤ᠂ ᠣᠢᠯᠠᠭᠠᠮᠵᠢᠲᠠᠢ ᠬᠡᠯᠪᠡᠷᠢ ᠪᠡᠷ 《ᠬᠥᠷᠰᠢ ᠵᠡᠷᠭᠡᠯᠡᠳᠡᠭᠡ᠎ᠲᠠᠢ᠎ᠪᠡᠨ ᠳᠣᠲᠣᠨᠣᠰᠤᠭ ᠪᠠᠢᠬᠤ》 ᠶᠣᠰᠣ᠌᠎ᠤᠴᠢᠷ᠎ᠢ ᠲᠠᠢᠯᠪᠤᠷᠢᠯᠠᠪᠠ; ᠤᠷᠠᠨ ᠪᠢᠴᠢᠯᠭᠡ᠎ᠶᠢᠨ ᠬᠢᠴᠢᠶᠡᠯ ᠳᠡᠭᠡᠷ᠎ᠡ ᠪᠢᠷ ᠪᠠᠷᠢᠬᠤ ᠡᠴᠡ ᠡᠬᠢᠯᠡᠨ ᠵᠢᠭᠠᠵᠤ᠂ ᠤᠯᠠᠨ᠎ᠢᠶᠠᠷ᠎ᠢᠶᠠᠨ  《ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ》᠂ 《ᠬᠠᠲᠠᠭᠤ ᠪᠡᠷᠬᠡᠰᠢᠶᠡᠯ᠎ᠢ ᠬᠠᠮᠲᠤ ᠪᠠᠷ ᠲᠤᠭᠤᠯᠬᠤ》 ᠵᠡᠷᠭᠡ ᠦᠬᠡᠰ᠎ᠢ ᠪᠢᠴᠢᠬᠦ ᠳᠤᠮᠳᠠ ᠡᠴᠡ ᠳᠤᠮᠳᠠᠳᠤ᠎ᠶᠢᠨ ᠰᠣᠶᠣᠯ᠎ᠤᠨ ᠥᠷᠭᠡᠨ ᠳᠡᠯᠭᠡᠷ ᠭᠦᠨ ᠭᠦᠨᠵᠡᠭᠡᠢ ᠎ᠶᠢ ᠣᠢᠯᠠᠭᠠᠪᠠ;ᠦᠨᠳᠦᠰᠦᠲᠡᠨ᠎ᠦ ᠪᠦᠯᠬᠦᠮᠳᠡᠯ᠎ᠦᠨ ᠦᠯᠢᠭᠡᠷ᠎ᠦᠨ ᠬᠤᠷᠠᠯ ᠨᠢ ᠨᠡᠩ ᠴᠤ᠌ ᠬᠥᠮᠥᠰ᠎ᠦᠨ ᠪᠠᠬᠠᠷᠬᠠᠯ᠎ᠢ ᠲᠠᠲᠠᠵᠤ᠂ ᠤᠯᠠᠨ᠎ᠢᠶᠠᠷ᠎ᠢᠶᠠᠨ ᠬᠠᠷᠢᠯᠴᠠᠨ ᠬᠠᠪᠰᠤᠷᠤᠯᠴᠠᠭᠰᠠᠨ ᠰᠠᠢᠬᠠᠨ ᠵᠤᠭᠤᠭ ᠵᠢᠡᠨ ᠳᠡᠯᠬᠡᠨ᠎ᠡ᠃

ᠰᠠᠭᠤᠭᠠᠯᠢ ᠠᠷᠠᠳ ᠢᠦᠢ ᠴᠢᠦ  ᠪᠤᠯ ᠤᠷᠠᠨ ᠪᠢᠴᠢᠯᠭᠡ  ᠶ᠋ᠢᠨ ᠬᠢᠴᠢᠶᠡᠯ ᠡᠴᠡ ᠬᠡᠵᠢᠶᠡᠳᠡ ᠰᠠᠭᠠᠳᠠᠳᠠᠭ ᠦᠬᠡᠢ  ᠪᠠᠢ ᠦᠨᠳᠦᠰᠦᠲᠡᠨ᠎ᠤ ᠰᠤᠷᠤᠯᠭᠠᠳᠠᠨ ᠶᠤᠮ᠃ ᠳᠡᠷᠡ  ᠬᠢᠴᠢᠶᠡᠯ᠎ᠦᠨ ᠲᠠᠩᠬᠢᠮ᠎ᠳᠤ ᠤᠷᠠᠨ ᠪᠢᠴᠢᠯᠭᠡ᠎ᠪᠡᠨ ᠰᠠᠢᠳᠤᠷ ᠪᠤᠯᠪᠠᠰᠤᠷᠠᠬᠤ ᠵᠢᠨ ᠳᠠᠭᠠᠤ  ᠬᠢᠲᠠᠳ ᠦᠨᠳᠦᠰᠦᠲᠡᠨ᠎ᠦ ᠰᠣᠷᠣᠯᠭᠠᠳᠠᠨ ᠮᠠ ᠳ᠋ᠦᠩ ᠵᠢᠩ᠎ᠲᠠᠢ ᠴᠦ᠍ ᠰᠠᠢᠨ ᠨᠠᠢᠵᠠ ᠪᠤᠯᠤᠯᠴᠠᠵᠠᠢ᠃ ᠢᠦᠢ ᠴᠢᠦ᠄ 《ᠪᠢ ᠳ᠋ᠦᠩ ᠵᠢᠩ᠎ᠳᠦ ᠭᠠᠰᠢᠭᠤᠨ ᠭᠤᠱᠤᠭᠤᠨ ᠵᠢᠭᠠᠰᠤ ᠬᠢᠬᠦ᠎ᠶᠢ ᠵᠢᠭᠠᠵᠤ᠂ ᠳ᠋ᠦᠩ ᠵᠢᠩ ᠨᠠᠳᠠ᠎ᠳᠤ ᠨᠠᠩᠭᠢ ᠪᠤᠤᠪᠤ ᠬᠢᠬᠦ᠎ᠶᠢ ᠵᠢᠭᠠᠵᠤ ᠦᠭᠴᠡᠢ᠂ ᠬᠢᠴᠢᠶᠡᠯ ᠳᠡᠭᠡᠷ᠎ᠡ ᠳᠠᠨᠢᠯᠴᠠᠭᠰᠠᠨ ᠡᠴᠡ ᠪᠠᠨ ᠪᠢᠳᠡ ᠰᠠᠢᠬᠠᠨ ᠨᠠᠢᠵᠠᠯᠠᠵᠤ᠂ ᠬᠠᠷᠢᠯᠴᠠᠨ ᠬᠠᠪᠰᠤᠷᠤᠯᠴᠠᠵᠤ ᠳᠤᠰᠠᠯᠠᠳᠠᠭ ᠪᠤᠯᠵᠠᠢ》 ᠭᠡᠵᠤ ᠶᠠᠷᠢᠨ᠎ᠠ᠃ ᠮᠠ ᠳ᠋ᠦᠩ ᠵᠢᠩ᠄ 《ᠬᠢᠴᠢᠶᠡᠯ᠎ᠤᠨ ᠳᠠᠩᠬᠢᠮ᠎ᠤᠨ ᠰᠤᠷᠤᠯᠴᠠᠯᠭ᠎ᠠ ᠡᠴᠡ ᠳᠤᠮᠳᠠᠳᠤ᠎ᠶᠢᠨ ᠰᠣᠶᠣᠯ ᠪᠣᠯ ᠦᠨᠳᠦᠰᠦᠲᠡᠨ᠎ᠨᠦᠭᠦᠳ᠎ᠦᠨ ᠬᠠᠮᠲᠤ᠎ᠶᠢᠨ ᠣᠶᠤᠨ ᠰᠠᠨᠠᠭᠠᠨ᠎ᠤ ᠭᠡᠷ ᠣᠷᠣᠨ ᠮᠥᠨ ᠬᠡᠬᠦ  ᠳᠤᠬᠠᠢ  ᠭᠦᠨᠵᠡᠭᠡᠢ  ᠣᠢᠯᠠᠭᠠᠯᠳᠠ ᠳᠠᠢ  ᠪᠤᠯᠵᠠᠢ》 ᠬᠡᠯ᠎ᠡ᠃

《ᠠᠨᠠᠷ᠎ᠤᠨ ᠦᠷ᠎ᠡ ᠬᠢᠴᠢᠶᠡᠯ᠎ᠦᠨ ᠲᠠᠩᠬᠢᠮ》 ᠳ᠋ᠤ ᠡᠢᠮᠦᠷᠬᠦᠤ ᠬᠠᠯᠠᠭᠤᠨ ᠳᠤᠯᠠᠭᠠᠨ ᠦᠯᠢᠭᠡᠷ ᠡᠳᠦᠷ ᠪᠣᠯᠭᠠᠨ ᠡᠬᠦᠰᠦᠨ᠎ᠡ᠃ ᠬᠣᠲᠣᠩ ᠦᠨᠳᠦᠰᠦᠲᠡᠨ᠎ᠦ ᠰᠠᠭᠤᠭᠠᠯᠢ ᠠᠷᠠᠳ ᠸᠠᠩ ᠯᠢᠨ ᠬᠣᠩ ᠤᠤᠯ ᠨᠢ ᠪᠤᠰᠤᠳ ᠰᠠᠭᠤᠭᠠᠯᠢ ᠠᠷᠠᠳ᠎ᠲᠠᠢ ᠳᠡᠮᠡᠢ ᠬᠠᠷᠢᠯᠴᠠᠳᠠᠭ ᠦᠭᠡᠢ᠂ 《ᠠᠨᠠᠷ᠎ᠤᠨ ᠦᠷ᠎ᠡ ᠬᠢᠴᠢᠶᠡᠯ᠎ᠦᠨ ᠲᠠᠩᠬᠢᠮ》 ᠳ᠋ᠤ ᠣᠷᠣᠯᠴᠠᠭᠰᠠᠨ᠎ᠠᠴᠠ ᠬᠣᠢᠰᠢ᠂ ᠲᠡᠷᠡ ᠭᠠᠷᠠᠭ ᠪᠦᠷᠢ ᠵᠢᠨ ᠪᠡᠶ᠎ᠡ ᠭᠤᠸᠠᠵᠢᠭᠤᠯᠬᠤ ᠬᠢᠴᠢᠶᠡᠯ᠎ᠳᠦ ᠣᠷᠣᠯᠴᠠᠭᠰᠠᠨ ᠵᠢᠡᠷ ᠠᠭᠠᠵᠢᠮ᠎ᠢᠶᠠᠷ ᠦᠬᠡ ᠳᠠᠭᠤ ᠳᠠᠢ ᠪᠤᠯᠪᠠ; ᠮᠣᠩᠭᠣᠯ ᠦᠨᠳᠦᠰᠦᠲᠡᠨ᠎ᠦ ᠰᠠᠭᠤᠭᠠᠯᠢ ᠠᠷᠠᠳ ᠬᠠᠰ᠎ᠤᠨ ᠬᠡᠷ ᠪᠦᠯᠢ ᠵᠢᠨ ᠬᠢᠨ ᠰᠡᠳᠬᠢᠴᠡ᠎ᠶᠢᠨ ᠬᠢᠴᠢᠶᠡᠯ᠎ᠦᠨ ᠲᠠᠩᠬᠢᠮ᠎ᠳᠤ  ᠪᠠᠢᠩᠭᠤ ᠢᠷᠡᠵᠤ ᠰᠤᠷᠤᠯᠴᠠᠳᠠᠭ᠃ ᠰᠢᠦᠢ ᠬᠦᠶ ᠬᠣᠩ᠄ 《 ᠪᠢᠳᠡ ᠮᠡᠳᠡᠯᠭᠡ ᠤᠯᠠᠮᠵᠢᠯᠠᠬᠤ᠎ᠵᠢᠨ ᠵᠡᠷᠬᠡ ᠪᠡᠷ ᠨᠠᠩ ᠴᠤ᠌ ᠬᠠᠢᠷ᠎ᠠ ᠰᠡᠳᠬᠢᠯᠭᠡ᠎ᠶᠢᠨ ᠬᠤᠯᠪᠤᠭᠠᠰᠤ ᠬᠥᠭᠥᠷᠭᠡ ᠲᠠᠯᠪᠢᠵᠤ᠂ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠤᠨ ᠬᠠᠷᠢᠯᠴᠠᠭᠠᠨ᠎ᠤ ᠳᠤᠮᠳᠠ ᠣᠢᠯᠠᠭᠠᠯᠴᠠᠭ᠎ᠠ᠎ᠪᠠᠨ ᠨᠡᠮᠡᠭᠳᠡᠭᠦᠯᠵᠦ ᠬᠠᠢᠷ᠎ᠠ ᠰᠡᠳᠬᠢᠯᠭᠡ᠎ᠪᠡᠨ ᠵᠤᠵᠠᠭᠠᠳᠬᠠᠵᠠᠢ》 ᠬᠡᠵᠦ ᠶᠠᠷᠢᠨ᠎ᠠ᠃

ᠬᠢᠴᠢᠶᠡᠯ᠎ᠦᠨ ᠲᠠᠩᠬᠢᠮ᠎ᠵᠢᠡᠨ ᠨᠠᠩ ᠢᠯᠡᠭᠦᠦ ᠲᠠᠲᠠᠬᠤ ᠬᠦᠴᠦᠨ᠎ᠲᠠᠢ ᠪᠣᠯᠭᠠᠬᠤ᠎ᠶᠢᠨ ᠲᠥᠯᠥᠭᠡ ᠰᠠᠢᠨ ᠳᠤᠷᠠᠴᠤᠳ ᠪᠠᠶᠠᠷ ᠲᠤᠷᠠᠰᠬᠠᠯ᠎ᠤᠨ ᠡᠳᠦᠷ᠎ᠲᠠᠢ ᠤᠶᠠᠯᠳᠤᠭᠤᠯᠤᠨ ᠥᠪᠡᠷᠮᠢᠴᠡ ᠣᠨᠴᠠᠯᠢᠭ᠋᠎ᠲᠠᠢ ᠠᠵᠢᠯᠯᠠᠭ᠎ᠠ ᠥᠷᠨᠢᠭᠦᠯᠳᠡᠭ᠃ 2025 ᠣᠨ᠎ᠤ ᠴᠠᠭᠠᠨ ᠰᠠᠷ᠎ᠠ᠎ᠠᠴᠠ ᠡᠮᠦᠨ᠎ᠡ᠂ ᠰᠠᠢᠨ ᠲᠤᠷᠠᠴᠤᠳ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠢ ᠵᠣᠬᠢᠶᠠᠨ ᠪᠠᠢᠭᠤᠯᠵᠤ ᠬᠣᠣᠰ ᠤᠶᠠᠩᠭ᠎ᠠ ᠪᠢᠴᠢᠭᠦᠯᠵᠦ᠂ ᠴᠣᠩᠬᠣᠨ ᠬᠤᠸᠠᠷ ᠬᠠᠢᠴᠢᠯᠠᠵᠤ᠂ ᠤᠯᠠᠨ᠎ᠢᠶᠠᠷ᠎ᠢᠶᠠᠨ ᠬᠠᠷᠢᠯᠴᠠᠨ ᠵᠥᠩᠨᠡᠯ ᠳᠡᠪᠰᠢᠭᠦᠯᠪᠡ; ᠪᠢᠯᠢᠭ᠎ᠤᠨ ᠤᠯᠠᠷᠢᠯ᠎ᠤᠨ ᠲᠠᠪᠤᠨ ᠰᠠᠷ᠎ᠠ  ᠶ᠋ᠢᠨ ᠰᠢᠨ᠎ᠡ  ᠶ᠋ᠢᠨ ᠲᠠᠪᠤᠨ᠎ᠢ ᠲᠤᠬᠢᠶᠠᠯᠳᠤᠭᠤᠯᠤᠨ ᠦᠨᠳᠦᠰᠦᠲᠡᠨ ᠨᠤᠬᠦᠳ᠎ᠤᠨ ᠣᠯᠠᠨ ᠲᠦᠮᠡᠨ ᠬᠠᠮᠳᠤ ᠪᠡᠷ ᠽᠦᠩᠽᠢ ᠪᠠᠷᠢᠵᠤ᠂ ᠤᠯᠠᠮᠵᠢᠯᠠᠯᠳᠤ ᠵᠠᠩ ᠳᠠᠳᠬᠠᠯ᠎ᠤᠨ ᠳᠤᠬᠠᠢ ᠲᠠᠨᠢᠯᠳᠠ ᠪᠠᠨ ᠬᠦᠨᠵᠡᠭᠡᠢᠷᠡᠬᠦᠯᠵᠡᠢ᠃ ᠤᠯᠤᠰ᠎ᠤᠨ ᠪᠠᠶᠠᠷ᠎ᠤᠨ ᠬᠤᠭᠤᠴᠠᠭᠠᠨ᠎ᠳᠤ 《ᠮᠢᠨᠤ ᠰᠡᠳᠬᠢᠯ᠎ᠳᠡᠬᠢ ᠡᠬᠡ ᠤᠯᠤᠰ》 ᠭᠡᠬᠦ ᠤᠷᠠᠨ ᠪᠢᠴᠢᠯᠭᠡ ᠶ᠋ᠢᠨ ᠦᠵᠡᠬᠦᠯᠬᠡ ᠪᠠ ᠥᠯᠢᠭᠡᠷ᠎ᠢ ᠬᠤᠪᠢᠶᠠᠯᠴᠠᠬᠤ ᠬᠤᠷᠠᠯ ᠥᠷᠨᠢᠭᠦᠯᠵᠦ᠂ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ ᠪᠢᠷ ᠪᠡᠬᠡᠰ ᠪᠠ ᠦᠭᠡ ᠶᠠᠷᠢᠶ᠎ᠠ᠎ᠪᠠᠷ᠎ᠢᠶᠠᠨ ᠡᠬᠡ ᠤᠯᠤᠰ᠎ᠤᠨ ᠵᠢᠡᠨ ᠲᠤᠬᠠᠢ ᠬᠠᠢᠷ᠎ᠠ ᠰᠡᠳᠬᠢᠯᠭᠡ᠎ᠪᠡᠨ ᠢᠯᠡᠳᠬᠡᠵᠡᠢ᠃

ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠤᠨ ᠢᠳᠡᠪᠬᠢᠳᠡᠢ ᠤᠷᠤᠯᠴᠠᠭ᠎ᠠ ᠪᠡᠷ 《ᠠᠨᠠᠷ᠎ᠤᠨ ᠦᠷ᠎ᠡ᠎ᠬᠢᠴᠢᠶᠡᠯ᠎ᠦᠨ ᠲᠠᠩᠬᠢᠮ》 ᠤ᠋ᠨ ᠨᠥᠯᠥᠭᠡᠯᠡᠬᠦ ᠬᠦᠴᠦᠨ ᠤᠯᠠᠮ  ᠥᠷᠭᠡᠳᠴᠦ᠂ ᠰᠣᠷᠣᠭ᠍ᠴᠢ᠎ᠶᠢᠨ ᠬᠡᠪᠴᠢᠶ᠎ᠡ 3000 ᠭᠠᠷᠤᠢ ᠭᠡᠷ ᠪᠦᠯᠢ᠎ᠶᠢ ᠬᠠᠮᠤᠷᠴᠤ᠂ ᠵᠢᠭᠠᠨ ᠰᠤᠷᠭᠠᠯᠲᠠ᠎ᠶᠢᠨ ᠠᠵᠢᠯᠯᠠᠭ᠎ᠠ᠎ᠶᠢ ᠨᠡᠶ᠋ᠢᠲᠡ 600 ᠭᠠᠷᠤᠢ ᠥᠷᠨᠢᠭᠦᠯᠵᠦ᠂ ᠰᠤᠷᠤᠯᠭᠠᠳᠠᠳ ᠨᠢ 10 ᠨᠠᠰᠤ᠎ᠠᠴᠠ 80 ᠨᠠᠰᠤ ᠬᠦᠷᠳᠡᠯᠡᠬᠢ ᠪᠦᠷ ᠪᠤᠢ᠃ ᠪᠢ ᠬᠦᠢ ᠶᠤᠸᠠᠨ ᠨᠡᠢᠭᠡᠮ ᠲᠣᠭᠣᠷᠢᠭ᠋᠎ᠤᠨ ᠨᠠᠮ᠎ᠤᠨ ᠬᠣᠷᠢᠶ᠎ᠠ᠎ᠶᠢᠨ ᠳᠡᠳ᠋ ᠱᠦᠵᠢ ᠴᠧᠩ ᠽᠢ ᠶᠦᠨ ᠡᠴᠡ 《ᠠᠨᠠᠷ᠎ᠤᠨ ᠦᠷ᠎ᠡ ᠬᠢᠴᠢᠶᠡᠯ᠎ᠦᠨ ᠲᠠᠩᠬᠢᠮ》 ᠨᠢ ᠦᠨᠳᠦᠰᠦᠲᠡᠨ᠎ᠨᠦᠭᠦᠳ᠎ᠦᠨ ᠰᠣᠶᠣᠯ᠎ᠤᠨ ᠠᠭᠤᠰᠤᠯᠴᠠᠯ᠎ᠢ ᠠᠬᠢᠭᠤᠯᠤᠭᠰᠠᠨ᠎ᠢᠶᠠᠷ ᠪᠠᠷᠠᠬᠤ ᠦᠭᠡᠢ ᠨᠡᠩ ᠴᠤ᠌ ᠨᠡᠢᠭᠡᠮ ᠲᠣᠭᠣᠷᠢᠭ᠋᠎ᠤᠨ ᠵᠠᠰᠠᠯᠲᠠ᠎ᠶᠢᠨ ᠦᠷ᠎ᠡ ᠪᠦᠲᠦᠮᠵᠢ᠎ᠶᠢᠨ ᠳᠡᠭᠡᠭᠰᠢᠯᠡᠯᠲᠡ᠎ᠶᠢ ᠲᠠᠢ᠍ᠢᠴᠢᠯᠠᠵᠠᠢ ᠬᠡᠵᠦ ᠳᠠᠨᠢᠯᠴᠠᠭᠤᠯᠤᠨ᠎ᠠ᠃

ᠡᠳᠦᠭᠡ ᠪᠢ ᠬᠦᠢ ᠶᠤᠸᠠᠨ ᠨᠡᠢᠭᠡᠮ ᠲᠣᠭᠣᠷᠢᠭ᠋᠎ᠲᠤ 《ᠠᠨᠠᠷ᠎ᠤᠨ ᠦᠷ᠎ᠡ ᠬᠢᠴᠢᠶᠡᠯ᠎ᠦᠨ ᠲᠠᠩᠬᠢᠮ》 ᠨᠢ ᠨᠢᠭᠡᠨᠲᠡ ᠦᠨᠳᠦᠰᠦᠲᠡᠨ᠎ᠨᠦᠭᠦᠳ᠎ᠦᠨ ᠰᠠᠭᠤᠭᠠᠯᠢ ᠠᠷᠠᠳ᠎ᠤᠨ《ᠰᠣᠶᠣᠯ᠎ᠤᠨ ᠦᠷᠦᠭᠡ》 ᠪᠣᠯᠣᠨ 《ᠤᠶᠤᠨ ᠰᠠᠨᠠᠭᠠᠨ᠎ᠤ ᠭᠡᠷ ᠣᠷᠣᠨ》 ᠪᠤᠯᠵᠠᠢ᠃ 《 ᠪᠢᠳᠡ 〈ᠠᠨᠠᠷ᠎ᠤᠨ ᠦᠷ᠎ᠡ᠎ᠬᠢᠴᠢᠶᠡᠯ᠎ᠦᠨ ᠲᠠᠩᠬᠢᠮ〉 ᠤ᠋ᠨ ᠲᠦᠷᠦᠯ ᠲᠡᠮᠳᠡᠭ᠎ᠦᠨ ᠪᠠᠢᠭᠤᠯᠤᠯᠲᠠ᠎ᠶᠢ ᠦᠷᠭᠦᠯᠵᠢᠯᠡᠨ ᠭᠦᠨᠵᠡᠭᠡᠢᠷᠡᠭᠦᠯᠵᠦ᠂ 2026 ᠣᠨ᠎ᠳᠤ ᠨᠡᠩ ᠤᠯᠠᠨ ᠳᠤᠮᠳᠠᠳᠤ᠎ᠶᠢᠨ ᠰᠣᠶᠣᠯ᠎ᠢ ᠣᠢᠯᠠᠭᠠᠬᠤ ᠬᠢᠴᠢᠶᠡᠯ᠎ᠢ ᠨᠡᠮᠡᠨ ᠲᠣᠬᠢᠷᠠᠭᠤᠯᠵᠤ᠂ ᠦᠨᠳᠦᠰᠦᠲᠡᠨ᠎ᠦ ᠪᠦᠯᠬᠦᠮᠳᠡᠯ᠎ᠦᠨ ᠴᠡᠴᠡᠭ᠎ᠢ ᠨᠡᠢᠭᠡᠮ ᠲᠣᠭᠣᠷᠢᠭ᠋᠎ᠲᠤ ᠪᠠᠢᠩᠭᠤ ᠳᠡᠯᠭᠡᠷᠡᠭᠦᠯᠬᠦ᠎ᠪᠡᠷ ᠲᠥᠯᠥᠪᠯᠡᠵᠦ ᠪᠠᠢᠨ᠎ᠠ》 ᠭᠡᠵᠦ ᠰᠢᠦᠢ ᠬᠦᠢ ᠬᠣᠩ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号