ᠰᠤᠷᠪᠤᠯᠵᠢᠯᠠᠭ᠍ᠴᠢ 25᠎ᠤ᠋ ᠡᠳᠦᠷ ᠶᠠᠭ ᠬᠤᠷᠠᠯᠳᠤᠵᠤ ᠪᠠᠢᠭ᠎ᠠ ᠪᠡᠭᠡᠵᠢᠩ ᠬᠣᠲᠠ᠎ᠶᠢᠨ ᠠᠷᠪᠠᠨ ᠵᠢᠷᠭᠤᠳᠤᠭᠠᠷ ᠬᠤᠭᠤᠴᠠᠭᠠᠨ᠎ᠤ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠳᠥᠷᠪᠡᠳᠦᠭᠡᠷ ᠬᠤᠷᠠᠯ᠎ᠡᠴᠡ ᠣᠢᠯᠠᠭᠠᠭᠰᠠᠨ ᠵᠢᠡᠷ᠂ ᠪᠡᠭᠡᠵᠢᠩ᠎ᠦᠨ ᠰᠢᠨ᠎ᠡ ᠡᠨᠧᠷᠭᠢ᠎ᠶᠢᠨ ᠮᠠᠰᠢᠨ ᠲᠡᠷᠭᠡᠨ᠎ᠦ ᠲᠣᠭ᠎ᠠ 130 ᠲᠦᠮᠡ᠎ᠶᠢ ᠳᠠᠪᠠᠵᠤ᠂ ᠰᠢᠨ᠎ᠡ ᠡᠨᠧᠷᠭᠢ ᠵᠢᠴᠢ 《ᠤᠯᠤᠰ᠎ᠤᠨ ᠲᠠᠪᠤᠳᠤᠭᠠᠷ ᠪᠠᠷᠢᠮᠵᠢᠶ᠎ᠠ》 ᠡᠴᠡ ᠳᠡᠭᠡᠭᠰᠢᠬᠢ ᠮᠠᠰᠢᠨ ᠲᠡᠷᠭᠡᠨ᠎ᠦ ᠡᠵᠡᠯᠡᠬᠦ ᠬᠠᠷᠢᠴᠠᠯ ᠠᠷᠪᠠᠨ᠎ᠤ ᠨᠠᠢ᠍ᠮᠠᠨ ᠬᠤᠪᠢ᠎ᠶᠢ ᠳᠠᠪᠠᠵᠠᠢ᠃
ᠲᠣᠭ᠎ᠠ ᠪᠠᠷᠢᠮᠲᠠ᠎ᠳᠤ ᠬᠠᠷᠠᠭᠤᠯᠤᠭᠰᠠᠨ᠎ᠢᠶᠡᠷ᠂ 2025 ᠣᠨ᠎ᠳᠤ ᠪᠡᠭᠡᠵᠢᠩ ᠤᠯᠤᠰ᠎ᠤᠨ ᠳᠥᠷᠪᠡᠳᠦᠭᠡᠷ ᠪᠠᠷᠢᠮᠵᠢᠶ᠎ᠠ ᠵᠢᠴᠢ ᠲᠡᠭᠦᠨ᠎ᠡᠴᠡ ᠳᠣᠷᠣᠭ᠍ᠰᠢᠬᠢ ᠭᠠᠳᠠᠭᠰᠢᠯᠠᠭᠤᠯᠤᠯᠲᠠ᠎ᠶᠢᠨ ᠪᠠᠷᠢᠮᠵᠢᠶᠠᠲᠤ ᠬᠠᠭᠤᠴᠢᠨ ᠪᠠᠷᠠᠭᠠᠨ᠎ᠤ ᠮᠠᠰᠢᠨ ᠲᠡᠷᠭᠡ ᠪᠠ ᠲᠣᠮᠣ᠌ ᠳᠤᠮᠳᠠ ᠬᠡᠯᠪᠡᠷᠢ᠎ᠶᠢᠨ ᠠᠶᠠᠨᠴᠢᠳ᠎ᠤᠨ ᠮᠠᠰᠢᠨ ᠲᠡᠷᠭᠡ᠎ᠶᠢ ᠬᠡᠷᠡᠭᠯᠡᠭᠡᠨ᠎ᠡᠴᠡ ᠭᠠᠷᠭᠠᠵᠤ ᠰᠢᠨᠡᠳᠬᠡᠬᠦ ᠲᠥᠷᠥ᠎ᠶᠢᠨ ᠪᠣᠳᠣᠯᠭ᠎ᠠ᠎ᠶᠢ ᠵᠣᠬᠢᠶᠠᠨ ᠪᠠᠢᠭᠤᠯᠤᠨ ᠬᠡᠷᠡᠭᠵᠢᠭᠦᠯᠵᠦ᠂ ᠲᠦᠮᠡ ᠭᠠᠷᠤᠢ ᠬᠠᠭᠤᠴᠢᠨ ᠠᠶᠠᠨᠴᠢᠳ᠎ᠤᠨ ᠮᠠᠰᠢᠨ ᠲᠡᠷᠭᠡ ᠪᠠ ᠬᠠᠭᠤᠴᠢᠨ ᠪᠠᠷᠠᠭᠠᠨ᠎ᠤ ᠮᠠᠰᠢᠨ ᠲᠡᠷᠭᠡ᠎ᠶᠢ ᠰᠢᠭᠰᠢᠵᠦ ᠬᠡᠷᠡᠭᠯᠡᠬᠡᠨ ᠡᠴᠡ ᠭᠠᠷᠭᠠᠪᠠ; ᠰᠢᠨ᠎ᠡ ᠡᠨᠧᠷᠭᠢ᠎ᠶᠢᠨ 500 ᠨᠡᠶ᠋ᠢᠲᠡ᠎ᠶᠢᠨ ᠮᠠᠰᠢᠨ ᠲᠡᠷᠭᠡ᠎ᠶᠢ ᠨᠢᠭᠡᠨᠲᠡ ᠠᠰᠢᠭ᠍ᠯᠠᠯᠲᠠ᠎ᠳᠤ ᠣᠷᠣᠭᠤᠯᠪᠠ᠋; ᠲᠣᠭᠣᠷᠢᠨ ᠵᠤᠭᠠᠯᠠᠬᠤ ᠲᠦᠷᠢᠶᠡᠰᠦᠨ ᠮᠠᠰᠢᠨ ᠲᠡᠷᠭᠡ᠂ ᠬᠥᠩᠭᠡᠨ ᠬᠡᠯᠪᠡᠷᠢ᠎ᠶᠢᠨ ᠰᠢᠤᠳᠠᠨ᠎ᠤ ᠲᠡᠷᠭᠡ᠂ ᠣᠷᠴᠢᠨ ᠲᠣᠭᠣᠷᠢᠨ᠎ᠤ ᠠᠷᠢᠭᠤᠨ ᠴᠡᠪᠡᠷ᠎ᠦᠨ ᠠᠵᠢᠯ ᠳ᠋ᠤ ᠬᠡᠷᠡᠭᠯᠡᠬᠦ ᠲᠡᠷᠭᠡ ᠬᠥᠰᠬᠡ᠎ᠶᠢ ᠴᠥᠮ ᠰᠢᠨ᠎ᠡ ᠡᠨᠧᠷᠭᠢ᠎ᠶᠢᠨ ᠮᠠᠰᠢᠨ ᠲᠡᠷᠭᠡ ᠪᠣᠯᠭᠠᠨ ᠰᠢᠨ᠎ᠡ᠎ᠪᠡᠷ ᠨᠡᠮᠡᠵᠤ ᠰᠢᠨᠡᠴᠢᠯᠡᠪᠡ᠃ ᠪᠡᠭᠡᠵᠢᠩ᠎ᠦᠨ ᠪᠥᠬᠥ ᠬᠣᠲᠠ᠎ᠳᠤ ᠨᠢᠭᠡᠨᠲᠡ ᠴᠠᠬᠢᠯᠭᠠᠨ ᠬᠥᠳᠡᠯᠭᠡᠭᠦᠷᠲᠦ ᠮᠠᠰᠢᠨ ᠲᠡᠷᠭᠡᠨ᠎ᠦ ᠲᠠᠰ᠎ᠡᠴᠡ ᠳᠠᠪᠠᠭᠰᠠᠨ ᠴᠠᠬᠢᠯᠭᠠᠨ ᠴᠡᠨᠡᠭᠯᠡᠬᠦ ᠥᠷᠲᠡᠭᠡ᠎ᠶᠢ 1044 ᠪᠠᠢᠭᠤᠯᠵᠤ᠂ ᠴᠠᠬᠢᠯᠭᠠᠨ ᠴᠡᠨᠡᠭᠯᠡᠬᠦ ᠵᠠᠯᠭᠠᠭᠠᠰᠤ᠎ᠶᠢ 11263 ᠰᠢᠨ᠎ᠡ᠎ᠪᠡᠷ ᠪᠠᠢᠭᠤᠯᠪᠠ᠃
ᠪᠣᠬᠢᠷᠲᠤᠯ ᠦᠭᠡᠢ᠎ᠪᠡᠷ ᠶᠠᠪᠤᠵᠤ ᠰᠠᠭᠤᠬᠤ ᠨᠢ ᠰᠢᠨ᠎ᠡ ᠬᠡᠪ ᠰᠤᠷᠲᠠᠯ ᠪᠣᠯᠵᠤ᠂ ᠦᠵᠡᠰᠬᠦᠯᠡᠩᠲᠦ ᠰᠠᠢᠬᠠᠨ ᠪᠡᠭᠡᠵᠢᠩ᠎ᠦᠨ ᠪᠦᠲᠦᠭᠡᠨ ᠪᠠᠢᠭᠤᠯᠤᠯᠲᠠ᠎ᠶᠢᠨ ᠦᠷ᠎ᠡ ᠪᠦᠲᠦᠮᠵᠢ ᠲᠤᠪᠤᠢᠮ᠎ᠠ ᠪᠤᠯᠪᠠ᠃ ᠣᠢᠷ᠎ᠠ᠎ᠶᠢᠨ ᠵᠢᠯ᠎ᠡᠴᠡ᠂ ᠪᠡᠭᠡᠵᠢᠩ ᠪᠣᠬᠢᠷᠲᠤᠯ᠎ᠢ ᠪᠠᠭᠠᠰᠬᠠᠬᠤ ᠨᠡᠭᠦᠷᠡᠰᠦᠲᠥ᠋ᠷᠥᠭᠴᠢ ᠵᠢᠨ ᠭᠠᠳᠠᠭᠰᠢᠯᠠᠭᠤᠯᠤᠯᠲᠠ᠎ᠶᠢ ᠪᠠᠭᠤᠷᠠᠭᠤᠯᠬᠤ ᠨᠣᠭᠣᠭᠠᠷᠠᠭᠤᠯᠤᠯᠲᠠ᠎ᠶᠢ ᠥᠷᠭᠡᠳᠬᠡᠬᠦ᠎ᠶᠢ ᠬᠠᠮᠵᠢᠯᠴᠠᠭᠤᠯᠤᠨ ᠦᠷ᠎ᠡ ᠠᠰᠢᠭ᠋᠎ᠢ ᠨᠡᠮᠡᠭᠳᠡᠭᠦᠯᠬᠦ᠎ᠶᠢ ᠦᠷᠭᠦᠯᠵᠢᠯᠡᠨ ᠠᠬᠢᠭᠤᠯᠵᠤ᠂ 2025 ᠣᠨ᠎ᠤ ᠠᠭᠤᠷ ᠠᠮᠢᠰᠬᠤᠯ ᠰᠠᠢᠬᠠᠨ ᠡᠳᠦᠷ᠎ᠦᠨ ᠲᠣᠭ᠎ᠠ᠎ᠶᠢᠨ ᠬᠠᠷᠢᠴᠠᠯ ᠠᠩᠬ᠎ᠠ ᠤᠳᠠᠭ᠎ᠠ 80% ᠵᠢ ᠳᠠᠪᠠᠵᠤ᠂ ᠨᠠᠷᠢᠨ ᠮᠥᠬᠥᠯᠢᠭᠲᠦ ᠪᠣᠳᠠᠰ᠎ᠤᠨ ᠵᠢᠯ᠎ᠦᠨ ᠳᠤᠮᠳᠠᠴᠢ ᠥᠳᠬᠡᠴᠡ 27 ᠮᠢᠺᠷᠥᠭ᠌ᠷᠠᠮ/ ᠪᠣᠰᠣᠭ᠎ᠠ ᠳᠥᠷᠪᠡᠯᠵᠢᠨ ᠮᠸᠲᠷ ᠲᠦ᠍ ᠬᠦᠷᠴᠦ᠂ 11.5% ᠪᠡᠷ ᠪᠠᠭᠤᠷᠠᠵᠤ᠂ ᠬᠢᠨᠠᠨ ᠬᠡᠮᠵᠢᠯᠲᠡ ᠵᠢᠨ ᠲᠡᠮᠳᠡᠭᠯᠡᠯ᠎ᠲᠠᠢ ᠪᠣᠯᠤᠭᠰᠠᠨ᠎ᠡᠴᠡ ᠨᠠᠭᠠᠰᠢᠬᠢ ᠬᠠᠮᠤᠭ᠎ᠤᠨ ᠰᠢᠯᠢᠳᠡᠭ ᠲᠦᠪᠰᠢᠨ᠎ᠢ ᠡᠭᠦᠳᠪᠡ᠃ ᠡᠭᠦᠨ᠎ᠡᠴᠡ ᠭᠠᠳᠠᠨ᠎ᠠ᠂ ᠪᠡᠭᠡᠵᠢᠩ ᠳᠡᠯᠡᠬᠡᠢ᠎ᠶᠢᠨ ᠪᠣᠬᠢᠷᠲᠤᠯ ᠦᠭᠡᠢ ᠠᠵᠤ ᠠᠬᠤᠢ᠎ᠶᠢᠨ ᠬᠡᠪ ᠳᠠᠭᠤᠷᠢᠶᠠᠯ᠎ᠤᠨ ᠬᠣᠲᠠ᠎ᠶᠢ ᠢᠳᠡᠪᠬᠢᠲᠡᠢ ᠴᠤᠭᠴᠠᠯᠠᠵᠤ᠂ ᠡᠨᠧᠷᠭᠢ᠎ᠶᠢᠨ ᠪᠦᠲᠦᠴᠡ᠎ᠶᠢ ᠦᠷᠭᠦᠯᠵᠢᠯᠡᠨ ᠰᠢᠯᠢᠳᠡᠭᠵᠢᠭᠦᠯᠵᠦ᠂ ᠪᠥᠬᠥ ᠵᠢᠯ᠎ᠳᠦ 440 ᠳ᠋ᠦᠩᠰᠢᠭᠤᠷ ᠺᠢᠯᠣᠸᠠᠲ ᠴᠠᠭ᠎ᠡᠴᠡ ᠳᠡᠭᠡᠭᠰᠢ ᠪᠤᠬᠢᠷᠳᠤᠯ ᠦᠬᠡᠢ ᠴᠠᠬᠢᠯᠭᠠᠨ᠎ᠢ ᠭᠠᠳᠠᠭ᠍ᠰᠢ ᠲᠣᠬᠢᠷᠠᠭᠤᠯᠵᠤ᠂ ᠪᠥᠬᠥ ᠬᠣᠲᠠ᠎ᠶᠢᠨ ᠳᠠᠬᠢᠨ ᠡᠭᠦᠰᠴᠦ ᠪᠣᠯᠬᠤ ᠡᠨᠧᠷᠭᠢ᠎ᠶᠢᠨ ᠬᠡᠷᠡᠭᠯᠡᠭᠡ᠎ᠶᠢᠨ ᠡᠵᠡᠯᠡᠬᠦ ᠬᠠᠷᠢᠴᠠᠯ 15%᠎ᠳᠤ ᠬᠥᠷᠪᠡ; ᠪᠣᠬᠢᠷᠲᠤᠯ ᠦᠭᠡᠢ ᠠᠵᠤ ᠠᠬᠤᠢᠯᠠᠯ 37.5%᠎ᠳᠦ ᠬᠦᠷᠴᠦ᠂ ᠠᠳᠠᠯᠢ ᠬᠤᠭᠤᠴᠠᠭᠠᠨ᠎ᠤ ᠬᠢ᠎ᠡᠴᠡ ᠵᠠᠭᠤᠨ᠎ᠤ ᠬᠠᠷᠢᠴᠠᠯ᠎ᠢᠶᠡᠷ 22.1 ᠬᠤᠪᠢ ᠳᠡᠭᠡᠭᠰᠢᠯᠡᠪᠡ᠃
2026 ᠣᠨ᠎ᠤ ᠪᠡᠭᠡᠵᠢᠩ ᠬᠤᠳᠠ᠎ᠶᠢᠨ ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ᠎ᠢ ᠦᠨᠳᠦᠰᠦᠯᠡᠪᠡᠯ᠂ 《ᠠᠷᠪᠠᠨ ᠲᠠᠪᠤᠳᠤᠭᠠᠷ ᠲᠠᠪᠤᠨ ᠵᠢᠯ》 ᠦ᠋ᠨ ᠡᠬᠢᠯᠡᠯᠲᠡ᠎ᠶᠢᠨ ᠵᠢᠯ᠎ᠳᠦ᠂ ᠪᠡᠭᠡᠵᠢᠩ ᠭᠣᠣᠯᠳᠠᠯᠭ᠎ᠠ᠎ᠲᠠᠢ ᠬᠦᠷᠢᠶᠡᠨ᠎ᠦ ᠡᠨᠧᠷᠭᠢ᠎ᠶᠢᠨ ᠠᠰᠢᠭ᠍ᠯᠠᠮᠵᠢ ᠨᠡᠭᠦᠷᠡᠰᠦᠲᠥ᠋ᠷᠥᠭᠴᠢ᠎ᠶᠢᠨ ᠠᠰᠢᠭ᠍ᠯᠠᠮᠵᠢ᠎ᠶᠢᠨ ᠲᠦᠪᠰᠢᠨ᠎ᠢ ᠪᠦᠬᠦ ᠬᠦᠴᠦᠨ᠎ᠢᠶᠡᠷ᠎ᠢᠶᠡᠨ ᠳᠡᠭᠡᠭᠰᠢᠯᠡᠭᠦᠯᠵᠦ᠂ ᠮᠠᠰᠢᠨ ᠲᠡᠷᠭᠡ ᠪᠣᠯᠣᠨ ᠵᠠᠮ ᠬᠠᠷᠢᠯᠴᠠᠭᠠᠨ᠎ᠤ ᠪᠤᠰᠤ ᠰᠢᠯᠵᠢᠬᠡ ᠮᠠᠰᠢᠨ ᠮᠧᠬᠠᠨᠢᠭ᠋ᠢ ᠰᠢᠨ᠎ᠡ ᠡᠨᠧᠷᠭᠢ ᠵᠢᠨ ᠪᠤᠯᠭᠠᠬᠤ ᠬᠠᠷᠢᠴᠠᠯ᠎ᠢ ᠳᠡᠭᠡᠭᠰᠢᠯᠡᠭᠦᠯᠬᠦ᠎ᠶᠢᠨ ᠬᠠᠮᠲᠤ ᠭᠣᠣᠯᠳᠠᠯᠭ᠎ᠠ᠎ᠲᠠᠢ ᠠᠵᠢᠯ ᠲᠦᠷᠦᠯ᠎ᠦᠨ ᠪᠣᠬᠢᠷᠲᠤᠯ ᠦᠭᠡᠢ ᠠᠵᠤ ᠠᠬᠤᠢᠯᠠᠯ᠎ᠢ ᠡᠭᠦᠳᠦᠨ ᠪᠠᠶ᠋ᠢᠭᠤᠯᠬᠤ᠎ᠶᠢ ᠠᠬᠢᠭᠤᠯᠤᠨ᠎ᠠ᠃ ᠪᠡᠭᠡᠵᠢᠩ ᠪᠠᠰᠠ 《0.1 ᠮᠢᠺᠷᠥᠭ᠌ᠷᠠᠮ》 ᠤ᠋ᠨ ᠪᠤᠭᠤᠮᠳᠠ ᠰᠢᠪᠲᠤᠯᠬᠤ ᠠᠵᠢᠯᠯᠠᠭ᠎ᠠ ᠵᠢ ᠭᠦᠨᠵᠡᠭᠡᠢᠷᠡᠭᠦᠯᠵᠦ᠂ ᠠᠭᠠᠷ᠎ᠤᠨ ᠴᠢᠨᠠᠷ ᠴᠢᠨᠰᠠᠭ᠎ᠠ᠎ᠶᠢ ᠤᠯᠠᠮ ᠨᠢᠭᠡ ᠠᠯᠬᠤᠮ ᠰᠠᠢᠵᠢᠷᠠᠭᠤᠯᠵᠤ᠂ 《ᠪᠠᠢᠨᠭᠭᠤ ᠵᠢᠨ ᠬᠥᠬᠡ ᠥᠩᠭᠡ》 ᠶ᠋ᠢ ᠪᠥᠬᠥ ᠬᠦᠴᠦᠨ᠎ᠢᠶᠡᠷ᠎ᠢᠶᠡᠨ ᠪᠡᠬᠢᠵᠢᠭᠦᠯᠬᠦ᠎ᠪᠡᠷ ᠪᠤᠢ᠃
(ᠰᠢᠨᠬᠤᠸᠠ ᠬᠣᠷᠢᠶ᠎ᠡ ᠵᠢᠨ ᠪᠡᠭᠡᠵᠢᠩ᠎ᠦᠨ 1 ᠰᠠᠷ᠎ᠠ᠎ᠶᠢᠨ 25᠎ᠤ᠋ ᠴᠠᠬᠢᠯᠭᠠᠨ ᠮᠡᠳᠡᠭᠡ)