ᠬᠦᠳᠡᠯᠮᠦᠷᠢᠴᠢᠨ᠎ᠤ ᠲᠠᠭᠤᠯᠠᠯ᠂ ᠡᠨᠡ ᠲᠡᠯᠡᠭᠡᠢ ᠵᠢᠨ ᠬᠠᠮᠤᠭ᠎ᠤᠨ ᠰᠠᠢᠬᠠᠨ ᠲᠠᠭᠤᠤ
2026-01-29 09:55:13
ᠵᠣᠬᠢᠶᠠᠭ᠍ᠴᠢ᠄
ᠵᠤᠷᠢᠬᠳᠤ
ᠣᠩᠱᠢᠭ᠍ᠰᠠᠨ ᠣᠳᠠᠭ᠎ᠠ᠄
★★★☆☆

ᠠᠮᠢᠳᠤᠷᠠᠯ ᠎ᠢ ᠰᠤᠯᠤᠩᠭᠠᠨ ᠲᠤᠯᠤᠭᠠᠨ ᠦᠩᠭᠡ ᠲᠠᠢ ᠦᠵᠡᠮᠵᠢ ᠪᠦᠷᠢᠳᠦᠭᠰᠡᠨ ᠤᠷᠠᠨ ᠵᠢᠷᠤᠭ ᠭᠡᠪᠡᠯ ᠬᠦᠳᠡᠯᠮᠦᠷᠢ ᠲᠡᠭᠦᠨ᠎ᠤ ᠪᠤᠳᠤᠭ ᠨᠢ ᠪᠠᠢᠭ᠎ᠠ ᠶᠤᠮ᠃ ᠠᠮᠢᠳᠤᠷᠠᠯ᠎ᠢ ᠬᠡᠷᠪᠡ ᠠᠶᠠᠯᠭᠤ ᠡᠭᠡᠰᠢᠭ ᠤᠶᠠᠩᠭᠠᠷᠠᠭᠰᠠᠨ ᠠᠷᠠᠳ᠎ᠤᠨ ᠰᠠᠢᠬᠠᠨ ᠲᠠᠭᠤᠤ ᠭᠡᠪᠡᠯ ᠬᠦᠳᠡᠯᠮᠦᠷᠢ ᠲᠡᠭᠦᠨ᠎ᠤ ᠨᠤᠲ ᠨᠢ ᠪᠠᠢᠭ᠎ᠠ ᠶᠤᠮ᠃ ᠰᠠᠷᠠᠭᠤᠯ ᠭᠡᠭᠡᠨ᠂ ᠦᠶᠦᠭ ᠲᠠᠩᠰᠤᠭ ᠰᠠᠢᠨ ᠰᠠᠢᠬᠠᠨ᠎ᠢ ᠵᠤᠷᠢᠭᠰᠠᠨ ᠠᠮᠢᠳᠤᠷᠠᠯ ᠠᠯᠢ ᠦᠶ᠎ᠡ ᠳ᠋ᠦ ᠴᠦ᠍ ᠭᠡᠰᠡᠨ ᠬᠦᠳᠡᠯᠮᠤᠷᠢ ᠡᠴᠡ ᠰᠠᠯᠤᠭ᠎ᠠ ᠦᠭᠡᠢ᠃ ᠰᠠᠨᠠᠭ᠎ᠠ ᠳᠠᠢᠪᠤᠩ᠂ ᠭᠡᠳᠡᠰᠦ ᠴᠠᠳᠬᠤᠯᠠᠩ ᠠᠮᠢᠳᠤ ᠤᠷᠤᠰᠢᠬᠤᠢ ᠵᠢᠨ ᠲᠦᠯᠦᠭᠡᠨ᠎ᠤ ᠲᠡᠯᠴᠢᠯᠡᠯ ᠡᠴᠡ ᠰᠠᠷᠠᠨ ᠨᠠᠷᠠᠨ᠎ᠢ ᠵᠠᠬᠢᠷᠴᠦ ᠠᠮᠤᠭᠤᠯᠠᠩ ᠶᠢᠷᠳᠢᠨᠴᠦ ᠪᠤᠯᠭᠠᠬᠤ ᠠᠭᠤᠤ ᠦᠢᠯᠡᠰ ᠴᠦ᠍ ᠬᠦᠳᠡᠯᠮᠦᠷᠢ ᠡᠴᠠ ᠰᠠᠯᠤᠰᠢ ᠦᠭᠡᠢ᠃ ᠬᠦᠮᠦᠨ ᠲᠦᠷᠦᠯᠬᠢᠳᠡᠨ ᠬᠦᠳᠡᠯᠮᠤᠷᠢ ᠲᠠᠢ ᠬᠠᠮᠳᠤ ᠡᠭᠦᠰᠦᠭᠰᠡᠨ ᠪᠤᠯᠬᠤᠷ ᠬᠦᠳᠡᠯᠮᠤᠷᠢ ᠲᠡᠭᠡᠬᠦ ᠪᠠᠷ ᠤᠷᠳᠤ ᠨᠠᠰᠤᠳᠠᠢ᠃

ᠲᠠᠪᠤᠨ ᠬᠤᠰᠢᠭᠤ ᠮᠠᠯ ᠲᠠᠷᠬᠠᠨ ᠪᠡᠯᠴᠢᠭᠰᠡᠨ ᠬᠦᠯᠭᠡᠨ ᠶᠡᠭᠡ ᠲᠠᠯ᠎ᠠ ᠳ᠋ᠦ ᠬᠦᠳᠡᠯᠮᠦᠷᠢ ᠪᠠᠢᠬᠰᠠᠨ ᠡᠴᠡ ᠬᠦᠨᠦᠭ ᠲᠠᠢ ᠰᠦ ᠬᠦᠬᠡᠰᠦᠷᠡᠵᠦ᠂ ᠰᠦᠷᠦᠭ ᠮᠠᠯ ᠦᠷᠡᠵᠢᠵᠤ᠂ ᠲᠡᠭᠦᠨ᠎ᠤ ᠡᠵᠡᠨ ᠮᠠᠯᠴᠢᠨ ᠬᠦᠮᠦᠨ᠎ᠤ ᠮᠠᠩᠨᠠᠢ ᠳ᠋ᠦ ᠵᠢᠷᠭᠠᠯ ᠤ᠋ᠨ ᠲᠤᠶᠠᠭ᠎ᠠ ᠲᠠᠳᠠᠨ᠎ᠠ᠂ ᠲᠠᠪᠤᠨ ᠲᠠᠷᠢᠶ᠎ᠡ ᠬᠠᠯᠢᠭᠤᠷᠠᠭᠰᠠᠨ ᠠᠯᠳᠠᠨ ᠭᠤᠪᠢ ᠬᠦᠨᠳᠡᠢ ᠳ᠋ᠦ ᠬᠦᠳᠡᠯᠮᠦᠷᠢ ᠪᠠᠢᠬᠰᠠᠨ ᠡᠴᠡ ᠡᠯᠪᠡᠭ ᠬᠤᠷᠢᠶᠠᠯᠳᠠ ᠵᠢᠨ ᠲᠠᠭᠤᠤ ᠡᠬᠡ ᠭᠠᠵᠠᠷ ᠲᠠᠭᠠᠨ ᠴᠤᠤᠷᠢᠶᠡᠳᠦᠵᠤ ᠲᠠᠷᠢᠶᠠᠴᠢᠨ ᠬᠦᠮᠦᠨ᠎ᠤ ᠰᠡᠳᠬᠢᠯ ᠪᠠᠶᠠᠷ ᠵᠢᠷᠭᠠᠯ ᠵᠢᠡᠷ ᠲᠦᠭᠦᠷᠡᠩ᠃ ᠬᠦᠮᠦᠨ ᠬᠠᠷ᠎ᠠ ᠰᠡᠢᠷᠡᠭ ᠬᠦᠳᠡᠭᠡ ᠨᠤᠳᠤᠭ ᠤ᠋ᠨ ᠠᠯᠢᠬᠠᠨ ᠭᠠᠵᠠᠷ ᠡᠴᠡ ᠬᠦᠰᠭᠡ ᠲᠡᠷᠭᠡ ᠵᠦᠷᠢᠯᠳᠦᠵᠦ ᠬᠦᠮᠦᠨ ᠵᠤᠨ ᠪᠤᠵᠢᠭᠢᠨᠠᠭᠰᠠᠨ ᠬᠦᠭᠵᠢᠶᠡᠨ ᠱᠤᠤᠬᠢᠶᠠᠨ ᠶᠡᠭᠡ ᠲᠠᠢ ᠬᠤᠳᠠ ᠰᠠᠭᠤᠷᠢᠨ ᠬᠦᠷᠳᠡᠯ᠎ᠠ᠂ ᠭᠠᠵᠠᠷ ᠎ᠤᠨ ᠬᠡᠪᠡᠯᠢ ᠵᠢ ᠴᠦᠮᠦᠴᠢᠨ ᠭᠠᠯ ᠢᠯᠴᠢ ᠪᠠᠳᠠᠷᠠᠭᠠᠭᠰᠠᠨ ᠨᠡᠭᠦᠷᠡᠰᠦ ᠲᠤᠰᠤᠨ ᠠᠭᠤᠷᠬᠠᠢ ᠡᠴᠡ ᠭᠠᠩᠭᠠᠩ ᠬᠤᠷᠸ᠎ᠠ ᠵᠢᠨ  ᠴᠤᠩᠬᠤ ᠵᠢ ᠨᠡᠭᠡᠭᠡᠭᠰᠡᠨ ᠰᠠᠨᠰᠠᠷ ᠠᠶᠠᠯᠠᠯ᠎ᠤᠨ ᠦᠢᠯᠡᠰ ᠬᠦᠷᠳᠡᠯ᠎ᠡ ᠠᠯᠢ ᠵᠢ ᠨᠢ ᠴᠦ᠍ ᠭᠡᠰᠡᠨ ᠬᠦᠳᠡᠯᠮᠤᠷᠢ ᠪᠠᠷ ᠪᠦᠳᠦᠭᠡᠭᠰᠡᠨ ᠶᠤᠮ᠃ ᠬᠦᠳᠡᠯᠮᠤᠷᠢ ᠡᠩᠭᠡ ᠲᠤᠩᠬ᠎ᠠ ᠠᠮᠢᠳᠤᠷᠠᠯ᠂ ᠦᠷᠨᠢᠭᠦᠨ ᠶᠡᠭᠡ ᠦᠢᠯᠡᠰ᠎ᠢ ᠪᠦᠳᠦᠭᠡᠭᠰᠡᠨ ᠪᠤᠯᠬᠤᠷ ᠬᠦᠳᠡᠯᠮᠤᠷᠢ ᠦᠩᠭᠡ ᠭᠡᠷᠡᠯ ᠲᠠᠢ᠃

ᠲᠡᠯᠡᠭᠡᠢ ᠶᠢᠷᠳᠢᠨᠴᠦ ᠦᠭᠡᠷᠡᠳᠦᠨ ᠰᠢᠨᠡᠳᠴᠤ᠂ ᠲᠡᠭᠵᠢᠷᠡᠬᠦ ᠦᠢᠯᠡᠰ ᠪᠠᠶᠠᠵᠢᠯ ᠬᠤᠷᠤᠢᠯᠠᠬᠰᠠᠨ ᠦᠨᠦᠳᠦᠷ ᠡᠷᠡᠨ ᠴᠠᠭ ᠤ᠋ᠨ ᠡᠷᠴᠢᠮ ᠎ᠢ ᠲᠠᠭᠠᠵᠦ᠂ ᠦᠨᠢᠷ ᠠᠮᠢᠳᠤᠷᠠᠯ ᠵᠢᠠᠨ ᠴᠤᠭᠴᠠᠯᠠᠬᠤ ᠭᠡᠪᠡᠯ ᠮᠦᠨ ᠬᠦ᠌ ᠬᠦᠳᠡᠯᠮᠤᠷᠢ ᠳ᠋ᠦ ᠲᠦᠰᠢᠭᠯᠡᠨ᠎ᠡ᠃ ᠬᠠᠷᠢᠨ ᠬᠦᠳᠡᠯᠮᠤᠷᠢ ᠵᠢᠨ ᠳᠠᠢᠰᠤᠨ ᠪᠤᠯ ᠠᠯᠵᠠᠭᠤ ᠪᠤᠶᠤ ᠵᠠᠯᠬᠠᠭᠤ᠃ ᠲᠡᠭᠡᠬᠦ᠎ᠳᠡᠭᠡᠨ ᠯᠠ ᠬᠦᠮᠦᠰ ᠠᠯᠵᠠᠭᠤ ᠵᠢᠨ ᠭᠡᠮ ᠎ᠢ 《ᠤᠤᠭᠤᠵᠦ ᠢᠳᠡᠬᠦ᠎ᠳᠡᠭᠡᠨ ᠤᠷᠭ᠎ᠠ ᠵᠢᠨ  ᠮᠣᠷᠢ᠂ ᠤᠷᠤᠭᠰᠢ ᠠᠯᠬᠤᠬᠤ᠎ᠳᠠᠭᠠᠨ ᠤᠷᠭᠤᠭ᠎ᠠ ᠬᠠᠳᠠ》᠂  《ᠰᠢᠬᠢᠷ᠎ᠠ ᠪᠠᠨ ᠰᠢᠷᠠᠵᠦ ᠢᠳᠡᠮᠠᠷ ᠠᠯᠵᠠᠭᠤ》 ᠭᠡᠮᠨᠨ ᠶᠠᠷᠢᠳᠠᠭ ᠨᠢ ᠤᠴᠢᠷᠳᠠᠢ᠃

ᠪᠠᠭ᠎ᠠ ᠡᠴᠡ ᠨᠢᠭᠡᠨ ᠭᠡᠷ ᠪᠦᠯᠢ᠂ ᠶᠡᠭᠡ ᠡᠴᠠ ᠨᠢᠭᠡᠨ ᠤᠯᠤᠰ ᠭᠦᠷᠦᠨ᠂ ᠦᠨᠳᠦᠰᠦᠳᠡᠨ ᠶᠠᠰᠤᠳᠠᠨ ᠬᠦᠭᠵᠢᠨ ᠴᠡᠴᠡᠭᠯᠡᠵᠦ᠂ ᠬᠦᠴᠦᠷᠭᠡᠭᠵᠢᠨ ᠮᠠᠨᠳᠦᠶ᠎ᠡ ᠭᠡᠪᠡᠯ ᠬᠦᠳᠡᠯᠮᠤᠷᠢ ᠳ᠋ᠦ ᠲᠦᠰᠢᠭᠯᠡᠨ᠎ᠡ᠃ ᠬᠢᠶ᠎ᠡ ᠪᠦᠳᠦᠭᠡᠶ᠎ᠡ ᠭᠡᠮᠡᠬᠦ ᠬᠦᠰᠡᠯ ᠰᠢᠢᠳᠦᠯ᠂ ᠡᠷᠴᠢ ᠵᠤᠷᠢᠭ ᠪᠠᠢᠬᠤ ᠴᠠᠭ ᠲᠦ᠍ ᠲᠠᠪᠠᠰᠢ ᠦᠭᠡᠢ ᠲᠠᠪᠠᠭ᠎ᠠ᠂ ᠬᠦᠷᠦᠰᠢ ᠦᠭᠡᠢ ᠬᠤᠯᠠ ᠭᠡᠮᠡᠨ ᠦᠭᠡᠢ᠃ ᠶᠠᠭ ᠯᠠ ᠲᠡᠭᠡᠳᠦᠰ ᠤ᠋ᠨ ᠰᠤᠷᠭᠠᠯ ᠬᠠᠢᠷᠠᠯᠠᠬᠰᠠᠨ 《ᠵᠤᠷᠢᠪᠠᠰᠦ ᠬᠦᠷᠦᠶᠦ᠂ ᠵᠣᠷᠢᠭᠯᠠᠪᠠᠰᠤ ᠪᠦᠲᠦᠶᠦ》 ᠭᠡᠮᠡᠭᠰᠡᠨᠴᠢᠯᠡᠨ᠂ ᠠᠭᠢᠯᠲᠠ ᠲᠠᠪᠰᠢᠯᠳᠠ ᠵᠢᠨ ᠰᠢᠨ᠎ᠡ ᠤᠨ᠎ᠳᠠᠭᠠᠨ᠂ ᠤᠳᠠᠯ ᠦᠭᠡᠢ ᠬᠦᠷᠴᠦ ᠢᠷᠡᠬᠦ ᠮᠤᠷᠢᠨ ᠵᠢᠯ᠎ᠳᠡᠭᠡᠨ᠂ ᠵᠤᠷᠢᠭᠰᠠᠨ᠎ᠳᠠᠭᠠᠨ ᠵᠠᠪᠠᠯ ᠬᠦᠷᠬᠦ 《ᠮᠤᠩᠭᠤᠯ ᠮᠤᠷᠢᠨ ᠤ᠋ ᠵᠤᠷᠢᠭ ᠰᠠᠨᠠᠭ᠎ᠠ》 ᠪᠠᠷ ᠬᠦᠳᠡᠯᠮᠤᠷᠢᠴᠢ ᠬᠤᠶᠠᠷ ᠭᠠᠷ ᠵᠢᠡᠷ ᠬᠦᠮᠦᠨ ᠤ᠋ ᠠᠮᠢᠳᠤᠷᠠᠯ ᠤ᠋ᠨ ᠬᠠᠮᠤᠭ ᠤ᠋ᠨ ᠰᠠᠢᠬᠠᠨ ᠎ᠢ ᠪᠦᠲᠦᠭᠡᠵᠦ᠂ ᠬᠠᠮᠤᠭ ᠤ᠋ᠨ ᠣᠶᠠᠩᠭ᠎ᠠ ᠡᠭᠡᠰᠢᠭ᠎ᠢ ᠬᠠᠩᠭᠢᠨᠠᠭᠤᠯᠣᠭᠠᠴᠢ ᠳ᠋ᠡ᠂ ᠬᠦᠮᠦᠰ ᠮᠢᠨᠢ︕

ᠡᠨᠡ ᠪᠤᠯ ᠬᠦᠳᠡᠯᠮᠤᠷᠢᠴᠢᠨ ᠤ᠋ ᠲᠠᠭᠤᠯᠠᠯ᠂ ᠡᠨᠡ ᠲᠡᠯᠡᠭᠡᠢ ᠵᠢᠨ ᠬᠠᠮᠤᠭ ᠤ᠋ᠨ ᠰᠠᠢᠬᠠᠨ ᠲᠠᠭᠤᠤ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号