ᠰᠠᠨᠠᠯ ᠬᠤᠷᠢᠶᠠᠬᠤ᠎ᠳᠠᠭᠠᠨ 《ᠦᠨᠡᠨ᠎ᠪᠤᠳᠠᠳᠠᠢ》 ᠪᠠᠢᠬᠤ ᠬᠡᠷᠡᠭ᠌ᠲᠡᠶ !
2026-01-28 10:26:55
ᠵᠣᠬᠢᠶᠠᠭ᠍ᠴᠢ᠄
ᠲᠠᠨ ᠱᠢᠩ ᠱᠢᠩ ᠸᠠᠩ ᠴᠦ ᠷᠠᠨ
ᠣᠩᠱᠢᠭ᠍ᠰᠠᠨ ᠣᠳᠠᠭ᠎ᠠ᠄
★★★☆☆

ᠵᠢᠯ᠎ᠦᠨ ᠡᠴᠦᠰ ᠣᠨ᠎ᠤ ᠡᠬᠢ᠎ᠪᠡᠷ ᠮᠠᠰᠢ ᠣᠯᠠᠨ ᠰᠠᠯᠠᠭ᠎ᠠ ᠮᠥᠴᠢᠷ ᠪᠣᠯᠤᠨ ᠨᠢᠭᠡᠴᠢ ᠰᠠᠨᠠᠯ ᠬᠤᠷᠢᠶᠠᠬᠤ ᠠᠵᠢᠯᠯᠠᠭ᠎ᠠ ᠥᠷᠨᠢᠭᠦᠯᠵᠦ᠍᠂ ᠢᠯᠡ᠎ᠪᠡᠷ ᠰᠠᠨᠠᠯ ᠵᠥᠪᠯᠡᠯᠭᠡ ᠬᠤᠷᠢᠶᠠᠵᠤ᠂ ᠣᠯᠠᠨ᠎ᠤ ᠣᠶᠤᠨ ᠤᠬᠠᠭᠠᠨ᠎ᠢ ᠲᠥᠪᠯᠡᠷᠡᠭᠦᠯᠦᠨ᠂ ᠠᠵᠢᠯ᠎ᠤᠨ ᠶᠠᠰᠤ ᠴᠢᠨᠠᠷ᠎ᠢᠶᠠᠨ ᠳᠡᠭᠡᠭ᠌ᠰᠢᠯᠡᠭᠦᠯᠬᠦ᠌ ᠵᠢ ᠵᠤᠷᠢᠵᠠᠢ᠃ ᠭᠡᠪᠡᠴᠦ᠍ ᠪᠣᠳᠠᠲᠠᠶ ᠬᠡᠷᠡᠭ᠌ᠵᠢᠭᠦᠯᠬᠦ᠌ ᠶᠠᠪᠤᠴᠠ᠎ᠳᠤ᠂ ᠵᠠᠷᠢᠮ ᠰᠠᠯᠠᠭ᠎ᠠ ᠮᠥᠴᠢᠷ ᠨᠢ ᠬᠠᠷᠢᠨ 《ᠳᠠᠷᠤᠤ ᠬᠢᠴᠢᠶᠡᠩᠭᠦᠶ᠎ᠪᠡᠷ ᠭᠥᠯᠢᠶᠡᠨ ᠠᠪᠤᠨ᠎ᠠ᠂ ᠬᠡᠪᠡᠴᠤ ᠶᠠᠭᠠᠬᠢᠬᠰᠠᠨ ᠴᠤ᠌ ᠵᠠᠯᠠᠷᠠᠭᠤᠯᠬᠤ ᠥᠬᠡᠶ》᠂ 《ᠰᠠᠨᠠᠯ ᠪᠠᠢᠬᠤ ᠡᠰᠡᠬᠦ᠌ ᠨᠢ ᠴᠢᠨᠦ᠍ ᠤᠴᠢᠷ᠂ ᠬᠦᠯᠢᠶᠡᠵᠦ ᠠᠪᠬᠤ ᠡᠰᠡᠬᠦ᠌ ᠨᠢ ᠴᠢᠮ᠎ᠠ᠎ᠲᠠᠶ ᠬᠠᠮᠢᠶ᠎ᠠ ᠥᠬᠡᠶ ᠶᠠᠪᠤᠳᠠᠯ》 ᠬᠡᠵᠤ ᠦᠯᠤ ᠤᠢᠰᠢᠶᠠᠨ᠂ ᠰᠠᠨᠠᠯ ᠬᠤᠷᠢᠶᠠᠬᠤ ᠨᠢ ᠶᠠᠪᠤᠴᠠ ᠵᠢ ᠥᠩᠭᠡᠷᠡᠭᠦᠯᠬᠦ ᠦᠩᠬᠡᠨ ᠲᠠᠯ᠎ᠠ ᠵᠢᠨ ᠶᠠᠪᠤᠳᠠᠯ ᠪᠣᠯᠵᠠᠶ᠃

ᠰᠤᠷᠪᠤᠯᠵᠢᠯᠠᠭ᠍ᠴᠢ ᠪᠠᠢᠴᠠᠭᠠᠨ ᠰᠤᠳᠤᠯᠤᠯᠲᠠ ᠬᠢᠵᠤ ᠢᠯᠡᠷᠡᠬᠦᠯᠦᠭᠰᠡᠨ᠎ᠢᠶᠡᠷ᠂ ᠴᠥᠭᠡᠨ ᠪᠤᠰᠤ 《ᠰᠠᠨᠠᠯ ᠬᠤᠷᠢᠶᠠᠬᠤ》 ᠭᠡᠳᠡᠭ ᠨᠢ ᠦᠨᠡᠨ᠎ᠬᠦ ᠰᠠᠨᠠᠯ ᠬᠤᠷᠢᠶᠠᠵᠤ ᠪᠠᠢᠭ᠎ᠠ ᠪᠢᠰᠢ᠃ ᠵᠠᠷᠢᠮ ᠨᠢ ᠰᠠᠨᠠᠯ᠎ᠢᠶᠠᠨ ᠲᠣᠭ᠍ᠲᠠᠭ᠍ᠰᠠᠨ ᠢᠮᠧᠯ᠎ᠳᠦ ᠶᠠᠪᠤᠭᠤᠯᠬᠤ ᠵᠢ ᠱᠠᠭᠠᠷᠳᠠᠭᠰᠠᠨ ᠪᠤᠯᠪᠠᠴᠤ ᠬᠦᠯᠢᠶᠡᠵᠤ ᠤᠯᠤᠬᠰᠠᠨ ᠢᠮᠧᠯ ᠨᠢ ᠤᠷᠲᠤ ᠬᠤᠭᠤᠴᠠᠭ᠎ᠠ᠎ᠪᠠᠷ 《ᠬᠠᠷᠠᠬᠠᠨ ᠤᠩᠱᠢᠭ᠎ᠠ ᠦᠭᠡᠢ》 ᠪᠠᠢᠳᠠᠯ᠎ᠳᠤ ᠣᠷᠣᠱᠢᠵᠤ ᠪᠠᠢᠳᠠᠭ; ᠵᠠᠷᠢᠮ ᠨᠢ 《ᠰᠢᠭᠰᠢᠬᠦ ᠬᠡᠯᠪᠡᠷᠢ》 ᠪᠡᠷ ᠰᠠᠨᠠᠯ ᠬᠤᠷᠢᠶᠠᠵᠤ᠂ ᠵᠥᠪᠬᠡᠨ 《ᠥᠪᠡᠷ᠎ᠦᠨ ᠬᠥᠮᠦᠨ》 ᠢ᠋ᠶ᠋ᠡᠨ ᠡᠷᠢᠵᠦ᠍᠂ ᠪᠢᠲᠡᠭᠦᠮᠵᠢᠯᠡᠭ᠌ᠰᠡᠨ ᠵᠢᠵᠢᠭ ᠪᠦᠯᠬᠦᠮ ᠳᠤᠳᠤᠷ᠎ᠠ ᠪᠠᠨ 《ᠰᠠᠨᠠᠯ᠎ᠢᠶᠠᠨ ᠨᠢᠭᠡᠳᠭᠡᠵᠦ》 ᠪᠠᠢᠨ᠎ᠠ; ᠵᠠᠷᠢᠮ ᠨᠢ  《ᠬᠠᠷᠢᠭᠤᠴᠠᠯᠭ᠎ᠠ ᠪᠠᠨ ᠵᠠᠢᠯᠠᠭᠤᠯᠬᠤ ᠮᠠᠶᠢᠭ》 ᠢ᠋ᠶ᠋ᠡᠷ ᠰᠠᠨᠠᠯ ᠬᠤᠷᠢᠶᠠᠵᠤ᠂ ᠥᠩᠭᠡᠨ ᠳᠡᠭᠡᠷ᠎ᠡ᠎ᠪᠡᠨ ᠠᠷᠭ᠎ᠠ ᠪᠣᠳᠣᠯᠭ᠎ᠠ᠎ᠶ᠋ᠢ ᠠᠷᠠᠳ ᠡᠴᠡ ᠠᠰᠠᠭᠤᠵᠤ ᠪᠠᠢᠭ᠎ᠠ ᠪᠤᠯᠪᠠᠴᠤ᠂ ᠡᠨᠡ ᠨᠢ ᠦᠨᠡᠨ᠎ᠳᠡᠭᠡᠨ ᠱᠢᠶ᠋ᠳᠪᠦᠷᠢᠲᠦ ᠪᠣᠳᠣᠯᠭ᠎ᠠ᠎ᠶ᠋ᠢᠨ ᠠᠯᠳᠠᠬᠳᠠᠯ ᠭᠠᠷᠪᠠᠯ 《ᠨᠢᠭᠡᠨᠲᠡ ᠰᠠᠨᠠᠯ ᠬᠤᠷᠢᠶᠠᠭ᠍ᠰᠠᠨ》 ᠭᠡᠳᠡᠭ᠎ᠢᠶᠡᠷ ᠱᠢᠯᠲᠠᠭ ᠪᠣᠯᠭᠠᠵᠤ ᠬᠠᠷᠢᠭᠤᠴᠠᠯᠭ᠎ᠠ᠎ᠪᠠᠨ ᠲᠦᠯᠬᠢᠬᠦ᠎ᠶᠢᠨ ᠲᠦᠯᠦᠭᠡ ᠶᠤᠮ; ᠪᠠᠰᠠ ᠵᠠᠷᠢᠮ ᠨᠢ 《ᠲᠤᠬᠳᠠᠬᠰᠠᠨ ᠬᠤᠭᠤᠴᠠᠭ᠎ᠠ ᠳᠤᠳᠤᠷ᠎ᠠ ᠠᠮᠵᠢᠭᠤᠯᠬᠤ》 ᠪᠡᠷ ᠰᠠᠨᠳᠤᠷᠴᠤ᠂ ᠭᠠᠷᠠᠭ᠎ᠤᠨ ᠲᠠᠪᠤᠨ᠎ᠳᠤᠨᠢ ᠰᠠᠨᠠᠯ ᠬᠤᠷᠢᠶᠠᠬᠤ ᠮᠡᠳᠡᠭ᠌ᠳᠡᠯ ᠪᠠᠭᠤᠯᠭᠠᠭᠠᠳ᠂ ᠭᠠᠷᠠᠭ᠎ᠤᠨ ᠵᠢᠷᠭᠤᠭᠠᠨ᠎ᠳᠤᠨᠢ ᠬᠠᠷᠢᠭᠤ ᠦᠭᠬᠦ ᠵᠢ ᠱᠠᠭᠠᠷᠳᠠᠨ᠎ᠠ  ᠁

ᠰᠠᠨᠠᠯ ᠬᠤᠷᠢᠶᠠᠬᠤ ᠨᠢ ᠠᠷᠭ᠎ᠠ ᠪᠣᠳᠣᠯᠭ᠎ᠠ᠎ᠶ᠋ᠢ ᠠᠷᠠᠳ ᠡᠴᠡ ᠠᠰᠠᠭᠤᠬᠤ ᠠᠵᠢᠯᠯᠠᠭ᠎ᠠ ᠪᠣᠯᠤᠭ᠍ᠰᠠᠨ᠎ᠤ ᠬᠤᠪᠢ᠎ᠳᠤ᠂ ᠦᠨᠡᠨ᠎ᠳᠡᠭᠡᠨ ᠨᠡᠢᠭᠡᠮ᠎ᠦᠨ ᠡᠯ᠎ᠡ ᠡᠲᠡᠭᠡᠳ᠎ᠦᠨ ᠣᠶᠤᠨ ᠤᠬᠠᠭᠠᠨ ᠪᠠ ᠬᠦᠰᠡᠯ ᠱᠠᠭᠠᠷᠳᠠᠯᠭ᠎ᠠ᠎ᠶ᠋ᠢ ᠥᠷᠭᠡᠨ᠎ᠢᠶᠡᠷ ᠱᠢᠩᠭᠡᠭᠡᠨ ᠠᠪᠬᠤ᠎ᠪᠠᠷ ᠳᠠᠮᠵᠢᠨ᠂ ᠬᠠᠮᠤᠭ ᠡᠴᠦᠰ᠎ᠲᠦ ᠨᠡᠢᠲᠡᠯᠡᠭ᠌ᠰᠡᠨ ᠪᠢᠴᠢᠭ ᠮᠠᠲ᠋ᠧᠷᠢᠶᠠᠯ᠎ᠢ ᠨᠠᠩ ᠱᠢᠨᠵᠢᠯᠡᠬᠦ᠌ ᠤᠬᠠᠭᠠᠨᠴᠢ ᠪᠥᠭᠡᠳ ᠵᠦᠶ ᠵᠣᠬᠢᠰᠲᠠᠶ᠂ ᠨᠠᠩ ᠪᠣᠳᠠᠲᠠᠶ᠎ᠳᠤ ᠨᠡᠢᠴᠡᠬᠦᠯᠵᠤ᠂ ᠬᠣᠯᠪᠣᠭ᠍ᠳᠠᠯ ᠪᠥᠬᠥᠶ ᠲᠥᠷᠥ᠎ᠶ᠋ᠢᠨ ᠪᠣᠳᠣᠯᠭ᠎ᠠ᠎ᠶ᠋ᠢ ᠨᠠᠩ ᠰᠠᠢᠳᠤᠷ ᠦᠢᠯᠡᠳᠦᠯ ᠦᠵᠡᠬᠦᠯᠵᠤ᠂ ᠨᠠᠩ ᠠᠮᠠᠷᠬᠠᠨ ᠨᠠᠢᠳᠠᠪᠤᠷᠢᠵᠢᠭᠤᠯᠬᠤ ᠪᠡᠷ ᠵᠤᠷᠢᠯᠭ᠎ᠠ ᠪᠤᠯᠭᠠᠬᠰᠠᠨ ᠶᠠᠪᠤᠳᠠᠯ ᠪᠣᠯᠪᠠᠴᠤ᠌᠂ ᠵᠠᠷᠢᠮ ᠭᠠᠵᠠᠷ ᠣᠷᠣᠨ ᠪᠠ ᠰᠠᠯᠠᠭ᠎ᠠ ᠮᠥᠴᠢᠷ᠎ᠲᠦ ᠬᠠᠷᠢᠨ ᠤᠳᠬ᠎ᠠ ᠰᠠᠨᠠᠭ᠎ᠠ ᠨᠢ ᠥᠭᠡᠷᠡᠲᠦᠭ᠌ᠰᠡᠨ ᠪᠠᠢᠨ᠎ᠠ᠃ ᠡᠢᠮᠦᠷᠬᠦᠦ 《ᠶᠠᠪᠤᠴᠠ ᠦᠩᠬᠡᠷᠡᠬᠦᠯᠬᠦ》 ᠮᠠᠶᠢᠭ᠎ᠢᠶᠠᠷ ᠰᠠᠨᠠᠯ ᠬᠤᠷᠢᠶᠠᠬᠤ ᠨᠢ ᠱᠢᠨᠵᠢᠯᠡᠬᠦ᠌ ᠤᠬᠠᠭᠠᠨᠴᠢ᠎ᠪᠠᠷ ᠱᠢᠶ᠋ᠳᠪᠦᠷᠢᠲᠦ ᠪᠣᠳᠣᠯᠭ᠎ᠠ ᠲᠣᠭ᠍ᠲᠠᠭᠠᠬᠤ᠎ᠳᠤ ᠠᠱᠢᠭ ᠥᠬᠡᠶ ᠮᠥᠷᠲᠡᠭᠡᠨ ᠠᠷᠠᠳ᠎ᠤᠨ ᠰᠡᠳᠭᠢᠯ᠎ᠢ ᠬᠥᠷᠥᠭᠡᠵᠦ᠍᠂ ᠦᠨᠳᠦᠰᠦᠨ ᠱᠠᠲᠤᠨ᠎ᠤ ᠵᠠᠰᠠᠯᠲᠠ᠎ᠶ᠋ᠢᠨ ᠣᠯᠠᠨ ᠨᠡᠢᠲᠡ᠎ᠶ᠋ᠢ ᠢᠲᠡᠭᠡᠭᠦᠯᠬᠦ᠌ ᠬᠦᠴᠦᠨ᠎ᠢ ᠬᠣᠬᠢᠷᠠᠭᠤᠯᠬᠤ ᠪᠣᠯᠤᠨ᠎ᠠ᠃ ᠦᠨᠳᠦᠰᠦᠨ᠎ᠡᠴᠡ ᠨᠢ ᠠᠪᠴᠤ᠌ ᠬᠡᠯᠡᠪᠡᠯ᠂ ᠵᠠᠷᠢᠮ ᠰᠠᠯᠠᠭ᠎ᠠ ᠮᠥᠴᠢᠷ ᠪᠠ ᠨᠢᠭᠡᠴᠢ᠎ᠶ᠋ᠢᠨ ᠨᠣᠶᠠᠨᠴᠢ ᠰᠤᠷᠲᠠᠯ᠂ ᠬᠡᠯᠪᠡᠷᠢᠴᠢ ᠦᠵᠡᠯ ᠮᠠᠭᠤ ᠨᠦᠯᠦᠬᠡ ᠦᠵᠡᠬᠦᠯᠵᠤ ᠪᠠᠢᠨ᠎ᠠ᠃

ᠰᠠᠨᠠᠯ ᠬᠤᠷᠢᠶᠠᠬᠤ᠎ᠳᠦ 《ᠬᠤᠷᠢᠶᠠᠴᠢᠬᠠᠭᠠᠳ ᠬᠡᠷᠡᠭ᠌ᠯᠡᠬᠦ᠌ ᠦᠭᠡᠶ ᠠᠰᠠᠭᠤᠴᠢᠬᠠᠭᠠᠳ ᠣᠢᠱᠢᠶᠠᠬᠤ ᠦᠭᠡᠶ》 ᠪᠠᠢᠬᠤ ᠠᠷᠬᠠᠭ ᠬᠡᠮ᠎ᠢ ᠦᠨᠳᠦᠰᠦᠨ᠎ᠡᠴᠡ ᠨᠢ ᠵᠠᠰᠠᠬᠤ᠎ᠳᠤ 《ᠦᠨᠡᠨ ᠪᠠᠢᠬᠤ》 ᠲᠡᠬᠡᠷ᠎ᠡ ᠨᠠᠷᠢᠨ ᠬᠢᠨᠠᠮᠠᠭᠠᠢ  ᠤᠷᠤᠵᠤ᠂ ᠲᠦᠷᠢᠮ᠎ᠦᠨ ᠬᠠᠲᠠᠭᠤ ᠴᠢᠨᠠᠷ᠎ᠢ ᠴᠢᠩᠭᠠᠳᠭᠠᠬᠤ᠎ᠪᠠᠷ ᠳᠠᠮᠵᠢᠨ᠂ ᠣᠯᠠᠨ ᠲᠦᠮᠡᠨ᠎ᠦ ᠬᠠᠨᠤᠮᠵᠢ ᠲᠠᠢ ᠪᠠᠢᠬᠤ ᠬᠡᠮᠵᠢᠶ᠎ᠡ᠎ᠪᠡᠷ ᠴᠢᠬᠤᠯᠠ ᠪᠠᠷᠢᠮᠵᠢᠶ᠎ᠠ ᠪᠣᠯᠭᠠᠵᠤ᠂ ᠲᠤᠱᠢᠶᠠᠯ ᠬᠠᠷᠢᠭᠤᠴᠠᠯᠭ᠎ᠠ ᠪᠠᠨ ᠭᠦᠶ᠋ᠴᠡᠳᠭᠡᠬᠦ᠌ ᠭᠤᠤᠯ ᠬᠠᠷᠠᠯᠳᠠ ᠵᠢ ᠣᠨᠢᠯᠠᠵᠤ᠂ 《ᠦᠨᠡᠨ ᠬᠦ᠌ ᠰᠠᠨᠠᠯ ᠬᠤᠷᠢᠶᠠᠵᠤ᠂ ᠦᠨᠡᠨ ᠪᠤᠳᠠᠳᠠᠢ ᠰᠠᠨᠠᠯ ᠬᠤᠷᠢᠶᠠᠬᠤ》᠎ᠢ᠋ ᠪᠠᠲᠤᠯᠠᠬᠤ ᠬᠡᠷᠡᠭ᠌ᠲᠡᠶ᠃ 《ᠪᠣᠳᠠᠲᠠᠢ ᠪᠠᠢᠬᠤ》 ᠳᠡᠭᠡᠷ᠎ᠡ ᠬᠦᠴᠦᠯᠡᠵᠦ᠍᠂ ᠰᠠᠨᠠᠯ ᠬᠤᠷᠢᠶᠠᠵᠤ ᠴᠤᠭ᠍ᠯᠠᠭᠤᠯᠤᠭ᠍ᠰᠠᠨ᠂ ᠬᠦᠯᠢᠶᠠᠨ ᠠᠪᠤᠭ᠍ᠰᠠᠨ ᠪᠠ ᠨᠠᠢᠳᠠᠪᠤᠷᠢᠵᠢᠭᠤᠯᠤᠭ᠍ᠰᠠᠨ ᠪᠠᠢᠳᠠᠯ᠎ᠢ ᠵᠠᠰᠠᠭ᠎ᠤᠨ ᠶᠠᠪᠤᠳᠠᠯ᠎ᠢ ᠢᠯᠡ ᠪᠣᠯᠭᠠᠬᠤ ᠬᠡᠪᠴᠢᠶ᠎ᠠ᠎ᠳᠤ ᠣᠷᠣᠭᠤᠯᠵᠤ᠂ ᠤᠯᠠᠨ ᠨᠡᠢᠲᠡ᠎ᠶ᠋ᠢᠨ ᠣᠷᠣᠯᠴᠠᠬᠤ ᠲᠦᠷᠦᠭ᠌ᠳᠡᠯ ᠪᠠ ᠬᠦᠷᠲᠡᠮᠵᠢ᠎ᠶ᠋ᠢᠨ ᠲᠦᠷᠦᠭ᠌ᠳᠡᠯ᠎ᠢ ᠨᠡᠮᠡᠭ᠌ᠳᠡᠭᠦᠯᠬᠦ᠌᠎ᠪᠡᠷ ᠪᠠᠷᠠᠬᠤ ᠦᠭᠡᠢ ᠪᠠᠰᠠ ᠰᠠᠨᠠᠯ ᠬᠤᠷᠢᠶᠠᠬᠴᠢ ᠵᠢᠨ ᠠᠵᠢᠯ᠎ᠤᠨ ᠶᠠᠰᠤ ᠴᠢᠨᠠᠷ ᠪᠠ ᠦᠷ᠎ᠡ ᠪᠦᠲᠦᠮᠵᠢ᠎ᠪᠡᠨ ᠳᠡᠭᠡᠭ᠌ᠰᠢᠯᠡᠭᠦᠯᠬᠦ᠌᠎ᠶ᠋ᠢ ᠭᠡᠳᠡᠷᠬᠦ᠌ ᠱᠢᠬᠠᠮᠳᠠᠭᠤᠯᠬᠤ ᠬᠡᠷᠡᠭ᠌ᠲᠡᠢ᠃ ᠪᠠᠰᠠ ᠱᠠᠭᠠᠷᠳᠠᠨ ᠪᠠᠢᠴᠠᠭᠠᠬᠤ ᠡᠷᠴᠢᠮ᠎ᠢᠶᠡᠨ ᠴᠢᠩᠭᠠᠷᠠᠭᠤᠯᠵᠤ᠂ ᠰᠠᠨᠠᠯ ᠬᠤᠷᠢᠶᠠᠬᠤ ᠶᠠᠪᠤᠳᠠᠯ᠎ᠢ 《ᠶᠠᠪᠤᠴᠠ ᠥᠩᠭᠡᠷᠡᠭᠦᠯᠬᠦ᠌》 ᠠᠵᠢᠯᠯᠠᠭ᠎ᠠ ᠪᠤᠯᠭᠠᠬᠤ᠎ᠶ᠋ᠢ ᠴᠢᠩᠭ᠎ᠠ ᠪᠠᠢᠴᠠᠭᠠᠨ ᠱᠢᠢᠳᠪᠦᠷᠢᠯᠡᠬᠦ᠌ ᠬᠡᠷᠡᠭ᠌ᠲᠡᠢ᠃

《 ᠪᠤᠰᠤᠳ᠎ᠤᠨ ᠰᠢᠭᠦᠮᠵᠢᠯᠡᠯ᠎ᠢ ᠪᠠᠶᠠᠷ ᠳᠠᠢ ᠪᠡᠷ ᠬᠦᠯᠢᠶᠡᠬᠦ》 ᠬᠡᠭᠦᠳᠡᠭ ᠴᠡᠭᠡᠵᠢ᠂ 《ᠤᠰᠤᠯ᠎ᠢᠶᠡᠨ ᠮᠡᠳᠡᠭᠡᠳ ᠨᠢᠭᠤᠬᠤ ᠦᠭᠡᠢ》 ᠣᠪᠣᠷ ᠪᠠ 《ᠠᠯᠳᠠᠭ᠎ᠠ ᠪᠠᠨ ᠵᠠᠯᠠᠷᠠᠭᠤᠯᠬᠤ ᠡᠴᠡ ᠵᠢᠷᠦᠬᠡᠱᠢᠶᠡᠬᠦ᠌ ᠦᠭᠡᠢ》 ᠪᠠᠢᠬᠤ ᠭᠦᠢᠴᠡᠳᠭᠡᠬᠦ᠌ ᠬᠦᠴᠦᠨ᠎ᠢ ᠢᠯᠡᠷᠡᠬᠦᠯᠵᠤ᠂ ᠰᠠᠨᠠᠯ ᠨᠢᠬᠡ ᠪᠦᠷᠢ᠎ᠵᠢ ᠨᠠᠷᠢᠨ ᠬᠢᠨᠠᠮᠠᠭᠠᠢ ᠰᠣᠨᠣᠰᠴᠤ᠌᠂ ᠨᠠᠷᠢᠨ ᠬᠢᠨᠠᠮᠠᠭᠠᠢ ᠬᠠᠨᠳᠤᠪᠠᠯ᠂ ᠰᠠᠨᠠᠯ ᠬᠤᠷᠢᠶᠠᠬᠤ ᠠᠵᠢᠯ ᠨᠢ ᠰᠠᠶᠢ ᠠᠷᠠᠳ᠎ᠤᠨ ᠤᠶᠤᠨ ᠤᠬᠠᠭᠠᠨ᠎ᠢ ᠨᠢᠭ᠍ᠲᠠᠷᠠᠭᠤᠯᠬᠤ᠂ ᠬᠠᠮᠲᠤ᠎ᠶ᠋ᠢᠨ ᠲᠠᠨᠢᠯᠲᠠ᠎ᠶ᠋ᠢ ᠨᠢᠭ᠍ᠲᠠᠷᠠᠭᠤᠯᠬᠤ᠂ ᠵᠠᠰᠠᠯᠲᠠ᠎ᠶ᠋ᠢ ᠱᠢᠯᠢᠳᠡᠭ᠌ᠵᠢᠭᠦᠯᠬᠦ᠌ ᠠᠮᠢᠳᠤᠯᠢᠭ ᠦᠢᠯᠡᠳᠦᠯᠭᠡ ᠪᠤᠯᠵᠤ ᠴᠢᠳᠠᠨ᠎ᠠ᠃

(ᠱᠢᠨᠬᠤᠸᠠ ᠬᠤᠷᠢᠶ᠎ᠠ᠎ᠶᠢᠨ ᠪᠡᠭᠡᠵᠢᠩ᠎ᠤᠨ 1 ᠰᠠᠷ᠎ᠠ᠎ᠶᠢᠨ 26 ᠤ᠋ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号